ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠡᠳᠬᠢᠯᠭᠡ ᠶᠢᠨ ᠳᠠᠷᠤᠭᠠᠰᠤ ᠣᠯᠠᠮ ᠶᠢᠡᠷ ᠭᠦᠡᠳᠤ ᠪᠣᠯᠵᠤ ᠪᠠᠢ᠌ᠨ᠎ᠠ

ᠰᠤᠷᠭᠠᠭᠤᠯᠢ ᠤᠳ ᠢ ᠳᠦᠪᠯᠡᠷᠡᠭᠦᠯᠵᠤ ᠡᠷᠭᠢᠯᠡᠭᠡᠳ ᠠᠷᠪᠠ ᠵᠠᠪᠳᠤᠭᠤ ᠵᠢᠯ ᠪᠣᠯᠪᠠ᠃ ᠪᠦᠳᠦᠮᠵᠢᠳᠡᠢ ᠳᠤᠷᠰᠢᠯᠭ᠎ᠠ ᠣᠯᠠᠨ ᠭᠡᠭᠦ ᠳᠤ ᠠᠯᠳᠠᠭᠰᠠᠨ ᠵᠣᠢ᠌ᠯ ᠴᠤ ᠪᠠᠭ᠎ᠠ ᠪᠣᠰᠤ᠃ 《ᠰᠤᠷᠤᠭᠴᠢᠳ ᠭᠢᠴᠢᠶᠠᠯ ᠳᠡᠭᠡᠷ᠎ᠡ ᠣᠠᠳᠠᠵᠤ ᠪᠠᠢ᠌ᠨ᠎ᠠ》 ᠡᠨᠡ ᠪᠣᠯ ᠮᠠᠨ ᠤ ᠪᠠᠭᠰᠢ ᠨᠡᠷ ᠤᠨ ᠦᠷᠭᠦᠯᠵᠢ ᠭᠡᠯᠡᠳᠡᠭ᠌ ᠥᠭᠡ᠃ ᠮᠠᠨ ᠤ ᠭᠡᠷᠡᠭ᠍ᠵᠢᠭᠦᠯᠳᠡᠭ᠌ ᠰᠤᠷᠭᠠᠨ ᠭᠦᠮᠦᠵᠢᠯ ᠤᠨ ᠵᠤᠭᠢᠰ ᠦᠭᠡᠶ ᠡᠴᠡ ᠪᠣᠯᠵᠤ ᠬᠡᠦᠬᠡᠳ ᠢ ᠣᠠᠳᠠᠭᠤᠯᠵᠤ ᠪᠠᠢ᠌ᠨ᠎ᠠ ᠭᠡᠵᠤ ᠪᠢ ᠪᠣᠳᠤᠳᠠᠭ ᠶᠤᠮ᠃ ᠮᠤᠩᠭ᠋ᠤᠯ ᠳᠤᠮᠳᠠᠳᠤ ᠪᠠᠭ᠎ᠠ ᠰᠤᠷᠭᠠᠭᠤᠯᠢ ᠤᠨ ᠭᠢᠴᠢᠶᠡᠯᠡᠯᠭᠦ ᠴᠠᠭ ᠢ ᠠᠵᠢᠪᠠᠯ᠄

