ᠮᠠᠷᠳᠠᠵᠤ ᠴᠢᠳᠠᠰᠢ ᠦᠭᠡᠶ ᠰᠤᠷᠤᠭᠴᠢ ᠶᠢᠨ ᠠᠮᠢᠳᠤᠷᠠᠯ
᠊᠊᠊᠊᠊᠊᠊᠊᠊᠊᠊᠊᠊᠊᠊ ᠲᠦᠯᠢᠶᠠᠮᠤᠳᠤ ᠡᠴᠠ ᠳᠡᠭᠦᠰᠦᠭ᠍ᠰᠡᠨ ᠣᠨᠠᠭᠠᠨ ᠪᠠᠭ᠎ᠠ ᠶᠢᠨ ᠬᠠᠮᠳᠤ ᠰᠤᠷᠤᠯᠭᠠᠳᠠᠨ ᠨᠡᠷ ᠲᠠᠭᠠᠨ

15 ᠵᠢᠯ ᠤᠨ ᠬᠣᠢ᠌ᠨᠠᠭᠢ 1997 ᠣᠨ ᠤ ᠠᠯᠳᠠᠨ ᠨᠠᠮᠤᠷ ᠤᠨ ᠣᠯᠠᠷᠢᠯ ᠳᠤ᠂ ᠲᠦᠯᠢᠶᠠᠮᠤᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠤᠮᠳᠠᠳᠤ ᠶᠢᠨ 1982 ᠣᠨ ᠳᠤ ᠳᠡᠭᠦᠰᠦᠭ᠍ᠰᠡᠨ ᠪᠠᠶᠠᠠᠬᠤᠰᠢᠭᠤ ᠳ᠋ᠠᠭᠢ ᠬᠠᠮᠳᠤ ᠰᠤᠷᠤᠯᠭᠠᠳᠠᠤᠨ᠂ ᠠᠷᠪᠠᠨ ᠳᠠᠪᠤᠨ ᠤ ᠰᠠᠷᠠᠨ ᠮᠠᠳᠤ ᠳᠦᠭᠦᠷᠢᠭ᠌ ᠰᠢᠷᠡᠭᠡ ᠶᠢ ᠳᠤᠭᠤᠷᠢᠭᠠᠤᠨ ᠬᠤᠰᠢᠭᠤᠨ ᠲᠥᠪ ᠤᠨ ᠨᠢᠭᠡᠨ ᠠᠰᠠᠷ ᠲᠤ ᠴᠤᠭᠯᠠᠭᠠᠨ ᠪᠣᠯᠪᠠ᠃ ᠠᠳᠠᠯᠢ ᠪᠣᠰᠤ ᠠᠵᠢᠯ ᠤᠨ ᠪᠠᠢ᠌ᠷᠢ ᠡᠴᠠ ᠪᠠᠨ᠂ ᠠᠳᠠᠯᠢ ᠪᠣᠰᠤ ᠶᠢᠨ ᠬᠤᠪᠢ ᠵᠠᠶᠠᠭᠠᠨ ᠤ ᠣᠩᠭ᠋ᠤᠴᠠ ᠪᠠᠷ ᠶᠢᠡᠨ᠂ ᠠᠳᠠᠯᠢ ᠨᠢᠭᠡ ᠴᠡᠭ᠌ ᠲᠤ ᠪᠢᠳᠠ ᠠᠵᠠ ᠲᠡᠶ ᠠᠭᠤᠯᠵᠠᠪᠠ᠃

