ᠠᠷᠭᠠᠯ ᠤᠨ ᠣᠪᠣᠭ᠎ᠠ

ᠰᠦᠷᠦᠭ᠌ ᠮᠠᠯ ᠶᠢᠡᠷ ᠶᠢᠡᠨ ᠭᠦᠷᠦᠩᠭᠡ ᠲᠡᠶ ᠰᠦᠨ ᠰᠠᠴᠤᠯᠢ ᠪᠠᠷ ᠮᠦᠷ ᠲᠡᠶ ᠰᠦᠷᠦᠭ᠍ᠴᠢᠨ ᠮᠠᠯᠴᠢᠨ ᠣᠳᠤᠮ ᠶᠤᠮ ᠪᠢᠯᠠ ᠪᠢ᠃ ᠳᠠᠢ᠌ᠮᠤ ᠪᠣᠯᠬᠤᠷ 《ᠠᠷᠭᠠᠯ ᠤᠨ ᠣᠳᠤᠭ᠎ᠠ ᠪᠣᠷᠭᠢᠯᠤᠭᠰᠠᠨ\ ᠮᠠᠯᠴᠢᠨ ᠤ ᠭᠡᠷ ᠲᠤ ᠳᠦᠷᠦᠭ᠍ᠰᠡᠨ ᠪᠢ\ᠠᠳᠠᠷ ᠭᠡᠭᠡᠷ᠎ᠡ ᠨᠤᠳᠤᠭ ᠶᠢᠡᠨ \ᠥᠯᠦᠭᠡᠢ ᠮᠢᠨᠢ ᠭᠡᠵᠤ ᠪᠣᠳᠤᠳᠠᠭ》 ᠭᠡᠭᠦ ᠰᠢᠯᠦᠭ᠌ ᠵᠢᠷᠦᠭᠡ ᠰᠡᠳᠭᠢᠯ ᠳᠤ ᠮᠢᠨᠢ ᠬᠠᠳᠠᠩᠰᠢᠭᠰᠠᠨ ᠰᠠᠨ᠃ ᠳᠠᠢ᠌ᠮᠤ ᠡ᠂ ᠪᠢ ᠠᠷᠭᠠᠯ ᠤᠨ ᠣᠳᠤᠭ᠎ᠠ ᠪᠣᠷᠭᠢᠯᠤᠭᠰᠠᠨ ᠡᠴᠢᠭᠡ ᠶᠢᠨ ᠳᠤᠯᠠᠭᠠᠨ ᠭᠡᠷ᠂ ᠠᠷᠢᠭᠤᠨ ᠴᠠᠭᠠᠨ ᠰᠥ᠋ ᠨᠢ ᠬᠠᠢ᠌ᠷ᠎ᠠ ᠪᠠᠷ ᠣᠠᠳᠤᠷᠤᠭᠰᠠᠨ ᠡᠵᠢ ᠶᠢᠨ ᠶᠢᠡᠨ ᠬᠠᠯᠠᠭᠤᠨ ᠡᠪᠦᠷ ᠲᠤ ᠢᠷᠠᠵᠤ ᠡᠨᠡ ᠬᠤᠷᠸ᠎ᠠ ᠲᠡᠶ ᠵᠤᠯᠭᠤᠭᠰᠠᠨ ᠪᠢᠯᠠ᠃ ᠳᠡᠭᠡᠭᠦ ᠳᠤ ᠠᠢ᠌ᠯ ᠭᠡᠷ ᠤᠨ ᠮᠠᠨᠢ ᠣᠠᠳᠤᠷᠤᠯ ᠠᠷᠭᠠᠯ ᠤᠨ ᠣᠪᠣᠭ᠎ᠠ ᠡᠴᠠ ᠢᠷᠠᠯᠳᠠᠢ ᠪᠠᠢ᠌ᠭᠰᠠᠨ ᠢ ᠪᠢ ᠬᠠᠷ᠎ᠠ ᠪᠠᠭ᠎ᠠ ᠨᠠᠰᠤᠨ ᠡᠴᠠ ᠪᠠᠨ ᠣᠬᠠᠭᠠᠷᠠᠵᠤ ᠪᠢᠯᠠ᠃

ᠭᠦᠯ ᠳᠤ ᠣᠷᠤᠩᠭ᠋ᠤᠳᠠ ᠯᠠ ᠠᠷᠭᠠᠯ ᠤᠨ ᠣᠪᠣᠭ᠎ᠠ ᠪᠠᠨ ᠳᠤᠭᠤᠷᠢᠵᠤ ᠭᠦᠶ‍ᠦᠭ᠍ᠰᠡᠨ᠃ ᠦᠶ᠎ᠡ ᠬᠤᠷᠠᠭ ᠤᠳ ᠲᠡᠶ ᠪᠠᠨ ᠠᠷᠭᠠᠯ ᠤᠨ ᠣᠪᠣᠭ᠎ᠠ ᠪᠠᠨ ᠳᠤᠭᠤᠷᠢᠵᠤ ᠨᠢᠭᠤᠯᠴᠠᠨ ᠨᠠᠭᠠᠳᠳᠠᠭ᠃ ᠨᠢᠭᠡᠨ ᠤ ᠪᠠᠨ ᠭᠦᠯ ᠤᠨ ᠴᠢᠮᠡᠭᠡ ᠪᠠᠷ ᠪᠣᠷᠤᠭᠤᠯᠤᠨ ᠭᠦᠶ‍ᠦᠵᠤ ᠰᠤᠷᠮᠠᠭᠠᠢ ᠨᠢᠭᠤᠵᠤ ᠬᠤᠷᠴᠠ ᠰᠡᠷᠭᠡᠭ᠌ ᠪᠠᠢ᠌ᠬᠤ ᠶᠢ ᠪᠣᠯᠪᠠᠰᠤᠷᠠᠳᠠᠭ ᠪᠠᠢ᠌ᠭᠰᠠᠨ᠃ ᠢᠩᠭᠢᠵᠤ ᠨᠠᠭᠠᠳᠴᠤ ᠪᠠᠢ᠌ᠵᠤ ᠠᠵᠢᠯ ᠳᠤ ᠣᠷᠤᠬᠤ ᠨᠠᠰᠤᠨ ᠳᠤ ᠭᠦᠷᠤᠨ᠎ᠡ᠃

ᠮᠠᠨ ᠤ ᠨᠤᠳᠤᠭ ᠤᠨ ᠬᠡᠦᠬᠡᠳ ᠠᠷᠭᠠᠯ ᠳᠡᠭᠦᠵᠤ ᠠᠩᠬ᠎ᠠ ᠠᠵᠢᠯ ᠳᠤ ᠣᠷᠤᠨ᠎ᠠ᠃    《ᠠᠷᠭᠠᠯ ᠳᠡᠭᠦᠭ᠍ᠰᠡᠨ ᠭᠦᠮᠤᠨ ᠪᠠᠶᠠᠵᠢᠵᠤ᠂ ᠪᠣᠷᠭᠠᠰᠤ ᠬᠠᠳᠤᠭᠰᠠᠨ ᠭᠦᠮᠤᠨ ᠶᠠᠳᠠᠭᠤᠷᠠᠨ᠎ᠠ》 ᠭᠡᠳᠡᠭ᠌ ᠬᠠᠭᠤᠴᠢ ᠶᠠᠷᠢᠶ᠎ᠠ ᠲᠡᠶ᠃ ᠡ᠊ᠨᠳᠡ ᠠᠵᠢᠯᠰᠠᠭ ᠴᠢᠨᠡᠭᠡᠯᠢᠭ᠌ ᠠᠮᠢᠳᠤᠷᠠᠯ ᠲᠡᠶ ᠠᠢ᠌ᠯ ᠢ ᠠᠷᠭᠠᠯ ᠤᠨ ᠣᠪᠣᠭ᠎ᠠ ᠪᠠᠷ ᠰᠢᠯᠭᠠᠳᠠᠭ᠃

ᠨᠠᠮᠢ᠋ᠢ ᠳᠤᠯᠤᠭᠠᠳᠠᠢ ᠵᠢᠯ ᠡᠪᠦᠭᠡ ᠮᠢᠨᠢ ᠮᠢᠨᠤ ᠪᠠᠶ᠎ᠠ ᠳᠤ ᠳᠤᠭᠢᠷᠠᠭᠰᠠᠨ ᠵᠢᠭᠠᠬᠠᠨ ᠠᠷᠤᠭ ᠭᠦᠷᠦᠵᠤ ᠥᠭ᠍ᠪᠡ᠃ ᠮᠦᠨ ᠵᠢᠭᠠᠬᠠᠨ ᠰᠠᠪᠠᠷ ᠭᠢᠵᠤ ᠥᠭ᠍ᠴᠡᠢ᠃ ᠠᠩᠬ᠎ᠠ ᠡᠭᠢᠯᠡᠵᠤ ᠠᠷᠭᠠᠯ ᠳᠡᠭᠦᠭᠦ ᠭᠡᠳᠡᠭ᠌ ᠱᠤᠭ ᠲᠡᠶ᠃ ᠠᠷᠭᠠᠯ ᠶᠢᠡᠨ ᠠᠷᠤᠭ ᠡᠴᠠ ᠪᠠᠨ ᠵᠦᠷᠢᠭᠦᠯᠵᠤ ᠰᠢᠳᠡᠭᠡᠳ ᠯᠠ ᠪᠠᠢ᠌ᠳᠠᠭ᠃ ᠬᠠᠷᠢᠨ ᠬᠤᠭ ᠰᠢᠷᠤᠢ ᠨᠢ ᠭᠦᠵᠦᠭᠦᠨ ᠣᠷᠤᠭᠤ ᠣᠷᠤᠵᠤ ᠵᠢᠮᠴᠢᠭᠢᠨᠡᠭᠦᠯᠵᠤ ᠬᠠᠰᠢᠷᠭᠠᠳᠠᠭ᠃ ᠳᠡᠭᠡᠯ᠎ᠡ ᠴᠤ ᠶᠠᠭᠠᠭᠢᠬᠤᠪ ᠶᠡᠭᠡᠴᠦᠦᠯ ᠲᠡᠶ ᠪᠠᠨ ᠠᠳᠠᠯᠢ ᠳᠤᠮᠤ ᠣᠪᠣᠭ᠎ᠠ ᠲᠡᠶ ᠠᠷᠭᠠᠯ ᠳᠡᠭᠦᠭᠦ ᠭᠡᠵᠤ ᠵᠢᠦᠡᠭᠦᠵᠤ ᠴᠢᠷᠮᠠᠢ᠌ᠨ᠎ᠠ᠃ ᠴᠢᠷᠮᠠᠢ᠌ᠭᠰᠠᠨ ᠤ ᠳ᠋ᠦ᠋ᠩ ᠳᠤ ᠡᠪ ᠳ᠋ᠦᠢ ᠶᠢ ᠨᠢ ᠣᠯᠤᠨ᠎ᠠ᠃ ᠭᠡᠭᠦ ᠳᠤ ᠠᠷᠤᠭ ᠶᠢᠡᠨ ᠳᠦᠭᠦᠷᠭᠡᠵᠤ ᠴᠢᠳᠠᠨ᠎ᠠ ᠭᠡᠳᠡᠭ᠌ ᠪᠠᠰᠠ ᠨᠢᠭᠡ ᠳᠠᠪᠠᠭ᠎ᠠ᠂ ᠠᠷᠤᠭ ᠳᠦᠭᠦᠷᠭᠦ ᠰᠢᠬᠠᠭᠠᠤᠨ ᠢᠷᠡᠭᠦ ᠦᠶ᠎ᠡ ᠳᠤ ᠴᠠᠯᠭᠢᠵᠤ ᠭᠠᠷᠤᠭᠠᠤᠨ ᠪᠠᠢ᠌ᠳᠠᠭ᠃ ᠳᠡᠭᠡᠭᠡᠳ ᠬᠦᠩᠭᠡᠨ ᠳᠤᠪᠰᠢᠵᠤ ᠳᠠᠯᠪᠢᠬᠤ ᠣᠬᠠᠭᠠᠨ ᠢ ᠰᠤᠷᠤᠨ᠎ᠠ᠃ ᠠᠷᠤᠭ ᠲᠤ ᠪᠠᠨ ᠣᠪᠣᠭ᠎ᠠ ᠭᠠᠷᠳᠠᠯ᠎ᠠ ᠳᠦᠭᠦᠷᠭᠡᠨ᠎ᠡ ᠭᠡᠳᠡᠭ᠌ ᠨᠢᠭᠡ ᠡᠷᠳᠡᠮ᠃ ᠡᠨᠡ ᠨᠢ ᠰᠠᠪᠠᠷ ᠶᠢᠡᠨ ᠬᠤᠶᠠᠷ ᠳᠠᠯ᠎ᠠ ᠪᠠᠷ ᠶᠢᠡᠨ ᠵᠠᠷᠤᠵᠤ ᠴᠢᠳᠠᠬᠤ ᠭᠡᠷᠡᠭ᠍ᠳᠡᠢ᠃ ᠢᠩᠭᠢᠵᠤ ᠪᠠᠢ᠌ᠵᠤ ᠠᠷᠤᠭ ᠤᠨ ᠠᠮᠠᠰᠠᠷ ᠡᠴᠠ ᠳᠡᠭᠡᠭ᠍ᠰᠢ ᠱᠤᠪᠬᠤ ᠣᠷᠤᠢ ᠭᠠᠷᠳᠠᠯ᠎ᠠ ᠳᠦᠭᠦᠷᠭᠡᠨ᠎ᠡ᠃ ᠢᠩᠭᠢᠵᠤ ᠠᠩᠬ᠎ᠠ ᠡᠭᠢᠯᠡᠵᠤ ᠠᠵᠢᠯ ᠳᠤ ᠣᠷᠤᠨ᠎ᠠ᠃ ᠭᠡᠨ ᠤ ᠬᠡᠦᠬᠡᠳ ᠰᠠᠢ᠌ᠨ ᠠᠷᠭᠠᠯ ᠳᠡᠭᠦᠵᠤ ᠪᠠᠢ᠌ᠪᠠᠯ ᠳᠠᠷᠠ ᠠᠢ᠌ᠯ ᠠᠢ᠌ᠮᠠᠭ ᠤᠨ ᠳᠤᠮᠳᠠ ᠮᠠᠠᠠᠳᠠᠭᠳᠠᠵᠤ ᠪᠠᠢ᠌ᠳᠠᠭ᠃ ᠳᠠᠷᠠ ᠮᠠᠭᠳᠠᠭᠠᠯ ᠤᠨ ᠭᠦᠴᠤᠨ ᠶᠢᠡᠷ ᠬᠡᠦᠬᠡᠳ ᠤᠳ ᠣᠷᠤᠭᠰᠢ ᠠᠭᠢᠳᠠᠭ᠃ ᠠᠢ᠌ᠯ ᠤᠨ ᠨᠠᠰᠤᠳᠠᠤᠨ ᠮᠠᠨᠢ ᠭᠡᠨ ᠤ ᠬᠡᠦᠬᠡᠳ ᠶᠠᠮᠠᠷ ᠪᠠᠢ᠌ᠨ᠎ᠠ ᠭᠡᠳᠡᠭ᠌ ᠢ ᠶᠡᠭᠡᠯ᠎ᠡ ᠠᠩᠬᠠᠷᠳᠠᠭ᠃ ᠠᠯᠵᠠᠭᠤ ᠬᠣᠢ᠌ᠷᠭᠤ ᠬᠡᠦᠬᠡᠳ ᠢ ᠳᠠᠳᠠ ᠢᠯᠠᠨ ᠳᠠᠯᠠᠨ ᠦᠭᠡᠶ ᠵᠢᠮᠡᠯᠡᠳᠡᠭ᠌᠃ ᠴᠢᠨᠠᠭᠰᠢᠯᠠᠭᠠᠤᠨ ᠠᠪᠣ ᠡᠵᠢ ᠶᠢ ᠨᠢ ᠴᠤ ᠬᠡᠦᠬᠡᠳ ᠶᠢᠡᠨ ᠰᠤᠷᠭᠠᠵᠤ ᠴᠢᠳᠠᠬᠤ ᠦᠭᠡᠶ ᠪᠠᠢ᠌ᠨ᠎ᠠ ᠭᠡᠵᠤ ᠵᠢᠮᠠᠯᠠᠨ᠎ᠡ᠃ ᠠᠯᠢ ᠨᠢᠭᠡ ᠬᠡᠦᠬᠡᠳ ᠢ ᠥᠭᠡᠳᠡ ᠦᠭᠡᠶ ᠶᠠᠪᠣᠬᠤ ᠶᠢ ᠦᠵᠡᠵᠤ ᠳᠦᠪᠳᠡᠳᠡᠭ᠌ ᠦᠭᠡᠶ ᠶᠤᠮ᠃ ᠪᠢᠳᠠ ᠨᠠᠰᠤᠳᠠᠤᠨ ᠡᠴᠠ ᠪᠠᠨ ᠡᠮᠢᠶᠡᠵᠤ ᠠᠵᠢᠯ ᠭᠢᠳᠠᠯ ᠲᠡᠶ ᠪᠠᠢ᠌ᠬᠤ ᠪᠠᠷ ᠵᠢᠦᠡᠭᠦᠨ ᠳᠡᠮᠡᠴᠡᠳᠡᠭ᠌᠃ ᠨᠠᠰᠤᠳᠠᠤᠨ ᠮᠠᠨᠢ ᠳᠠᠶᠠᠭ ᠶᠢᠡᠨ ᠳᠤᠯᠵᠤ ᠵᠠᠮ ᠶᠠᠪᠣᠬᠤ ᠳᠤ ᠪᠠᠨ ᠡᠮᠤᠨ᠎ᠡ ᠨᠢ ᠳᠤᠮᠤ ᠠᠷᠭᠠᠯ ᠳᠠᠭᠠᠷᠠᠯᠳᠤᠪᠠᠯ ᠡᠷᠭᠢᠭᠦᠯᠵᠤ ᠳᠠᠯᠪᠢᠭᠠᠤᠨ ᠴᠢᠨᠠᠭᠰᠢ ᠶᠠᠪᠣᠳᠠᠭ᠃ ᠡᠨᠡ ᠨᠢ ᠳᠠᠳᠠ ᠳᠠᠭᠢᠵᠤ ᠢᠷᠡᠭᠡᠳ ᠳᠡᠭᠦᠵᠤ ᠠᠪᠠᠴᠢᠬᠤ ᠭᠡᠵᠤ ᠪᠠᠢ᠌ᠭ᠎ᠠ ᠪᠢᠰᠢ ᠬᠠᠷᠢᠨ ᠭᠡᠨ ᠨᠢᠭᠡᠨ ᠤ ᠭᠢᠨ ᠤ ᠠᠷᠤᠭ ᠲᠤ ᠪᠦᠳᠤᠨ ᠶᠢᠡᠷ ᠣᠷᠤᠬᠤ ᠶᠢ ᠪᠣᠳᠤᠳᠠᠭ᠃ ᠠᠷᠭᠠᠯ ᠶᠢᠡᠨ ᠳᠡᠭᠦᠭᠦ ᠶᠢᠨ ᠵᠡᠷᠭᠡᠳᠡ ᠰᠠᠢ᠌ᠬᠠᠨ ᠰᠠᠨᠠᠭ᠎ᠠ ᠰᠡᠳᠭᠢᠯ ᠢ ᠨᠢ ᠮᠦᠨ ᠳᠠᠭᠠᠵᠤ ᠰᠤᠷᠤᠨ᠎ᠠ᠃ ᠨᠠᠰᠤ ᠨᠡᠮᠡᠭᠦ ᠳᠤ ᠭᠦᠴᠤ ᠳᠤᠷᠪᠢ ᠴᠤ ᠨᠡᠮᠡᠭ᠍ᠳᠡᠨ᠎ᠡ᠃ ᠭᠦᠴᠤ ᠳᠤᠷᠪᠢ ᠨᠡᠮᠡᠭ᠍ᠳᠡᠭᠦ ᠳᠤ ᠠᠷᠤᠭ ᠴᠤ ᠳᠤᠮᠤ ᠪᠣᠯᠤᠨ᠎ᠠ᠃ ᠮᠢᠨᠤ ᠨᠠᠭᠠᠴᠤ ᠡᠪᠦᠭᠡ ᠭᠡᠵᠤ ᠬᠤᠯᠠ ᠤᠢ᠌ᠷ᠎ᠡ ᠳᠤ ᠪᠠᠨ ᠠᠯᠳᠠᠷᠳᠠᠢ ᠪᠢᠷ᠎ᠠ ᠴᠢᠳᠠᠯᠳᠠᠢ ᠪᠦᠭᠡᠳ ᠠᠵᠢᠯᠰᠠᠭ ᠭᠦᠮᠤᠨ ᠪᠠᠢ᠌ᠯ᠎ᠠ᠃ ᠳᠡᠭᠦᠨ ᠤ ᠡᠭᠦᠷᠳᠡᠭ᠌ ᠠᠷᠤᠭ ᠭᠡᠵᠤ ᠡᠩ ᠤᠨ ᠠᠷᠤᠭ ᠤᠨ ᠬᠤᠶᠠᠷ ᠤᠨ ᠣᠷᠤᠴᠠ ᠲᠡᠶ ᠳᠤᠮᠤ ᠪᠠᠢ᠌ᠳᠠᠭ᠃ ᠡᠪᠦᠯ ᠤᠨ ᠦᠷᠯᠦᠭᠡ ᠪᠣᠯᠭᠠᠨ ᠳᠡᠷᠡᠭᠦ ᠳᠤᠮᠤ ᠠᠷᠤᠭ ᠲᠤ ᠪᠠᠨ ᠭᠦᠯᠳᠡᠭᠦᠰᠤ ᠢ ᠣᠪᠣᠭᠠᠯᠠᠨ ᠡᠭᠦᠷᠴᠤ ᠶᠠᠪᠣᠬᠤ ᠳᠤ ᠠᠷᠤᠭ ᠤᠨ ᠣᠭᠤᠰᠤᠷ ᠨᠢ ᠮᠦᠷ ᠢ ᠨᠢ ᠴᠢᠪᠴᠢᠷᠠᠳᠠᠯ᠎ᠠ ᠳᠠᠷᠤᠵᠤ ᠪᠠᠢ᠌ᠳᠠᠭ ᠢ ᠪᠢ ᠣᠯᠠᠠᠳᠠ ᠬᠠᠷᠠᠵᠤ ᠪᠢᠰᠢᠷᠠᠨ ᠪᠠᠬᠠᠳᠤᠵᠤ ᠶᠠᠪᠣᠳᠠᠭ ᠪᠠᠢ᠌ᠭᠰᠠᠨ᠃ ᠪᠢ ᠡᠢ᠌ᠮᠦᠡᠭᠦ ᠭᠦᠴᠤ ᠳᠤᠷᠪᠢᠳᠠᠢ ᠪᠣᠯᠬᠤ ᠶᠢ ᠭᠦᠰᠡᠵᠤ᠂ ᠪᠢᠴᠢᠬᠠᠨ ᠠᠷᠤᠭ ᠲᠤ ᠪᠠᠨ ᠳᠤᠮᠤᠳᠠᠭᠰᠠᠨ ᠵᠤᠷᠢᠭ ᠡᠷᠴᠢᠯᠡᠭ᠍ᠳᠡᠵᠤ ᠪᠠᠢ᠌ᠭᠰᠠᠨ ᠰᠠᠨ᠃

ᠬᠠᠪᠣᠷ ᠪᠣᠯᠵᠤ ᠴᠠᠰᠤ ᠮᠦᠰᠤ ᠬᠠᠢ᠌ᠯᠤᠭᠠᠤᠨ ᠢᠷᠡᠭᠦ ᠳᠤ ᠮᠠᠨ ᠤ ᠨᠤᠳᠤᠭ ᠤᠨ ᠭᠦᠮᠦᠰ ᠨᠢᠭᠡ ᠡᠪᠦᠯ ᠬᠠᠪᠣᠷ ᠤᠨ ᠳᠡᠭᠦᠭ᠍ᠰᠡᠨ ᠠᠷᠭᠠᠯ ᠶᠢᠡᠨ ᠣᠷᠤᠭᠤᠯᠬᠤ ᠭᠡᠵᠤ ᠶᠠᠭᠠᠷᠠᠯᠳᠤᠨ᠎ᠠ᠃ ᠡᠨᠡᠭᠦ ᠴᠠᠭ ᠮᠦᠴᠡ ᠳᠤ ᠵᠠᠪᠳᠤᠬᠤ ᠦᠭᠡᠶ ᠪᠣᠯ ᠭᠡᠮᠭᠡᠷᠡᠵᠤ ᠰᠣᠢ᠌ᠳᠤᠨ᠎ᠡ᠃ ᠣᠷᠢᠬᠠᠨ ᠰᠠᠯᠭᠢ ᠢᠯᠪᠢᠭ᠍ᠰᠡᠨ ᠡᠳᠦᠷ ᠤᠳ ᠲᠤ ᠠᠷᠭᠠᠯ ᠤᠨ ᠶᠢᠡᠨ ᠬᠤᠭ ᠰᠢᠷᠤᠢ ᠶᠢ ᠨᠢ ᠭᠡᠢ᠌ᠰᠭᠡᠵᠤ ᠳᠠᠯᠠᠩ᠂ ᠰᠢᠪᠠᠭᠡᠨ ᠳᠤ ᠪᠠᠨ ᠣᠷᠤᠭᠤᠯᠤᠨ᠎ᠠ ᠭᠡᠵᠤ ᠶᠠᠭᠠᠷᠠᠯᠳᠤᠨ᠎ᠠ᠃ ᠠᠷᠭᠠᠯ ᠰᠢᠪᠠᠭᠡᠯᠡᠨ᠎ᠡ ᠭᠡᠳᠡᠭ᠌ ᠨᠢ ᠪᠣᠷᠭᠠᠰᠤ ᠪᠠᠷ ᠬᠠᠰᠢᠶ᠎ᠠ ᠭᠦᠷᠦᠵᠤ ᠳᠡᠭ᠍ᠰᠢ ᠰᠠᠢ᠌ᠬᠠᠨ ᠳᠦᠭᠦᠷᠢᠭᠯᠡᠭᠡᠳ ᠠᠷᠭᠠᠯ ᠶᠢᠡᠨ ᠰᠢᠭ᠍ᠰᠢᠵᠤ ᠰᠢᠯᠭᠡᠭᠡᠵᠤ ᠳᠦᠭᠦᠷᠭᠡᠵᠤ ᠪᠦᠮᠪᠦᠭᠡᠷ ᠣᠷᠤᠢ ᠭᠠᠷᠭᠠᠨ᠎ᠠ᠃ ᠡᠭᠦᠨ ᠶᠢᠡᠨ ᠥᠭᠡᠷ ᠤᠨ ᠨᠣᠢ᠌ᠳᠠᠨ ᠪᠠᠭᠠᠰᠤ ᠪᠠᠷ ᠰᠢᠪᠠᠵᠤ ᠬᠠᠳᠠᠭᠠᠨ᠎ᠠ᠃ ᠡᠨᠡ ᠨᠢ ᠶᠡᠭᠡ ᠪᠣᠷᠤᠭᠠᠨ ᠳᠤ ᠢᠯᠵᠢᠷᠡᠭᠦ᠂ ᠰᠠᠯᠭᠢᠨ ᠳᠤ ᠭᠡᠢ᠌ᠰᠦᠭ᠍ᠳᠡᠭᠦ ᠡᠴᠠ ᠰᠡᠷᠭᠡᠢ᠌ᠯᠡᠵᠤ ᠪᠠᠢ᠌ᠳᠠᠭ ᠶᠤᠮ᠃ ᠳᠠᠯᠠᠩᠨᠠᠭᠤᠯᠵᠤ ᠣᠪᠣᠭᠠᠯᠠᠬᠤ ᠭᠡᠵᠤ ᠣᠷ᠎ᠠ ᠮᠡᠷᠭᠡᠵᠢᠯ ᠣᠷᠤᠨ᠎ᠠ᠃ ᠠᠷᠭᠠᠯ ᠶᠢᠡᠨ ᠣᠷᠳᠤ ᠳᠦᠷᠪᠠᠯᠵᠢᠨ ᠪᠠᠢ᠌ᠷᠢᠨ ᠳᠤ ᠣᠪᠣᠭ᠎ᠠ ᠭᠠᠷᠭᠠᠵᠤ᠂ ᠬᠠᠵᠠᠭᠤ ᠪᠠᠷ ᠨᠢ ᠬᠠᠪᠳᠠᠭᠠᠢ ᠳᠤᠮᠤ ᠠᠷᠭᠠᠯ ᠢ ᠳᠡᠭ᠍ᠰᠢ ᠰᠠᠢ᠌ᠬᠠᠨ ᠵᠡᠷᠭᠡᠯᠡᠵᠤ ᠣᠪᠣᠭ᠎ᠠ ᠪᠠᠨ ᠣᠯᠠᠮ ᠳᠡᠭᠡᠭ᠍ᠰᠢ ᠥᠭ᠍ᠰᠦᠭᠦᠯᠤᠨ᠎ᠡ᠃ ᠵᠢᠭᠠᠬᠠᠨ ᠮᠤᠷᠤᠢ ᠪᠣᠯᠤᠭᠰᠠᠭᠠᠷ ᠮᠠᠭᠤᠬᠠᠢ ᠬᠠᠷᠠᠭᠳᠠᠳᠠᠭ᠃ ᠥ ᠰᠠᠪ ᠦᠭᠡᠶ ᠪᠠᠢ᠌ᠯᠭᠠᠵᠤ ᠴᠢᠳᠠᠪᠠᠯ ᠰᠠ‍‌ᠶᠢ ᠪᠣᠰᠤᠳ ᠤᠨ ᠪᠠᠬᠠᠷᠬᠠᠯ ᠳᠤ ᠭᠦᠷᠤᠨ᠎ᠡ᠃ ᠭᠡᠳᠤᠨ ᠳᠠᠯᠠᠩ ᠠᠷᠭᠠᠯ ᠢ ᠠᠳᠠᠯᠢᠬᠠᠨ ᠭᠡᠮᠵᠢᠶ᠎ᠡ ᠪᠠᠷ ᠯᠠ ᠵᠡᠷᠭᠡᠴᠡᠭᠦᠯᠤᠨ᠎ᠡ᠃ ᠡᠨᠡ ᠨᠢ ᠠᠢ᠌ᠯ ᠢ ᠦᠩ ᠲᠡᠶ ᠥᠭᠡᠳᠡ ᠲᠡᠶ ᠯᠠ ᠬᠠᠷᠠᠭᠳᠠᠭᠤᠯᠳᠠᠭ᠃ ᠰᠠᠢ᠌ᠳᠤᠷ ᠰᠢᠪᠠᠵᠤ ᠳᠠᠯᠪᠢᠬᠤ ᠪᠣᠯ ᠠᠯᠭᠠᠰᠠᠯ ᠦᠭᠡᠶ ᠭᠢᠭᠦ ᠠᠵᠢᠯ᠃ ᠡᠰᠡ ᠳᠠᠢ᠌ᠮᠤ ᠪᠣᠯ ᠢᠪᠠᠷᠠᠨ ᠪᠠᠭᠤᠬᠤ ᠠᠶᠤᠯᠳᠠᠢ᠃ ᠭᠡᠯᠡᠭᠦ ᠳᠤ ᠵᠤᠨ ᠴᠠᠭ ᠲᠤ ᠠᠷᠭᠠᠯ ᠤᠨ ᠣᠪᠣᠭᠠᠨ ᠳᠤ ᠮᠠᠨᠢ ᠨᠢᠭᠡ ᠰᠦᠷᠡᠭᠡᠢ ᠳᠦᠢᠦᠡᠭᠡᠷ ᠪᠠᠢ᠌ᠳᠠᠭ᠃ ᠡᠨᠡ ᠨᠢ ᠳᠡᠳᠡᠭᠡᠷ ᠣᠮᠤᠭᠯᠠᠩ ᠪᠣᠬ᠎ᠠ ᠨᠤᠭᠤᠳ ᠪᠣᠯᠤᠨ᠎ᠠ᠃ ᠰᠡᠷᠪᠠᠭᠡᠷ ᠬᠤᠶᠠᠷ ᠡᠪᠠᠷ ᠲᠡᠶ ᠰᠡᠭᠡᠷ ᠪᠣᠰᠬᠠᠭᠰᠠᠨ ᠭᠦᠴᠤ ᠣᠮᠤᠭ ᠨᠢ ᠪᠠᠭᠳᠠᠵᠤ ᠶᠠᠳᠠᠭᠰᠠᠨ ᠳᠤᠮᠤ ᠭᠦᠵᠦᠭᠦᠤ ᠲᠡᠶ ᠪᠣᠬ᠎ᠠ ᠪᠠᠭᠤᠪᠴᠢ ᠰᠢᠭ ᠳᠤᠮᠤ ᠣᠭ ᠲᠡᠶ ᠱᠤᠷᠤᠨ ᠬᠤᠶᠠᠷ ᠡᠪᠠᠷ ᠶᠢᠡᠷ ᠶᠢᠡᠨ ᠳᠠᠭᠠᠷᠠᠯᠳᠤᠭᠰᠠᠨ ᠡᠷᠭᠢ ᠶᠢ ᠪᠣᠳᠠᠷᠠᠳᠠᠯ᠎ᠠ ᠰᠠᠠᠳᠠᠯᠤᠨ ᠮᠦᠨ ᠳᠤᠮᠤ ᠭᠦᠵᠦᠭᠦᠤ ᠪᠠᠷ ᠶᠢᠡᠨ ᠳᠠᠷᠤᠵᠤ ᠰᠢᠯᠪᠢᠭᠦᠷᠳᠡᠨ᠎ᠡ᠃ ᠭᠦᠴᠦᠳᠤ ᠬᠤᠶᠠᠷ ᠭᠦᠯ ᠶᠢᠡᠷ ᠶᠢᠡᠨ ᠰᠢᠷᠤᠢ ᠰᠠᠴᠤᠵᠤ ᠠᠢ᠌ᠯ ᠤᠨ ᠭᠠᠳᠠᠨᠠᠭᠢ ᠰᠦᠷᠦᠭ᠌ ᠮᠠᠯ ᠤᠨ ᠵᠥᠭ᠌ ᠣᠷᠭᠢᠷᠠᠭᠠᠤᠨ ᠢᠷᠠᠨ᠎ᠡ᠃ ᠶᠠᠪᠣᠬᠤ ᠳᠤᠮᠳᠠ ᠪᠠᠨ ᠪᠠᠢ᠌ᠨ ᠪᠠᠢ᠌ᠨ ᠬᠤᠭᠤᠯᠠᠢ ᠪᠠᠨ ᠭᠡᠳᠦᠡᠳᠡ ᠰᠢᠬᠠᠵᠤ ᠮᠥᠭᠡᠷᠤᠨ᠎ᠡ᠃ ᠡᠨᠡ ᠦᠶ᠎ᠡ ᠳᠤ ᠬᠤᠷᠳᠤᠬᠠᠨ ᠭᠠᠷᠴᠤ ᠠᠷᠭᠠᠯ ᠤᠨ ᠣᠪᠣᠭ᠎ᠠ ᠪᠠᠨ ᠬᠠᠷᠠᠬᠤ ᠭᠡᠷᠡᠭ᠍ᠳᠡᠢ᠃ ᠭᠡᠷᠪᠡ ᠬᠤᠵᠢᠮᠳᠠᠪᠠᠯ ᠰᠢᠪᠠᠭᠡ ᠶᠢ ᠴᠢᠨᠢ ᠭᠢᠪᠠᠷᠠᠳᠠᠯ᠎ᠠ ᠢᠪᠠᠭᠦ ᠪᠣᠶᠤ ᠳᠠᠯᠠᠩ ᠲᠡᠶ ᠠᠷᠭᠠᠯ ᠢ ᠴᠢᠨᠢ ᠪᠣᠳᠠᠷᠠᠭᠤᠯᠵᠤ ᠣᠷᠭᠢᠨ᠎ᠠ᠃ ᠳᠠᠷᠠ ᠬᠠᠷᠢᠨ ᠰᠡᠮᠡᠭᠡᠷ ᠢᠷᠠᠵᠤ ᠳᠦᠢᠦᠡᠳᠡᠭ᠌ ᠦᠭᠡᠶ ᠶᠤᠮ᠃ ᠰᠦᠷᠦᠭ᠌ ᠮᠠᠯ ᠮᠢᠨᠢ ᠰᠦᠷ ᠭᠦᠴᠤ ᠲᠡᠶ ᠪᠣᠬ᠎ᠠ ᠲᠡᠶ ᠪᠠᠨ ᠪᠠᠢ᠌ᠬᠤ ᠳᠤ ᠰᠠᠢ᠌ᠬᠠᠨ ᠯᠠ ᠪᠠᠢ᠌ᠳᠠᠭ ᠳ᠋ᠠ᠃ ᠮᠠᠯ ᠤᠨ ᠭᠡᠰᠢᠭ᠌ ᠳᠡᠯᠭᠡᠷᠡᠵᠤ ᠪᠠᠢ᠌ᠬᠤ ᠳᠤ ᠠᠷᠭᠠᠯ ᠤᠨ ᠣᠪᠣᠭ᠎ᠠ ᠥᠡᠳᠦᠷᠯᠡᠳᠡᠭ᠌ ᠣᠴᠢᠷᠳᠠᠢ᠃

