ᠰᠡᠳᠭᠢᠯ ᠭᠡᠮᠡᠭᠦ ᠡᠷᠭᠡᠳᠡᠨ
ᠰᠡᠳᠭᠢᠯ ᠭᠡᠮᠡᠭᠦ ᠡᠷᠭᠡᠳᠡᠨ ᠢ ᠠᠮᠢᠳᠤ ᠳ᠋ᠤᠨᠢ ᠠᠷᠢᠭᠤᠰᠬᠠᠨ ᠬᠠᠢ᠌ᠷᠠᠯᠠᠵᠤ ᠶᠠᠪᠣᠭᠠᠷᠠᠢ︕ᠮᠥᠩᠭᠡ ᠳᠡᠭ᠍ᠷᠢ ᠶᠢᠨ ᠥᠩᠭᠡ ᠰᠠᠨᠠᠬᠤᠢ

ᠮᠦᠷᠠᠨ ᠲᠠᠩᠭᠢᠰ ᠤᠨ ᠴᠡᠭᠡᠯ ᠳ᠋ᠤ

ᠮᠦᠰᠤᠨ ᠣᠰᠤᠨ ᠤ ᠪᠠᠶ᠎ᠠ ᠣᠷᠤᠰᠢᠬᠤᠢ ᠊᠊᠊᠊᠊᠊᠊᠊᠊᠊᠊᠊᠊᠊᠊

ᠰᠡᠳᠭᠢᠯ ᠭᠡᠮᠡᠭᠦ ᠡᠷᠭᠡᠳᠡᠨ

ᠰᠡᠭᠦᠳᠡᠷ ᠶᠢᠡᠨ ᠳᠠᠮᠳᠠᠷᠠᠵᠤ ᠠᠮᠢᠯᠠᠪᠠ᠂

ᠴᠡᠴᠡᠭ᠌ ᠰᠢᠭ᠌ ᠳᠡᠯᠭᠡᠷᠡᠵᠤ

ᠰᠠᠷᠠᠨ ᠰᠢᠭ᠌ ᠭᠡᠷᠡᠯᠳᠦᠵᠤ

ᠡᠷᠪᠠᠭᠡᠢ ᠰᠢᠭ᠌ ᠳᠠᠷᠪᠠᠵᠤ

ᠨᠢᠯᠪᠣᠰᠤᠨ ᠰᠢᠭ᠌ ᠮᠡᠯᠳᠡᠭᠡᠨᠡᠵᠤ

ᠰᠡᠳᠭᠢᠯ ᠭᠡᠮᠡᠭᠦ ᠡᠷᠭᠡᠳᠡᠨ

ᠠᠯᠠᠭᠠᠨ ᠤ ᠬᠡ ᠵᠢᠷᠤᠵᠤ ᠡᠷᠭᠡᠯᠡᠪᠡ᠂

ᠠᠳᠬᠤᠨ ᠤ ᠢᠯᠴᠢ ᠪᠣᠯᠵᠤ ᠬᠠᠨᠢᠯᠠᠪᠠ᠂

ᠣᠶᠠᠷᠠᠵᠤ ᠴᠡᠴᠡᠭ᠌ ᠲᠤ ᠰᠢᠩᠭᠡᠵᠤ

ᠬᠠᠢ᠌ᠯᠵᠤ ᠰᠠᠷᠠᠨ ᠳᠤ ᠰᠢᠪᠠᠨᠠᠵᠤ

ᠪᠠᠶᠠᠰᠴᠤ ᠡᠷᠪᠠᠭᠡᠢ ᠶᠢ ᠳᠠᠭᠠᠭᠤᠯᠵᠤ

ᠬᠠᠢ᠌ᠷᠠᠯᠠᠵᠤ ᠨᠢᠯᠪᠣᠰᠤᠨ ᠪᠣᠯᠵᠤ ᠪᠣᠳᠠᠷᠠᠪᠠ᠂

ᠪᠠᠯᠴᠢᠷ ᠬᠡᠦᠬᠡᠳ ᠪᠠᠢ᠌ᠭᠰᠠᠨ ᠴᠠᠭ ᠳᠤ

ᠪᠣᠷᠤ ᠳᠤᠯᠪᠣ ᠭᠡᠮᠡᠨ ᠦᠭᠡᠶ ᠠᠷᠢᠭᠤᠨ ᠪᠠᠰᠠ ᠭᠡᠷᠡᠯ

ᠪᠠᠶᠠᠨ ᠶᠠᠳᠠᠭᠤ ᠶᠠᠪᠣᠭᠰᠠᠨ ᠴᠠᠭ ᠳᠤ

ᠠᠯᠳᠠᠵᠤ ᠣᠨᠤᠭᠰᠠᠨ ᠲᠡᠩᠴᠡᠬᠦᠤ ᠪᠠᠰᠠ ᠳᠠᠪᠢᠯᠠᠩ

ᠠᠯᠳᠠᠨ ᠨᠤᠳᠤᠭ ᠤᠨ ᠭᠢᠯᠢ ᠳᠡᠭᠡᠷ᠎ᠡ

ᠠᠷᠴᠢᠵᠤ ᠳᠠᠭᠤᠰᠠᠰᠢ ᠦᠭᠡᠶ ᠴᠢᠰᠤᠨ ᠪᠠᠰᠠ ᠭᠦᠯᠦᠰᠤ

ᠠᠯᠠᠭ ᠪᠣᠷᠤ ᠬᠤᠷᠸ᠎ᠠ ᠶᠢᠨ ᠳᠤᠭᠤᠰᠤᠨ ᠳ᠋ᠤ

ᠶᠠᠩᠳᠠᠵᠤ ᠪᠠᠷᠠᠰᠢ ᠦᠭᠡᠶ ᠰᠢᠨᠤᠯ ᠪᠠᠰᠠ ᠭᠦᠰᠡᠯ

ᠶᠠᠯ᠎ᠠ ᠭᠡᠮ ᠦᠷᠭᠦᠯᠵᠢᠯᠡᠭᠦ ᠴᠠᠭ ᠳᠤ

ᠡᠭᠦᠯᠡᠨ ᠴᠢᠯᠦᠭᠡᠨ ᠤ ᠨᠠᠷᠠᠨ ᠪᠠᠰᠠ ᠣᠬᠠᠭᠠᠷᠠᠯ

ᠪᠣᠷᠬᠠᠨ ᠦᠨᠡᠨ ᠳᠠᠮᠤ ᠬᠤᠳᠠᠯ ᠤᠨ ᠵᠠᠭᠠᠭ ᠳᠡᠭᠡᠷ᠎ᠡ

ᠪᠣᠶᠠᠨ ᠨᠢᠭᠦᠯ ᠤᠨ ᠭᠦᠡᠳᠤ ᠬᠦᠩᠭᠡᠨ ᠳᠡᠩᠭᠡᠭᠡ   ᠁   

ᠰᠡᠳᠭᠢᠯ ᠭᠡᠮᠡᠭᠦ ᠡᠷᠭᠡᠳᠡᠨ ᠊᠊᠊᠊᠊᠊᠊᠊᠊᠊᠊᠊᠊᠊᠊

ᠪᠣᠭᠤᠷᠤᠯ ᠪᠣᠯᠬᠤ ᠳᠠᠷᠠ ᠦᠶ᠎ᠡ ᠳ᠋ᠤ

ᠪᠣᠷᠤᠭᠠᠨ ᠤ ᠣᠯᠠᠷᠢᠯ ᠳᠤ ᠡᠪᠦᠯ ᠪᠠᠢ᠌ᠭᠰᠠᠨ ᠢ

ᠪᠣᠯᠵᠤᠮᠤᠷ ᠤᠨ ᠴᠡᠭᠡᠵᠢᠨ ᠳᠤ ᠵᠢᠷᠦᠭᠡ ᠪᠠᠢ᠌ᠭᠰᠠᠨ ᠢ ᠪᠠᠰᠠ

ᠬᠠᠨ ᠶᠠᠷᠳᠢᠠᠴᠤ ᠳᠤ ᠭᠠᠭᠴᠠ ᠬᠠᠢ᠌ᠷ᠎ᠠ ᠯᠠ ᠪᠠᠢ᠌ᠭᠰᠠᠨ ᠢ

ᠬᠠᠯᠠᠭᠤᠨ ᠴᠤᠭᠴᠠᠰ ᠤᠨ ᠣᠷᠤᠰᠢᠬᠤᠢ ᠳᠤ ᠣᠬᠠᠵᠤ᠂   ᠣᠬᠠᠭᠠᠷᠠᠵᠤ

ᠮᠦᠰᠤᠨ ᠣᠰᠤᠨ ᠡᠴᠡ ᠠᠭᠤᠷᠢᠰᠢᠪᠠ  ︕

ᠳ᠋ᠸᠪᠠᠵᠠᠨ ᠤ ᠭᠦᠢᠳᠡᠨ ᠳᠤ ᠴᠠᠴᠠᠷᠠᠵᠤ ᠬᠤᠷᠭᠤᠳᠠᠪᠠ᠂