ᠦᠷᠯᠦᠭᠡ 1 ᠊᠊᠊᠊᠊᠊᠊᠊᠊᠊᠊᠊᠊᠊᠊᠊᠊᠊᠊᠊᠊᠊᠊᠊᠊᠊᠊᠊᠊᠊ 2 ᠳᠠᠪᠳᠠᠯᠭ᠎ᠠ ᠣᠩᠰᠢᠯᠭ᠎ᠠ

ᠦᠳᠠ ᠶᠢᠨ ᠡᠮᠤᠨ᠎ᠡ 4 ᠦᠶ᠎ᠡ ᠭᠢᠴᠢᠶᠠᠯ

ᠦᠳᠠ ᠶᠢᠨ ᠬᠣᠢ᠌ᠨ᠎ᠠ  4  ᠦᠶ᠎ᠡ ᠭᠢᠴᠢᠶᠠᠯ

ᠰᠦᠨᠢ  1 ᠊᠊᠊᠊᠊᠊᠊᠊᠊᠊᠊᠊᠊᠊᠊᠊᠊᠊᠊᠊᠊᠊᠊᠊᠊᠊᠊᠊᠊᠊ 3 ᠣᠨ 1 ᠳᠠᠪᠳᠠᠯᠭ᠎ᠠ

4 ᠊᠊᠊᠊᠊᠊᠊᠊᠊᠊᠊᠊᠊᠊᠊᠊᠊᠊᠊᠊᠊᠊᠊᠊᠊᠊᠊᠊᠊᠊ 9 ᠣᠨ  2 ᠳᠠᠪᠳᠠᠯᠭ᠎ᠠ

ᠢᠩᠭᠢᠵᠤ ᠪᠣᠳᠤᠪᠠᠯ ᠪᠠᠭ᠎ᠠ ᠰᠤᠷᠭᠠᠭᠤᠯᠢ ᠶᠢᠨ ᠳᠤᠤᠷ᠎ᠠ ᠣᠨ ᠤ ᠰᠤᠷᠤᠭᠴᠢᠳ ᠨᠢᠭᠡ ᠡᠳᠦᠷ 10 ᠦᠶ᠎ᠡ ᠭᠢᠴᠢᠶᠠᠯ᠂ ᠪᠠᠭ᠎ᠠ ᠰᠤᠷᠭᠠᠭᠤᠯᠢ ᠶᠢᠨ ᠳᠡᠭᠡᠷ᠎ᠡ ᠣᠨ ᠪᠠ ᠠᠩᠬ᠎ᠠ ᠳᠤᠮᠳᠠᠳᠤ ᠶᠢᠨ ᠰᠤᠷᠤᠭᠴᠢᠳ 11 ᠊᠊᠊᠊᠊᠊᠊᠊᠊᠊᠊᠊᠊᠊᠊᠊᠊᠊᠊᠊᠊᠊᠊᠊᠊᠊᠊᠊᠊᠊ 12 ᠦᠶ᠎ᠡ ᠭᠢᠴᠢᠶᠠᠯ ᠣᠷᠤᠵᠤ ᠪᠠᠢ᠌ᠨ᠎ᠠ᠃ ᠪᠠᠭᠰᠢ ᠨᠡᠷ ᠢ ᠠᠵᠢᠯ ᠤᠨ ᠪᠦᠳᠦᠮᠵᠢ ᠪᠠᠷ ᠨᠢ ᠱᠠᠩᠨᠠᠵᠤ ᠳᠤᠷᠭᠤᠭᠠᠬᠤ ᠡᠴᠡ ᠪᠣᠯᠵᠤ᠂ ᠪᠠᠭᠰᠢ ᠨᠡᠷ ᠦᠷᠢᠰᠤᠯᠳᠤᠨ ᠳᠠᠮᠠᠴᠠᠯᠳᠤᠵᠤ ᠰᠤᠷᠤᠭᠴᠢᠳ ᠢ ᠣᠯᠠᠮ ᠴᠢᠩᠭ᠎ᠠ ᠱᠠᠭᠠᠷᠳᠠᠵᠤ᠂ ᠳᠠᠰᠭᠯ ᠳᠠᠭᠠᠭᠠᠯᠪᠣᠷᠢ ᠶᠢᠨ ᠭᠦᠡᠳᠦᠴᠡ ᠶᠢ ᠣᠯᠠᠮ ᠶᠢᠡᠷ ᠴᠢᠩᠭ᠋ᠠᠷᠠᠭᠤᠯᠵᠠᠢ᠃ ᠭᠢᠴᠢᠶᠠᠯ ᠤᠨ ᠴᠠᠭ ᠰᠢᠨ᠎ᠡ ᠠᠭᠤᠯᠬ᠎ᠠ ᠡᠵᠡᠮᠰᠢᠨ᠎ᠡ᠃ ᠭᠦᠳᠡᠯᠭᠡᠭᠡᠨ ᠤ ᠴᠠᠭ ᠳᠤᠰᠬᠠᠢ ᠳᠤᠭᠢᠷᠠᠭᠤᠯᠤᠯᠳᠠ ᠶᠤᠰᠤᠭᠠᠷ ᠠᠵᠢᠯᠯᠠᠭᠠᠨ ᠭᠦᠳᠡᠯᠭᠡᠭᠡᠨ ᠳᠤ ᠣᠷᠤᠯᠴᠠᠨ᠎ᠠ᠃ ᠳᠠᠪᠳᠠᠯᠭ᠎ᠠ ᠣᠩᠰᠢᠯᠭ᠎ᠠ ᠳᠤ ᠳᠠᠰᠬᠠᠯ ᠳᠠᠭᠠᠭᠠᠯᠪᠣᠷᠢ ᠪᠠᠨ ᠭᠦᠢᠴᠡᠳᠭᠡᠵᠤ᠂ ᠠᠮᠵᠢᠬᠤ ᠦᠭᠡᠶ ᠪᠣᠯ ᠣᠠᠳᠠᠵᠤ ᠠᠮᠠᠷᠠᠬᠤ ᠴᠠᠭ ᠡᠴᠡ ᠪᠠᠨ ᠬᠠᠰᠤᠵᠤ ᠪᠠᠢ᠌ᠵᠤ ᠪᠠᠶᠡᠯᠡᠭᠦᠯᠤᠨ᠎ᠡ᠃ ᠰᠤᠷᠤᠯᠭ᠎ᠠ ᠠᠨᠠᠢ ᠰᠤᠷᠤᠭᠴᠢᠳ ᠪᠣᠶᠤ ᠣᠳᠠᠭᠠᠨ ᠰᠢᠭ ᠰᠤᠷᠤᠭᠴᠢᠳ ᠪᠣᠯ ᠣᠯᠠᠮ ᠢᠯᠡᠭᠦᠤ ᠴᠠᠭ ᠵᠠᠷᠤᠴᠠᠭᠤᠯᠤᠨ᠎ᠠ᠃ ᠢᠩᠭᠢᠵᠤ ᠣᠷᠳᠤ ᠬᠤᠭᠤᠴᠠᠭ᠎ᠠ ᠳᠤᠭᠤᠭᠳᠠᠬᠤᠯᠠᠷ ᠰᠤᠷᠤᠭᠴᠢ ᠣᠢ ᠪᠢᠯᠢᠭ᠌ ᠶᠢᠡᠷ ᠰᠤᠯᠠᠷᠠᠵᠤ᠂ ᠣᠷᠮᠠᠰ ᠬᠠᠷᠢᠵᠤ ᠰᠡᠳᠬᠢᠯᠭᠡ ᠶᠢᠨ ᠳᠠᠮᠢᠷ ᠳᠠᠭᠠᠭᠠᠴᠠ ᠪᠠᠭᠤᠷᠠᠭᠠᠤᠨ᠂ ᠦᠪᠡᠷ ᠤᠨ ᠮᠠᠳᠠᠯ ᠦᠭᠡᠶ ᠭᠢᠴᠢᠶᠠᠯ ᠳᠡᠭᠡᠷ᠎ᠡ 《ᠠᠭᠤᠤ ᠶᠡᠭᠡ》 ᠪᠠᠭᠰᠢ ᠡᠴᠡ ᠠᠶᠤᠵᠤ ᠰᠦᠷᠳᠠᠯ ᠦᠭᠡᠶ ᠣᠠᠳᠠᠵᠤ ᠣᠷᠭᠢᠳᠠᠭ᠃ ᠡᠨᠡ ᠪᠣᠯ ᠰᠤᠷᠤᠭᠴᠢᠳ ᠤᠨ ᠰᠡᠳᠬᠢᠯᠭᠡ ᠶᠢᠨ ᠳᠠᠷᠤᠭᠠᠰᠤ ᠣᠯᠠᠮ ᠶᠢᠡᠷ ᠭᠦᠡᠳᠤ ᠪᠣᠯᠭᠠᠳᠠᠭ ᠰᠢᠯᠳᠠᠭᠠᠨ ᠤ ᠨᠢᠭᠡ ᠳᠠᠯ᠎ᠠ᠃

ᠪᠠᠢ᠌ᠷᠢᠯᠠᠵᠤ ᠰᠠᠭᠤᠭᠰᠠᠨ ᠰᠤᠷᠤᠭᠴᠢᠳ ᠭᠡᠳᠤ ᠣᠯᠠᠨ ᠤ ᠬᠠᠷᠠᠭ᠎ᠠ ᠡᠴᠡ ᠥᠢᠮᠡᠭᠡᠨ ᠱᠤᠤᠭᠢᠶᠠᠨ ᠳᠤ ᠪᠠᠶ᠎ᠠ ᠰᠡᠳᠭᠢᠯ ᠵᠦᠳᠠᠨ᠎ᠡ᠃ ᠨᠠᠭᠠᠳᠤᠵᠤ ᠳᠤᠭᠯᠠᠬᠤ ᠭᠡᠳᠦᠷᠡᠨ᠎ᠡ᠃ ᠭᠦᠳᠡᠯᠭᠡᠭᠡᠨ ᠤ ᠭᠦᠷᠢᠶ᠎ᠡ ᠴᠠᠷ᠎ᠠ ᠪᠠ ᠳᠤᠷ᠎ᠠ ᠰᠤᠨᠢᠷᠬᠠᠯ ᠢᠪᠴᠤᠤ ᠪᠣᠯᠵᠤ ᠬᠠᠰᠢᠭᠳᠠᠨ᠎ᠠ᠃ ᠰᠤᠷᠤᠭᠴᠢᠳ ᠤᠨ ᠨᠢᠭᠡᠳᠦᠯᠳᠡᠢ ᠢᠳᠠᠵᠤ ᠣᠤᠭᠤᠬᠤ ᠪᠠ ᠬᠤᠭᠤᠯᠠ ᠪᠣᠳᠠᠭ᠎ᠠ ᠪᠠᠵᠠᠭᠠᠬᠤ ᠨᠥᠭᠦᠴᠡᠯ ᠰᠢᠯᠳᠠᠭᠠᠨ ᠳᠤ ᠭᠢᠵᠠᠭᠠᠷᠯᠠᠭᠳᠠᠵᠤ᠂ ᠭᠡᠳᠦᠭᠡᠨ ᠳᠦᠷᠤᠯ ᠤᠨ ᠪᠣᠳᠠᠭ᠎ᠠ ᠨᠤᠭᠤᠭ᠎ᠠ ᠭᠤᠤᠯᠳᠠᠨ᠎ᠠ᠃ ᠭᠡᠳᠦᠭᠡᠨ ᠵᠣᠢ᠌ᠯ ᠤᠨ ᠬᠤᠭᠤᠯᠠ ᠪᠣᠳᠠᠭ᠎ᠠ ᠶᠢ ᠬᠠᠯᠠᠨ ᠬᠠᠯᠠᠨ ᠢᠳᠡᠭ᠍ᠰᠡᠭᠡᠷ ᠪᠠᠢ᠌ᠵᠤ᠂ ᠰᠤᠷᠤᠭᠴᠢᠳ ᠤᠨ ᠬᠤᠭᠤᠯᠠᠨ ᠳᠤᠷᠠᠰᠢᠯ ᠮᠠᠭᠤᠳᠠᠵᠤ᠂ ᠰᠢᠮ᠎ᠠ ᠳᠡᠵᠢᠭᠡᠯ ᠤᠨ ᠬᠠᠩᠭ᠋ᠠᠭᠠᠯᠳᠠ ᠲᠡᠩᠴᠡᠬᠦᠷᠢ ᠠᠯᠳᠠᠨ᠎ᠠ᠃ ᠭᠠᠷᠠᠭ ᠪᠣᠶᠤ ᠴᠢᠯᠦᠭᠡ ᠪᠠᠷ ᠭᠡᠷ ᠲᠤ ᠪᠠᠨ ᠬᠠᠷᠢᠪᠠᠯ ᠴᠥᠭᠡᠨ ᠭᠦᠮᠤᠨ ᠤ ᠠᠮᠳᠠ ᠰᠢᠮᠳᠠ ᠲᠡᠶ ᠬᠤᠭᠤᠯᠠ ᠪᠣᠳᠠᠭ᠎ᠠ ᠪᠠᠨ ᠴᠠᠳᠳᠠᠯ᠎ᠠ ᠵᠤᠭᠤᠭᠯᠠᠵᠤ᠂ ᠰᠤᠷᠭᠠᠭᠠᠤᠯᠢ ᠳᠤ ᠪᠠᠨ ᠢᠷᠠᠪᠠᠯ ᠭᠡᠳᠤᠨ ᠵᠠᠭᠤᠨ ᠭᠦᠮᠤᠨ ᠤ ᠳᠤᠮᠤ ᠳᠤᠭᠤᠭᠠᠨ ᠡᠴᠡ ᠬᠤᠭᠤᠯᠯᠠᠬᠤ ᠳᠤ ᠠᠮᠳᠠ ᠰᠢᠮᠳᠠ ᠠᠶᠠᠠᠳᠠᠭᠠᠨ ᠰᠤᠯᠠᠷᠠᠵᠤ ᠬᠤᠭᠤᠯᠠᠨ ᠳᠤᠷᠠᠰᠢᠯ ᠮᠠᠭᠤᠳᠠᠵᠤ ᠢᠷᠡᠭᠦ ᠨᠢ ᠡᠩ ᠤᠨ ᠣᠴᠢᠷ᠃ ᠢᠩᠭᠢᠭᠡᠳ ᠰᠤᠷᠤᠭᠴᠢᠳ ᠰᠤᠷᠭᠠᠭᠤᠯᠢ ᠳᠤ ᠰᠠᠨᠠᠯ ᠳᠤᠷᠠᠳᠴᠤ᠂ ᠭᠡᠷ ᠤᠨ ᠠᠬᠠᠮᠠᠤᠨ ᠰᠤᠷᠭᠠᠭᠤᠯᠢ ᠬᠤᠭᠤᠷᠤᠠᠳᠤᠭᠢ ᠵᠦᠷᠢᠴᠠᠯ ᠮᠠᠷᠭᠤᠯᠳᠤᠭᠠᠨ ᠦᠷᠭᠦᠯᠵᠢᠯᠡᠨ᠎ᠡ᠃

