ᠬᠠᠢ᠌ᠷ᠎ᠠ ᠶᠢᠨ ᠨᠤᠭᠤᠭᠠᠨ ᠳᠤᠷᠠᠳᠬᠠᠯ

ᠨᠤᠮᠢᠨ ᠨᠤᠭᠤᠭᠠᠨ ᠴᠡᠷᠢᠭ᠌ ᠤᠨ ᠬᠤᠸᠠᠷᠠᠨ

ᠨᠠᠳᠠ ᠶᠢ ᠳᠤᠰᠤᠠᠠᠰᠠᠨ ᠶᠡᠭᠡ ᠰᠤᠷᠭᠠᠭᠤᠯᠢ

ᠣᠶᠤᠨ ᠪᠢᠯᠢᠭ᠍ᠳᠤ ᠠᠷᠢᠭᠤᠨ ᠣᠭᠤᠷᠠᠭ ᠵᠢᠠᠨ

ᠣᠭᠵᠢᠵᠤ ᠭᠦᠮᠦᠵᠢᠭᠦᠯᠦᠭ᠍ᠰᠡᠨ ᠪᠣᠷᠬᠠᠨ ᠡᠵᠢ


ᠨᠢᠯᠬᠠᠰᠠᠭ ᠪᠠᠭᠤᠷᠠᠢ ᠪᠠᠶ᠎ᠠ ᠶᠢ ᠮᠢᠨᠢ

ᠬᠠᠳᠠᠭᠤᠵᠢᠭᠤᠯᠤᠨ ᠪᠣᠯᠪᠠᠰᠤᠷᠠᠭᠤᠯᠤᠠᠠᠰᠠᠨ ᠥᠡᠳᠦᠷᠯᠢᠭ᠌

ᠨᠢᠳᠤ ᠪᠣᠭᠤᠨᠢ ᠬᠠᠷᠠᠴᠠ ᠶᠢ ᠮᠢᠨᠢ

ᠬᠤᠷᠴᠠᠯᠠᠨ ᠬᠤᠯᠠᠳᠬᠠᠭᠰᠠᠨ ᠭᠦᠳᠡᠭᠡ


ᠣᠠᠳᠠᠩᠬᠠᠢ ᠵᠠᠯᠠᠬᠠᠭᠤ ᠬᠤᠶᠠᠷ ᠢ ᠮᠢᠨᠢ

ᠣᠬᠠᠭᠠᠷᠠᠭᠤᠯᠤᠨ ᠵᠠᠰᠠᠠᠠᠰᠠᠨ ᠪᠦᠪᠠᠢ

ᠬᠠᠳᠠᠭᠤ ᠡᠴᠡ ᠵᠤᠯᠠᠳᠠᠭ ᠪᠣᠳᠤᠯ ᠢ ᠮᠢᠨᠢ

ᠬᠠᠢ᠌ᠷ᠎ᠠ ᠪᠠᠷ ᠳᠠᠰᠬᠠᠠᠠᠰᠠᠨ ᠮᠠᠠᠴᠤᠢ


ᠣᠬᠠᠭᠠᠨ ᠰᠠᠷᠠᠯ ᠬᠤᠶᠠᠷ ᠢ ᠮᠢᠨᠢ

ᠳᠡᠯᠡᠭᠡᠢ ᠳᠤ ᠪᠠᠷᠯᠠᠭᠰᠠᠨ ᠴᠠᠮᠬᠠᠭ

ᠣᠷᠮ᠎ᠠ ᠵᠤᠷᠢᠭ ᠬᠤᠶᠠᠷ ᠢ ᠮᠢᠨᠢ

ᠳᠡᠭ᠍ᠷᠢ ᠲᠤ ᠭᠦᠪᠴᠢᠯᠡᠭ᠍ᠰᠡᠨ ᠣᠮᠤᠭ


ᠭᠦᠮᠤᠨ ᠪᠣᠯᠬᠤ ᠶᠤᠰᠤ ᠶᠢ ᠮᠢᠨᠢ

ᠭᠦᠮᠦᠵᠢᠭᠦᠯᠵᠤ ᠰᠤᠷᠭᠠᠠᠠᠰᠠᠨ ᠪᠠᠠᠠᠰᠢ

ᠭᠦᠰᠡᠯ ᠵᠤᠷᠢᠯᠳᠠ ᠬᠤᠶᠠᠷ ᠢ ᠮᠢᠨᠢ

ᠵᠤᠷᠢᠠᠠᠵᠢᠭᠤᠯᠤᠨ ᠵᠢᠭᠠᠠᠠᠰᠠᠨ ᠵᠠᠮᠴᠢ


ᠭᠡᠭᠡᠷ ᠮᠤᠷᠢᠨ ᠤ ᠡᠮᠡᠭᠡᠯ ᠨᠠᠳᠠ ᠶᠢ ᠪᠦᠪᠠᠢ᠌ᠯᠡᠭ᠍ᠰᠡᠨ ᠥᠯᠦᠭᠡᠢ

᠊ᠭ᠍‍ᠬᠢᠷ ᠦᠭᠡᠶ ᠠᠭᠤᠳᠠᠮ ᠳᠠᠯ᠎ᠠ ᠮᠢᠨᠤ ᠠᠷᠢᠭᠤᠨ ᠳ᠋ᠸᠪᠠᠵᠠᠨ

ᠭᠦᠳᠡᠭᠡ ᠶᠢᠨ ᠵᠥᠭᠡᠯᠡᠨ ᠰᠠᠯᠭᠢ ᠮᠢᠨᠤ ᠠᠮᠠᠷᠠᠭ ᠤᠨ ᠬᠠᠢ᠌ᠷ᠎ᠠ

ᠭᠦᠭᠡ ᠳᠡᠭ᠍ᠷᠢ ᠶᠢᠨ ᠡᠭᠦᠯᠡ ᠮᠢᠨᠤ ᠢᠳᠡᠭᠡᠯ ᠤᠨ ᠭᠦᠯᠦᠭ᠌


ᠡᠵᠢ ᠶᠢᠨ ᠮᠢᠨᠢ ᠳᠤᠯᠠᠭᠠᠨ ᠬᠠᠷᠠᠴᠠ ᠰᠢᠭ᠌

ᠡᠪᠢ ᠶᠢᠨ ᠨᠠᠭᠤᠷ ᠤᠨ ᠣᠷᠤᠰᠬᠠᠯ ᠨᠢ

ᠠᠪᠣ ᠶᠢᠨ ᠮᠢᠨᠢ ᠪᠣᠰᠤᠭ᠎ᠠ ᠰᠦᠷ ᠰᠢᠭ᠌

ᠠᠯᠠᠭ ᠠᠭᠤᠯᠠ ᠶᠢᠨ ᠣᠷᠭᠢᠯ ᠨᠢ


ᠰᠠᠢ᠌ᠬᠠᠨ ᠡᠭᠡᠴᠢ ᠶᠢᠨ ᠮᠢᠨᠢ ᠰᠡᠳᠬᠢᠯ ᠰᠢᠭ᠌

ᠰᠠᠢ᠌ᠷᠠᠮ ᠤᠨ ᠮᠡᠯᠮᠡᠭᠡᠷ ᠨᠠᠭᠤᠷ ᠨᠢ

ᠠᠬ᠎ᠠ ᠶᠢᠨ ᠮᠢᠨᠢ ᠠᠭᠰᠤᠮ ᠮᠤᠷᠢ ᠰᠢᠭ᠌

ᠷᠠᠰᠢᠶᠠᠨ ᠭᠤᠤᠯ ᠤᠨ ᠣᠷᠤᠰᠬᠠᠯ ᠨᠢ


ᠠᠷᠢᠭᠤᠨ ᠪᠠᠶ᠎ᠠ ᠶᠢ ᠮᠢᠨᠢ ᠷᠠᠰᠢᠶᠠᠯᠠᠠᠠᠰᠠᠨ

ᠡᠭᠡᠴᠢ ᠳᠡᠭᠦᠤ ᠭᠤᠷᠪᠠᠨ ᠰᠢᠳᠢᠳᠤ ᠪᠣᠯᠠᠠᠨ ᠨᠢ

ᠪᠠᠢ᠌ᠭᠠᠯᠢ ᠶᠢᠨ ᠰᠤᠨᠢᠨ ᠢ ᠭᠠᠢ᠌ᠬᠠᠭᠤᠯᠤᠠᠠᠰᠠᠨ

