ᠮᠤᠳᠤᠳ ᠮᠢᠨᠢ

ᠡᠭᠡ ᠪᠠᠢ᠌ᠭᠠᠯᠢ ᠶᠢᠨ ᠭᠦᠷᠦᠰᠤᠨ ᠳᠤ

ᠬᠤᠴᠢᠯᠭ᠎ᠠ ᠪᠠᠨ ᠥᠭ᠍ᠴᠤ ᠨᠠᠮᠠᠨ᠎ᠡ ᠭᠡᠵᠤ

ᠣᠠᠵᠢᠭᠠᠷ ᠣᠯᠠᠨ ᠰᠠᠯᠠᠭ᠎ᠠ ᠲᠡᠶ ᠪᠠᠨ

ᠴᠢᠮᠡᠭᠯᠡᠭ᠍ᠴᠢ ᠪᠣᠯᠵᠤ ᠢᠷᠡᠭ᠍ᠰᠡᠨ ᠴᠤ ᠶᠤᠮ

ᠨᠠᠷᠠᠨ ᠤ ᠠᠯᠳᠠᠨ ᠰᠠᠴᠤᠷᠠᠭ ᠢ

ᠪᠠᠶ᠎ᠠ ᠳᠤ ᠪᠠᠨ ᠠᠪᠴᠤ ᠳᠤᠷᠨᠢᠭᠰᠠᠨ ᠶᠤᠮ

ᠨᠠᠰᠤᠨ ᠤ ᠦᠨᠳᠦᠷ ᠵᠠᠶᠠᠭ᠎ᠠ ᠪᠠᠨ

ᠦᠨᠳᠦᠰᠦᠨ ᠳᠤ ᠪᠠᠨ ᠨᠠᠢ᠌ᠳᠠᠵᠤ ᠵᠤᠭᠰᠤᠭᠰᠠᠨ ᠶᠤᠮ

ᠠᠭᠠᠭᠢᠮ᠎ᠠ ᠵᠤᠨ ᠤ ᠨᠠᠷᠠᠨ ᠳᠤ

ᠪᠠᠶ᠎ᠠ ᠶᠢ ᠴᠢᠨᠢ ᠰᠡᠷᠢᠭᠦᠴᠡᠭᠦᠯᠵᠤ ᠵᠤᠭᠰᠤᠨ᠎ᠠ ᠭᠡᠵᠤ

ᠬᠠᠭ᠎ᠠ ᠭᠦᠢᠳᠡᠨ ᠣᠯᠠᠷᠢᠯ ᠳᠤ

ᠨᠦᠮᠦᠷᠢ ᠪᠠᠨ ᠥᠭ᠍ᠴᠤ ᠳᠤᠯᠠᠭᠠᠴᠠᠭᠤᠯᠤᠨ᠎ᠠ ᠭᠡᠵᠤ

ᠭᠤᠶᠤᠴᠢ ᠦᠭᠡᠶ ᠨᠠᠰᠤ ᠪᠠᠨ

ᠨᠥᠭᠡᠴᠡ ᠦᠭᠡᠶ ᠥᠭ᠍ᠳᠡᠭ᠌ ᠲᠤ ᠨᠢ

ᠮᠥᠩᠭᠡ ᠪᠠᠷ ᠶᠢᠡᠨ ᠪᠠᠢ᠌ᠬᠤ ᠦᠭᠡᠶ ᠪᠠᠶ᠎ᠠ ᠶᠢ ᠴᠢᠨᠢ

ᠳᠦᠷᠢ ᠲᠡᠶ ᠨᠢ ᠰᠢᠩᠭᠡᠭᠡᠵᠤ ᠳᠠᠭᠤᠯᠠᠨ᠎ᠠ ᠳ᠋ᠠ

ᠮᠥᠴᠢᠳᠭᠡᠨ ᠶᠠᠪᠣᠬᠤ ᠨᠠᠰᠤᠨ ᠳᠤ ᠪᠠᠨ

ᠨᠤᠭᠤᠭᠠᠨ ᠶᠢᠡᠷ ᠨᠢ ᠪᠠᠢ᠌ᠯᠭᠠᠵᠤ ᠰᠢᠯᠦᠭᠯᠡᠨ᠎ᠡ ᠪᠢ ︕ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠬᠠᠷᠢᠶ᠎ᠠ᠄ ᠰᠢᠯᠦᠭ
ᠳᠠᠷᠤᠮ᠄ 1858
ᠴᠠᠭ᠄ 2011 ᠤᠨ ᠤ 10 ᠰᠠᠷ᠎ᠠ ᠶᠢᠨ 12