ᠵᠠᠷᠢᠮ ᠰᠤᠷᠭᠠᠭᠤᠯᠢ ᠨᠢ 《ᠬᠤᠶᠠᠷ ᠢ ᠭᠡᠯᠳᠦᠷᠢᠭᠦᠯᠵᠤ᠂ ᠨᠢᠭᠡ ᠶᠢ ᠨᠥᠭᠦᠪᠦᠷᠢᠯᠡᠭᠦ》 ᠳᠦᠷᠤ ᠶᠢᠨ ᠪᠣᠳᠤᠯᠭ᠎ᠠ ᠶᠢᠨ ᠵᠤᠷᠢᠭ ᠰᠠᠨᠠᠭ᠎ᠠ ᠶᠤᠰᠤᠭᠠᠷ᠂ ᠰᠤᠷᠤᠭᠴᠢᠳ ᠡᠴᠡ ᠬᠤᠭᠤᠯᠠᠨ ᠰᠥᠢᠦᠡᠭᠡᠯ ᠠᠪᠣᠯ ᠦᠭᠡᠶ ᠬᠤᠭᠤᠯᠠ ᠢᠳᠡᠭᠦᠯᠵᠤ ᠪᠣᠢ᠃ ᠶᠠᠭ ᠦᠨᠡᠨ ᠳᠤ ᠪᠠᠨ ᠬᠤᠭᠤᠯᠠᠨ ᠰᠥᠢᠦᠡᠭᠡᠯ ᠨᠠᠮᠠᠵᠤ ᠠᠪᠣᠪᠠᠯ ᠳᠠᠭᠠᠷᠠᠨ᠎ᠠ᠃ ᠬᠤᠭᠤᠯᠠᠨ ᠳᠡᠭᠡᠷ᠎ᠡ ᠨᠢ ᠨᠥᠭᠦᠪᠦᠷᠢ ᠨᠠᠮᠠᠵᠤ ᠦᠭ‍ᠭᠦᠨ᠎ᠡ ᠭᠡᠰᠡᠨ ᠡᠴᠡ ᠪᠢᠰᠢ᠂ ᠬᠤᠭᠤᠯᠠᠨ ᠵᠤᠭᠤᠰ ᠢ ᠨᠢ ᠦᠭ‍ᠭᠦᠨ᠎ᠡ ᠭᠡᠰᠡᠨ ᠪᠢᠰᠢ᠃ ᠵᠠᠷᠢᠮ ᠭᠡᠷ ᠤᠨ ᠠᠬᠠᠮᠠᠤᠨ ᠡᠭᠦᠨ ᠳᠤ ᠳᠠᠨᠢᠯᠳᠠ ᠳᠤᠳᠠᠮᠠᠭ ᠪᠠᠢ᠌ᠨ᠎ᠠ᠃ ᠰᠤᠷᠭᠠᠭᠠᠤᠯᠢ ᠳᠤ 3 ᠊᠊᠊᠊᠊᠊᠊᠊᠊᠊᠊᠊᠊᠊᠊᠊᠊᠊᠊᠊᠊᠊᠊᠊᠊᠊᠊᠊᠊᠊ 5 ᠳᠠᠰ ᠤᠨ ᠬᠤᠭᠤᠯᠠ ᠣᠮᠳᠠᠭᠠᠨ ᠭᠠᠷᠭᠠᠵᠤ᠂ ᠰᠤᠷᠤᠭᠴᠢᠳ ᠶᠢᠡᠷ ᠰᠤᠩᠭ᠋ᠤᠭᠤᠯᠵᠤ ᠢᠳᠡᠭᠦᠯᠵᠤ ᠪᠣᠯᠤᠨ᠎ᠠ᠃ 180 ᠵᠢᠩ ᠭᠦᠡᠳᠤ ᠪᠠᠶ᠎ᠠ ᠲᠡᠶ ᠰᠤᠷᠤᠭᠴᠢ ᠪᠠ 95 ᠵᠢᠩ ᠭᠦᠡᠳᠤ ᠪᠠᠶ᠎ᠠ ᠲᠡᠶ ᠬᠤᠶᠠᠷ ᠰᠤᠷᠤᠭᠴᠢ ᠳᠤ ᠠᠳᠠᠯᠢᠬᠠᠨ ᠬᠤᠭᠤᠯᠠᠨ ᠤ ᠬᠠᠩᠭ᠋ᠠᠯᠳᠠ ᠭᠢᠭᠦ ᠪᠣᠯ ᠳᠠᠭᠠᠷᠠᠬᠤ ᠦᠭᠡᠶ ᠶᠤᠰᠤ ᠮᠦᠨ᠃ ᠮᠢᠬ᠎ᠠ ᠰᠠᠢ᠌ᠳᠠᠢ ᠵᠠᠭᠤᠰᠢ ᠨᠤᠭᠤᠭ᠎ᠠ ᠢᠳᠡᠭᠦ ᠳᠤᠷ᠎ᠠ ᠲᠡᠶ ᠰᠤᠷᠤᠭᠴᠢ ᠪᠠᠢ᠌ᠨ᠎ᠠ ᠭᠡᠭᠦ ᠳᠤ᠂ ᠢᠳᠡᠭᠦ ᠳᠤᠷ᠎ᠠ ᠦᠭᠡᠶ ᠰᠤᠷᠤᠭᠴᠢ ᠪᠠᠰᠠ ᠪᠠᠢ᠌ᠨ᠎ᠠ᠃ ᠵᠠᠷᠢᠮ ᠰᠤᠷᠤᠭᠴᠢ ᠢᠳᠠᠰᠢᠨ ᠳᠤᠰᠤ ᠪᠠᠷ ᠪᠣᠯᠭᠤᠭᠰᠠᠨ ᠢᠳᠡᠭᠡᠨ ᠳᠤ ᠳᠤᠷ᠎ᠠ ᠲᠡᠶ᠃ ᠠᠮᠢᠳᠤᠷᠠᠯ ᠤᠨ ᠲᠦᠪᠰᠢᠨ ᠠᠳᠠᠯᠢ ᠦᠭᠡᠶ᠂ ᠵᠠᠩ ᠵᠠᠩᠰᠢᠯ ᠠᠳᠠᠯᠢ ᠦᠭᠡᠶ᠂ ᠣᠯᠠᠨ ᠭᠠᠵᠠᠷ ᠡᠴᠡ ᠬᠤᠷᠠᠨ ᠴᠤᠭᠯᠠᠷᠠᠭᠰᠠᠨ ᠰᠤᠷᠤᠭᠴᠢᠳ ᠤᠨ ᠢᠳᠠᠰᠢᠨ ᠣᠠᠴᠠᠯᠢᠭ ᠢ ᠪᠣᠳᠤᠯᠭᠢᠯᠠᠬᠤ ᠳᠤ ᠪᠠᠨ ᠳᠠᠭᠠᠷᠠᠨ᠎ᠠ᠃ ᠢᠩᠭᠢᠪᠠᠯ ᠳᠠᠳᠠ ᠨᠡᠷ ᠤᠨ ᠪᠣᠳᠠᠰ ᠤᠨ ᠰᠠᠭᠤᠷᠢ ᠶᠢ ᠪᠠᠳᠤᠯᠠᠵᠤ ᠴᠢᠳᠠᠨ᠎ᠠ᠃ ᠢᠳᠠᠵᠤ ᠣᠤᠭᠤᠬᠤ ᠠᠰᠠᠭᠤᠳᠠᠯ ᠶᠢᠡᠨ ᠳᠤᠭᠢᠷᠠᠭᠤᠯᠬᠤ ᠶᠠᠪᠣᠳᠠᠯ ᠰᠤᠷᠤᠭᠴᠢᠳ ᠳᠤ ᠰᠡᠳᠭᠢᠯ ᠤᠨ ᠨᠢᠭᠡ ᠳᠠᠷᠤᠭᠠᠰᠤ ᠪᠣᠯᠵᠤ ᠪᠠᠢ᠌ᠨ᠎ᠠ᠃

ᠪᠠᠭ᠎ᠠ ᠰᠤᠷᠭᠠᠭᠤᠯᠢ ᠪᠠ ᠳᠤᠮᠳᠠᠳᠤ ᠰᠤᠷᠭᠠᠭᠤᠯᠢ ᠶᠢᠨ ᠰᠤᠷᠤᠭᠴᠢᠳ ᠢ ᠨᠢᠭᠡᠯᠡ ᠭᠢᠴᠢᠶᠠᠯ ᠤᠨ ᠬᠤᠩᠬᠤ ᠪᠠᠷ ᠵᠠᠷᠯᠢᠭᠳᠠᠬᠤ ᠪᠣᠯ ᠳᠠᠭᠠᠷᠠᠬᠤ ᠦᠭᠡᠶ ᠶᠤᠰᠤ᠃ ᠭᠢᠴᠢᠶᠠᠯ ᠤᠨ ᠬᠤᠩᠬᠤ ᠪᠣᠯ ᠪᠠᠭᠰᠢ ᠪᠠ ᠰᠤᠷᠤᠭᠴᠢᠳ ᠤᠨ ᠰᠠᠳᠭᠢᠯ ᠤᠨ ᠳᠠᠪᠴᠢᠭᠤ ᠶᠢ ᠨᠡᠮᠡᠭ᠍ᠳᠡᠭᠦᠯᠳᠡᠭ᠌ ᠨᠢᠭᠡᠨ 《ᠪᠣᠯᠠᠢ ᠲᠡᠶ ᠡᠳ᠋》 ᠮᠦᠨ᠃ ᠰᠤᠷᠭᠠᠭᠤᠯᠢ ᠶᠢᠨ ᠬᠤᠩᠬᠤ ᠭᠡᠳᠤ ᠢᠯᠡᠭᠦᠤ ᠳᠤᠤᠭᠠᠷᠬᠤ ᠨᠢ ᠰᠤᠷᠤᠭᠴᠢᠳ ᠤᠨ ᠳᠠᠢ᠌ᠪᠣᠩ ᠳᠤᠭᠳᠠᠭᠤᠨ ᠰᠡᠳᠬᠢᠯᠭᠡ ᠶᠢᠨ ᠲᠡᠩᠴᠡᠬᠦᠷᠢ ᠶᠢ ᠡᠪᠳᠡᠵᠤ᠂ ᠪᠠᠴᠢᠮᠳᠠᠩᠭ᠋ᠤᠢ᠂ ᠶᠠᠷ᠎ᠠ ᠪᠣᠷᠤ ᠲᠡᠶ᠂   ᠭᠡᠳᠡᠷ ᠳᠤᠭᠰᠢᠨ᠂ ᠠᠭᠠᠵᠤ ᠰᠠᠭᠠᠭᠰᠠᠨ ᠪᠠᠢ᠌ᠳᠠᠯ ᠳᠤ ᠣᠷᠤᠭᠤᠯᠳᠠᠭ ᠶᠤᠮ᠃

ᠪᠠᠭ᠎ᠠ ᠰᠤᠷᠭᠠᠭᠤᠯᠢ ᠶᠢᠨ ᠳᠤᠤᠷ᠎ᠠ ᠣᠨ 25 ᠊᠊᠊᠊᠊᠊᠊᠊᠊᠊᠊᠊᠊᠊᠊᠊᠊᠊᠊᠊᠊᠊᠊᠊᠊᠊᠊᠊᠊᠊ 35 ᠮᠢᠨᠤᠲ᠋

ᠪᠠᠭ᠎ᠠ ᠰᠤᠷᠭᠠᠭᠤᠯᠢ ᠶᠢᠨ ᠳᠡᠭᠡᠷ᠎ᠡ ᠣᠨ 35 ᠊᠊᠊᠊᠊᠊᠊᠊᠊᠊᠊᠊᠊᠊᠊᠊᠊᠊᠊᠊᠊᠊᠊᠊᠊᠊᠊᠊᠊᠊ 40 ᠮᠢᠨᠤᠲ᠋

ᠠᠩᠬ᠎ᠠ ᠳᠤᠮᠳᠠᠳᠤ        40 ᠊᠊᠊᠊᠊᠊᠊᠊᠊᠊᠊᠊᠊᠊᠊᠊᠊᠊᠊᠊᠊᠊᠊᠊᠊᠊᠊᠊᠊᠊ 45 ᠮᠢᠨᠤᠲ᠋ ᠶᠢᠡᠷ ᠭᠢᠴᠢᠶᠠᠯᠯᠠᠵᠤ ᠪᠠᠢ᠌ᠳᠠᠭ᠃ ᠪᠦᠭᠦᠳᠡ ᠶᠢ ᠠᠳᠠᠯᠢᠬᠠᠨ ᠭᠢᠴᠢᠶᠠᠯ ᠤᠨ ᠬᠤᠩᠬᠤ ᠪᠣᠯᠭᠠᠭᠰᠠᠨ ᠶᠢᠡᠷ ᠳᠡᠭᠡᠷ᠎ᠡ ᠳᠤᠤᠷ᠎ᠠ ᠨᠠᠰᠤᠨ ᠤ ᠰᠠᠳᠭᠢᠴᠠ ᠶᠢᠨ ᠴᠢᠳᠠᠯ ᠳᠠᠭᠠᠭᠠᠴᠠ ᠵᠢ  ᠰᠠᠮᠠᠭᠤᠷᠠᠭᠤᠯᠵᠤ᠂ ᠰᠤᠷᠤᠭᠴᠢᠳ ᠤᠨ ᠪᠠᠶ᠎ᠠ ᠰᠡᠳᠭᠢᠯ ᠤᠨ ᠳᠠᠷᠤᠭᠠᠰᠤ ᠶᠢ ᠭᠦᠡᠳᠦᠷᠡᠭᠦᠯᠵᠤ ᠪᠠᠢ᠌ᠨ᠎ᠠ᠃ ᠰᠢᠯᠭᠠᠯᠳᠠ ᠶᠢ ᠠᠷᠭᠠᠴᠠᠭᠠᠭᠰᠠᠨ ᠰᠤᠷᠭᠠᠨ ᠭᠦᠮᠦᠵᠢᠯ ᠡᠴᠡ ᠭᠡᠪ ᠴᠢᠨᠠᠷ ᠤᠨ ᠰᠤᠷᠭᠠᠨ ᠭᠦᠮᠦᠵᠢᠯ ᠵᠥᠭ᠌ ᠭᠦᠭ᠍ᠵᠢᠨ ᠰᠢᠯᠵᠢᠭ᠍ᠰᠡᠨ ᠭᠡᠵᠤ ᠭᠡᠳᠦᠢ ᠰᠠᠢ᠌ᠬᠠᠨ ᠭᠡᠯᠡᠳᠡᠭ᠌ ᠴᠤ᠂ ᠮᠠᠨ ᠤ ᠣᠷᠤᠨ ᠨᠤᠳᠤᠭ ᠲᠤ ᠰᠢᠯᠭᠠᠯᠳᠠ ᠶᠢᠨ ᠳᠦᠷᠢᠮ ᠣᠯᠠᠮ ᠶᠢᠡᠷ ᠴᠢᠩᠭ᠋ᠠᠷᠠᠵᠤ᠂ ᠰᠢᠯᠭᠠᠯᠳᠠ ᠶᠢᠨ ᠳ᠋ᠦ᠋ᠩ ᠶᠢᠡᠷ ᠪᠠᠭᠰᠢ ᠶᠢᠨ ᠴᠠᠯᠢᠩ ᠮᠦᠩᠭᠦ ᠱᠠᠩᠨᠠᠯ ᠭᠦᠭᠢᠭᠦᠯᠦᠯ ᠣᠯᠭᠤᠬᠤ ᠨᠥᠭᠦᠴᠡᠯ ᠪᠣᠯᠭᠠᠬᠤ᠂ ᠰᠤᠷᠤᠭᠴᠢᠳ ᠢ ᠳᠠᠰᠯᠠᠨ ᠳ᠋ᠤᠭᠠᠷᠯᠠᠬᠤ ᠨᠢ ᠣᠯᠠᠮ ᠶᠢᠡᠷ ᠳᠦᠭᠡᠮᠡᠯᠵᠢᠵᠤ ᠪᠠᠢ᠌ᠨ᠎ᠠ᠃ ᠬᠤᠭᠤᠴᠠᠭᠠᠨ ᠳᠤᠮᠳᠠ᠂ ᠬᠤᠭᠤᠴᠠᠭᠠᠨ ᠰᠡᠭᠦᠯ᠂ ᠨᠢᠭᠡᠴᠢ ᠶᠢᠨ ᠰᠢᠯᠭᠠᠯᠳᠠ᠂ ᠪᠦᠯᠦᠭ᠌ ᠤᠨ ᠰᠢᠯᠭᠠᠯᠳᠠ᠂ ᠥᠨᠡᠯᠡᠭᠦ ᠰᠢᠯᠭᠠᠯᠳᠠ᠂ ᠰᠤᠭᠤᠴᠢᠬᠤ ᠰᠢᠯᠭᠠᠯᠳᠠ᠂ ᠳᠦᠰᠦᠭᠡᠳᠦᠭᠦᠯᠭᠦ ᠰᠢᠯᠭᠠᠯᠳᠠ ᠬᠣᠢ᠌ᠨ᠎ᠠ ᠬᠣᠢ᠌ᠨ᠎ᠠ ᠡᠴᠡ ᠪᠠᠨ ᠵᠠᠯᠭᠠᠨ᠎ᠠ᠃ ᠳᠠᠰᠯᠠᠵᠤ ᠳ᠋ᠤᠭᠠᠷᠯᠠᠬᠤ ᠣᠯᠠᠮ ᠶᠢᠡᠷ ᠴᠢᠩᠭ᠋ᠠᠷᠠᠭᠰᠠᠨ ᠶᠢᠡᠷ ᠰᠤᠷᠤᠭᠴᠢᠳ ᠰᠤᠷᠭᠠᠭᠤᠯᠢ ᠶᠢᠨ ᠭᠦᠷᠢᠶᠡᠨ ᠳᠤ ᠢᠷᠡᠮᠡᠭ᠍ᠴᠡ ᠳᠠᠷᠤᠭᠠᠰᠤ ᠲᠡᠶ ᠰᠠᠨᠠᠭᠳᠠᠬᠤ ᠰᠡᠳᠭᠢᠯ ᠤᠨ ᠪᠠᠢ᠌ᠳᠠᠯ ᠡᠴᠡ ᠠᠩᠵᠢᠷᠠᠵᠤ ᠴᠢᠳᠠᠬᠤ ᠦᠭᠡᠶ ᠪᠣᠯᠪᠠ᠃

ᠳᠦᠭ᠍ᠵᠡᠷᠡᠮᠡᠯ᠂ ᠪᠢᠳᠡᠭᠦᠷᠡᠮᠡᠯ᠂ ᠬᠤᠷᠢᠮᠠᠯ ᠰᠤᠷᠭᠠᠨ ᠭᠦᠮᠦᠵᠢᠯ ᠨᠢ ᠰᠤᠷᠤᠭᠴᠢᠳ ᠢ ᠪᠦᠭᠦ ᠳᠠᠯ᠎ᠠ ᠵᠥᠭ᠌ ᠭᠦᠭ᠍ᠵᠢᠭᠦᠯᠵᠤ ᠴᠢᠳᠠᠬᠤ ᠦᠭᠡᠶ ᠪᠠᠢ᠌ᠨ᠎ᠠ᠃ ᠵᠠᠷᠢᠮ ᠰᠤᠷᠤᠭᠴᠢ ᠦᠨᠳᠦᠷ ᠳᠤᠮᠳᠠᠳᠤ ᠪᠠᠨ ᠳᠡᠭᠦᠰᠳᠡᠯ᠎ᠡ ᠬᠤᠰᠢᠭᠤᠨ ᠲᠦᠪ ᠡᠴᠡ ᠴᠢᠨᠠᠭᠰᠢ ᠬᠤᠳᠠ ᠭᠡᠳᠡᠭ᠌ ᠢ ᠥᠵᠡᠭᠡ ᠦᠭᠡᠶ᠃ ᠣᠷᠤᠨ ᠤ ᠲᠦᠪ ᠬᠠᠮᠢᠭ᠎ᠠ ᠪᠠᠢ᠌ᠷᠢᠰᠢᠳᠠᠭ᠂ ᠳᠦᠷᠤ ᠶᠢᠨ ᠨᠠᠢ᠌ᠰᠯᠠᠯ ᠶᠠᠮᠠᠷ ᠵᠡᠷᠭᠡ ᠭᠠᠯᠪᠢᠷ ᠳᠦᠷᠭᠦ ᠲᠡᠶ ᠭᠡᠳᠡᠭ᠌ ᠢ ᠣᠭᠳᠤ ᠮᠡᠳᠡᠭᠦ ᠦᠭᠡᠶ᠃ ᠦᠪᠡᠷ ᠤᠨ ᠦᠰᠴᠦ ᠳᠦᠷᠦᠭ᠍ᠰᠡᠨ ᠨᠤᠳᠤᠭ ᠰᠤᠮᠤ ᠭᠡᠳᠤᠨ ᠭᠠᠴᠠᠭ᠎ᠠ ᠳᠤᠰᠬᠤᠨ ᠲᠡᠶ ᠭᠡᠳᠡᠭ᠌ ᠢ ᠮᠡᠳᠡᠭᠦ ᠴᠤ ᠦᠭᠡᠶ᠂ ᠨᠤᠳᠤᠭ ᠣᠰᠤᠨ ᠳᠤ ᠮᠢᠨᠢ ᠶᠠᠮᠠᠷ ᠨᠠᠷ᠎ᠠ ᠲᠡᠶ ᠠᠭᠤᠯᠠ ᠬᠠᠢ᠌ᠷᠠᠬᠠᠨ᠂ ᠨᠠᠭᠤᠷ ᠪᠦᠷᠢᠳᠤ ᠪᠠᠢ᠌ᠳᠠᠭ ᠢ ᠮᠡᠳᠡᠭᠦ ᠦᠭᠡᠶ ᠪᠠᠢ᠌ᠳᠠᠭ᠃ ᠴᠡᠴᠡᠷᠯᠢᠭ᠌ ᠳᠤ ᠣᠷᠤᠭᠰᠠᠨ ᠡᠴᠡ ᠪᠠᠨ ᠡᠭᠢᠯᠡᠵᠤ᠂ ᠭᠦᠭ᠍ᠵᠢᠮ ᠤᠨ ᠪᠣᠯᠪᠠᠰᠤᠷᠠᠯ᠂ ᠺᠤᠮᠫᠢᠦ᠋ᠲ᠋ᠧᠷ ᠤᠨ ᠪᠣᠯᠪᠠᠰᠤᠷᠠᠯ᠂ ᠳᠠᠮᠢᠷ ᠤᠨ ᠪᠣᠯᠪᠠᠰᠤᠷᠠᠯ᠂ ᠠᠩᠭ᠍ᠯᠢ ᠭᠡᠯᠡᠨ ᠤ ᠪᠣᠯᠪᠠᠰᠤᠷᠠᠯ᠂ ᠪᠦᠵᠢᠭ᠌ ᠤᠨ ᠪᠣᠯᠪᠠᠰᠤᠷᠠᠯ᠂ ᠭᠢᠴᠢᠶᠠᠯ ᠨᠥᠭᠦᠯᠳᠡ ᠁ ᠤᠳ ᠦᠷᠭᠦᠯᠵᠢᠯᠡᠭᠡᠳ᠂ ᠰᠤᠷᠤᠭᠴᠢᠳ ᠢ ᠭᠠᠷᠠᠭ ᠤᠨ ᠡᠳᠦᠷ᠂ ᠠᠮᠠᠷᠠᠯᠳᠠ ᠶᠢᠨ ᠬᠤᠭᠤᠴᠠᠭ᠎ᠠ ᠦᠭᠡᠶ ᠰᠢᠤᠬᠠᠨ ᠪᠣᠯᠭᠠᠵᠤ᠂ ᠬᠡᠦᠬᠡᠳ ᠤᠨ ᠴᠤᠪᠣᠭᠤ ᠭᠦᠭᠡᠷᠦᠭᠦᠨ ᠪᠠᠭ᠎ᠠ ᠨᠠᠰᠤ ᠶᠢ ᠠᠯᠢᠶ᠎ᠠ ᠳᠡᠭ᠍ᠵᠢᠨ ᠦᠭᠡᠶ ᠪᠣᠯᠭᠠᠵᠤ ᠣᠷᠭᠢᠵᠠᠢ᠃

