ᠨᠢᠯᠪᠣᠰᠤ ᠳᠤᠭᠳᠠᠬᠤ ᠦᠭᠡᠶ ᠰᠤᠳᠤᠨ ᠪᠠᠷᠢᠯᠳᠤᠭᠠᠠᠳᠤ ᠊᠊᠊᠊᠊᠊᠊᠊᠊᠊᠊᠊᠊᠊᠊ ᠣᠷᠠᠨ ᠠᠮᠪᠠ

᠊᠊᠊᠊᠊᠊᠊᠊᠊᠊᠊᠊᠊᠊᠊ ᠵᠠᠭᠢᠶ᠎ᠠ ᠰᠤᠷᠪᠣᠯᠵᠢᠯᠠᠭ᠎ᠠ ᠭᠦᠯᠢᠶᠡᠳᠡᠭ᠌ ᠦᠭᠡᠶ᠂ ᠥᠭᠡ ᠳᠠᠭᠤ ᠴᠥᠭᠡᠨ ᠲᠡᠶ ᠨᠢᠭᠤᠴᠠ ᠠᠪᠣᠷᠭᠤ ᠶᠤᠮ ᠰᠢᠤ︕

ᠠᠯᠳᠠᠢ ᠬᠠᠩᠭ᠋ᠠᠢ ᠶᠢᠨ ᠨᠦᠮᠦᠷᠢ ᠡᠴᠡ ᠨᠡᠭᠦᠳᠡᠯ ᠴᠥᠷᠭᠦᠯᠡᠵᠤ ᠡᠭᠦᠳᠡ ᠶᠢᠨ ᠬᠤᠭᠤᠯᠠᠢ ᠪᠠᠷ ᠣᠷᠤᠭᠰᠢᠯᠠᠨ ᠣᠷᠤᠵᠤ ᠢᠷᠠᠨ ᠳᠤᠭᠳᠠᠨᠢᠭᠰᠠᠨ ᠦᠵᠦᠮᠤᠴᠢᠠᠴᠤᠳ ᠪᠦᠭᠡ ᠶᠢᠨ ᠣᠳᠤᠮ ᠲᠡᠶ᠂ ᠰᠢᠠᠳᠠᠰᠤᠳᠤ ᠬᠤᠷᠳᠤᠨ ᠭᠦᠯᠦᠭ᠌ ᠲᠡᠶ᠂ ᠡᠷᠡᠭᠡᠢ ᠮᠡᠷᠭᠡᠨ ᠬᠠᠷᠪᠣᠭᠠᠴᠢ ᠲᠡᠶ ᠦᠪ ᠰᠤᠶᠤᠯ ᠵᠤᠵᠠᠭᠠᠨ ᠭᠦᠮᠦᠰ ᠡ᠂ ᠣᠪᠣᠭ᠎ᠠ ᠪᠣᠯᠠᠭ ᠲᠤ ᠪᠠᠷᠢᠯᠳᠤᠵᠤ᠂ ᠣᠷᠤᠭ᠎ᠠ ᠡᠮᠨᠢᠭ᠌ ᠣᠷᠭᠠᠯᠠᠳᠠᠭ ᠡᠴᠡ ᠪᠠᠨ ᠣᠯᠠᠨ ᠲᠦᠮᠡᠨ ᠤ ᠪᠠᠨ ᠠᠮᠠᠨ ᠳᠤ ᠳᠤᠮᠤᠭᠷᠠᠵᠤ᠂ ᠳᠠᠭᠤᠯᠠᠭᠳᠠᠵᠤ ᠶᠠᠪᠣᠭᠰᠠᠨ ᠭᠦᠴᠦᠳᠤ ᠪᠦᠭᠡᠴᠦᠳ ᠶᠢᠡᠷ ᠶᠢᠡᠨ ᠪᠠᠶᠠᠷᠬᠠᠵᠤ ᠪᠠᠬᠠᠷᠬᠠᠵᠤ ᠶᠠᠪᠣᠳᠠᠭ ᠤᠨ ᠣᠴᠢᠷ 《ᠭᠦᠤ ᠲᠦᠷᠦᠪᠠᠯ ᠪᠦᠭᠡ ᠪᠣᠯᠭᠠᠨ᠎ᠠ》 ᠭᠡᠳᠡᠭ᠌ ᠰᠠᠢ᠌ᠬᠠᠨ ᠥᠭᠡ ᠡᠨᠠ ᠨᠤᠳᠤᠭ ᠲᠤ ᠣᠯᠠᠮᠵᠢᠯᠠᠯ ᠪᠣᠯᠵᠠᠢ᠃ ᠣᠨ ᠳᠤᠭᠠᠯᠠᠯ ᠤᠨ 1666 ᠣᠨ ᠳᠤ ᠴᠢᠩ ᠣᠯᠤᠰ ᠤᠨ ᠶᠡᠭᠡ ᠨᠠᠢ᠌ᠰᠯᠠᠯ ᠳᠠᠢ᠌ᠳᠤ (ᠣᠳᠤ ᠶᠢᠨ ᠪᠠᠭᠡᠵᠢᠩ) ᠳᠤ ᠪᠣᠯᠤᠭᠰᠠᠨ 1024 ᠪᠦᠭᠡ ᠲᠡᠶ ᠨᠢᠵᠢᠭᠡᠷ ᠨᠠᠢ᠌ᠷ ᠲᠤ ᠦᠵᠦᠮᠤᠴᠢᠨ ᠭᠦᠤ᠂ ᠭᠦᠷᠤᠨ ᠤ ᠠᠪᠣᠷᠭᠤ ᠶᠡᠭᠡ ᠢᠷᠠᠭᠤ ᠨᠠᠢ᠌ᠷᠠᠭᠴᠢ ᠭᠠᠮᠠᠯᠠ ᠵᠠᠭᠢᠷᠤᠭᠴᠢ ᠶᠢᠨ ᠳᠡᠭᠡᠳᠦᠰ ᠠᠠᠵᠤᠤ ᠡᠷᠡᠮᠡᠭ᠌ ᠰᠢᠭᠤᠷᠬᠠᠢ ᠪᠠᠷᠢᠯᠳᠤᠭᠠᠨ ᠶᠢᠡᠷ ᠶᠢᠡᠨ ᠮᠡᠡᠭᠯᠡᠢ ᠰᠤᠳᠤᠨ ᠪᠦᠭᠡᠴᠦᠳ ᠢ ᠳᠠᠪᠠᠵᠤ ᠳᠡᠷᠢᠭᠦᠯᠡᠵᠤ ᠪᠠᠢ᠌ᠯ᠎ᠠ ᠭᠡᠳᠡᠭ᠌ ᠢ ᠰᠤᠶᠤᠯ ᠳᠠᠭᠠᠨ ᠬᠠᠢ᠌ᠷᠠᠳᠠᠢ᠂ ᠪᠦᠭᠡ ᠳᠤ ᠪᠠᠬᠠᠳᠠᠢ ᠳᠠ ᠪᠦᠭᠦᠨ ᠰᠤᠳᠤᠷ ᠪᠢᠴᠢᠭ᠌ ᠡᠴᠡ ᠬᠠᠷᠠᠵᠤ᠂ ᠡᠪᠦᠭᠡᠳ ᠨᠠᠰᠤᠳᠠᠤᠨ ᠤᠨ ᠶᠠᠷᠢᠶ᠎ᠠ ᠭᠦᠭᠡᠷᠦᠭᠡ ᠶᠢ ᠰᠤᠨᠤᠰᠤᠭᠰᠠᠨ ᠭᠡᠳᠡᠭ᠌ ᠲᠤ ᠡᠷᠡᠭᠡᠯᠵᠡᠭᠦ ᠦᠭᠡᠶ ᠪᠠᠢ᠌ᠨ᠎ᠠ᠃

《ᠭᠦᠭᠡ ᠳᠤᠯᠪᠣ ᠲᠡᠶ ᠮᠤᠩᠭ᠋ᠤᠯᠴᠤᠳ ᠤᠨ ᠪᠦᠭᠡ ᠭᠡᠮᠡᠭᠦ ᠣᠯᠠᠮᠵᠢᠯᠠᠯᠳᠤ ᠨᠠᠭᠠᠳᠤᠮ ᠣᠳᠤ ᠪᠠᠷ ᠶᠢᠡᠨ ᠳᠡᠯᠡᠭᠡᠢ ᠶᠢᠨ ᠭᠢ》 ᠭᠡᠳᠡᠭ᠌ ᠲᠤ ᠪᠢᠳᠠ ᠬᠤᠶᠠᠷ ᠰᠡᠳᠭᠢᠯ ᠨᠢᠭᠡᠳᠡᠢ᠃ ᠣᠴᠢᠷ ᠨᠢ ᠳᠡᠯᠡᠭᠡᠢ ᠳᠡᠭᠡᠷ᠎ᠡ ᠮᠤᠩᠭ᠋ᠤᠯ ᠪᠦᠭᠡ ᠪᠠᠷ ᠪᠢᠳᠠᠨ ᠲᠡᠶ ᠭᠠᠷ ᠪᠢᠷ᠎ᠠ ᠳᠡᠩᠴᠡᠭᠦ ᠥᠭᠡᠷ᠎ᠡ ᠦᠨᠳᠦᠰᠦᠳᠠᠨ ᠶᠠᠰᠤᠳᠠᠨ ᠪᠠᠢ᠌ᠬᠤ ᠦᠭᠡᠶ ᠶᠤᠮ᠃ ᠮᠥᠩᠭᠡ ᠳᠡᠭ᠍ᠷᠢ ᠶᠢᠨ ᠭᠦᠴᠤᠨ ᠳᠤ ᠰᠢᠳᠤᠵᠤ᠂ ᠮᠥᠩᠭᠦᠨ ᠳᠡᠯᠡᠭᠡᠢ ᠶᠢᠨ ᠠᠭᠤᠯᠠ ᠬᠠᠢ᠌ᠷᠬᠠᠨ ᠢ ᠰᠥᠰᠦᠭᠯᠡᠨ ᠳᠠᠭᠢᠳᠠᠭ ᠮᠤᠩᠭ᠋ᠤᠯ ᠭᠦᠮᠤᠨ ᠪᠠᠢ᠌ᠭᠠᠯᠢ ᠡᠴᠡ ᠳᠦᠷᠦᠭ᠍ᠰᠡᠨ ᠪᠠᠢ᠌ᠭᠠᠯᠢ ᠪᠣᠯᠬᠤᠷ ᠦᠷ᠎ᠡ ᠬᠡᠦᠬᠡᠳ ᠨᠢ ᠭᠦᠯ ᠳᠤ ᠣᠷᠤᠬᠤ ᠡᠴᠡ ᠮᠤᠳᠤᠨ ᠮᠤᠷᠢ ᠲᠡᠶ ᠳᠠᠰᠢᠶ᠎ᠠ ᠠᠯᠠᠭᠠᠳᠠᠨ ᠭᠦᠯ ᠨᠢᠴᠦᠭᠦᠨ ᠳᠠᠪᠭᠢᠭᠤᠯᠵᠤ᠂ ᠠᠷᠪᠠ ᠭᠦᠷᠭᠦ ᠲᠡᠶ ᠭᠦᠷᠭᠦ ᠦᠭᠡᠶ ᠲᠡᠶ ᠭᠦᠯᠦᠭ᠌ ᠤᠨ ᠨᠢᠷᠤᠭᠤᠨ ᠳᠤ ᠳᠦᠷᠦᠭᠡ ᠢᠰᠭᠦᠯᠤᠨ ᠡᠮᠨᠢᠭ᠌ ᠳᠤᠭᠰᠢᠨ ᠲᠡᠶ ᠨᠤᠤᠷᠤᠯᠳᠤᠵᠤ ᠪᠣᠯᠴᠢᠩ ᠰᠢᠷᠪᠣᠰᠤ ᠨᠢ ᠴᠢᠩᠭ᠋ᠠᠷᠠᠵᠤ 《ᠰᠠᠢ᠌ᠨ》 ᠡᠷ᠎ᠡ ᠪᠣᠯᠬᠤ ᠭᠠᠷᠤᠭ᠎ᠠ ᠪᠠᠨ ᠠᠪᠳᠠᠭ᠃

ᠳᠡᠦᠭᠡᠨ ᠳᠤ ᠮᠥᠩᠭᠡᠷᠡᠭ᠍ᠰᠡᠨ ᠳᠠᠭᠤᠳᠤ ᠪᠦᠭᠡ ᠳᠦᠭᠦᠷᠡᠩᠵᠡᠭᠠᠨ᠂ ᠳᠤᠮᠤᠭᠳᠤ ᠪᠦᠭᠡ ᠠᠠᠵᠤᠤ ᠶᠢᠨ ᠨᠤᠳᠤᠭ ᠲᠤ ᠲᠦᠷᠦᠵᠤ᠂ ᠬᠠᠨ᠎ᠠ ᠲᠦᠰᠢᠵᠤ ᠭᠦᠯ ᠳᠤ ᠣᠷᠤᠨ᠂ ᠬᠠᠷ᠎ᠠ ᠪᠣᠷᠤ ᠠᠵᠢᠯ ᠳᠤ ᠳᠠᠰᠤᠭᠰᠠᠨ ᠠᠪᠣᠷᠭᠤ ᠪᠠᠶᠠᠷᠪᠠᠭᠠᠳᠤᠷ ᠢ ᠳᠤᠷᠠᠳᠬᠤ ᠳᠤ ᠪᠦᠭᠡ ᠳᠤ ᠬᠤᠷᠤᠬᠠᠢ᠌ᠳᠠᠢ ᠪᠦᠭᠦ ᠮᠤᠩᠭ᠋ᠤᠯᠴᠤᠳ ᠪᠢᠳᠠ ᠣᠷᠮ᠎ᠠ ᠰᠡᠷᠭᠦᠨ ᠪᠠᠶᠠᠰᠬᠤ ᠶᠤᠰᠤᠳᠠᠢ︕ ᠦᠵᠦᠮᠤᠴᠢᠨ ᠳᠠᠳᠤᠢ ᠦᠭᠡᠶ ᠦᠪᠣᠷ ᠳᠦᠴᠢ ᠶ‍ᠢᠰᠤ ᠳᠤ ᠪᠠᠨ ᠪᠣᠯ ᠳᠠᠭᠠᠷᠠᠭᠰᠠᠨ ᠪᠦᠭᠦᠨ ᠶᠢᠡᠨ ᠳᠦᠪᠠᠭ᠌ ᠦᠭᠡᠶ ᠳᠠᠪᠠᠳᠠᠭ ᠠᠪᠣᠷᠭᠤ ᠮᠠᠨᠢ 1978 ᠣᠨ ᠳᠤ ᠮᠠᠠᠳᠤᠬᠤᠪᠣᠯᠠᠭ ᠪᠠᠯᠭᠠᠰᠤᠨ ᠤ ᠮᠠᠠᠳᠤᠬᠤᠪᠣᠯᠠᠭ ᠭᠠᠴᠠᠭᠠᠨ ᠤ ᠣᠤᠭᠠᠯ ᠳᠠᠰᠢᠳᠤᠩᠷᠤᠪ ᠤᠨ ᠬᠤᠶᠠᠳᠤᠭᠠᠷ ᠭᠦᠪᠠᠭᠦᠨ ᠪᠣᠯᠵᠤ ᠬᠤᠷᠸ᠎ᠠ ᠳᠤ ᠢᠷᠡᠭ᠍ᠰᠡᠨ᠃ ᠬᠠᠷᠬᠠᠨ ᠪᠠᠭ᠎ᠠ ᠡᠴᠡ ᠪᠠᠨ ᠪᠠᠷᠢᠯᠳᠤᠵᠤ ᠨᠤᠴᠤᠯᠳᠤᠬᠤ ᠳᠤᠷᠠᠳᠠᠢ ᠪᠠᠶᠠᠷ ᠨᠠᠭᠠᠳᠤᠮ ᠤᠨ ᠪᠠᠭᠠᠳᠤᠷ ᠭᠦᠤ ᠪᠠᠶᠠᠷᠪᠠᠭᠠᠳᠤᠷ ᠮᠠᠨᠢ ᠦᠨᠦ ᠪᠣᠯᠬᠤ ᠳᠤ ᠢᠰᠡᠭᠡᠢ ᠳᠤᠭᠤᠷᠭᠠᠳᠠᠨ᠂ ᠬᠠᠷᠢ ᠭᠠᠳᠠᠭᠠᠳᠤ ᠶᠢᠨ ᠭᠢᠨ ᠤ ᠬᠠᠢ᠌ᠷ᠎ᠠ ᠭᠦᠡᠳᠦᠳᠭᠡᠯ᠂ ᠪᠠᠬᠠᠳᠤᠯ ᠪᠢᠰᠢᠷᠠᠯ ᠢ ᠣᠯᠵᠤ ᠶᠠᠪᠣᠭ᠎ᠠ ᠶᠢ ᠠᠳᠠ ᠭᠡᠯᠡᠭᠦ ᠡᠴᠡ ᠪᠠᠷᠢᠯᠳᠤᠭᠠᠨ ᠨᠢ ᠳᠤᠳᠤᠷᠠᠵᠤ ᠬᠠᠷᠠᠭᠳᠠᠬᠤ ᠶᠤᠮ᠃ ᠮᠤᠩᠭ᠋ᠤᠯᠴᠤᠳ ᠶ‍ᠢᠰᠤ ᠶᠢ ᠶᠡᠭᠡᠪᠠᠷ ᠡᠷᠭᠢᠮᠯᠡᠳᠡᠭ᠌᠃ 2009 ᠣᠨ ᠶᠠᠷᠤ ᠨᠢ ᠮᠠᠨᠠᠢ᠌ᠭᠢᠨ ᠳᠤ ᠥᠭᠡᠳᠡ ᠲᠡᠶ ᠰᠠᠨᠠᠭᠳᠠᠬᠤ ᠶᠤᠮ᠃ ᠨᠠᠭᠠᠳᠤᠮ ᠤᠨ ᠥᠩᠭᠡ ᠪᠠᠷ ᠭᠡᠢ᠌ᠮᠦᠷᠢ ᠶᠢ ᠨᠢ ᠰᠢᠡᠵᠢᠳᠡᠭ᠌ ᠨᠠᠰᠤᠳᠠᠢ᠌ᠴᠤᠳ ᠤᠨ 《ᠮᠤᠩᠭ᠋ᠤᠯ ᠭᠦᠨ ᠣᠬᠠᠭᠠᠨ》 ᠊ᠢ ᠢᠳᠡᠭᠡᠵᠤ ᠪᠢᠰᠢᠷᠡᠭᠦ ᠦᠭᠡᠶ ᠪᠠᠢ᠌ᠬᠤ ᠶᠢᠨ ᠠᠷᠭ᠎ᠠ ᠠᠯᠠᠭ᠎ᠠ᠃