ᠨᠢ᠋ᠮᠠᠳᠠᠢ ᠵᠢᠯ ᠪᠢ ᠠᠷᠠᠤᠨ ᠤᠨ ᠰᠤᠷᠭᠠᠭᠤᠯᠢ ᠶᠢᠨ ᠪᠣᠱᠤᠭ᠎ᠠ ᠳᠠᠪᠠᠯ᠎ᠠ᠃ ᠰᠤᠷᠭᠠᠭᠤᠯᠢ ᠶᠢᠨ ᠮᠠᠨᠢ ᠡᠮᠤᠨ᠎ᠡ ᠳᠠᠯ᠎ᠠ ᠠᠭᠤᠳᠠᠮ ᠵᠠᠳᠠᠭᠠᠢ᠃ ᠡ᠊ᠨᠳᠡ ᠳᠠᠠᠳᠠ ᠠᠷᠭᠠᠯ ᠤᠨ ᠣᠪᠣᠭ᠎ᠠ ᠯᠠ ᠬᠠᠷᠠᠭᠳᠠᠨ᠎ᠠ᠃ ᠳᠠᠮᠢᠷ ᠤᠨ ᠭᠢᠴᠢᠶᠠᠯ ᠪᠣᠯ ᠪᠠᠭᠰᠢ ᠮᠠᠨ ᠢ ᠭᠦᠶ‍ᠦᠯᠭᠡᠨ᠎ᠡ᠃ ᠭᠡᠭᠦ ᠳᠤ ᠪᠠᠨ ᠠᠯᠢ ᠨᠢᠭᠡ ᠠᠷᠭᠠᠯ ᠤᠨ ᠣᠪᠣᠭ᠎ᠠ ᠶᠢ ᠳᠤᠭᠤᠷᠢᠭᠠᠤᠨ ᠢᠷ᠎ᠠ ᠭᠡᠪᠠᠯ ᠪᠢᠳᠠ ᠶᠤᠰᠤᠴᠢᠯᠠᠨ ᠭᠦᠶ‍ᠦᠭᠡᠳ ᠬᠤᠷᠳᠤ ᠪᠠᠨ ᠰᠢᠯᠭᠠᠳᠠᠭ ᠪᠠᠢ᠌ᠭᠰᠠᠨ ᠶᠤᠮ᠃ ᠪᠢᠳᠠ ᠭᠦᠢᠳᠡ ᠣᠷᠤᠬᠤ ᠡᠴᠠ ᠵᠠᠪᠳᠤᠵᠤ ᠲᠦᠯᠠᠰᠢ ᠪᠠᠨ ᠪᠡᠯᠡᠳᠭᠡᠳᠡᠭ᠌᠃ ᠳᠤᠰᠬᠠᠢ ᠡᠳᠦᠷ ᠳᠤᠭᠳᠠᠵᠤ ᠠᠷᠤᠭ ᠰᠠᠪᠠᠷ ᠶᠢᠡᠨ ᠪᠡᠯᠡᠳᠭᠡᠵᠤ ᠢᠷᠡᠭᠡᠳ ᠭᠡᠨ ᠨᠢ ᠭᠡᠨ ᠡᠴᠠ ᠪᠠᠨ ᠢᠯᠡᠭᠦᠤ ᠳᠡᠭᠦᠭᠦ ᠭᠡᠵᠤ ᠣᠷᠤᠯᠳᠤᠨ ᠪᠠᠢ᠌ᠵᠤ ᠨᠢᠭᠡ ᠡᠳᠦᠷ ᠳᠡᠭᠦᠪᠠᠯ ᠡᠪᠦᠯ ᠬᠠᠪᠣᠷ ᠤᠨ ᠲᠦᠯᠡᠭᠦ ᠠᠷᠭᠠᠯ ᠶᠢᠡᠨ ᠣᠯᠴᠢᠬᠠᠳᠠᠭ᠃ ᠳᠡᠷᠡᠭᠦ ᠠᠷᠭᠠᠯ ᠤᠨ ᠭᠠᠯ ᠳᠦᠷᠡᠯᠵᠡᠭ᠍ᠰᠡᠨ ᠭᠢᠰᠠ ᠶᠢᠨ ᠳᠤᠭᠤᠷᠢᠨ ᠳᠤ ᠭᠦᠭ᠍ᠵᠢᠯᠳᠡᠢ ᠰᠠᠢ᠌ᠬᠠᠨ ᠰᠤᠷᠤᠯᠴᠠᠳᠠᠭ᠃ ᠠᠵᠢᠯ ᠰᠤᠷᠤᠯᠭ᠎ᠠ ᠶᠢᠨ ᠮᠢᠨᠢ ᠵᠠᠮ ᠮᠦᠷ ᠲᠤ ᠠᠷᠭᠠᠯ ᠤᠨ ᠣᠪᠣᠭ᠎ᠠ ᠨᠠᠳᠠ ᠣᠬᠠᠭᠠᠨ ᠬᠠᠢ᠌ᠷᠠᠯᠠᠭᠰᠠᠨ ᠶᠤᠮ᠃ ᠪᠢ ᠳᠡᠭᠡᠳᠤ ᠳᠤᠮᠳᠠᠳᠤ ᠳᠤ ᠰᠤᠷᠤᠯᠴᠠᠵᠤ ᠪᠠᠢ᠌ᠬᠤ ᠳᠤ ᠪᠠᠨ ᠪᠠᠶᠠᠳᠤ ᠶᠢᠨ ᠭᠧᠦᠮᠸᠲ᠋ᠷᠢ ᠶᠢᠨ ᠪᠦᠭᠡᠷᠡᠩᠭᠡᠢ ᠪᠠᠭᠠᠨ᠎ᠠ᠂ ᠱᠤᠷᠤᠯᠵᠢᠨ ᠪᠠᠶᠠᠳᠤ ᠶᠢ ᠰᠡᠳᠭᠢᠭᠦ ᠳᠤ ᠰᠢᠪᠠᠭᠡ ᠲᠡᠶ ᠠᠷᠭᠠᠯ᠂ ᠳᠠᠯᠠᠩ ᠲᠡᠶ ᠠᠷᠭᠠᠯ ᠶᠢᠡᠨ ᠪᠣᠳᠤᠬᠤ ᠳᠤ ᠳᠤᠳᠤᠷ᠎ᠠ ᠳᠤᠳᠤᠷᠬᠠᠢ ᠳᠦᠷᠰᠤ ᠢᠯᠡᠷᠡᠳᠡᠭ᠌ ᠪᠠᠢ᠌ᠭᠰᠠᠨ ᠶᠤᠮ᠃ ᠠᠷᠭᠠᠯ ᠤᠨ ᠣᠪᠣᠭ᠎ᠠ ᠨᠠᠮᠢ᠋ᠢ ᠣᠷᠤᠭᠰᠢ ᠳᠠᠪᠰᠢᠭᠤᠯᠵᠤ ᠪᠠᠢ᠌ᠭᠰᠠᠨ ᠶᠤᠮ᠃

ᠨᠢᠭᠡ ᠮᠡᠳᠡᠭᠦ ᠳᠤ ᠣᠯᠠᠨ ᠵᠢᠯ ᠢ ᠠᠷᠤ ᠳᠤ ᠪᠠᠨ ᠣᠷᠭᠢᠪᠠ᠃ ᠦᠨᠦᠳᠤᠷ ᠭᠦᠳᠡᠭᠡ ᠨᠤᠳᠤᠭ ᠲᠤ ᠮᠢᠨᠢ ᠠᠷᠭᠠᠯ ᠤᠨ ᠣᠪᠣᠭ᠎ᠠ ᠴᠥᠭᠡᠨ ᠪᠣᠯᠪᠠ᠃ ᠡᠷᠡᠭᠦᠯ ᠭᠦᠷᠦᠰᠤ ᠬᠠᠷᠠᠭᠳᠠᠬᠤ ᠪᠠᠨ ᠪᠣᠯᠢᠵᠤ ᠳᠠᠷᠢᠶᠠᠨ ᠵᠤᠷᠬ᠎ᠠ ᠯᠠ ᠡᠴᠡᠵᠤ ᠳᠤᠷᠠᠭᠰᠠᠨ ᠮᠠᠯ ᠤᠨ ᠨᠢᠷᠤᠭᠤ ᠰᠢᠭ ᠵᠤᠷᠠᠢ᠌ᠨ ᠬᠠᠷᠠᠭᠳᠠᠨ᠎ᠠ᠃ ᠠᠯᠤᠰ ᠬᠤᠯᠠᠭᠢ ᠨᠤᠳᠤᠭ ᠶᠢᠡᠨ ᠮᠦᠷᠦᠭᠡᠳᠴᠤ ᠠᠰᠠᠷ ᠤᠨ ᠴᠤᠩᠬᠤ ᠪᠠᠷ ᠠᠯᠤᠰ ᠢ ᠪᠠᠷᠠᠯᠠᠪᠠᠯ᠂ ᠳᠦᠩᠭᠦᠢᠭᠦ ᠠᠭᠤᠯᠠᠰ᠂ ᠳᠤᠪᠣ ᠳᠤᠯᠤᠭᠠᠤᠨ ᠢ ᠬᠠᠷᠠᠬᠤ ᠡᠴᠠ ᠯᠠ ᠠᠷᠭᠠᠯ ᠤᠨ ᠣᠪᠣᠭ᠎ᠠ ᠮᠢᠨᠢ ᠰᠡᠳᠭᠢᠯ ᠳᠤ ᠪᠠᠭᠤᠳᠠᠭ᠃ ᠬᠠᠷ᠎ᠠ ᠪᠠᠭ᠎ᠠ ᠨᠠᠰᠤᠨ ᠡᠴᠠ ᠮᠢᠨᠢ ᠬᠠᠷ᠎ᠠ ᠪᠣᠷᠤ ᠠᠵᠢᠯ ᠳᠤ ᠬᠠᠳᠠᠭᠤᠵᠢᠭᠤᠯᠤᠭᠰᠠᠨ ᠡᠪᠦᠭᠡᠳ ᠤᠨ ᠮᠢᠨᠢ ᠣᠬᠠᠭᠠᠨ ᠢ ᠥᠪᠯᠡᠭᠦᠯᠦᠭ᠍ᠰᠡᠨ ᠦᠯᠴᠢᠷ ᠳᠤᠯᠠᠭᠠᠨ ᠠᠮᠢᠳᠤᠷᠠᠯ ᠳᠤ ᠭᠦᠳᠦᠯᠦᠭ᠍ᠰᠡᠨ ᠠᠷᠭᠠᠯ ᠤᠨ ᠣᠪᠣᠭ᠎ᠠ ᠭᠡᠵᠤ ᠠᠯᠳᠠᠨ ᠣᠪᠣᠭ᠎ᠠ ᠪᠠᠢ᠌ᠵᠠᠢ ᠡ︕


ᠵᠤᠬᠢᠶᠠᠭᠴᠢ ᠶᠢᠨ ᠬᠠ‍‌ᠶᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠬᠠᠷᠢᠶ᠎ᠠ᠄ ᠨᠠᠢᠷᠠᠭᠤᠯᠤᠯ
ᠳᠠᠷᠤᠮ᠄ 3508
ᠴᠠᠭ᠄ 2010 ᠤᠨ ᠤ 11 ᠰᠠᠷ᠎ᠠ ᠶᠢᠨ 27