ᠵᠠᠷᠢᠮ ᠭᠠᠵᠠᠷ ᠰᠤᠷᠤᠭᠴᠢᠳ ᠤᠨ ᠰᠡᠳᠭᠢᠯ ᠤᠨ ᠳᠠᠷᠤᠭᠠᠰᠤ ᠣᠯᠠᠮ ᠶᠢᠡᠷ ᠭᠦᠡᠳᠦᠷᠡᠵᠤ ᠪᠠᠢ᠌ᠭ᠎ᠠ ᠪᠠᠢ᠌ᠳᠠᠯ ᠳᠤ ᠬᠠᠠᠳᠤᠭᠤᠯᠵᠤ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠠᠳᠭᠢᠴᠠ ᠶᠢᠨ ᠯᠠᠪᠯᠠᠬᠤ ᠥᠢᠯᠡᠴᠢᠯᠡᠭᠡᠨ ᠤ ᠦᠷᠦᠭᠡ ᠭᠡᠵᠤ ᠭᠠᠷᠭᠠᠭᠠᠤᠨ ᠶᠡᠭᠡ ᠪᠦᠳᠦᠮᠵᠢ ᠣᠯᠵᠤ᠂ ᠪᠠᠭᠰᠢ ᠪᠠ ᠭᠡᠷ ᠤᠨ ᠠᠬᠠᠮᠠᠤᠨ ᠤᠨ ᠭᠦᠮᠦᠵᠢᠭᠦᠯᠤᠨ ᠰᠤᠷᠭᠠᠬᠤ ᠠᠷᠭ᠎ᠠ ᠠᠪᠴᠠᠯ ᠤᠳ ᠢ ᠬᠤᠪᠢᠷᠠᠭᠤᠯᠵᠤ ᠪᠠᠢ᠌ᠨ᠎ᠠ᠃

