ᠠᠶᠤᠮᠠᠷ ᠠᠬ᠎ᠠ ᠳᠡᠭᠦᠤ

ᠰᠢᠶᠠᠨ ᠤ ᠳᠠᠰ ᠲᠤ ᠭᠢᠯᠠᠷᠠᠭᠤᠯᠵᠤ ᠪᠠᠢ᠌ᠭ᠎ᠠ

ᠰᠠᠢ᠌ᠨ ᠨᠠᠢ᠌ᠵᠠ

ᠰᠠᠷ᠎ᠠ ᠶᠢᠨ ᠭᠠᠵᠠᠷ ᠡᠴᠠ

ᠰᠠᠨᠠᠮᠰᠠᠷ ᠦᠭᠡᠶ ᠭᠦᠷᠦᠭᠡᠳ ᠢᠷᠠᠯ᠎ᠠ

ᠰᠢᠷᠡᠭᠡ ᠵᠠᠰᠠᠵᠤ

ᠰᠡᠳᠬᠢᠯ ᠤᠨ ᠥᠭᠡ ᠪᠠᠨ ᠳᠡᠯᠭᠡᠯᠴᠡᠨ

ᠬᠤᠠᠳᠠᠭ᠎ᠠ ᠡᠷᠭᠦᠨ ᠰᠠᠭᠤᠬᠤ ᠵᠠᠭᠤᠷ᠎ᠠ

ᠪᠣᠯᠵᠤᠭ᠎ᠠ ᠲᠡᠶ ᠶᠤᠮ ᠰᠢᠭ᠌

ᠡᠳᠦᠷ ᠤᠨ ᠳᠤᠷᠰᠢ

ᠥᠵᠡᠯᠴᠡᠭᠡᠳ ᠪᠠᠢ᠌ᠳᠠᠭ ᠭᠡᠳᠤᠨ ᠨᠠᠢ᠌ᠵᠠ

ᠣᠰᠤᠨ ᠳᠤᠯᠤᠭᠠᠢ᠌ᠯᠠᠭᠰᠠᠭᠠᠷ  

ᠶᠠᠭᠠᠭᠢᠭᠰᠠᠨ ᠰᠠᠢ᠌ᠬᠠᠨ ᠬᠤᠪᠢᠶᠠᠷᠢᠯᠠᠯ ᠪᠣᠢ ᠭᠡᠳ

ᠰᠢᠷᠡᠭᠡ ᠬᠠᠪᠴᠢᠭᠠᠤᠨ ᠰᠠᠭᠤᠴᠢᠬᠠᠯ᠎ᠠ

ᠳᠠᠨᠢᠯ ᠮᠢᠨᠤ ᠨᠠᠢ᠌ᠵᠠ ᠵᠢ

ᠳᠠᠨᠢᠬᠤ ᠨᠢᠭᠡ ᠨᠢ

        ᠠᠷᠢᠭᠢ ᠵᠠᠰᠠᠭᠠᠤᠨ ᠰᠠᠯᠤᠯᠴᠠᠬᠤ ᠦᠭᠡᠶ᠂

ᠳᠠᠨᠢᠬᠤ ᠦᠭᠡᠶ ᠨᠢᠭᠡ ᠨᠢ

         ᠠᠷᠭ᠎ᠠ ᠪᠠᠷᠠᠭᠳᠠᠵᠤ ᠪᠠᠢ᠌ᠨ᠎ᠠ

ᠪᠠᠷᠢᠬᠤ ᠠᠷᠢᠭᠢ ᠪᠠᠨ ᠬᠤᠷᠳᠤᠨ ᠰᠢᠭ᠌ ᠭᠡᠳ

ᠪᠠᠭ᠎ᠠ ᠵᠢᠭᠠᠬᠠᠨ ᠰᠢᠷᠡᠭᠡᠨ ᠤ

ᠪᠠᠢ᠌ᠳᠠᠭ ᠡᠷᠭᠡ ᠶᠢ ᠡᠵᠡᠮᠳᠡᠪᠡ ︕

ᠬᠠᠯᠠᠭᠰᠠᠨ ᠨᠢᠭᠡ ᠨᠢ

ᠬᠠᠯᠳᠤ ᠮᠦᠯᠳᠤ ᠵᠤᠭᠰᠤᠭᠠᠤᠨ

ᠪᠠᠷᠠᠭᠤᠨ ᠭᠠᠷ ᠤᠨ ᠬᠤᠠᠳᠠᠭ᠎ᠠ ᠪᠠᠷᠢᠭᠰᠠᠨ

ᠭᠤᠷᠪᠠᠨ ᠬᠤᠷᠤᠭᠤ ᠶᠢᠨ ᠠᠷᠤ ᠪᠠᠷ

ᠪᠠᠷᠴᠢᠭᠢᠨᠠᠭᠤᠯᠤᠭᠰᠠᠨ ᠨᠢᠰᠤ ᠪᠠᠨ ᠵᠥᠯᠭᠦᠴᠢᠭᠡᠭᠡᠳ

ᠵᠡᠭᠦᠨ ᠠᠯᠠᠭ᠎ᠠ ᠶᠢᠨ ᠬᠤᠷᠤᠭᠤ ᠪᠠᠷ ᠶᠢᠡᠨ