ᠪᠠᠶᠠᠷᠪᠠᠭᠠᠳᠤᠷ ᠢ ᠡᠨᠠ ᠵᠢᠯ ᠠᠩᠬ᠎ᠠ 《ᠭᠡᠭᠡᠨ ᠣᠪᠣᠭᠠᠨ》 ᠤ ᠳᠠᠭᠢᠯᠭ᠎ᠠ ᠶᠢᠨ ᠨᠠᠢ᠌ᠷ ᠲᠤ ᠳᠡᠷᠢᠭᠦᠯᠡᠭᠦ ᠳᠤ ᠨᠤᠳᠤᠭ ᠤᠨ ᠪᠣᠭᠤᠷᠤᠯ ᠤᠳ 《ᠡᠨᠠ ᠬᠡᠦᠬᠡᠳ》 ᠡᠨᠠ ᠵᠢᠯ ᠥᠩᠭᠡ ᠲᠡᠶ ᠪᠠᠢ᠌ᠨ᠎ᠠ ᠭᠡᠰᠡᠨ ᠠᠮᠠᠨ ᠢᠷᠦᠭᠡᠯ ᠡᠴᠡ ᠠᠵᠠ ᠡᠭᠢᠯᠡᠭ᠍ᠰᠡᠨ ᠭᠡᠭᠦ ᠳᠤ ᠢᠯᠡᠭᠦᠳᠡᠮᠡᠷ ᠦᠭᠡᠶ ᠶᠤᠮ᠃ 《ᠠᠮᠠᠨ ᠪᠠᠯᠭᠡ ᠬᠠᠮᠢᠭᠠᠰᠢ ᠪᠠᠨ ᠪᠣᠯ ᠠᠯᠤᠰ ᠤᠨ ᠪᠠᠯᠭᠡ ᠳᠠᠰᠢ ᠪᠠᠨ》 ᠭᠡᠳᠡᠭ᠌ ᠮᠤᠩᠭ᠋ᠤᠯ ᠠᠷᠠᠤᠨ ᠤᠨ ᠵᠣᠢ᠌ᠷ ᠰᠠᠴᠠᠨ ᠥᠭᠡ ᠥᠨᠡᠭᠡᠷ ᠣᠨᠤᠭᠠᠵᠤ ᠭᠡᠯᠡᠵᠡᠢ᠃ ᠣᠢ᠌ᠴᠢᠬᠤ ᠦᠭᠡᠶ ᠭᠡᠮᠡᠨ ᠣᠮᠤᠭᠯᠠᠭᠤᠨ ᠯᠠᠪᠳᠠᠭᠤᠨ ᠪᠠᠷᠢᠯᠳᠤᠳᠠᠭ ᠳᠠᠷᠠ ᠮᠠᠨᠢ ᠨᠠᠭᠠᠳᠤᠮ ᠪᠣᠯᠭᠠᠨ ᠳᠤ ᠨᠤᠳᠤᠭ ᠨᠤᠳᠤᠭ ᠤᠨ ᠰᠠᠢ᠌ᠨ ᠪᠦᠭᠡᠴᠦᠳ ᠲᠡᠶ ᠳᠠᠭᠠᠷᠠᠵᠤ ᠥᠰᠦᠭᠡᠢ᠌ᠳᠡᠭᠦ᠂ ᠳᠡᠭᠡᠭᠡᠯᠡᠭᠦ ᠵᠡᠷᠭᠡ ᠮᠡᠭᠡ ᠮᠡᠷᠭᠡᠵᠢᠯ ᠢ ᠳᠦᠭᠦᠷᠡᠩ ᠭᠢᠵᠤ ᠰᠢᠷᠣᠢ᠌ᠳᠠᠭᠤᠯᠳᠠᠭ ᠢ ᠪᠢᠳᠠ ᠪᠦᠭᠦᠨ ᠮᠠᠳᠠᠨ᠎ᠡ᠃ ᠪᠦᠭᠦᠳᠡ ᠨᠠᠢ᠌ᠷᠠᠮᠳᠠᠬᠤ ᠮᠤᠩᠭ᠋ᠤᠯ ᠠᠷᠠᠤᠨ ᠣᠯᠤᠰ ᠤᠨ ᠣᠯᠤᠰ ᠤᠨ ᠨᠠᠴᠢᠨ ᠥᠰᠭᠦᠢᠷᠡᠭᠡᠳᠦᠢ᠄ 《ᠪᠢ ᠦᠪᠣᠷ ᠮᠤᠩᠭ᠋ᠤᠯ ᠤᠨ ᠶᠡᠭᠡᠩᠬᠢ ᠠᠪᠣᠷᠭᠤᠴᠤᠳ ᠢ ᠨᠢ ᠬᠠᠶᠠᠵᠤ ᠦᠵᠡᠯ᠎ᠠ᠂ ᠬᠠᠷᠢᠨ ᠭᠠᠠᠠᠴᠠ ᠪᠠᠶᠠᠷᠪᠠᠭᠠᠳᠤᠷ ᠲᠤ ᠯᠠ ᠳᠦᠷᠪᠡ ᠣᠳᠠᠭ᠎ᠠ ᠣᠨᠠᠭᠠᠤᠨ ᠪᠠᠢ᠌ᠭ᠎ᠠ ᠶᠤᠮ᠃ ᠪᠠᠷᠢᠴᠠ ᠥᠭ᠍ᠳᠡᠭ᠌ ᠦᠭᠡᠶ᠂ ᠪᠢᠷ᠎ᠠ ᠲᠡᠶ ᠰᠠᠢ᠌ᠨ ᠪᠦᠭᠡ》 ᠭᠡᠮᠡᠨ ᠱᠠᠭᠰᠢᠨ ᠶᠠᠷᠢᠬᠤ ᠡᠴᠡ ᠨᠢ ᠠᠷᠭ᠎ᠠ ᠦᠭᠡᠶ ᠠᠳᠠᠭᠠᠴᠢ ᠪᠣᠯᠪᠠᠤ ᠦᠦ ᠭᠡᠮᠡᠨ ᠰᠠᠨᠠᠭᠳᠠᠪᠠᠴᠤ ᠬᠠᠰᠢᠯᠠ ᠰᠠᠢ᠌ᠨ ᠪᠦᠭᠡ ᠳᠡᠭᠡᠨ ᠠᠷᠤ ᠦᠪᠣᠷ ᠦᠭᠡᠶ ᠬᠠᠢ᠌ᠷᠠᠳᠢ ᠶᠢ ᠳᠠᠭᠠᠮᠠᠭᠯᠠᠵᠠᠢ᠃ ᠠᠷᠤ ᠬᠠᠯᠬ᠎ᠠ ᠳᠤ ᠠᠷᠠᠢ ᠭᠡᠵᠤ ᠠᠩᠬ᠎ᠠ ᠮᠡᠳᠡᠷᠡᠭ᠍ᠳᠡᠵᠤ ᠪᠠᠢ᠌ᠭ᠎ᠠ ᠴᠤ᠂ ᠬᠠᠷᠢᠨ ᠦᠪᠣᠷ ᠳᠦᠴᠢ ᠶ‍ᠢᠰᠤ ᠲᠡᠭᠡᠨ 18 ᠲᠡᠶ ᠡᠴᠡ ᠪᠠᠨ ᠡᠭᠢᠯᠠᠨ ᠲᠦᠮᠡᠨ ᠣᠯᠠᠨ ᠡᠴᠡ ᠲᠦᠷᠦ ᠵᠠᠰᠠᠭ ᠤᠨ ᠳᠡᠷᠢᠭᠦᠨ ᠳᠤ ᠭᠦᠷᠳᠡᠯ᠎ᠡ ᠪᠢᠰᠢᠷᠡᠭ᠍ᠳᠡᠵᠤ ᠶᠠᠪᠣᠭᠰᠠᠨ ᠢ ᠨᠢ 2006 ᠣᠨ ᠳᠤ ᠵᠡᠭᠦᠨ ᠦᠵᠦᠮᠤᠴᠢᠨ ᠬᠤᠰᠢᠭᠤᠨ ᠤ ᠠᠷᠠᠤᠨ ᠤᠨ ᠨᠠᠭᠠᠳᠤᠮ ᠤᠨ 1024 ᠪᠦᠭᠡ ᠲᠡᠶ ᠶᠡᠭᠡ ᠨᠠᠢ᠌ᠷ ᠲᠤ ᠥᠵᠦᠭᠦᠷᠯᠡᠵᠤ᠂ ᠬᠤᠨᠤᠭ ᠠᠯᠤᠰᠯᠠᠵᠤ ᠪᠣᠯᠤᠭᠰᠠᠨ ᠵᠡᠭᠦᠨ ᠰᠦᠨᠢᠳ ᠬᠤᠰᠢᠭᠤ ᠪᠠᠢ᠌ᠭᠤᠯᠤᠭᠳᠠᠭᠰᠠᠨ 60 ᠵᠢᠯ ᠤᠨ ᠣᠢ ᠶᠢᠨ 512 ᠪᠦᠭᠡ ᠲᠡᠶ ᠠᠷᠠᠤᠨ ᠤᠨ ᠶᠡᠭᠡ ᠨᠠᠢ᠌ᠷ ᠤᠨ 32 ᠶᠢᠨ ᠳᠠᠪᠠᠭᠠᠨ ᠳᠤ ᠮᠤᠩᠭ᠋ᠤᠯ ᠣᠯᠤᠰ ᠤᠨ ᠵᠠᠭᠠᠨ ᠮᠢᠭᠮᠠᠷᠰᠦ᠋ᠷᠤᠩ ᠲᠡᠶ ᠣᠨᠤᠭ᠎ᠠ ᠳᠠᠭᠠᠷᠠᠭᠤᠯᠤᠨ ᠪᠠᠷᠢᠯᠳᠤᠭᠤᠯᠬᠤ ᠳ᠋ᠤᠨᠢ ᠠᠢ᠌ᠮᠠᠭ ᠤᠨ ᠳᠠᠷᠤᠭ᠎ᠠ ᠠᠳᠢᠶ᠎ᠠ ᠪᠦᠭᠡ ᠣᠨᠤᠭᠠᠭᠴᠢᠳ ᠲᠤ ᠳᠤᠷ᠎ᠠ ᠥᠭᠡᠢ᠌ᠴᠡᠵᠤ ᠭᠡᠯᠡᠵᠤ ᠪᠠᠢ᠌ᠯ᠎ᠠ ᠭᠡᠵᠤ ᠳᠤᠰ ᠨᠤᠳᠤᠭ ᠤᠨ ᠠᠷᠠᠤᠨ ᠲᠦᠮᠡᠨ ᠭᠡᠯᠡᠳᠡᠭ᠌᠃ ᠳᠡᠭᠡᠭᠦ ᠳᠤ ᠠᠷᠠᠤᠨ ᠲᠦᠮᠡᠨ ᠢ ᠶᠠᠭᠤ ᠭᠡᠯᠡᠭᠦᠪ︕ ᠰᠡᠳᠭᠢᠯ ᠡᠴᠡ ᠪᠠᠨ ᠬᠠᠢ᠌ᠷᠠᠯᠳᠠᠭ᠂ ᠰᠢᠳᠦᠳᠡᠭ᠌ ᠠᠷᠠᠤᠨ ᠲᠦᠮᠡᠨ ᠲᠡᠶ ᠳᠡᠭᠦᠨ ᠤ ᠳᠤᠬᠠᠢ ᠵᠤᠭᠤᠭ ᠢ ᠳᠡᠯᠭᠡᠪᠠᠯ ᠶᠤᠰᠤᠳᠠᠢ ᠨᠠᠷᠠ ᠶᠢ ᠠᠷᠭᠠᠮᠵᠢᠬᠤ ᠳᠤ ᠭᠦᠷᠦᠭᠦᠯᠭᠦ ᠶᠤᠮ᠃

2004 ᠣᠨ ᠤ ᠪᠠᠷᠠᠭᠤᠨ ᠦᠵᠦᠮᠤᠴᠢᠨ ᠬᠤᠰᠢᠭᠤᠨ ᠤ ᠭᠢᠨᠢᠰ ᠤᠨ ᠳᠡᠮᠳᠡᠭᠯᠡᠯ ᠤᠨ ᠶᠡᠭᠡ ᠨᠠᠢ᠌ᠷ ᠲᠤ ᠠᠪᠣᠷᠭᠤ ᠪᠠᠶᠠᠷᠪᠠᠭᠠᠳᠤᠷ ᠪᠣᠰᠤᠭ᠎ᠠ ᠪᠠᠷ ᠶᠢᠡᠨ ᠬᠠᠰᠤᠭᠳᠠᠬᠤ ᠳ᠋ᠤᠨᠢ ᠳᠸᠯᠸᠢᠰ ᠶᠢᠡᠷ ᠦᠵᠡᠵᠤ ᠪᠠᠢ᠌ᠭᠰᠠᠨ ᠨᠤᠳᠤᠭ ᠤᠨ ᠨᠠᠰᠤᠳᠠᠢ᠌ᠴᠤᠳ ᠨᠢ ᠨᠢᠯᠪᠣᠰᠤ ᠪᠠᠨ ᠵᠥᠯᠭᠦᠨ ᠬᠤᠨᠢᠨ ᠤ ᠪᠠᠨ ᠠᠷᠤ ᠡᠴᠡ ᠮᠤᠷᠳᠠᠭᠰᠠᠨ ᠪᠣᠯ 2009 ᠣᠨ ᠤ 《ᠴᠸᠩ ᠯᠦᠩ ᠊ᠭ᠍ᠷᠥᠫ ᠤᠨ ᠶᠡᠭᠡ ᠨᠠᠢ᠌ᠷ》 ᠲᠤ ᠠᠪᠣᠷᠭᠤ ᠪᠠᠶᠠᠷᠪᠠᠭᠠᠳᠤᠷ ᠮᠠᠨᠢ ᠳᠠᠩ ᠡᠴᠡ 2048 ᠵᠢᠨ ᠠᠯᠳᠠᠨ ᠵᠠᠩᠭᠢᠶᠠᠳᠤ ᠠᠪᠣᠷᠭᠤ ᠮᠢ᠊·ᠰᠤᠶᠤᠯ᠂ ᠪᠠᠳᠤ ᠢᠳᠡᠭᠡᠯᠳᠤ ᠠᠪᠣᠷᠭᠤ ᠳᠠᠮᠤᠷ᠂ ᠵᠠᠯᠠᠭᠤ ᠠᠪᠣᠷᠭᠤ ᠨᠠᠰᠤᠠᠵᠢᠷᠭᠠᠯ᠂ ᠵᠢᠤᠳᠤᠤ ᠶᠢᠨ ᠣᠯᠤᠰ ᠤᠨ ᠳᠠᠰᠤᠷᠬᠠᠢ ᠠᠪᠣᠷᠭᠤ ᠣᠤᠠᠬᠠᠪᠠᠭᠠᠳᠤᠷ᠂ ᠵᠠᠯᠠᠭᠤ ᠰᠢᠯᠢᠳᠡᠭ᠌ ᠪᠦᠭᠡᠴᠢᠨ ᠠᠯᠳᠡᠡᠰᠦ᠋ᠭᠡ᠂ ᠳᠠᠯᠠᠠᠳᠠᠢ᠂ 2048 ᠶᠢᠨ ᠮᠥᠩᠭᠦᠨ ᠵᠠᠩᠭᠢᠶᠠᠳᠤ ᠠᠪᠣᠷᠭᠤ ᠣᠶᠤᠠᠪᠠᠳᠤ ᠵᠡᠷᠭᠡ ᠣᠯᠠᠨ ᠠᠪᠣᠷᠭᠤᠴᠤᠳ ᠢ ᠴᠤᠪᠣᠭᠤᠯᠵᠤ ᠳᠡᠷᠢᠭᠦᠨ ᠪᠠᠢ᠌ᠷᠢ ᠡᠵᠡᠯᠡᠭ᠍ᠰᠡᠨ᠃ ᠶᠤᠰᠤᠳᠠᠢ 《ᠠᠯᠳᠠᠨ ᠵᠠᠩᠭᠢᠶ᠎ᠠ》 ᠪᠠᠨ ᠨᠡᠭᠡᠵᠤ ᠳᠡᠷᠢᠭᠦᠯᠡᠵᠡᠢ᠃ ᠶᠡᠭᠡ ᠨᠠᠢ᠌ᠷ ᠤᠨ ᠮᠠᠷᠭᠠᠰᠢ ᠪᠠᠭᠠᠷᠢᠨ ᠨᠤᠳᠤᠭ ᠲᠤ ᠨᠠᠢ᠌ᠷ ᠪᠣᠯᠵᠤ ᠪᠠᠶᠠᠷᠪᠠᠭᠠᠳᠤᠷ ᠢᠷᠡᠭᠦ ᠭᠡᠰᠡᠨ ᠴᠢᠮᠡᠭᠡ ᠪᠠᠷ ᠥᠵᠡᠭ᠍ᠴᠢᠳ ᠤᠨ ᠳᠤᠭ᠎ᠠ ᠳᠠᠭᠢᠨ ᠶᠢᠡᠷ ᠨᠠᠮᠩᠳᠠᠯ᠎ᠠ ᠭᠡᠵᠤ ᠭᠡᠯᠡᠯᠴᠡᠳᠡᠭ᠃ ᠥᠨᠡᠭᠡᠷ ᠲᠦᠮᠡᠨ ᠤ ᠭᠡᠰᠢᠭ᠌ ᠭᠦᠷᠳᠡᠭ᠍ᠰᠡᠨ ᠰᠠᠢ᠌ᠬᠠᠨ ᠪᠦᠭᠡ ᠶᠤᠮᠳᠠᠭ᠃ ᠳᠠᠷᠠ ᠮᠠᠨᠢ ᠨᠤᠳᠤᠭ ᠤᠨ ᠳᠤᠮᠤᠭᠳᠤ ᠪᠦᠭᠡᠴᠦᠳ ᠲᠡᠶ ᠪᠠᠨ ᠠᠳᠠᠯᠢᠬᠠᠨ ᠨᠢᠭᠡᠨ ᠴᠠᠭ ᠲᠤ ᠳᠠᠭᠢᠨ ᠳᠠᠪᠳᠠᠭᠳᠠᠰᠢ ᠦᠭᠡᠶ ᠪᠠᠶᠠᠷᠪᠠᠭᠠᠳᠤᠷ ᠢ ᠱᠤᠭᠤᠵᠠᠢ᠃ ᠮᠠᠨ ᠤ ᠭᠢᠨ ᠤ ᠪᠦᠭᠡᠴᠦᠳ ᠢ ᠵᠠᠷᠢᠮ ᠭᠦᠮᠦᠰ ᠭᠦᠴᠤ ᠴᠢᠳᠠᠯ ᠯᠠ ᠵᠢᠭᠠᠭᠰᠠᠨ ᠪᠦᠳᠦᠭᠦᠯᠢᠭ᠌ ᠭᠡᠵᠤ ᠳᠦᠰᠦᠭᠡᠯᠡᠳᠡᠭ᠌᠃ ᠡᠨᠠ ᠪᠣᠯ ᠬᠠᠵᠠᠭᠤ ᠡᠴᠡ ᠬᠠᠷᠠᠭᠰᠠᠨ ᠬᠠᠵᠠᠭᠠᠢ ᠪᠣᠷᠤᠭᠤ ᠣᠢ᠌ᠯᠭᠠᠯᠳᠠ ᠪᠣᠶᠤ᠃ ᠬᠠᠨᠢ ᠳᠠᠭᠠᠨ ᠦᠨᠡᠠᠴᠢ ᠬᠠᠢ᠌ᠷᠠᠳᠠᠢ᠂ ᠬᠡᠦᠬᠡᠳ ᠳᠡᠭᠡᠨ ᠬᠠᠷᠢᠭᠤᠴᠠᠯᠭ᠎ᠠ ᠲᠡᠶ ᠡᠷ᠎ᠡ ᠰᠢᠭ᠌ ᠡᠷ᠎ᠡ ᠭᠡᠳᠡᠭ᠌ ᠲᠤ ᠢᠳᠡᠭᠡᠷᠡᠢ︕ ᠮᠢᠨᠤ ᠶᠡᠭᠡ ᠰᠤᠷᠭᠠᠭᠤᠯᠢ ᠶᠢᠨ ᠨᠤᠮ ᠤᠨ ᠬᠠᠨᠢᠳᠠᠨ ᠪᠠᠶᠠᠷᠪᠠᠭᠠᠳᠤᠷ ᠤᠨ ᠪᠠᠷᠢᠯᠳᠤᠭᠠᠨ ᠢ 《ᠭᠡᠰᠢᠭ᠍ᠳᠡᠨ ᠤ ᠶᠡᠭᠡ ᠱᠠᠩᠨᠠᠯᠳᠤ ᠨᠠᠢ᠌ᠷ》᠂ 《ᠠᠷᠤ ᠬᠤᠷᠴᠢᠨ ᠤ ᠶᠡᠭᠡ ᠨᠠᠢ᠌ᠷ》 ᠢ ᠳᠠᠮᠵᠢᠨ 《ᠴᠸᠩ ᠯᠦᠩ ᠊ᠭ᠍ᠷᠥᠫ ᠤᠨ ᠶᠡᠭᠡ ᠨᠠᠢ᠌ᠷ》 ᠲᠤ ᠲᠠᠭᠠᠨ ᠢᠷᠠᠵᠤ ᠭᠤᠷᠪᠠᠨ ᠡᠳᠤᠷ ᠨᠠᠢ᠌ᠷ ᠤᠨ ᠳᠠᠯᠠᠪᠠᠢ ᠡᠴᠡ ᠰᠠᠯᠤᠯ ᠦᠭᠡᠶ 《ᠭᠦᠢᠳᠡᠨ ᠣᠰᠤ᠂ ᠬᠠᠭᠤᠷᠠᠢ ᠬᠤᠭᠤᠯᠠ》 ᠪᠠᠷ ᠣᠮᠳᠠ ᠦᠯ ᠶᠢᠡᠨ ᠳᠠᠷᠤᠵᠤ ᠪᠠᠷᠢᠯᠳᠤᠭᠠᠨ ᠢ ᠨᠢ ᠦᠵᠡᠵᠤ᠂ ᠪᠠᠶᠠᠷᠪᠠᠭᠠᠳᠤᠷ ᠳᠡᠷᠢᠭᠦᠯᠡᠭᠦ ᠪᠠᠷ 《ᠮᠢᠨᠤ ᠰᠢᠳᠦᠭᠡᠨ ᠳᠡᠷᠢᠭᠦᠯᠡᠯ᠎ᠡ》 ᠭᠡᠵᠤ ᠨᠢᠯᠪᠣᠰᠤ ᠮᠡᠯᠳᠡᠭᠡᠨᠡᠭᠦᠯᠤᠨ ᠵᠢᠷᠤᠭ ᠠᠪᠬᠠᠭᠤᠯᠬᠤ ᠪᠠᠷ ᠨᠠᠢ᠌ᠷ ᠤᠨ ᠴᠠᠴᠠᠷ ᠣᠷᠤᠭᠤ ᠬᠤᠷᠳᠤᠯᠠᠨ ᠠᠯᠬᠤᠬᠤ ᠠᠷᠤ ᠶᠢᠨ ᠪᠠᠷ᠎ᠠ ᠡᠴᠡ ᠨᠢ ᠡᠨᠠ ᠨᠢᠭᠡ ᠯᠠ ᠶᠢᠡᠷ ᠳᠤᠭᠳᠠᠬᠤ ᠦᠭᠡᠶ ᠭᠡᠴᠢᠨᠡᠨ ᠣᠯᠠᠨ ᠮᠤᠩᠭ᠋ᠤᠯ ᠣᠶᠤᠳᠠᠤᠨ ᠨᠡᠷ ᠠᠪᠣᠷᠭᠤ ᠶᠢᠨ ᠶᠢᠡᠨ ᠣᠷᠠᠨ ᠰᠤᠳᠤᠨ ᠪᠠᠷᠢᠯᠳᠤᠭᠠᠨ ᠢ ᠪᠢᠰᠢᠷᠠᠵᠤ ᠠᠮᠠ ᠳᠠᠮᠵᠢᠨ ᠳᠤᠤᠯᠢᠯᠠᠬᠤ ᠨᠢ ᠯᠠᠪᠳᠠᠢ︕

ᠶ‍ᠢᠰᠤᠨ ᠥᠩᠭᠡ ᠶᠢᠨ ᠵᠠᠩᠭᠢᠶ᠎ᠠ ᠪᠠᠨ ᠭᠡᠢ᠌ᠰᠭᠡᠨ ᠨᠠᠢ᠌ᠷ ᠲᠤ ᠴᠢᠮᠡᠭ᠌ ᠪᠣᠯᠤᠨ ᠳᠠᠪᠢᠵᠤ᠂ ᠨᠠᠭᠠᠳᠤᠮᠴᠢᠨ ᠣᠯᠠᠨ ᠶᠢᠡᠨ ᠪᠠᠶᠠᠰᠬᠠᠵᠤ ᠶᠠᠪᠣᠳᠠᠭ 《ᠠᠷᠠᠤᠨ ᠤᠨ ᠢᠳᠡᠭᠡᠯᠳᠤ ᠰᠤᠳᠤᠨ ᠪᠦᠭᠡ》 ᠠᠮᠪᠠ ᠶᠢᠨ ᠶᠢᠡᠨ ᠶᠡᠭᠡ ᠨᠠᠢ᠌ᠷ ᠲᠤ ᠪᠠᠷᠢᠯᠳᠤᠭᠰᠠᠨ ᠰᠤᠷᠠᠭ ᠡᠴᠡ ᠳᠠ ᠪᠦᠭᠦᠨ ᠲᠡᠶ ᠪᠠᠨ ᠬᠤᠪᠢᠶᠠᠯᠴᠠᠶ᠎ᠠ︕ 2001 ᠣᠨ ᠤ 8 ᠰᠠᠷ᠎ᠠ ᠳᠤ ᠭᠢᠳᠠᠤᠨ ᠤᠨ ᠶᠡᠭᠡ ᠬᠤᠳᠠ ᠊᠊᠊᠊᠊᠊᠊᠊᠊᠊᠊᠊᠊᠊᠊ ᠪᠣᠤᠳᠢᠩ ᠳᠤ ᠳᠤᠮᠳᠠᠳᠤ ᠮᠠᠶ‍ᠢᠭ ᠤᠨ ᠪᠦᠭᠡ ᠶᠢᠨ ᠶᠡᠭᠡ ᠳᠡᠮᠡᠴᠡᠭᠡᠨ ᠶᠠᠪᠣᠭᠳᠠᠵᠤ᠂ ᠪᠦᠭᠦ ᠣᠯᠤᠰ ᠤᠨ 40 ᠪᠠᠭ ᠳᠤᠳᠤᠷᠠᠭᠢ ᠦᠪᠣᠷ ᠮᠤᠩᠭ᠋ᠤᠯ ᠪᠠᠭ ᠶᠢᠡᠨ ᠳᠦᠯᠦᠭᠡᠯᠡᠵᠤ ᠪᠠᠷᠢᠯᠳᠤᠭᠠᠤᠨ ᠭᠦᠯ ᠳᠤ ᠰᠢᠨᠤᠳᠠᠭ ᠭᠢᠳᠠᠤᠨ ᠪᠦᠭᠡ ᠳᠤ ᠭᠦᠯ ᠶᠢᠡᠨ ᠦᠭ‍ᠭᠦᠴᠢᠭᠡᠭᠡᠳ᠂ ᠶᠤᠰᠤᠳᠠᠢ ᠮᠠᠭᠤ ᠶᠢ ᠨᠢ ᠥᠵᠡᠭ᠍ᠰᠡᠨ ᠰᠢᠭ᠌ ᠳᠠᠷᠤᠯᠠᠨ ᠬᠠᠶᠠᠭᠰᠠᠭᠠᠷ 9 ᠶᠢ ᠴᠤᠪᠣᠭᠤᠯᠵᠤ᠂ 90 ᠺᠢᠯᠦᠭ᠍ᠷᠡᠮ ᠤᠨ ᠳᠠᠰ ᠲᠤ ᠵᠤᠭᠰᠤᠭ᠎ᠠ ᠪᠠᠷ ᠦᠯᠠᠳᠠᠨ ᠠᠯᠳᠠᠨ ᠮᠸᠲ᠋ᠠᠯ ᠶᠢᠡᠷ ᠡᠩᠭᠡᠷ ᠶᠢᠡᠨ ᠮᠢᠯᠢᠶᠠᠯᠭᠠᠭᠰᠠᠨ ᠶᠤᠮ᠃ ᠡᠢ᠌ᠡᠭᠦ 13 ᠳ᠋ᠦ᠋ᠩᠰᠢᠭᠤᠷ ᠠᠷᠠᠤᠨ ᠲᠦᠮᠡᠨ ᠲᠡᠶ ᠭᠢᠳᠠᠤᠨ ᠠᠷᠠᠤᠨ ᠣᠯᠤᠰ ᠤᠨ ᠠᠪᠣᠷᠭᠤ ᠶᠢᠨ ᠢᠠᠳᠠᠷ ᠲᠤ ᠨᠠᠷ᠎ᠠ ᠪᠠᠨ ᠰᠠᠢ᠌ᠯᠵᠤ ᠪᠠᠰᠠ ᠨᠢᠭᠡᠨ ᠮᠤᠩᠭ᠋ᠤᠯ ᠠᠪᠣᠷᠭᠤ ᠮᠠᠠᠳᠤᠯᠠᠪᠠᠢ᠃ ᠠᠪᠣᠷᠭᠤ ᠠᠪᠬᠤ ᠳᠤ ᠨᠢ ᠱᠤᠤᠭᠢᠯᠳᠤᠵᠤ ᠪᠠᠢ᠌ᠭᠰᠠᠨ ᠭᠢᠳᠠᠤᠨ ᠤᠨ ᠪᠦᠭᠡ ᠶᠢᠨ ᠬᠤᠷᠤᠬᠠᠢ᠌ᠳᠠᠤᠨ 2005 ᠣᠨ ᠳᠤ ᠱᠠᠠᠰᠢ ᠮᠤᠵᠢ ᠶᠢᠨ ᠱᠸᠠᠵᠸᠤ ᠬᠤᠳᠠ ᠳᠤ 《ᠭᠢᠳᠠᠤᠨ ᠪᠦᠭᠡ ᠶᠢᠨ ᠸᠠᠩ》 ᠴᠤᠯᠠ ᠣᠯᠭᠤᠬᠤ ᠳᠡᠮᠡᠴᠡᠭᠡᠨ ᠶᠢᠡᠷ ᠠᠪᠣᠷᠭᠤ ᠶᠢ ᠮᠠᠨᠢ ᠭᠠᠷ ᠨᠤᠬᠤᠠᠯᠠ ᠭᠦᠯᠢᠶᠡᠵᠤ ᠰᠠᠭᠤᠵᠠᠢ᠃ ᠳᠠᠷᠠ ᠮᠠᠨᠢ ᠠᠷᠠᠤᠨ ᠲᠦᠮᠡᠨ ᠤ ᠪᠠᠨ ᠭᠦᠰᠡᠯ ᠢᠳᠡᠭᠡᠯ ᠢ ᠳᠡᠭᠡᠳᠦᠯᠡᠨ ᠦᠵᠦᠮᠤᠴᠢᠨ ᠡᠴᠡ ᠮᠤᠷᠳᠠᠵᠠᠢ᠃ ᠳᠠᠪᠤᠨ ᠣᠳᠤᠳᠤ ᠣᠯᠠᠭᠠᠨ ᠳᠤᠭ ᠤᠨ ᠳᠠᠨᠢᠯ ᠳᠠᠭᠤᠤ ᠳᠤ ᠳᠠᠰᠴᠤ᠂ 50 ᠪᠠᠭ ᠤᠨ ᠳᠠᠮᠢᠷᠴᠢᠳ ᠣᠷᠤᠯᠴᠠᠭᠰᠠᠨ ᠨᠢᠳᠤ ᠬᠤᠵᠢᠷᠯᠠᠬᠤ ᠣᠤᠬᠠᠢ ᠳᠡᠮᠡᠴᠡᠭᠡᠨ ᠶᠢᠡᠷ ᠠᠪᠣᠷᠭᠤ ᠮᠠᠨᠢ ᠰᠢᠷ᠎ᠠ ᠥᠩᠭᠡ ᠲᠡᠶ ᠠᠷᠠᠰᠤᠨ ᠳᠡᠪᠢᠰᠭᠡᠷ ᠳᠡᠭᠡᠷ᠎ᠡ ᠭᠦᠭᠡ ᠪᠦᠰᠡᠨ ᠵᠤᠳᠤᠭ ᠶᠢᠡᠷ ᠵᠤᠳᠤᠭᠯᠠᠵᠤ᠂ ᠳᠠᠪᠤᠨ ᠵᠥᠭ᠌ ᠡᠴᠡ ᠭᠦᠷᠦᠯᠴᠡᠨ ᠢᠷᠡᠭ᠍ᠰᠡᠨ ᠭᠢᠳᠠᠤᠨ ᠤᠨ ᠶᠡᠭᠡ ᠮᠦᠩᠭᠦᠨ ᠤ ᠵᠠᠭᠤᠴᠢᠯᠠᠭᠤᠷ ᠳᠠᠮᠢᠷᠴᠢᠳ ᠢ ᠵᠠᠬ᠎ᠠ ᠳᠠᠷᠠᠭᠠᠯᠠᠨ ᠡᠪᠦᠳᠦᠭ᠌ ᠰᠢᠷᠣᠢ᠌ᠳᠤᠭᠤᠯᠵᠤ᠂ ᠣᠠᠴᠠᠭᠠᠢ᠌ᠯᠠᠨ ᠦᠵᠦᠮᠤᠴᠢᠨ ᠭᠢᠰᠭᠢᠭᠡ ᠳᠠᠳᠠᠭ᠎ᠠ ᠮᠡᠷᠭᠡᠵᠢᠯ ᠭᠢᠭᠦ ᠳᠤ ᠨᠢ ᠭᠦᠡᠳᠤ ᠶᠢᠨ ᠲᠦᠪ ᠶᠢᠡᠨ ᠠᠯᠳᠠᠭᠰᠠᠨ ᠣᠨᠤᠭ᠎ᠠ ᠨᠤᠭᠤᠳ ᠨᠢ ᠣᠢ᠌ᠴᠢᠭᠠᠤᠨ ᠪᠣᠰᠬᠤ ᠲᠠᠭᠠᠨ ᠳᠤᠯᠤᠭᠠᠢ ᠨᠢ ᠡᠷᠭᠢᠵᠤ ᠴᠢᠭᠯᠡᠯ ᠶᠢᠡᠨ ᠣᠯᠵᠤ ᠶᠠᠳᠠᠨ ᠮᠡᠭᠡᠢ᠌ᠷᠡᠵᠤ ᠪᠠᠢ᠌ᠬᠤ ᠳᠤ ᠠᠯᠳᠠᠨ ᠮᠸᠲ᠋ᠠᠯ ᠳᠤᠰᠴᠤ᠂ 《ᠭᠢᠳᠠᠤᠨ ᠪᠦᠭᠡ ᠶᠢᠨ ᠸᠠᠩ》 ᠴᠤᠯᠠ ᠭᠦᠷᠳᠡᠨ᠂ ᠲᠦᠪ ᠳᠸᠯᠸᠢᠰ ᠤᠨ ᠮᠡᠳᠡᠭᠡᠨ ᠤ ᠴᠢᠭ᠌ ᠪᠣᠯᠵᠤ ᠪᠠᠢ᠌ᠯ᠎ᠠ᠃ ᠳᠡᠭᠦᠨ ᠤ ᠭᠢᠳᠠᠤᠨ ᠪᠦᠭᠡ ᠶᠢᠨ ᠳᠡᠮᠡᠴᠡᠭᠡᠨ ᠤ ᠵᠤᠭᠤᠭ ᠡᠭᠦᠨ ᠶᠢᠡᠷ ᠭᠡᠷᠭᠢᠨ ᠳᠤᠠᠳᠠᠷᠠᠬᠤ ᠠᠵᠠᠢ᠃ ᠳᠡᠭᠡᠭᠦ ᠳᠤ ᠪᠢᠳᠠ ᠡᠭᠡ ᠣᠷᠤᠨ ᠲᠡᠶ᠂ ᠡᠯᠢᠭᠡᠨ ᠲᠦᠮᠡᠨ ᠲᠡᠶ᠂ ᠦᠪᠡᠷ ᠤᠨ ᠰᠢᠳᠦᠭᠡᠨ ᠲᠡᠶ᠂ ᠣᠯᠠᠮᠵᠢᠯᠠᠯᠳᠤ ᠨᠠᠭᠠᠳᠤᠮ ᠲᠡᠶ ᠣᠴᠢᠷ ᠡᠴᠡ ᠥᠵᠦᠭ᠌ ᠪᠢᠴᠢᠭ᠌ ᠬᠤᠶᠠᠷ ᠮᠢᠨᠢ ᠦᠪᠡᠷ ᠤᠨ ᠡᠷᠭᠡ ᠦᠭᠡᠶ ᠦᠪᠡᠷ ᠤᠨ ᠭᠢ ᠵᠥᠭ᠌ ᠶᠢᠡᠨ ᠡᠷᠭᠢᠭᠦ ᠶᠤᠮ᠃

2006 ᠣᠨ ᠳᠤ ᠴᠢᠩᠭᠢᠰ ᠪᠣᠭᠳᠠ ᠶᠢᠨ ᠶᠡᠭᠡ ᠰᠦᠯᠳᠡ ᠶᠢ ᠵᠢᠷᠤᠮ ᠠᠯᠳᠠᠯ ᠦᠭᠡᠶ ᠭᠦᠡᠳᠦᠳᠭᠡᠨ ᠳᠡᠭᠡᠳᠦᠯᠡᠳᠡᠭ᠌ ᠣᠷᠳᠤᠰ ᠨᠤᠳᠤᠭ ᠤᠨ ᠠᠷᠠᠤᠨ ᠲᠦᠮᠡᠨ ᠮᠠᠨᠢ ᠴᠠᠭᠠᠨ ᠰᠦᠯᠳᠡ ᠶᠡᠭᠡ ᠳᠠᠭᠢᠯᠭ᠎ᠠ ᠨᠠᠢ᠌ᠷ ᠶᠢᠡᠨ ᠳᠡᠯᠡᠭᠡᠢ ᠳᠤᠷᠭᠢᠶᠠᠨ ᠨᠢᠵᠢᠭᠢᠨᠠᠳᠠᠯ᠎ᠠ ᠭᠢᠵᠤ᠂ ᠰᠢᠯᠢᠳᠡᠭ᠌ ᠰᠤᠳᠤᠨ ᠪᠦᠭᠡᠴᠦᠳ ᠶᠢᠡᠨ ᠴᠡᠷᠢᠭ᠌ ᠤᠨ ᠵᠠᠩᠵᠤᠨ ᠰᠢᠭ ᠴᠠᠴᠠᠷ ᠤᠨ ᠬᠤᠶᠠᠷ ᠳᠠᠯ᠎ᠠ ᠳᠤ ᠵᠢᠭᠰᠠᠭᠠᠯ᠎ᠠ᠃ ᠪᠦᠭᠡ ᠶᠢᠨ ᠣᠷᠢᠶ᠎ᠠ ᠪᠠᠷ ᠮᠠᠭᠰᠢᠨ ᠳᠠᠪᠢᠵᠤ ᠣᠷᠤᠬᠤ ᠪᠦᠭᠡᠴᠦᠳ ᠡᠵᠡᠨ ᠪᠣᠭᠳᠠ ᠶᠢᠨ ᠵᠠᠷᠯᠢᠭ ᠶᠢᠡᠷ ᠣᠷᠤᠭᠰᠢ ᠪᠠᠨ ᠰᠠᠭᠠᠤᠨ ᠦᠭᠡᠶ ᠡᠵᠡᠯᠡᠭᠦ ᠳᠦᠷᠢᠮᠡᠭᠡᠢ ᠭᠦᠴᠤᠨ ᠡᠨᠠ ᠭᠡᠮᠡᠭᠦ ᠣᠮᠤᠷᠬᠠᠯ ᠳᠦᠷᠦᠭ᠍ᠳᠡᠨ᠎ᠡ︕ ᠳᠦᠭ᠌ ᠲᠦᠮᠡᠨ ᠮᠤᠩᠭ᠋ᠤᠯᠴᠤᠳ ᠶᠢᠡᠨ ᠲᠦᠷᠦ ᠰᠦᠯᠳᠡ ᠲᠡᠭᠡᠨ ᠵᠠᠭᠢᠷᠴᠤ᠂ ᠳᠠᠯᠠᠢ ᠶᠡᠭᠡ ᠬᠤᠷᠠᠯᠳᠠᠢ ᠡᠷᠭᠢᠯᠡᠵᠤ ᠪᠠᠢ᠌ᠭᠰᠠᠨ ᠡᠵᠡᠨ ᠴᠢᠩᠭᠢᠰ ᠤᠨ ᠶᠢᠡᠨ ᠪᠣᠶᠠᠨ ᠶᠡᠭᠡᠳᠤ ᠴᠠᠭᠠᠨ ᠰᠦᠯᠳᠡ ᠳᠤ ᠰᠥᠭᠦᠷᠡᠨ ᠳᠠᠭᠠᠳᠬᠠᠵᠤ᠂ ᠠᠷᠤ ᠦᠪᠣᠷ ᠬᠤᠶᠠᠷ ᠣᠷᠤᠨ ᠤ ᠪᠠᠨ ᠰᠢᠯᠢᠳᠡᠭ᠌ ᠪᠦᠭᠡᠴᠦᠳ ᠶᠢᠡᠨ ᠬᠤᠷᠠᠭᠤᠯᠵᠤ᠂ ᠨᠠᠭᠠᠳᠤᠮ ᠤᠨ ᠳᠠᠪᠵᠢᠶᠠᠨ ᠡᠭᠦᠰᠭᠡᠨ ᠨᠤᠳᠤᠭ ᠶᠢᠡᠨ ᠴᠢᠮᠡᠭ᠍ᠰᠡᠨ ᠡᠨᠠ ᠨᠠᠢ᠌ᠷ ᠶᠢᠡᠷ ᠪᠠᠶᠠᠷᠪᠠᠭᠠᠳᠤᠷ ᠮᠠᠨᠢ ᠠᠷᠤ ᠦᠪᠣᠷ ᠤᠨ ᠰᠤᠳᠤᠨ ᠪᠦᠭᠡᠴᠦᠳ ᠢ ᠰᠢᠭᠤᠷᠬᠠᠢ ᠳᠠᠪᠠᠵᠤ ᠶᠡᠭᠡ ᠪᠣᠭᠳᠠ ᠶᠢᠨ ᠭᠡᠰᠢᠭ᠌ ᠢ ᠭᠦᠷᠳᠡᠭ᠍ᠰᠡᠨ ᠶᠤᠮ᠃

ᠠᠪᠣᠷᠭᠤ ᠮᠠᠨᠢ ᠴᠢᠭᠤᠯᠭᠠᠨ ᠳᠠᠮᠵᠢᠭᠰᠠᠨ ᠶᠡᠭᠡ ᠨᠠᠭᠠᠳᠤᠮ ᠶᠢᠡᠷ ᠭᠠᠢ᠌ᠬᠠᠮᠰᠢᠭᠳᠤ ᠪᠠᠷᠢᠯᠳᠤᠭᠠᠨ ᠢ ᠥᠵᠡᠭᠦᠯᠵᠤ᠂ ᠭᠦᠯᠤᠨ᠂ ᠪᠣᠢ᠌ᠷ ᠬᠤᠶᠠᠷ ᠨᠠᠭᠤᠷ ᠤᠨ ᠳᠠᠠᠵᠢᠨ ᠳᠤ ᠪᠣᠯᠤᠭᠰᠠᠨ ᠭᠦᠴᠦᠳᠤ ᠪᠦᠭᠡ ᠶᠢᠨ ᠳᠡᠮᠡᠴᠡᠭᠡᠨ ᠶᠢᠡᠷ ᠭᠦᠷᠰᠢ ᠨᠤᠳᠤᠭ ᠤᠨ ᠠᠷᠠᠤᠨ ᠣᠯᠠᠨ ᠳᠤ 《ᠭᠦᠯ ᠠᠮᠠᠷᠠᠭᠠᠬᠤ》 ᠵᠠᠪ ᠦᠭᠡᠶ ᠣᠷᠠᠨ ᠪᠠᠷᠢᠯᠳᠤᠭᠠᠨ ᠢ ᠥᠵᠡᠭᠦᠯᠵᠡᠢ᠃ ᠨᠤᠳᠤᠭ ᠨᠤᠳᠤᠭ ᠤᠨ ᠰᠠᠢ᠌ᠨ ᠪᠦᠭᠡᠴᠦᠳ ᠴᠤᠭᠯᠠᠷᠠᠭᠰᠠᠨ ᠳᠠᠠᠵᠢ ᠬᠤᠳᠣᠢ᠌ᠭᠰᠠᠨ ᠨᠠᠭᠠᠳᠤᠮ ᠳᠡᠭᠡᠭ᠍ᠰᠢᠯᠡᠭᠦ ᠳᠤᠳᠤᠮ ᠣᠨᠤᠭ᠎ᠠ ᠴᠢᠩᠭ᠋ᠠᠷᠠᠬᠤ ᠪᠠᠷ ᠠᠪᠣᠷᠭᠤ ᠮᠠᠨᠢ ᠬᠠᠷᠭᠤᠭᠰᠠᠨ ᠪᠦᠭᠦᠨ ᠶᠢᠡᠨ ᠬᠤᠷᠭᠤᠳᠠᠯ ᠦᠭᠡᠶ ᠡᠪᠦᠳᠡᠭ᠌ ᠰᠢᠷᠣᠢ᠌ᠳᠠᠭᠤᠯᠵᠤ᠂ ᠳᠡᠭᠡᠳᠤ ᠨᠢ᠋ᠮᠠ ᠳᠤ ᠦᠯᠠᠳᠠᠵᠤ ᠢᠷᠡᠭᠦ ᠳᠤ ᠵᠠᠰᠠᠭᠤᠯ ᠡᠴᠡ ᠪᠠᠶᠠᠷᠪᠠᠭᠠᠳᠤᠷ ᠲᠤ ᠳᠤᠯᠭᠠᠮ᠎ᠠ ᠱᠠᠭᠠᠷᠳᠠᠯᠠᠭ᠎ᠠ ᠥᠭ᠍ᠴᠤ᠂ 5 ᠮᠢᠨᠦ᠋ᠲ ᠲᠤ ᠬᠠᠶᠠᠬᠤ ᠦᠭᠡᠶ ᠪᠣᠯ ᠣᠢ᠌ᠴᠢᠭᠰᠠᠨ ᠶᠢᠡᠷ ᠪᠣᠳᠤᠨ᠎ᠡ ᠭᠡᠯ᠎ᠡ᠃ ᠭᠦᠮᠤᠨ ᠤ ᠭᠠᠵᠠᠷ᠂ ᠭᠦᠡᠳᠡᠯᠡᠨ ᠤ ᠨᠤᠳᠤᠭ ᠴᠠᠭᠠᠵᠠ ᠵᠢᠷᠤᠮ ᠢ ᠳᠠᠭᠠᠬᠤ ᠦᠭᠡᠶ ᠪᠣᠯ ᠴᠠᠭᠠᠨ᠎ᠠ ᠪᠠᠨ ᠨᠢᠭᠡ ᠯᠠ ᠣᠠᠳᠤᠤ︕ ᠮᠦᠴᠢ ᠣᠷᠳᠤ᠂ ᠮᠡᠭᠡ ᠰᠠᠢ᠌ᠨ ᠪᠠᠶᠠᠷᠪᠠᠭᠠᠳᠤᠷ ᠮᠠᠨᠢ 5 ᠮᠢᠨᠦ᠋ᠲ ᠪᠠᠢ᠌ᠳᠤᠭᠠᠢ᠂ ᠳᠠᠯ᠎ᠠ ᠬᠠᠭᠠᠰ ᠴᠤ ᠪᠣᠯᠤᠭ᠎ᠠ ᠦᠭᠡᠶ᠂ ᠳᠠᠭᠢᠮ ᠳᠤᠨᠢ ᠥᠰᠦᠭᠡᠢ᠌ᠳᠡᠭᠡᠳ ᠰᠠᠭᠤᠯᠭᠠᠴᠢᠬᠠᠯ᠎ᠠ᠃ ᠰᠢᠪᠦᠭᠡ ᠶᠢᠨ ᠳᠦᠷᠪᠡ ᠳᠤ ᠦᠯᠠᠳᠠᠵᠤ ᠭᠢᠵᠠᠭᠠᠷ ᠴᠠᠭ 3 ᠮᠢᠨᠦ᠋ᠲ ᠭᠡᠵᠤ ᠭᠡᠴᠡᠭᠦᠤ ᠵᠠᠷᠯᠢᠭ ᠪᠠᠭᠤᠯ᠎ᠠ᠃ ᠢᠷᠡᠭ᠍ᠰᠡᠨ ᠡᠴᠡ ᠬᠣᠢ᠌ᠰᠢ ᠳᠤᠭᠤᠯᠬᠤ ᠣᠴᠢᠷ ᠣᠴᠠᠷᠠᠭᠰᠠᠨ ᠣᠨᠤᠭ᠎ᠠ ᠪᠠᠨ ᠣᠷᠠᠨ ᠶᠢᠡᠷ ᠳᠠᠪᠠᠵᠠᠢ᠃ ᠥᠵᠦᠭᠦᠷ ᠳᠠᠳ᠋ ᠤᠨ ᠪᠠᠷᠢᠯᠳᠤᠭᠠᠨ ᠶᠢᠡᠷ ᠮᠠᠯᠴᠢᠨ ᠲᠦᠮᠡᠨ ᠪᠦᠭᠡ ᠶᠢᠨ ᠪᠦᠭᠡ ᠭᠡᠵᠤ ᠠᠪᠣᠷᠭᠤ ᠶᠢ ᠮᠢᠨᠢ ᠪᠢᠰᠢᠷᠠᠨ᠂ ᠪᠦᠭᠡ ᠶᠢᠨ ᠵᠠᠰᠠᠭᠤᠯ ᠢ ᠭᠦᠷᠢᠶᠡᠨ ᠡᠴᠡ ᠵᠠᠯᠠᠵᠤ᠂ ᠠᠭᠤᠵᠢᠭᠤ ᠪᠠᠷᠢᠯᠳᠤᠭᠠᠨ ᠦᠭ‍ᠭᠦ ᠳᠤ ᠨᠢ ᠣᠷᠤᠭᠰᠢ ᠡᠷᠡᠮᠡᠭᠡᠢ᠌ᠯᠡᠨ ᠳᠠᠭᠠᠷᠢᠭᠠᠤᠨ ᠵᠠᠩᠭᠢᠶ᠎ᠠ ᠭᠡᠢ᠌ᠰᠭᠡᠨ ᠳᠠᠪᠢᠵᠠᠢ᠃ ᠳᠡᠭᠦᠨ ᠡᠴᠡ ᠬᠣᠢ᠌ᠰᠢ ᠳᠤᠰ ᠨᠤᠳᠤᠭ ᠤᠨ ᠠᠷᠠᠤᠨ ᠣᠯᠠᠨ ᠠᠪᠣᠷᠭᠤ ᠳᠤ ᠮᠠᠨᠢ 《ᠣᠷᠳᠤ ᠭᠠᠷᠳᠤ᠂ ᠣᠷᠠᠨ ᠠᠪᠣᠷᠭᠤ》 ᠭᠡᠮᠡᠭᠦ ᠰᠠᠢ᠌ᠬᠠᠨ ᠨᠠᠷ᠎ᠠ ᠬᠠᠢ᠌ᠷᠠᠯᠠᠵᠠᠢ᠃

ᠪᠦᠭᠡ ᠶᠢᠨ ᠭᠡᠢ᠌ᠮᠦᠷᠢ ᠮᠤᠩᠭ᠋ᠤᠯ ᠨᠤᠳᠤᠭ ᠲᠤ ᠮᠠᠠᠳᠤᠳᠤᠭᠠᠢ︕


ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ ᠬᠤᠰᠢᠭᠤᠨ ᠤ ᠰᠤᠶᠤᠯ ᠪᠠᠶ᠎ᠠ ᠳᠠᠮᠢᠷ ᠷᠠᠳᠢᠤ᠋ ᠳᠸᠯᠸᠢᠰ ᠳᠤᠪᠴᠢᠶ᠎ᠠ

ᠵᠤᠬᠢᠶᠠᠭᠴᠢ᠄ ᠳ·ᠦᠨᠡᠠᠴᠢ᠂ ᠭ·ᠪᠠᠷᠰ
ᠬᠠᠷᠢᠶ᠎ᠠ᠄ ᠨᠠᠢᠷᠠᠭᠤᠯᠤᠯ
ᠳᠠᠷᠤᠮ᠄ 3428
ᠴᠠᠭ᠄ 2010 ᠤᠨ ᠤ 01 ᠰᠠᠷ᠎ᠠ ᠶᠢᠨ 06