ᠰᠤᠷᠤᠭᠴᠢᠳ ᠤᠨ ᠰᠡᠳᠬᠢᠯᠭᠡ ᠶᠢᠨ ᠳᠠᠷᠤᠭᠠᠰᠤ ᠶᠢ ᠭᠦᠡᠳᠤ ᠪᠣᠯᠭᠠᠵᠤ ᠪᠠᠢ᠌ᠭ᠎ᠠ ᠰᠢᠯᠳᠠᠭᠠᠨ ᠤ ᠪᠠᠰᠠ ᠨᠢᠭᠡ ᠨᠢ 《ᠶᠠᠩᠰᠢᠬᠤ ᠷᠠᠳᠢᠤ᠋ ᠬᠤᠷᠢᠶ᠎ᠠ》 ᠣᠯᠠᠮ ᠶᠢᠡᠷ ᠠᠷᠪᠢᠳᠤᠵᠠᠢ᠃ ᠠᠪᠣ ᠡᠵᠢ ᠶᠠᠩᠰᠢᠨ᠎ᠠ᠃ ᠪᠠᠭᠰᠢ ᠨᠡᠷ ᠶᠠᠩᠰᠢᠨ᠎ᠠ᠃ ᠰᠤᠷᠤᠭᠴᠢᠳ ᠠᠳᠠᠯᠢᠬᠠᠨ ᠥᠭᠡ ᠶᠢ ᠣᠯᠠᠨ ᠳᠠᠪᠳᠠᠨ ᠰᠤᠨᠤᠰᠤᠭᠰᠠᠭᠠᠷ ᠳᠤᠷ᠎ᠠ ᠠᠯᠳᠠᠷᠠᠵᠤ ᠡᠭ᠍ᠳᠡᠭᠦᠤ ᠭᠦᠷᠳᠡᠭ᠌᠃ ᠳᠦᠪᠯᠡᠷᠡᠭᠦᠯᠦᠭ᠍ᠰᠡᠨ ᠰᠤᠷᠭᠠᠭᠤᠯᠢ ᠶᠢᠨ ᠰᠤᠷᠤᠭᠴᠢᠳ ᠢ ᠣᠯᠠᠨ ᠴᠤ ᠡᠪᠦᠭᠡ ᠡᠮᠡᠭᠡ ᠤᠳ ᠪᠠᠢ᠌ᠷᠢ ᠭᠦᠯᠦᠰᠦᠯᠡᠨ ᠲᠠᠭᠠᠨ ᠰᠠᠭᠤᠵᠤ ᠪᠣᠢ᠃ ᠡᠪᠦᠭᠡ ᠡᠮᠡᠭᠡ ᠶᠢᠨ ᠰᠤᠶᠤᠯ ᠰᠠᠳᠭᠢᠴᠠ ᠣᠳᠤᠭᠢ ᠵᠠᠯᠠᠭᠤ ᠪᠠᠭᠠᠴᠤᠳ ᠢ ᠳᠠᠭᠠᠵᠤ ᠠᠮᠵᠢᠬᠤ ᠪᠠᠨ ᠪᠣᠯᠢᠵᠠᠢ᠃ ᠦᠨᠳᠦᠷ ᠳᠤᠮᠳᠠᠳᠤ ᠳᠡᠭᠦᠰᠦᠭ᠍ᠰᠡᠨ ᠵᠠᠯᠠᠭᠤ ᠡᠴᠢᠭᠡ ᠡᠭᠡᠴᠦᠦᠯ ᠴᠤ ᠣᠳᠤᠭᠢ ᠰᠤᠷᠤᠭᠴᠢᠳ ᠤᠨ ᠰᠠᠳᠭᠢᠴᠠ ᠶᠢᠨ ᠬᠤᠪᠢᠷᠠᠯᠳᠠ ᠭᠦᠭ᠍ᠵᠢᠯᠳᠡ ᠶᠢ ᠳᠠᠭᠠᠵᠤ ᠠᠮᠵᠢᠬᠤ ᠪᠠᠨ ᠪᠠᠢ᠌ᠭᠰᠠᠨ ᠴᠠᠭ ᠰᠢᠤ᠃   ᠵᠠᠷᠢᠮ ᠰᠤᠷᠤᠭᠴᠢᠳ ᠤᠨ ᠡᠳᠦᠷᠵᠢᠨ ᠬᠠᠮᠳᠤ ᠠᠮᠢᠳᠤᠷᠠᠵᠤ᠂ ᠬᠠᠮᠳᠤ ᠣᠷᠤᠭᠰᠢᠯᠠᠵᠤ᠂ ᠬᠠᠮᠳᠤ ᠦᠷᠢᠰᠤᠯᠳᠤᠨ ᠰᠡᠴᠡᠷᠭᠡᠭᠦ ᠭᠦᠮᠦᠰ ᠨᠢ ᠡᠪᠦᠭᠡ ᠡᠮᠡᠭᠡ ᠨᠢ ᠪᠣᠯᠤᠭᠰᠠᠨ ᠶᠢᠡᠷ ᠬᠡᠦᠬᠡᠳ ᠤᠨ ᠰᠠᠳᠭᠢᠴᠠ ᠶᠢ ᠪᠣᠭᠤᠮᠢᠯᠠᠵᠤ᠂ ᠭᠦᠭ᠍ᠵᠢᠯᠳᠡ ᠶᠢ ᠨᠢ ᠣᠳᠠᠭᠠᠰᠢᠷᠠᠭᠤᠯᠵᠤ᠂ ᠰᠡᠳᠭᠢᠯ ᠨᠢ ᠳᠠᠷᠤᠭᠠᠰᠤ ᠲᠡᠶ ᠰᠢᠭ ᠰᠠᠨᠠᠭᠳᠠᠳᠠᠭ᠃ ᠨᠠᠰᠤᠳᠠᠢ ᠭᠦᠮᠦᠰ ᠥᠩᠭᠡᠷᠡᠭ᠍ᠰᠡᠨ ᠶᠢᠡᠨ ᠢᠯᠡᠭᠦᠤ ᠳᠤᠷᠠᠳᠬᠠᠵᠤ᠂ ᠬᠠᠭᠤᠴᠢᠨ ᠢ ᠢᠯᠡᠭᠦᠤ ᠶᠠᠷᠢᠵᠤ᠂ ᠰᠢᠨ᠎ᠡ ᠶᠠᠭᠤᠮᠠᠰ ᠤᠨ ᠭᠦᠭᠡᠭᠡᠴᠡᠯᠳᠦᠯ ᠪᠠᠭ᠎ᠠ ᠪᠠᠢ᠌ᠳᠠᠭ᠃ ᠰᠤᠷᠤᠭᠴᠢᠳ ᠰᠤᠷᠭᠠᠭᠤᠯᠢ ᠳᠤ ᠪᠠᠨ ᠭᠦᠷᠪᠠᠯ ᠭᠤᠤᠯᠳᠤᠭᠤ ᠬᠠᠷᠢᠴᠠᠳᠠᠭ ᠪᠠᠭᠰᠢ ᠨᠡᠷ ᠨᠢ ᠪᠦᠷ ᠨᠠᠷᠭᠢᠮ᠎ᠠ ᠵᠠᠯᠠᠭᠤ ᠨᠠᠰᠤ ᠲᠡᠶ᠂ ᠣᠢ᠌ᠯᠠ ᠭᠦᠳᠡᠯᠭᠡᠭᠡᠨ ᠬᠤᠷᠳᠤᠨ ᠰᠢᠷᠦᠭᠦᠨ᠂ ᠡᠡᠪᠦᠷᠢ ᠳᠤᠭᠰᠢᠨ᠂ ᠵᠠᠩ ᠠᠭᠠᠯᠢ ᠴᠤᠪᠣᠭᠤ ᠴᠤᠯᠭᠢᠨ ᠪᠠᠢ᠌ᠵᠤ᠂ ᠠᠷᠤ ᠭᠡᠷ ᠤᠨ ᠡᠪᠦᠭᠡ ᠡᠮᠡᠭᠡ ᠶᠢᠨ ᠪᠦᠦᠪᠠᠢ᠂ ᠡᠩᠭᠦᠷᠡᠢ᠌ᠯᠡᠯ᠂ ᠠᠭᠠᠵᠢᠭᠤ᠂ ᠳᠤᠷ᠎ᠠ ᠪᠠᠷ ᠪᠠᠢ᠌ᠳᠠᠭ ᠭᠦᠮᠦᠵᠢᠯ ᠲᠡᠶ ᠶᠠᠭ ᠡᠷᠡᠰ ᠳᠠᠷᠠᠰ ᠪᠣᠯᠳᠠᠭ᠃ ᠡᠨᠡ ᠨᠢ ᠰᠤᠷᠤᠭᠴᠢᠳ ᠤᠨ ᠰᠡᠳᠬᠢᠯᠭᠡ ᠳᠤ ᠴᠤᠴᠢᠮᠠᠭ ᠬᠤᠪᠢᠷᠠᠯᠳᠠ ᠶᠢ ᠭᠠᠷᠭᠠᠵᠤ᠂ ᠳᠠᠷᠤᠭᠠᠰᠤ ᠲᠡᠶ ᠰᠠᠨᠠᠭᠳᠠᠭᠤᠯᠳᠠᠭ᠃ ᠰᠤᠷᠤᠭᠴᠢᠳ ᠤᠨ ᠰᠡᠳᠬᠢᠯᠭᠡ ᠶᠢᠨ ᠳᠠᠷᠤᠭᠠᠰᠤ ᠶᠢ ᠭᠦᠩᠭᠡᠯᠡᠭᠦ ᠭᠡᠪᠠᠯ᠄

1.ᠣᠳᠤᠭᠢ ᠵᠢᠭᠠᠨ ᠰᠤᠷᠭᠠᠬᠤ ᠴᠠᠭ ᠢ ᠪᠦᠳᠦᠭᠡᠯᠴᠢ ᠪᠠᠷ ᠭᠡᠷᠡᠭᠯᠡᠵᠤ᠂ ᠴᠢᠯᠦᠭᠡᠳᠡᠢ ᠭᠢᠴᠢᠶᠠᠯ ᠤᠨ ᠴᠠᠭ ᠢ ᠦᠪᠡᠷ ᠤᠨ ᠣᠠᠴᠠᠯᠢᠭ ᠶᠢᠡᠷ ᠶᠢᠡᠨ ᠳᠤᠭᠢᠷᠠᠭᠤᠯᠬᠤ ᠭᠡᠷᠡᠭ᠍ᠳᠡᠢ᠃

2. ᠴᠡᠴᠡᠷᠯᠢᠭ᠌᠂ ᠪᠠᠭ᠎ᠠ ᠰᠤᠷᠭᠠᠭᠤᠯᠢ᠂ ᠠᠩᠬ᠎ᠠ ᠳᠤᠮᠳᠠᠳᠤ᠂ ᠦᠨᠳᠦᠷ ᠳᠤᠮᠳᠠᠳᠤ ᠰᠤᠷᠭᠠᠭᠤᠯᠢ ᠶᠢ ᠡᠷᠭᠡᠪᠰᠢ ᠰᠠᠯᠭᠠᠨ ᠡᠷᠭᠢᠯᠡᠭᠦ ᠭᠡᠷᠡᠭ᠍ᠳᠡᠢ᠃