ᠮᠠᠩᠨᠠᠢ ᠶᠢᠨ ᠭᠦᠯᠦᠰᠤ ᠪᠠᠨ ᠰᠠᠴᠤᠴᠢᠬᠠᠭᠠᠤᠨ

ᠵᠥᠩᠰᠡ ᠲᠡᠶ ᠠᠷᠢᠭᠢ ᠪᠠᠨ ᠪᠠᠷᠢᠵᠤ ᠭᠡᠮᠨᠡᠭᠡᠳ

ᠳᠠᠭᠤᠤ ᠲᠡᠶ ᠠᠷᠢᠭᠢ ᠪᠠᠷᠢᠯ᠎ᠠ

ᠦᠪᠡᠷ ᠤᠨ ᠳᠠᠭᠤᠨ ᠳᠤ ᠦᠪᠡᠷ ᠶᠢᠠᠨ ᠣᠶᠠᠷᠠᠵᠤ

ᠣᠷᠤᠰᠬᠤ ᠨᠢᠯᠪᠣᠰᠤ ᠨᠢ

ᠦᠶᠡᠷ ᠤᠨ ᠣᠰᠤ ᠰᠢᠭ᠌ ᠠᠰᠬᠠᠷᠠᠯ᠎ᠠ

ᠣᠭ ᠡᠴᠠ ᠪᠠᠨ ᠭᠢᠳᠠᠯ ᠲᠡᠶ ᠪᠠᠢ᠌ᠭᠰᠠᠨ ᠶᠤᠮ᠂

ᠣᠷᠤᠨ ᠭᠡᠷ ᠡᠴᠠ ᠪᠠᠨ ᠰᠠᠯᠤᠭᠰᠠᠨ ᠡᠴᠠ

ᠣᠤᠭᠤᠳᠠᠭ ᠤᠨ ᠶ‍ᠢᠩ ᠲᠡᠶ ᠪᠣᠯᠤᠭᠰᠠᠨ ᠶᠤᠮ  

ᠣᠭ ᠡᠴᠠ ᠪᠠᠨ ᠬᠠᠢ᠌ᠷᠠᠳᠠᠢ ᠪᠠᠢ᠌ᠭᠰᠠᠨ ᠶᠤᠮ᠂   

ᠣᠷᠤᠭᠯᠠᠭᠠᠤᠨ ᠣᠳᠠᠭᠰᠠᠨ ᠥᠭᠡᠢ

ᠣᠴᠢᠷ ᠶᠠᠭᠤᠨ ᠭᠠᠷᠤᠭᠰᠠᠨ ᠶᠤᠮ ᠭᠡᠵᠤ ᠳᠠᠭᠤᠯᠠᠬᠤ ᠳ᠋ᠤ

ᠨᠢᠯᠪᠣᠰᠤ ᠬᠤᠠᠳᠠᠭᠠᠨ ᠳᠤ ᠳᠤᠰᠤᠯᠠᠯ᠎ᠠ

         ᠣᠤᠭᠤᠳᠠᠭ ᠨᠠᠢ᠌ᠵᠠ ᠮᠢᠨᠢ

         ᠣᠤᠭᠤᠳᠠᠭ ᠦᠭᠡᠶ ᠳᠤᠭᠳᠠᠭᠠᠴᠢᠬ᠎ᠠ ᠭᠡᠭᠦ ᠳ᠋ᠤ

         ᠭᠦᠳᠡᠭᠡ ᠶᠢᠨ ᠨᠠᠮᠢ᠋ᠢ᠌

         ᠭᠦᠮᠤᠨ ᠶᠢᠡᠷ ᠥᠵᠡᠭ᠍ᠰᠡᠨ ᠦᠭᠡᠶ ᠴᠢ᠂

         ᠨᠤᠳᠤᠭ ᠡᠴᠠ ᠪᠠᠨ ᠰᠠᠯᠤᠭᠰᠠᠨ ᠪᠢᠳᠠᠨ ᠳ᠋ᠤ

         ᠣᠷᠤᠬᠤ ᠭᠡᠷ ᠳᠤᠭᠢᠷᠠᠭᠤᠯᠤᠭᠰᠠᠨ ᠦᠭᠡᠶ ᠴᠢ ᠭᠡᠵᠤ

         ᠡᠴᠢᠭᠡ ᠡᠭᠡ ᠡᠴᠠ

         ᠥᠩᠭᠡᠷᠡᠭ᠍ᠰᠡᠨ ᠬᠠᠳᠠᠭᠰᠠᠨ

         ᠠᠮᠠᠨ ᠳᠤ ᠪᠠᠭᠳᠠᠬᠤ ᠦᠭᠡᠶ ᠥᠭᠡ ᠶᠢ ᠴᠤ ᠭᠡᠯᠡᠪᠡ

         ᠊ᠭ᠍ᠱᠡᠨ ᠵᠠᠭᠤᠷ᠎ᠠ