ᠮᠠᠨ ᠤ ᠣᠪᠣᠷ ᠪᠠᠢ᠌ᠳᠠᠯ ᠪᠠ ᠥᠭᠡ ᠠᠶᠠᠰ᠂ ᠪᠣᠳᠤᠯ ᠰᠡᠳᠭᠢᠭᠦᠢ ᠦᠰᠦᠳ ᠥᠭᠡᠷ᠎ᠡ ᠪᠣᠯᠵᠤ ᠬᠤᠪᠢᠷᠠᠯ᠎ᠠ᠃ ᠴᠠᠭᠢᠯᠭᠠᠨ ᠦᠭᠡᠶ ᠰᠦᠨᠢ᠂ ᠯᠠ ᠳᠠᠯᠪᠢᠭᠰᠠᠨ ᠬᠠᠢ᠌ᠷᠴᠠᠭ ᠶᠢᠡᠨ ᠳᠠᠪᠠᠷᠢᠵᠤ᠂ ᠰᠤᠷᠬᠤ ᠶᠢᠨ ᠲᠦᠯᠦᠭᠡ ᠠᠷᠭᠠᠯ ᠤᠨ ᠣᠳᠤᠭᠠᠨ ᠳᠤ ᠬᠠᠬᠠᠵᠤ ᠪᠠᠢ᠌ᠭᠰᠠᠨ ᠳᠤᠬᠠᠢ ᠶᠢᠨ ᠦᠶ᠎ᠡ ᠶᠢᠨ ᠭᠦᠭᠡᠷᠦᠭᠦᠢ ᠰᠤᠷᠤᠭᠴᠢᠳ ᠮᠢᠨᠢ ᠦᠵᠡᠳᠠᠯ᠎ᠠ ᠦᠨᠦᠳᠤᠷ᠂ ᠰᠦᠷ ᠵᠢᠪᠬᠤᠭ᠎ᠠ ᠲᠡᠶ ᠴᠠᠭᠳᠠᠭ᠎ᠠ ᠪᠣᠯᠤᠭᠰᠠᠨ ᠪᠢᠰᠢ ᠪᠣᠯ ᠨᠠᠷ᠎ᠠ ᠭᠦᠡᠳᠦᠳᠤ ᠡᠮᠴᠢ ᠰᠤᠪᠢᠯᠠᠭᠴᠢ᠂ ᠡᠰᠡᠭᠦᠯ᠎ᠡ ᠢᠳᠠᠷ ᠴᠢᠭᠢᠷᠠᠭ ᠳᠠᠮᠤᠷ ᠵᠠᠮ ᠤᠨ ᠠᠵᠢᠯᠴᠢᠨ᠂ ᠳᠠᠩᠰᠤᠭ ᠬᠤᠷᠢᠶᠠᠯᠳᠠ ᠶᠢᠨ ᠶᠢᠡᠨ ᠳᠡᠭᠡᠵᠢ ᠪᠠᠨ ᠳᠠᠶᠠᠭᠠᠷ ᠲᠤ ᠡᠷᠭᠦᠵᠤ᠂ ᠳᠠᠪᠠᠳᠠᠢ ᠠᠮᠢᠳᠤᠷᠠᠯ ᠶᠢᠡᠨ ᠡᠳ᠋ᠯᠡᠵᠤ ᠪᠠᠢ᠌ᠭ᠎ᠠ ᠳᠠᠷᠢᠶᠠᠴᠢᠨ ᠪᠣᠶᠤ ᠣᠶᠤᠨ ᠤ ᠢᠨᠵᠧᠨᠧᠷ ᠪᠣᠯᠴᠢᠬᠠᠭᠰᠠᠨ ᠣᠢ᠌ᠯᠠᠰ ᠤᠨ ᠬᠠᠷᠭᠤᠢ ᠳᠠᠭᠠᠨ ᠵᠢᠯᠤᠭᠤ ᠰᠤᠩᠭ᠋ᠠᠨ ᠳᠠᠪᠭᠢᠯᠳᠤᠵᠤ ᠪᠠᠢ᠌ᠨ᠎ᠠ᠃