3. ᠡᠭᠦᠳᠡ ᠪᠠᠨ ᠨᠡᠭᠡᠭᠡᠵᠤ ᠰᠤᠷᠭᠠᠭᠠᠯᠢ ᠡᠷᠭᠢᠯᠡᠭᠦ ᠭᠡᠷᠡᠭ᠍ᠳᠡᠢ᠃ ᠰᠤᠷᠤᠭᠴᠢᠳ ᠢ ᠬᠦᠷᠢᠳᠡᠭ᠂ ᠳᠦᠷᠭᠦᠭᠡᠳᠡᠭ᠂ ᠪᠢᠳᠡᠭᠦᠮᠵᠢᠯᠡᠭ᠍ᠰᠡᠨ ᠭᠦᠮᠦᠵᠢᠯ ᠡᠴᠡ ᠬᠤᠷᠳᠤᠬᠠᠨ ᠰᠠᠯᠭᠠᠵᠤ᠂ ᠠᠮᠢᠳᠤᠷᠠᠵᠤ ᠣᠷᠤᠰᠢᠵᠤ ᠴᠢᠳᠠᠬᠤ᠂ ᠮᠠᠯᠵᠢᠵᠤ ᠳᠠᠷᠢᠶᠠᠯᠠᠵᠤ ᠴᠢᠳᠠᠬᠤ᠂ ᠭᠢᠵᠤ ᠪᠦᠳᠦᠭᠡᠵᠤ ᠴᠢᠳᠠᠬᠤ᠂ ᠦᠪᠡᠷ ᠤᠨ ᠦᠰᠴᠦ ᠳᠦᠷᠦᠭ᠍ᠰᠡᠨ ᠨᠤᠳᠤᠭ ᠣᠰᠤ ᠪᠠᠨ ᠳᠠᠨᠢᠵᠤ ᠮᠡᠳᠡᠳᠡᠭ᠌᠂ ᠥᠭᠡᠷᠡᠴᠢᠯᠡᠵᠤ ᠭᠦᠭ᠍ᠵᠢᠭᠦᠯᠭᠦ ᠴᠢᠳᠠᠪᠣᠷᠢ ᠲᠡᠶ ᠭᠦᠮᠤᠨ ᠪᠣᠯᠭᠠᠨ ᠭᠦᠮᠦᠵᠢᠭᠦᠯᠭᠦ ᠰᠤᠷᠭᠠᠨ ᠭᠦᠮᠦᠵᠢᠯ ᠢ ᠶᠠᠪᠣᠭᠳᠠᠭᠤᠯᠬᠤ ᠭᠡᠷᠡᠭ᠍ᠳᠡᠢ᠃

4. ᠰᠢᠯᠭᠠᠯᠳᠠ ᠶᠢᠨ ᠳᠦᠷᠢᠮ ᠳᠤ ᠭᠡᠳᠦᠷᠭᠡᠢ ᠪᠠᠷᠢᠭᠳᠠᠵᠤ ᠪᠣᠯᠬᠤ ᠦᠭᠡᠶ᠃ ᠳᠡᠭᠡᠷ᠎ᠡ ᠵᠠᠭᠤᠨ ᠤ 60 ᠊᠊᠊᠊᠊᠊᠊᠊᠊᠊᠊᠊᠊᠊᠊᠊᠊᠊᠊᠊᠊᠊᠊᠊᠊᠊᠊᠊᠊᠊ 70 ᠣᠨ ᠡᠴᠡ ᠪᠠᠨ ᠮᠠᠨ ᠤ ᠰᠤᠷᠭᠠᠨ ᠭᠦᠮᠦᠵᠢᠯ ᠦᠨᠳᠦᠰᠦᠨ ᠳᠤ ᠪᠠᠨ ᠬᠤᠪᠢᠷᠠᠭ᠎ᠠ ᠦᠭᠡᠶ ᠳᠠᠯ᠎ᠠ ᠪᠠᠢ᠌ᠭᠰᠠᠭᠠᠷ᠃ ᠧᠦᠷᠦᠫᠡ ᠵᠥᠭ᠌᠂ ᠠᠮᠸᠷᠢᠺᠠ ᠵᠥᠭ᠌ ᠭᠦᠭ᠍ᠵᠢᠭᠦ ᠭᠡᠷᠡᠭ᠍ᠳᠡᠢ᠃ ᠤᠢ᠌ᠷᠠᠬᠠᠨ ᠡᠴᠡ ᠠᠽᠢᠶ᠎ᠠ ᠶᠢᠨ ᠶᠠᠫᠣᠨ᠂ ᠠᠦ᠋ᠰᠲ᠋ᠷᠢᠯᠢᠶ᠎ᠠ ᠶᠢᠨ ᠰᠤᠷᠭᠠᠨ ᠭᠦᠮᠦᠵᠢᠯ ᠶᠢᠡᠷ ᠯᠠᠪᠯᠠᠯᠳᠠ ᠪᠣᠯᠭᠠᠵᠤ ᠪᠣᠯᠤᠨ᠎ᠠ᠃ ᠹᠧᠥᠳᠠᠯ ᠤᠨ ᠨᠤᠶᠠᠠᠴᠢ ᠳᠡᠭᠡᠷᠡᠩᠭᠦᠢ ᠰᠤᠷᠭᠠᠨ ᠭᠦᠮᠦᠵᠢᠯ ᠤᠨ ᠠᠪᠳᠠᠯ ᠶᠢᠡᠷ ᠬᠡᠦᠬᠡᠳ ᠢ ᠪᠣᠭᠤᠮᠢᠯᠠᠵᠤ ᠪᠣᠯᠬᠤ ᠦᠭᠡᠶ᠃

5. ᠰᠤᠷᠬᠤ ᠪᠢᠴᠢᠭ᠌ ᠢ ᠥᠭᠡᠷᠡᠴᠢᠯᠡᠭᠦ ᠭᠡᠷᠡᠭ᠍ᠳᠡᠢ᠃ ᠦᠨᠳᠦᠰᠦᠳᠠᠨ ᠤ ᠭᠦᠮᠦᠵᠢᠯ᠂ ᠣᠷᠤᠰᠢᠨ ᠠᠮᠢᠳᠤᠷᠠᠬᠤ ᠭᠦᠮᠦᠵᠢᠯ ᠤᠨ ᠳᠤᠬᠠᠢ ᠭᠢᠴᠢᠶᠠᠯ ᠤᠨ ᠠᠭᠤᠯᠭ᠎ᠠ ᠶᠢ ᠨᠡᠮᠡᠭ᠍ᠳᠡᠭᠦᠯᠭᠦ ᠭᠡᠷᠡᠭ᠍ᠳᠡᠢ᠃ ᠵᠢᠭᠠᠨ ᠰᠤᠷᠭᠠᠬᠤ ᠶᠢ ᠥᠭᠡᠷᠡᠴᠢᠯᠡᠨ᠎ᠡ ᠭᠡᠳᠡᠭ᠌ ᠶᠡᠭᠡ ᠣᠷᠢᠶᠠᠨ ᠤ ᠳᠤᠤᠷ᠎ᠠ ᠵᠢᠭᠠᠨ ᠰᠤᠷᠭᠠᠬᠤ ᠭᠢᠴᠢᠶᠠᠯ ᠤᠨ ᠪᠢᠴᠢᠭ᠌ ᠤᠨ ᠵᠠᠷᠢᠮ ᠠᠭᠤᠯᠭ᠎ᠠ ᠶᠢ ᠨᠢ ᠵᠢᠭᠠᠵᠤ ᠪᠣᠯᠤᠨ᠎ᠠ᠃ ᠵᠠᠷᠢᠮ ᠢ ᠨᠢ ᠵᠢᠭᠠᠬᠤ ᠦᠭᠡᠶ ᠳᠤ ᠪᠣᠯᠤᠨ᠎ᠠ᠃

ᠨᠡᠢ᠌ᠭᠡᠮ᠂ ᠭᠡᠷ ᠪᠦᠯᠢ᠂ ᠰᠤᠷᠭᠠᠭᠤᠯᠢ ᠬᠠᠮᠳᠤᠷᠠᠵᠤ ᠰᠤᠷᠤᠭᠴᠢᠳ ᠤᠨ ᠰᠡᠳᠭᠢᠯ ᠤᠨ ᠳᠠᠷᠤᠭᠠᠰᠤ ᠶᠢ ᠭᠦᠩᠭᠡᠯᠡᠵᠤ᠂ ᠬᠡᠦᠬᠡᠳ ᠲᠤ ᠪᠠᠨ ᠪᠢᠳᠠ ᠴᠢᠯᠦᠭᠡᠳᠤ ᠣᠷᠴᠢᠨ ᠳᠤᠭᠤᠷᠢᠨ᠂ ᠪᠠᠶᠠᠷ ᠵᠢᠷᠭᠠᠯ ᠬᠠᠩᠭ᠋ᠠᠶ᠎ᠠ᠃


ᠵᠤᠬᠢᠶᠠᠭᠴᠢ ᠶᠢᠨ ᠬᠠᠶ‍ᠢᠭ᠄ ᠠᠷᠤ ᠬᠤᠷᠴᠢᠨ

ᠵᠤᠬᠢᠶᠠᠭᠴᠢ᠄ ᠭᠦᠭᠡᠪᠠᠷᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2968
ᠴᠠᠭ᠄ 2010 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