ᠰᠡᠳᠭᠢᠯ ᠡᠴᠠ ᠪᠣᠰᠤᠳ ᠨᠢ ᠴᠦᠮ ᠭᠡᠢ᠌ᠰᠳᠡᠭ᠌ ᠪᠠᠢ᠌ᠯ᠎ᠠ

ᠰᠠᠯᠭᠢᠨ ᠳᠠᠠᠳᠠ ᠶᠡᠭᠡ ᠪᠠᠢ᠌ᠯ᠎ᠠ

ᠰᠡᠳᠭᠢᠯ ᠡᠴᠠ ᠪᠣᠰᠤᠳ ᠨᠢ ᠴᠦᠮ

ᠭᠡᠢ᠌ᠰᠳᠡᠭ᠌ ᠪᠠᠢ᠌ᠯ᠎ᠠ ᠁

ᠨᠢᠯᠪᠣᠰᠤ ᠨᠢ ᠬᠠᠳᠠᠭᠰᠠᠨ ᠳᠡᠭ᠍ᠷᠢ ᠳᠤ

ᠨᠠᠭᠤᠷ ᠢ ᠨᠢ ᠰᠢᠷᠭᠢᠳᠠᠯ᠎ᠠ

ᠭᠡᠢ᠌ᠰᠭᠡᠪᠡ

ᠨᠢᠭᠤᠷ ᠶᠢᠡᠨ ᠬᠠᠤᠯᠠᠭᠤᠯᠤᠭᠰᠠᠨ ᠭᠠᠵᠠᠷ ᠡᠴᠠ

ᠡᠯᠡᠰᠤ ᠶᠢ ᠨᠢ ᠰᠢᠭᠤᠷᠠᠭᠤᠯᠵᠤ

ᠭᠡᠢ᠌ᠰᠭᠡᠪᠡ

ᠠᠳᠠᠷ ᠳᠠᠯ᠎ᠠ ᠭᠡᠳᠡᠭ᠌ (ᠳᠤᠷᠭ᠎ᠠ) ᠵᠢ

ᠠᠠᠵᠢᠰᠤ ᠪᠠᠷ ᠵᠦᠰᠤᠵᠤ

ᠭᠡᠢ᠌ᠰᠭᠡᠪᠡ

ᠠᠷᠭᠤᠮᠠᠭ ᠬᠤᠷᠳᠤᠨ ᠭᠦᠯᠦᠭ᠌ ᠢ

ᠣᠳᠤᠮ ᠳᠠᠰᠤᠷᠠᠭᠤᠯᠵᠤ

ᠭᠡᠢ᠌ᠰᠭᠡᠪᠡ  

ᠳᠠᠯ᠎ᠠ ᠳᠤ ᠪᠠᠯᠴᠢᠳᠡᠭ᠌ ᠮᠠᠯ ᠢ

ᠬᠠᠰᠢᠶᠠᠨ ᠳᠤ ᠣᠷᠤᠳᠠᠯ᠎ᠠ

ᠭᠡᠢ᠌ᠰᠭᠡᠪᠡ

ᠳᠠᠪᠤᠨ ᠳᠠᠷᠢᠶᠠᠨ ᠦᠷ᠎ᠡ ᠶᠢ

ᠵᠤᠷᠬ᠎ᠠ ᠳᠤ ᠣᠷᠤᠳᠠᠯ᠎ᠠ

ᠭᠡᠢ᠌ᠰᠭᠡᠪᠡ

ᠳᠠᠷᠠᠭ ᠠᠢ᠌ᠷᠠᠭ ᠤᠨ ᠭᠦᠷᠦᠩᠭᠡ ᠶᠢ

ᠬᠤᠳᠠ ᠳᠤ ᠣᠷᠤᠳᠠᠯ᠎ᠠ

ᠭᠡᠢ᠌ᠰᠭᠡᠪᠡ

ᠳᠠᠯ᠎ᠠ ᠶᠢᠨ ᠰᠢᠷᠭᠠᠯ ᠨᠠᠮᠤᠷ ᠶᠢᠡᠷ

ᠬᠤᠨᠢ ᠶᠢ ᠨᠢ ᠡᠷᠭᠦᠭᠦᠯᠵᠤ

ᠭᠡᠢ᠌ᠰᠭᠡᠪᠡ

ᠣᠷᠳᠤ ᠶᠢᠨ ᠰᠠᠢ᠌ᠬᠠᠨ ᠳᠠᠭᠤᠤ ᠶᠢ

ᠨᠤᠲ᠋ ᠳᠠᠰᠤᠷᠠᠳᠠᠯ᠎ᠠ

ᠭᠡᠢ᠌ᠰᠭᠡᠪᠡ

ᠣᠶᠠᠭᠠᠨ ᠳᠤ ᠭᠦᠪᠰᠦᠳᠡᠭ᠌ ᠵᠤᠭᠤᠭ ᠢ

ᠮᠦᠷᠤᠢ ᠲᠡᠶ ᠨᠠᠭᠠᠳᠤᠮ ᠶᠢᠡᠷ

ᠭᠡᠢ᠌ᠰᠭᠡᠪᠡ  

ᠵᠢᠭᠡᠯᠡᠵᠤ ᠣᠯᠤᠭᠰᠠᠨ ᠮᠦᠩᠭᠦ ᠶᠢ

ᠨᠠᠢ᠌ᠷ ᠲᠤ ᠰᠤᠭᠳᠤᠵᠤ

ᠭᠡᠢ᠌ᠰᠭᠡᠪᠡ

ᠱᠡᠭᠡᠯᠡᠵᠤ ᠣᠨᠤᠭᠰᠠᠨ ᠮᠤᠲ᠋ᠤᠷ ᠢ

ᠭᠤᠤ ᠳᠤ ᠭᠡᠪᠳᠡᠳᠡᠯ᠎ᠡ

ᠭᠡᠢ᠌ᠰᠭᠡᠪᠡ

ᠭᠠᠳᠠ ᠮᠠᠢ᠌ᠷᠠᠨ ᠢ ᠳᠠᠭᠤᠯᠠᠵᠤ

ᠭᠠᠵᠠᠷ ᠰᠢᠷᠤᠢ ᠪᠠᠨ

ᠭᠡᠢ᠌ᠰᠭᠡᠪᠡ

ᠮᠠᠩᠬ᠎ᠠ ᠪᠠᠯᠴᠢᠭᠡᠷ ᠶᠢᠡᠨ ᠬᠤᠳᠠᠯᠳᠤᠵᠤ

ᠮᠠᠷᠭᠠᠰᠢ ᠪᠠᠨ ᠭᠦᠷᠳᠡᠯ᠎ᠡ

ᠭᠡᠢ᠌ᠰᠭᠡᠪᠡ  

ᠰᠠᠯᠭᠢᠨ ᠡ᠊ᠨᠳᠡ ᠶᠡᠭᠡ ᠪᠠᠢ᠌ᠨ᠎ᠠ

ᠰᠡᠳᠭᠢᠯ ᠡᠴᠠ ᠪᠣᠰᠤᠳ ᠨᠢ ᠴᠦᠮ

ᠭᠡᠢ᠌ᠰᠴᠤ ᠪᠠᠢ᠌ᠨ᠎ᠠ ᠁


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ

ᠵᠤᠬᠢᠶᠠᠭᠴᠢ᠄ ᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1686
ᠴᠠᠭ᠄ 2011 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