ᠭᠠᠷᠠᠭ ᠤᠨ ᠳᠠᠪᠤᠨ ᠤ 《ᠰᠠᠢ᠌ᠬᠠᠨ ᠬᠤᠭᠤᠯᠠ》 ᠶ᠋ᠢᠨ ᠳᠤᠬᠠᠢ ᠠᠮᠳᠠᠷᠬᠠᠨ ᠶᠠᠷᠢᠯᠴᠠᠬᠤ᠂ ᠰᠢᠯᠭᠠᠯᠳᠠ ᠳᠤ ᠠᠯᠳᠠᠭᠰᠠᠨ ᠭᠡᠳᠦᠭᠡᠨ ᠬᠤᠪᠢ ᠶᠢᠨ ᠬᠣᠢ᠌ᠨ᠎ᠠ ᠡᠴᠠ ᠬᠠᠷᠠᠮᠰᠠᠨ ᠭᠠᠰᠠᠯᠠᠬᠤ ᠡᠰᠡᠭᠦᠯ᠎ᠡ ᠠᠯᠢ ᠨᠢᠭᠡ ᠡᠮᠡᠭ᠍ᠳᠡᠢ ᠰᠤᠷᠤᠭᠴᠢ ᠶᠢᠨ ᠭᠤᠶᠤ ᠳᠦᠷᠦᠭ᠍ᠰᠡᠨ ᠳ᠋ᠤᠨᠢ ᠪᠣᠶᠤ ᠭᠠᠩᠭ᠋ᠠᠩ ᠬᠤᠪᠴᠠᠰᠤᠨ ᠳ᠋ᠤᠨᠢ ᠠᠳᠠᠭᠠᠷᠬᠠᠵᠤ᠂ ᠪᠠᠢ᠌ᠷᠢ ᠶᠢᠨ ᠭᠡᠷ ᠢ ᠡᠷᠭᠦᠵᠤ ᠠᠪᠣᠮᠠᠷ ᠱᠤᠤᠭᠢᠯᠳᠤᠵᠤ ᠪᠠᠢ᠌ᠭᠰᠠᠨ ᠳᠠᠭᠢᠶᠠᠨ ᠳᠠᠭᠤᠨ ᠲᠡᠶ ᠵᠠᠯᠭᠠᠭᠰᠠᠨ ᠶᠠᠷᠢᠶ᠎ᠠ ᠭᠦᠭᠡᠷᠦᠭᠡ ᠨᠢ ᠠᠪᠣᠭᠠᠢ ᠨᠥᠭᠦᠷ ᠤᠨ ᠳᠤᠬᠠᠢ᠂ ᠠᠵᠢᠯ ᠠᠮᠢᠳᠤᠷᠠᠯ ᠤᠨ ᠳᠤᠬᠠᠢ᠂ ᠬᠤᠵᠢᠮ ᠭᠡᠨ ᠨᠢᠭᠡ ᠲᠡᠶ ᠨᠢ ᠬᠤᠳᠠ ᠣᠷᠤᠭ ᠰᠠᠭᠤᠬᠤ ᠳᠤᠬᠠᠢ ᠡᠰᠡᠭᠦᠯ᠎ᠡ ᠬᠡᠦᠬᠡᠳ ᠶᠢᠡᠨ ᠶᠠᠮᠠᠷ ᠪᠢᠴᠢᠭ᠌ ᠥᠵᠡᠭᠦᠯᠦᠭ᠍ᠰᠡᠨ ᠨᠢ ᠳᠠᠭᠠᠷᠠᠬᠤ ᠳᠤᠬᠠᠢ ᠵᠤᠭᠤᠭ ᠪᠣᠯᠵᠤ ᠰᠤᠯᠢᠭᠳᠠᠯ᠎ᠠ᠃

ᠪᠢᠳᠠ ᠷᠠᠳᠢᠤ᠋ ᠬᠤᠷᠢᠶ᠎ᠠ ᠳᠤ ᠰᠤᠷᠪᠣᠯᠵᠢᠯᠠᠭᠴᠢ ᠪᠣᠯᠤᠭᠰᠠᠨ ᠪᠣᠶᠤ ᠳᠸᠯᠸᠢᠰ ᠬᠤᠷᠢᠶᠠᠨ ᠳᠤ ᠨᠠᠢ᠌ᠷᠠᠭᠤᠯᠤᠭᠴᠢ ᠪᠣᠯᠤᠭᠰᠠᠨ ᠬᠠᠮᠳᠤ ᠰᠤᠷᠤᠯᠭᠠᠳᠠᠨ ᠤ ᠪᠠᠨ ᠳᠤᠬᠠᠢ ᠣᠮᠤᠭᠰᠢᠨ᠎ᠠ᠃ ᠠᠯᠤᠰ ᠭᠠᠵᠠᠷ ᠠᠵᠢᠯ ᠰᠢᠯᠵᠢᠵᠤ ᠶᠠᠪᠣᠭᠰᠠᠨ ᠬᠠᠮᠳᠤ ᠰᠤᠷᠤᠯᠭᠠᠳᠠᠨ ᠶᠢᠡᠨ ᠥᠭᠡᠢ᠌ᠯᠡᠨ ᠳᠤᠷᠠᠰᠤᠨ᠎ᠠ᠃ ᠣᠠᠴᠠᠭᠠᠢ᠌ᠯᠠᠨ ᠡᠮᠤᠨ᠎ᠡ ᠭᠤᠤᠷᠯᠤᠰ ᠤᠨ ᠦᠨᠦᠴᠢᠨ 《ᠠᠷᠠᠯ》 ᠳᠡᠭᠡᠷ᠎ᠡ ᠬᠠᠶᠠᠭᠳᠠᠵᠤ ᠬᠠᠮᠳᠤ ᠰᠤᠷᠤᠯᠭᠠᠳᠠᠨ ᠨᠡᠷ ᠡᠴᠠ ᠪᠠᠨ ᠭᠠᠭᠴᠠᠭᠠᠷᠳᠠᠵᠤ ᠪᠠᠢ᠌ᠭ᠎ᠠ ᠳᠠᠷᠠ ᠨᠢᠭᠡ ᠡᠮᠡᠭ᠍ᠳᠡᠢ ᠬᠠᠮᠳᠤ ᠰᠤᠷᠤᠯᠭᠠᠳᠠᠨ ᠶᠢᠡᠨ ᠰᠠᠨᠠᠭᠠᠯᠵᠠᠨ᠎ᠠ᠃ ᠡᠰᠡᠭᠦᠯ᠎ᠡ ᠵᠠᠮᠴᠢᠨ ᠤ ᠵᠠᠬ᠎ᠠ ᠭᠢᠵᠠᠭᠠᠷ ᠲᠤ ᠬᠤᠪᠢᠶᠠᠷᠢᠯᠠᠭᠳᠠᠭᠰᠠᠨ ᠨᠥᠭᠦᠭᠡ ᠨᠢᠭᠡ ᠡᠮᠡᠭ᠍ᠳᠡᠢ ᠬᠠᠮᠳᠤ ᠰᠤᠷᠤᠯᠭᠠᠳᠠᠨ ᠶᠢᠡᠨ ᠥᠭᠡᠢ᠌ᠯᠡᠨ ᠳᠤᠷᠠᠳᠬᠠᠨ᠎ᠠ᠃ ᠬᠠᠮᠳᠤ ᠰᠤᠷᠤᠯᠭᠠᠳᠠᠤᠨ ᠲᠠᠭᠠᠨ ᠬᠠᠮᠤᠭ ᠡᠯᠢᠭᠡᠰᠡᠭ᠌ ᠬᠠᠠᠳᠤᠳᠠᠭ ᠬᠤᠶᠠᠷ ᠡᠮᠡᠭ᠍ᠳᠡᠢ ᠬᠠᠮᠳᠤ ᠰᠠᠤᠷᠤᠯᠭᠠᠳᠠᠨ ᠪᠠᠢ᠌ᠳᠠᠭ᠃ ᠳᠠᠷᠠ ᠬᠤᠶᠠᠷ ᠬᠤᠯᠠᠭᠢ ᠶᠢ ᠤᠢ᠌ᠷᠠᠳᠤᠭᠤᠯᠵᠤ᠂ ᠬᠤᠮᠰᠠᠳᠠᠭᠰᠠᠤᠨ ᠢ ᠬᠠᠪᠰᠤᠷᠠᠳᠠᠭ ᠰᠠᠢ᠌ᠬᠠᠨ ᠵᠠᠩ ᠲᠡᠶ᠃ ᠣᠯᠠᠩᠭᠢ ᠬᠠᠮᠳᠤ ᠰᠤᠷᠤᠯᠭᠠᠳᠠᠨ ᠤ ᠴᠤᠭᠯᠠᠭᠠᠨ ᠪᠣᠶᠤ ᠠᠭᠤᠯᠵᠠᠨ ᠨᠠᠢ᠌ᠷᠠᠯᠳᠤᠬᠤ ᠵᠠᠪᠰᠢᠶᠠᠨ ᠢ ᠳᠠᠷᠠ ᠬᠤᠶᠠᠷ ᠮᠠᠨᠢ ᠪᠢᠳᠠᠨ ᠳᠡᠭᠡᠨ ᠣᠯᠭᠤᠵᠤ ᠪᠢᠳᠠᠨ ᠶᠢᠡᠨ ᠪᠠᠶᠠᠰᠬᠠᠳᠠᠭ᠃ ᠪᠢᠳᠠ ᠳᠤᠶᠠᠭ᠎ᠠ᠂ ᠴᠢ ᠭᠦᠢ ᠷᠦᠩ ᠬᠤᠶᠠᠷ ᠲᠤ ᠳᠠᠯᠠᠷᠬᠠᠬᠤ ᠶᠤᠰᠤᠳᠠᠢ᠃ ᠮᠦᠨ ᠴᠤ ᠠᠮᠢᠳᠤᠷᠠᠯ ᠤᠨ ᠭᠢᠷᠠᠭᠤ ᠴᠠᠰᠤᠨ ᠳᠤ ᠨᠤᠭᠤ ᠪᠠᠭᠤᠳᠠᠯ᠎ᠠ ᠳᠠᠷᠤᠭᠳᠠᠭᠰᠠᠨ ᠬᠠᠮᠳᠤ ᠰᠤᠷᠤᠯᠭᠠᠳᠠᠨ ᠶᠢᠡᠨ ᠦᠷᠤ ᠡᠪᠠᠳᠦᠨ᠎ᠡ ᠁ ᠭᠡᠪᠠᠴᠤ ᠦᠨᠦᠳᠤᠷ ᠤᠨ ᠮᠠᠨ ᠤ ᠬᠤᠭᠤᠷᠤᠠᠳᠤ ᠵᠡᠷᠭᠡ ᠳᠠᠰ᠂ ᠪᠠᠢ᠌ᠷᠢ ᠰᠠᠭᠤᠷᠢ᠂ ᠣᠷᠤᠨ ᠵᠠᠢ᠂ ᠪᠠᠶᠠᠨ ᠶᠠᠳᠠᠭᠤ ᠶᠢᠨ ᠵᠠᠭᠠᠭ ᠱᠤᠭᠤᠮ ᠭᠡᠵᠤ ᠦᠭᠡᠶ᠃ ᠪᠢᠳᠠ ᠪᠦᠷ ᠨᠢᠭᠡᠯᠡ ᠪᠠᠭᠰᠢ ᠶᠢᠨ ᠱᠠᠪᠢ ᠨᠡᠷ᠃

15 ᠵᠢᠯ ᠤᠨ ᠡᠮᠦᠨᠡᠭᠢ ᠰᠤᠷᠤᠭᠴᠢ ᠶᠢᠨ ᠠᠮᠢᠳᠤᠷᠠᠯ ᠶᠢᠡᠨ ᠳᠤᠷᠠᠳᠬᠠᠬᠤ ᠳᠤ ᠨᠢᠳᠤᠨ ᠨᠢᠯᠪᠣᠰᠤ ᠮᠢᠨᠢ ᠦᠪᠡᠷ ᠤᠨ ᠡᠷᠭᠡ ᠦᠭᠡᠶ ᠨᠢᠳᠤ ᠶᠢ ᠴᠢᠭᠢᠭ᠍ᠳᠡᠭᠦᠯᠦᠨ᠎ᠡ᠃ ᠪᠢᠳᠠ ᠪᠦᠷ ᠠᠵᠢᠯ ᠠᠬᠤᠢ᠂ ᠠᠳᠠᠯ ᠠᠮᠢᠳᠤᠷᠠᠯ ᠲᠡᠶ ᠪᠣᠯᠤᠯ᠎ᠠ᠃ ᠵᠠᠶᠠᠭ᠎ᠠ ᠪᠦᠳᠤᠨ ᠪᠢᠰᠢ ᠴᠤ ᠣᠢ᠌ᠯᠠᠰ ᠶᠢᠡᠨ ᠪᠦᠳᠤᠨ ᠪᠣᠯᠭᠠᠬᠤ ᠶᠢᠨ ᠲᠦᠯᠦᠭᠡ ᠭᠦᠮᠤᠨ ᠪᠦᠷᠢ ᠭᠦᠵᠦᠭᠦᠤ ᠪᠦᠭᠦᠢᠨ ᠮᠠᠷᠠᠢ᠌ᠨ ᠴᠢᠷᠮᠠᠢ᠌ᠵᠤ᠂ ᠵᠢᠳᠭᠦᠨ ᠠᠵᠢᠯᠠᠯᠵᠤ ᠯᠠ ᠪᠠᠢ᠌ᠨ᠎ᠠ᠃ ᠭᠡᠪᠠᠴᠤ ᠪᠢᠳᠠ ᠪᠠᠭᠰᠢ ᠪᠠᠨ ᠮᠠᠷᠳᠠᠬᠤ ᠦᠭᠡᠶ᠃ ᠠᠮᠵᠢᠯᠳᠠ ᠪᠦᠳᠦᠮᠵᠢ ᠭᠠᠷᠭᠠᠬᠤ ᠦᠶ᠎ᠡ ᠳᠤ ᠡᠰᠡᠭᠦᠯ᠎ᠡ ᠣᠯᠠᠨ ᠤ ᠪᠠᠨ ᠢᠳᠡᠭᠡᠯ ᠪᠢᠰᠢᠷᠠᠯ ᠢ ᠣᠯᠬᠤ ᠦᠶ᠎ᠡ ᠳᠤ᠂ ᠪᠢᠳᠠᠨ ᠳᠤ ᠣᠬᠠᠭ᠎ᠠ ᠣᠷᠭᠤᠭᠤᠯᠵᠤ᠂ ᠮᠡᠳᠡᠯᠭᠡ ᠰᠤᠷᠭᠠᠯ ᠭᠦᠷᠳᠡᠭᠡᠭ᠍ᠰᠡᠨ ᠪᠣᠶᠤ ᠬᠤᠭᠤᠯᠠ ᠣᠮᠳᠠ ᠬᠠᠩᠭ᠋ᠠᠵᠤ ᠥᠭ᠍ᠴᠤ ᠪᠠᠢ᠌ᠭᠰᠠᠨ ᠠᠴᠢᠳᠤ ᠪᠠᠭᠰᠢ ᠨᠡᠷ ᠶᠢᠡᠨ ᠮᠠᠷᠳᠠᠬᠤ ᠶᠤᠰᠤ ᠦᠭᠡᠶ᠃ 《ᠰᠤᠶᠤᠯ ᠤᠨ ᠶᠡᠭᠡ ᠬᠤᠪᠢᠰᠬᠠᠯ》 ᠊ᠤᠨ ᠰᠤᠷᠪᠢ ᠠᠷᠬᠠᠭ ᠶᠢᠡᠨ ᠡᠭᠦᠷᠴᠤ ᠨᠠᠰᠤᠨ ᠠᠭᠰᠢᠷᠠᠳᠠᠯ᠎ᠠ ᠵᠢᠭᠠᠬᠤ ᠳᠠᠢ᠌ᠰᠠᠨ ᠳᠡᠭᠡᠷ᠎ᠡ ᠪᠠᠨ ᠵᠤᠭᠰᠤᠭᠰᠠᠨ ᠳᠡᠦᠭᠡ ᠶᠢᠨ ᠭᠢᠴᠢᠶᠠᠯ ᠤᠨ ᠦᠨᠡᠠᠪᠣᠶᠠᠨ ᠪᠠᠭᠰᠢ ᠪᠠ ᠠᠮᠢᠳᠤ ᠪᠣᠳᠠᠰ ᠤᠨ ᠭᠢᠴᠢᠶᠠᠯ ᠤᠨ ᠳ᠋ᠠᠠᠽᠠᠨ ᠪᠠᠭᠰᠢ ᠪᠠᠨ ᠪᠢᠳᠠ ᠭᠡᠵᠢᠶᠡ ᠡᠭᠦᠷᠢᠳᠡ ᠮᠠᠷᠳᠠᠵᠤ ᠴᠢᠳᠠᠬᠤ ᠦᠭᠡᠶ᠃ ᠠᠳᠠᠯ ᠭᠡᠷ ᠶᠢᠡᠨ ᠠᠷᠤ ᠳᠠᠭᠠᠨ ᠬᠠᠶᠠᠵᠤ ᠠᠩᠭᠢ ᠶᠢᠨ ᠠᠵᠢᠯ ᠭᠡᠵᠤ ᠮᠠᠬᠠᠷᠬᠠᠨ ᠴᠢᠷᠮᠠᠢ᠌ᠭᠰᠠᠨ ᠬᠠᠰ ᠪᠠᠭᠰᠢ᠂ ᠳᠢᠶ‍ᠧ ᠭᠠᠩ ᠪᠠᠭᠰᠢ ᠪᠠᠨ ᠪᠢᠳᠠ ᠮᠠᠷᠳᠠᠵᠤ ᠴᠢᠳᠠᠬᠤ ᠦᠭᠡᠶ᠃ ᠵᠤᠬᠢᠶᠠᠯ ᠢ ᠳᠤᠭᠤᠷᠳᠠᠯ᠎ᠠ ᠵᠠᠳᠠᠯᠵᠤ᠂ ᠭᠢᠴᠢᠶᠠᠯ ᠢ ᠳᠦᠭᠦᠭᠡᠷᠡᠳᠡᠯ᠎ᠡ ᠵᠢᠭᠠᠳᠠᠭ ᠮᠤᠩᠭ᠋ᠤᠯ ᠭᠡᠯᠡᠨ ᠤ ᠭᠢᠴᠢᠶᠠᠯ ᠤᠨ ᠬᠠᠷᠠᠪᠣᠯᠠᠭ᠂ ᠰᠠᠢ᠌ᠠᠦ᠌ᠯᠵᠡᠢ ᠪᠠᠭᠰᠢ ᠪᠠ ᠨᠢᠳᠤ ᠪᠠᠨ ᠴᠢᠯᠠᠳᠠᠯ᠎ᠠ ᠣᠯᠤᠰ ᠳᠦᠷᠤ ᠶᠢᠨ ᠳᠠᠪᠳᠠᠬᠤ ᠮᠠᠲ᠋ᠸᠷᠢᠶᠠᠯ ᠢ ᠪᠢᠴᠢᠵᠤ ᠳᠠᠷᠤᠮᠠᠯᠯᠠᠳᠠᠭ ᠪᠠᠳᠠᠷᠠᠯᠳᠤ ᠪᠠᠭᠰᠢ ᠪᠠᠨ ᠪᠢᠳᠠ ᠨᠠᠩ ᠮᠠᠷᠳᠠᠵᠤ ᠴᠢᠳᠠᠬᠤ ᠦᠭᠡᠶ᠃ ᠮᠠᠷᠭᠠᠰᠢ ᠶᠢᠨ ᠠᠮᠢᠳᠤᠷᠠᠯ ᠶᠢᠡᠨ ᠵᠡᠭᠦᠳᠡᠯᠡᠵᠤ ᠠᠮᠳᠠᠳᠤ ᠨᠣᠢ᠌ᠷ ᠲᠠᠭᠠᠨ ᠳᠤᠭᠵᠢᠷᠠᠵᠤ ᠪᠠᠢ᠌ᠬᠤ ᠳᠤ᠂ ᠮᠠᠨ ᠳᠠᠭᠠᠨ ᠰᠢᠮ᠎ᠠ ᠲᠡᠶ ᠬᠤᠭᠤᠯᠠ ᠪᠠᠵᠠᠭᠠᠵᠤ ᠦᠭ‍ᠭᠦ ᠪᠠᠷ ᠵᠤᠤᠬ᠎ᠠ ᠳᠤᠭᠤᠭᠠᠨ ᠤ ᠬᠠᠵᠠᠭᠤ ᠳᠤ ᠵᠤᠪᠠᠨ ᠵᠦᠳᠠᠵᠤ ᠠᠵᠢᠯᠠᠯᠵᠤ ᠪᠠᠢ᠌ᠭᠰᠠᠨ ᠮᠠ ᠯᠢᠶᠠᠨ᠂ ᠴᠢ ᠱᠢ ᠡᠤ᠂ ᠬᠠᠨ ᠳ᠋ᠧ ᠹᠦ᠋ ᠵᠡᠷᠭᠡ ᠳᠤᠭᠤᠭᠠᠴᠢᠨ ᠪᠠᠭᠰᠢ ᠶᠢᠨ ᠠᠴᠢ ᠭᠠᠪᠢᠶ᠎ᠠ ᠶᠢ ᠪᠢᠳᠠ ᠶᠠᠭᠠᠭᠢᠯ᠎ᠠ ᠭᠡᠳ ᠮᠠᠷᠳᠠᠵᠤ ᠴᠢᠳᠠᠬᠤ ᠦᠭᠡᠶ᠃