ᠪᠣᠷᠬᠠᠨ ᠰᠥᠰᠦᠭ᠍ᠳᠤ ᠡᠵᠢ ᠴᠢᠯᠠᠭᠤᠨ ᠨᠢ


ᠬᠠᠨ ᠭᠠᠵᠠᠷ ᠤᠨ ᠰᠠᠪᠳᠠᠭ ᠣᠷᠤᠰᠢᠠᠠᠰᠠᠨ

ᠬᠠᠷᠠᠳᠤᠷᠤᠭ ᠮᠡᠯᠴᠡᠭ᠌ ᠤᠨ ᠵᠤᠭᠠᠴᠠᠯ ᠤᠨ ᠣᠷᠤᠨ ᠨᠢ

ᠰᠤᠳᠤᠨ ᠬᠤᠷᠸ᠎ᠠ ᠶᠢᠨ ᠭᠠᠢ᠌ᠬᠠᠮᠰᠢᠠᠨ ᠪᠣᠯᠤᠠᠠᠰᠠᠨ

ᠰᠢᠷᠠᠰᠢᠯᠢ ᠬᠠᠪᠳᠠᠭᠠᠢ ᠶᠢᠨ ᠬᠠᠴᠢᠨ ᠦᠵᠡᠮᠵᠢ ᠨᠢ


ᠰᠦᠨᠢ ᠬᠠᠷᠠᠩᠭᠤᠢ ᠳᠤ ᠬᠠᠨᠢ ᠪᠣᠯᠵᠤ ᠵᠤᠷᠢᠭᠵᠢᠭᠤᠯᠳᠠᠭ

ᠬᠤᠷᠴᠠ ᠰᠤᠨᠤᠷ ᠲᠡᠶ ᠴᠡᠷᠢᠭ᠌ ᠤᠨ ᠨᠤᠬᠠᠢ ᠮᠢᠨᠢ

ᠬᠤᠯᠠ ᠶᠢᠨ ᠣᠠᠠᠳᠠᠷᠭᠤᠢ ᠡᠴᠡ ᠰᠡᠳᠭᠢᠯ ᠢ ᠮᠢᠨᠢ ᠪᠠᠶᠠᠰᠬᠠᠳᠠᠭ

ᠰᠠᠢ᠌ᠬᠠᠨ ᠭᠡᠭᠡᠡᠴᠡᠷ ᠰᠠᠷᠠᠨ ᠳᠠᠭᠢᠨᠢ ᠮᠢᠨᠢ

ᠭᠢᠯᠢ ᠪᠠᠨ ᠴᠠᠠᠠᠳᠠᠬᠤ ᠳᠤ ᠵᠢᠭᠦᠷ ᠪᠣᠯᠳᠠᠭ

ᠴᠤᠯᠮᠤᠨ ᠨᠢᠳᠤᠳᠠᠢ ᠮᠤᠩᠭ᠋ᠤᠯ ᠮᠤᠷᠢ ᠮᠢᠨᠢ

ᠭᠢᠯᠢ ᠶᠢᠨ ᠠᠭᠤᠯᠠ ᠳᠤ ᠵᠠᠮᠴᠢ ᠪᠣᠯᠳᠠᠭ

ᠴᠤᠪᠣᠭ᠎ᠠ ᠰᠡᠷᠭᠦᠯᠡᠭ᠌ ᠮᠠᠯᠴᠢᠨ ᠵᠠᠯᠠᠭᠤᠴᠤᠳ ᠮᠢᠨᠢ


ᠣᠮᠳᠠᠭᠠᠰᠤᠭᠠᠤᠨ ᠢᠷᠡᠭᠦ ᠳᠤ ᠴᠠᠢ ᠪᠠᠨ ᠴᠢᠨᠠᠳᠠᠭ

ᠦᠷᠢ ᠵᠥᠭᠡᠯᠡᠨ ᠮᠠᠯᠴᠢᠨ ᠡᠵᠢ ᠮᠢᠨᠢ

ᠥᠯᠢᠭᠡᠷ ᠳᠤᠭᠤᠵᠢ ᠪᠠᠷ ᠪᠢᠳᠠᠨ ᠢ ᠰᠤᠷᠭᠠᠳᠠᠭ

ᠡᠪᠦᠭᠡᠨ ᠪᠣᠭᠤᠷᠠᠯ ᠮᠠᠯᠴᠢᠨ ᠠᠪᠣ ᠮᠢᠨᠢ


ᠠᠢ᠌ᠷᠠᠭ ᠳᠠᠷᠠᠭ ᠶᠢᠡᠷ ᠭᠦᠡᠳᠦᠳᠭᠡᠨ ᠭᠡᠢ᠌ᠴᠢᠯᠡᠳᠡᠭ᠌

ᠠᠢ᠌ᠯ ᠣᠬᠠᠭᠠᠨ ᠲᠡᠶ ᠠᠵᠢᠯᠰᠠᠭ ᠪᠠᠷᠭᠡᠨ ᠮᠢᠨᠢ

ᠠᠮᠢᠳᠤᠷᠠᠯ ᠤᠨ ᠳᠤᠮᠳᠠ ᠨᠠᠳᠠ ᠶᠢ ᠬᠠᠪᠰᠤᠷᠤᠠᠠᠰᠠᠨ

ᠡᠷᠦᠭᠡ ᠶᠢᠨ ᠴᠡᠷᠢᠭ᠌ ᠮᠠᠯᠴᠢᠨ ᠠᠬ᠎ᠠ ᠨᠡᠷ ᠮᠢᠨᠢ


ᠣᠷᠢ ᠵᠠᠯᠠᠭᠤ ᠨᠠᠰᠤᠨ ᠳᠠᠭᠠᠨ ᠣᠢ᠌ᠯᠠᠰ ᠪᠦᠳᠦᠭᠡᠭ᠍ᠰᠡᠨ

ᠦᠯᠵᠡᠢ ᠳᠠᠮᠪᠠᠷᠠᠯ ᠲᠡᠶ ᠴᠡᠷᠢᠭ᠌ ᠤᠨ ᠬᠤᠸᠠᠷᠠᠨ ᠮᠢᠨᠢ ᠪᠠᠶᠠᠷᠳᠠᠢ ︕

ᠬᠠᠳᠠᠭᠤᠵᠢᠯᠳᠠᠢ ᠠᠮᠢᠳᠤᠷᠠᠯ ᠳᠤ ᠬᠠᠪᠰᠤᠷᠤᠯᠭ᠎ᠠ ᠥᠵᠡᠭᠦᠯᠦᠭ᠍ᠰᠡᠨ

ᠬᠠᠯᠠᠭᠤᠨ ᠰᠡᠳᠬᠢᠯᠭᠡ ᠲᠡᠶ ᠠᠷᠠᠤᠨ ᠣᠯᠠᠨ ᠮᠢᠨᠢ ᠪᠠᠶᠠᠷᠳᠠᠢ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠪᠣᠷᠤᠳᠠᠯ᠎ᠠ

ᠵᠤᠬᠢᠶᠠᠭᠴᠢ᠄ ᠥᠭᠡᠯᠡᠳ·ᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1576
ᠴᠠᠭ᠄ 2012 ᠤᠨ ᠤ 02 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