ᠳᠠᠮᠤ ᠶᠢᠨ ᠭᠠᠯ ᠳᠤ ᠵᠢᠷᠭᠠᠵᠤ ᠬᠤᠨᠤᠭᠰᠢᠪᠠ︕

ᠰᠡᠳᠭᠢᠯ ᠭᠡᠮᠡᠭᠦ ᠡᠷᠭᠡᠳᠡᠨ ᠊᠊᠊᠊᠊᠊᠊᠊᠊᠊᠊᠊᠊᠊᠊

ᠵᠠᠭᠤᠨ ᠵᠠᠭᠤᠨ ᠵᠢᠯ ᠰᠠᠨᠠᠬᠤ ᠶᠢᠨ ᠪᠠᠰᠠ ᠰᠢᠨᠤᠬᠤ ᠶᠢᠨ

ᠵᠠᠭᠤᠨ ᠵᠠᠭᠤᠨ ᠵᠢᠯ ᠭᠡᠮᠰᠢᠭᠦ ᠶᠢᠨ ᠪᠠᠰᠠ ᠣᠬᠠᠭᠠᠷᠠᠬᠤ ᠵᠢᠨ

ᠵᠠᠭᠤᠨ ᠵᠠᠭᠤᠨ ᠵᠢᠯ ᠣᠶᠠᠷᠠᠬᠤ ᠶᠢᠨ ᠪᠠᠰᠠ ᠬᠠᠢ᠌ᠷᠠᠯᠠᠬᠤ ᠵᠢᠨ

ᠵᠠᠭᠤᠨ ᠵᠠᠭᠤᠨ ᠵᠢᠯ ᠰᠦᠨᠠᠰᠤᠨ ᠮᠠᠳᠤ ᠮᠥᠭᠦᠵᠤ ᠪᠠᠰᠠ ᠣᠷᠤᠰᠢᠨ

ᠵᠠᠭᠤᠨ ᠵᠠᠭᠤᠨ ᠵᠢᠯ ᠳᠠᠮᠤ ᠪᠠᠰᠠ ᠳ᠋ᠸᠪᠠᠵᠠᠨ ᠢ ᠡᠯᠡᠭᠡᠭᠡᠪᠡ︕

ᠰᠡᠳᠭᠢᠯ ᠭᠡᠮᠡᠭᠦ ᠡᠷᠭᠡᠳᠡᠨ ᠊᠊᠊᠊᠊᠊᠊᠊᠊᠊᠊᠊᠊᠊᠊

ᠰᠦᠨ ᠤ ᠪᠠᠯᠭᠡ ᠲᠡᠶ ᠳᠤᠩᠭ᠋ᠠᠯᠠᠭ ᠳᠡᠭ᠍ᠷᠢ ᠶᠢᠨ ᠳᠤᠤᠷ᠎ᠠ

ᠰᠡᠭᠦᠳᠡᠷᠢ ᠪᠠᠨ ᠳᠠᠨᠢᠬᠤ ᠶᠢᠨ ᠴᠠᠭ ᠳᠤ

ᠰᠡᠷᠭᠦᠨ ᠮᠥᠩᠭᠡᠵᠢᠭᠦ ᠪᠣᠯᠪᠠᠤ

ᠮᠥᠩᠭᠡ ᠳᠡᠭ᠍ᠷᠢ ᠶᠢᠨ ᠥᠩᠭᠡ ᠰᠢᠭ᠌ ᠮᠥᠩᠭᠡᠷᠡᠭᠦ ᠪᠣᠯᠪᠠᠤ

ᠮᠦᠷᠠᠨ ᠳᠠᠩᠭᠢᠰ ᠤᠨ ᠣᠨ ᠵᠢᠯ ᠮᠢᠨᠢ

ᠠᠮᠢ ᠶᠢᠨ ᠡᠭᠢ ᠣᠷᠤᠰᠢᠬᠤᠢ ᠮᠢᠨᠢ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠬᠠᠷᠢᠶ᠎ᠠ᠄ ᠰᠢᠯᠦᠭ
ᠳᠠᠷᠤᠮ᠄ 1865
ᠴᠠᠭ᠄ 2011 ᠤᠨ ᠤ 05 ᠰᠠᠷ᠎ᠠ ᠶᠢᠨ 21