ᠰᠦᠨᠢᠳᠴᠤᠳ

ᠰᠦᠷᠦᠭ᠌ ᠴᠠᠭᠠᠨ ᠵᠡᠭᠡᠷ᠎ᠡ ᠰᠢᠭ᠌

ᠰᠦᠷ ᠭᠦᠴᠤ ᠨᠢ ᠴᠤ ᠳᠠᠯᠳᠠ ᠨᠢᠭᠤᠴᠠᠬᠠᠨ

ᠰᠦᠮᠪᠦᠷᠯᠠᠨ ᠰᠡᠭᠦᠢᠭᠦ ᠠᠭᠤᠯᠠ ᠰᠢᠭ

ᠰᠥᠪᠠᠭᠡᠯᠡᠭᠦ ᠪᠠᠶ᠎ᠠ ᠨᠢ ᠴᠤ ᠨᠢᠭᠡᠨ ᠰᠦᠷᠯᠢᠭ᠌

     ᠰᠦᠨ ᠬᠠᠢ᠌ᠷ᠎ᠠ ᠶᠢᠨ ᠭᠡᠯᠭᠢᠶ᠎ᠡ

     ᠰᠥᠰᠦᠭ᠌ ᠪᠢᠰᠢᠷᠠᠯᠳᠤ ᠰᠦᠨᠢᠳᠴᠤᠳ

ᠭᠡᠯᠡᠵᠤ ᠶᠠᠷᠢᠬᠤ ᠶᠢᠨ ᠰᠢᠯᠤᠭᠤᠨ ᠨᠢ

ᠭᠡᠳᠤ ᠴᠠᠭᠢᠭᠤᠷ ᠤᠨ ᠣᠴᠢ ᠰᠢᠭ

ᠭᠡᠪ ᠶᠢᠡᠨ ᠪᠠᠷᠢᠮᠳᠠᠯᠠᠬᠤ ᠣᠪᠣᠷ ᠨᠢ

ᠭᠡᠳᠡᠷ ᠳᠤᠭᠰᠢᠨ ᠪᠠᠷᠰ ᠰᠢᠭ

    ᠭᠡᠳᠤ ᠠᠰᠪᠣᠷᠢ ᠠᠭᠠᠯᠢ ᠳᠠᠢ

    ᠭᠡᠨᠡᠨ ᠭᠦᠭᠡᠷᠦᠭᠦᠢ ᠰᠦᠨᠢᠳᠴᠤᠳ

ᠭᠦᠭ᠍ᠰᠢᠨ ᠬᠤᠤᠬᠤᠩ ᠤᠨ ᠳᠠᠪᠭᠢᠭᠠᠨ ᠳᠤ ᠳᠤᠷᠨᠢᠭᠰᠠᠨ

ᠭᠢᠯᠦᠭᠡᠨ ᠪᠠᠭᠠᠳᠤᠷ ᠤᠨ ᠭᠦᠴᠤᠨ ᠳᠤ ᠰᠤᠷᠢᠭᠳᠠᠭᠰᠠᠨ

ᠰᠦᠨᠢᠳ ᠬᠤᠨᠢᠨ ᠤ ᠠᠷᠠᠰᠤᠨ ᠳᠤ ᠮᠠᠠᠴᠣᠢ᠌ᠯᠠᠭᠳᠠᠭᠰᠠᠨ

ᠰᠦᠨᠢᠳ ᠳᠡᠮᠡᠭᠡᠨ ᠪᠦᠭᠦᠨ ᠳ᠋ᠤ  ᠨᠥᠮᠦᠷᠢᠳᠡᠭ᠍ᠰᠰᠡᠨ

    ᠨᠤᠳᠤᠭ ᠶᠢᠡᠨ ᠰᠠᠭᠢᠭᠰᠠᠨ ᠪᠭᠠᠳᠤᠷ

    ᠨᠤᠮᠤᠬᠠᠨ ᠰᠢᠳᠤᠷᠭᠤ ᠰᠦᠨᠢᠳᠴᠤᠳ

ᠳᠠᠰᠴᠤ ᠳᠠᠨᠢᠯᠴᠠᠬᠤ ᠰᠡᠳᠭᠢᠯ ᠨᠢ

ᠳᠠᠮᠤᠴᠢ ᠶᠢᠨ ᠳᠠᠯ᠎ᠠ ᠰᠢᠭ ᠶᠢᠡᠨ ᠠᠭᠤᠳᠠᠮ

ᠪᠣᠳᠤᠵᠤ ᠪᠦᠳᠦᠭᠡᠭᠦ ᠣᠴᠢᠷᠯᠠᠯ ᠨᠢ

ᠪᠣᠳᠠᠷ ᠤᠨ ᠴᠢᠯᠠᠭᠤ ᠰᠢᠭ ᠶᠢᠡᠨ ᠪᠣᠰᠤᠭ᠎ᠠ ᠳᠡᠭ᠍ᠳᠡᠷ

     ᠪᠠᠢ᠌ᠭᠠᠯᠢᠭ ᠴᠠᠪᠠᠷ ᠠᠷᠠᠠᠰᠢᠨ ᠳᠠᠢ

     ᠪᠠᠳᠠᠷᠠᠭ᠎ᠠ ᠴᠤᠭ ᠲᠡᠶ ᠰᠦᠨᠢᠳᠴᠤᠳ


ᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠬᠠᠷᠢᠶ᠎ᠠ᠄ ᠰᠢᠯᠦᠭ
ᠳᠠᠷᠤᠮ᠄ 1795
ᠴᠠᠭ᠄ 2011 ᠤᠨ ᠤ 05 ᠰᠠᠷ᠎ᠠ ᠶᠢᠨ 13