         ᠠᠶᠠᠭ᠎ᠠ ᠫᠢᠯᠠ ᠬᠠᠷᠴᠢᠭᠢᠨᠠᠵᠤ

         ᠠᠷᠢᠭᠢᠨ ᠯᠤᠩᠬᠤ ᠰᠢᠳᠡᠭ᠍ᠳᠡᠨ

         ᠰᠢᠷᠡᠭᠡ ᠰᠠᠠᠳᠠᠯᠢ ᠪᠠᠯᠪᠠᠷᠠᠪᠠ

         ᠠᠷᠭ᠎ᠠ ᠶᠢᠨ ᠰᠠᠢ᠌ᠨ ᠶᠢᠠᠷ

         ᠰᠠᠢ᠌ᠨ ᠨᠠᠢ᠌ᠵᠠ ᠪᠠᠨ

         ᠠᠷᠤ ᠬᠤᠭᠤᠯᠠᠨ ᠭᠡᠷ ᠶᠢᠡᠷ ᠳᠤᠳᠠᠭᠠᠯᠭᠠᠯ᠎ᠠ  

         ᠮᠠᠭᠤᠬᠠᠢ ᠪᠣᠯᠤᠯ᠎ᠠ ᠭᠡᠵᠤ

         ᠰᠠᠢ᠌ᠨ ᠨᠠᠢ᠌ᠵᠠ ᠳᠠᠭᠠᠨ ᠣᠰᠤᠯ ᠭᠦᠯᠢᠶᠡᠭᠦ ᠳ᠋ᠤ

         ᠰᠠᠢ᠌ᠨ ᠨᠠᠢ᠌ᠵᠠ ᠮᠢᠨᠢ

         ᠶᠠᠭᠠᠭᠢᠭᠰᠠᠨ ᠠᠶᠤᠮᠠᠷ ᠠᠬ᠎ᠠ ᠳᠡᠭᠦᠤ ᠲᠡᠶ ᠶᠠᠭᠤᠮ᠎ᠠ ᠪᠣᠢ

         ᠵᠠ ᠬᠠᠮᠢᠭ᠎ᠠ ᠥᠭᠡᠢ

         ᠪᠠᠶ᠎ᠠ ᠶᠢ ᠮᠢᠨᠢ ᠬᠠᠮᠠᠭᠠᠯᠠᠭᠰᠠᠨ ᠳᠤ ᠳᠠᠯᠠᠷᠬᠠᠯ᠎ᠠ ᠭᠡᠳ

         ᠭᠡᠷ ᠲᠤ ᠴᠤ ᠣᠷᠤᠭᠰᠠᠨ ᠥᠭᠡᠢ

         ᠳᠡᠷᠭᠡᠨ ᠵᠢᠯᠤᠭᠤᠴᠢ ᠪᠠᠨ ᠳᠠᠭᠤᠳᠠᠭᠰᠠᠭᠠᠷ ᠶᠠᠪᠣᠴᠢᠬᠠᠯ᠎ᠠ ︕

  ᠠᠶᠤᠮᠠᠷ ᠠᠬ᠎ᠠ ᠳᠡᠭᠦᠤ ᠪᠢᠰᠢ ᠰᠢᠤ

  ᠮᠠᠨᠤᠰ ᠴᠢᠨᠢ ᠠᠷᠭ᠎ᠠ ᠦᠭᠡᠶ ᠪᠠᠢ᠌ᠨ᠎ᠠ ᠰᠢᠤ ᠭᠡᠵᠤ ᠭᠡᠯᠡᠭᠦ ᠵᠢ

       ᠰᠤᠨᠤᠰᠤᠭᠰᠠᠨ ᠴᠤ ᠦᠭᠡᠶ ᠶᠠᠪᠣᠴᠢᠬᠠᠯ᠎ᠠ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1716
ᠴᠠᠭ᠄ 2011 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