ᠣᠨᠠᠭᠠᠨ ᠪᠠᠭ᠎ᠠ ᠶᠢᠨ ᠦᠶ᠎ᠡ ᠶᠢᠨ ᠰᠤᠷᠤᠭᠴᠢ ᠶᠢᠨ ᠠᠮᠢᠳᠤᠷᠠᠯ ᠶᠢᠡᠨ ᠪᠣᠳᠤᠬᠤ ᠪᠦᠷᠢ ᠮᠠᠨ ᠤ ᠪᠠᠶ᠎ᠠ ᠡᠴᠠ ᠵᠠᠯᠠᠭᠤ ᠶᠢᠨ ᠴᠤᠭ ᠭᠡᠵᠢᠶᠡᠳᠡ ᠭᠢᠯᠠᠯᠵᠠᠨ᠎ᠠ᠃ ᠦᠨᠦᠳᠤᠷ ᠪᠢᠳᠠ ᠡ᠊ᠨᠳᠡ ᠠᠷᠢᠭᠢ ᠣᠤᠭᠤᠬᠤ ᠪᠠᠷ ᠢᠷᠡᠭ᠍ᠰᠡᠨ ᠪᠢᠰᠢ᠂ ᠬᠠᠷᠢᠨ ᠬᠠᠮᠳᠤ ᠶᠢᠨ ᠣᠯᠠᠭᠠᠯᠴᠠᠭ᠎ᠠ ᠪᠠᠨ ᠣᠯᠬᠤ ᠶᠢᠨ ᠲᠦᠯᠦᠭᠡ᠂ ᠪᠠᠯ ᠪᠣᠷᠠᠮ ᠰᠢᠭ ᠪᠠᠭ᠎ᠠ ᠨᠠᠰᠤᠨ ᠤ ᠰᠤᠷᠤᠭᠴᠢ ᠶᠢᠨ ᠠᠮᠢᠳᠤᠷᠠᠯ ᠶᠢᠡᠨ ᠳᠤᠷᠠᠳᠬᠠᠬᠤ ᠶᠢᠨ ᠲᠦᠯᠦᠭᠡ ᠢᠷᠡᠭ᠍ᠰᠡᠨ ᠶᠤᠮ᠃ ᠳᠦᠷᠤ ᠣᠯᠤᠰ ᠤᠨ ᠶᠢᠡᠨ ᠣᠢ᠌ᠯᠠᠰ ᠤᠨ ᠬᠠᠭᠤᠳᠠᠰᠤᠨ ᠳᠤ ᠳᠦᠭᠦᠷᠢᠭ᠌ ᠦᠨᠡᠠᠴᠢ ᠨᠠᠷ᠎ᠠ ᠪᠠᠨ ᠳᠡᠮᠳᠡᠭ᠍ᠯᠡᠭᠦᠯᠭᠦ ᠪᠠᠷ᠂ ᠳᠦᠭᠦᠭᠡ ᠣᠷᠤᠵᠤ ᠪᠠᠢ᠌ᠭ᠎ᠠ ᠦᠷ᠎ᠡ ᠬᠡᠦᠬᠡᠳ ᠤᠨ ᠶᠢᠡᠨ ᠡᠮᠤᠨ᠎ᠡ ᠲᠥᠪ ᠴᠢᠭ᠍ᠴᠢ ᠮᠦᠷ ᠶᠢᠡᠨ ᠥᠵᠡᠭᠦᠯᠭᠦ ᠪᠠᠷ ᠢᠷᠡᠭ᠍ᠰᠡᠨ ᠶᠤᠮ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2689
ᠴᠠᠭ᠄ 2012 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