ᠳᠤᠳᠠᠮᠠᠭ
᠊᠊᠊᠊᠊᠊᠊᠊᠊᠊᠊᠊᠊᠊᠊ ᠠᠩᠬᠠᠨ ᠤ ᠬᠤᠷ᠎ᠠ ᠶᠢᠨ ᠳᠠᠰᠢᠷᠠᠮ ᠶᠢᠡᠷ ᠠᠷᠢᠭᠤᠨ ᠨᠤᠮ ᠣᠩᠰᠢᠶ᠎ᠠ

ᠵᠤᠭᠤᠰᠤᠨ ᠳᠤ ᠰᠢᠨᠤᠳᠠᠭ ᠭᠦᠮᠤᠨ ᠥᠭᠯᠢᠭᠡᠴᠢ ᠰᠡᠳᠭᠢᠯ ᠶᠢᠡᠷ ᠳᠤᠳᠠᠮᠠᠭ

ᠵᠤᠪᠠᠯᠠᠩ ᠳᠠᠭᠠᠭᠠᠳᠠᠭ ᠦᠭᠡᠶ ᠭᠦᠮᠤᠨ ᠵᠤᠷᠢᠭ ᠰᠦᠰᠦ ᠪᠠᠷ ᠳᠤᠳᠠᠮᠠᠭ

ᠦᠩᠭᠡᠨ ᠳᠤ ᠰᠢᠷᠭᠤᠳᠠᠭ ᠭᠦᠮᠤᠨ ᠢᠴᠢᠭᠦ ᠨᠢᠭᠤᠷ ᠶᠢᠡᠷ ᠳᠤᠳᠠᠮᠠᠭ

ᠥᠳᠡᠯᠦᠭᠡ ᠪᠣᠭᠤᠷᠤᠯ ᠶᠢᠡᠨ ᠠᠰᠠᠷᠠᠳᠠᠭ ᠦᠭᠡᠶ ᠭᠦᠮᠤᠨ ᠠᠴᠢᠯᠠᠯ ᠡᠯᠪᠠᠷᠢᠯ ᠶᠢᠡᠷ ᠳᠤᠳᠠᠮᠠᠭ

ᠨᠤᠶᠠᠨ ᠵᠡᠷᠭᠡ ᠳᠤ ᠳᠤᠷᠠᠯᠠᠳᠠᠭ ᠭᠦᠮᠤᠨ ᠨᠢᠩᠵᠢᠨ ᠰᠡᠳᠭᠢᠯ ᠶᠢᠡᠷ ᠳᠤᠳᠠᠮᠠᠭ

ᠨᠤᠬᠠᠢ ᠰᠢᠭ ᠪᠢᠯᠳᠠᠤᠴᠢ ᠭᠦᠮᠤᠨ ᠵᠢᠷᠤᠮ ᠪᠠᠳᠤ ᠪᠠᠷ ᠳᠤᠳᠠᠮᠠᠭ

ᠡᠭᠡᠨᠡᠷ ᠬᠡᠦᠬᠡᠳ ᠶᠢᠡᠨ ᠬᠠᠷᠠᠭᠠᠯᠵᠠᠳᠠᠭ ᠦᠭᠡᠶ ᠭᠦᠮᠤᠨ ᠣᠪᠣᠷ ᠰᠤᠷᠳᠠᠯ ᠶᠢᠡᠷ ᠳᠤᠳᠠᠮᠠᠭ

ᠡᠳᠦᠷᠵᠢᠨ ᠠᠷᠠᠵᠠᠨ ᠳᠤ ᠱᠤᠩᠪᠠᠳᠠᠭ ᠭᠦᠮᠤᠨ ᠨᠠᠰᠤᠨ ᠬᠤᠳᠤᠭ ᠶᠢᠡᠷ ᠳᠤᠳᠠᠮᠠᠭ

ᠳᠠᠩᠰᠤᠭ ᠰᠠᠢ᠌ᠬᠠᠨ ᠳᠠᠯ᠎ᠠ ᠳᠤ ᠳᠠᠪᠤᠨ ᠬᠤᠰᠢᠭᠤ ᠪᠠᠷ ᠳᠤᠳᠠᠮᠠᠭ

ᠳᠠᠨᠠᠨ ᠴᠠᠭᠠᠨ ᠭᠡᠷ ᠲᠤ ᠡᠷᠭᠡ ᠴᠢᠯᠦᠭᠡ ᠪᠠᠷ ᠳᠤᠳᠠᠮᠠᠭ

ᠡᠮ᠎ᠡ ᠴᠡᠴᠡᠭ᠌ ᠦᠭᠡᠶ ᠡᠷᠦᠭᠡ ᠳᠤ ᠠᠩᠭᠢᠯᠤᠮ᠎ᠠ ᠦᠨᠦᠷ ᠶᠢᠡᠷ ᠳᠤᠳᠠᠮᠠᠭ

ᠡᠷ᠎ᠡ ᠳᠤᠯᠭᠠᠭᠤᠷᠢ ᠦᠭᠡᠶ ᠠᠢ᠌ᠯ ᠳᠤ ᠠᠮᠤᠷ ᠲᠦᠪᠰᠢᠨ ᠶᠢᠡᠷ ᠳᠤᠳᠠᠮᠠᠭ

ᠡᠨᠡ ᠣᠷᠴᠢᠯᠠᠩ ᠤᠨ ᠡᠯᠳᠡᠪ ᠣᠴᠢᠷ ᠬᠤᠳᠠᠯ ᠨᠢ ᠣᠯᠠᠨ ᠦᠨᠡᠨ ᠶᠢᠡᠷ ᠳᠤᠳᠠᠮᠠᠭ

ᠡᠷᠭᠢᠴᠡᠭᠦᠯᠵᠤ ᠪᠣᠳᠤᠪᠠᠯ ᠥᠩᠭᠡᠷᠡᠭ᠍ᠰᠡᠨ ᠠᠮᠢᠳᠤᠷᠠᠯ ᠵᠡᠭᠦᠳᠤ ᠣᠯᠠᠨ ᠵᠢᠷᠭᠠᠯ ᠶᠢᠡᠷ ᠳᠤᠳᠠᠮᠠᠭ᠂᠂


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1569
ᠴᠠᠭ᠄ 2013 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