ᠰᠢᠷᠭᠠᠭᠤ ᠴᠢᠷᠮᠠᠢ᠌ᠯᠭ᠎ᠠ᠂ ᠰᠢᠯᠢᠳᠡᠭ᠌ ᠠᠮᠵᠢᠯᠳᠠ
— ᠬᠦᠬᠡᠬᠤᠲᠠ ᠶᠢᠨ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠤᠨ ᠮᠤᠩᠭ᠋ᠤᠯ ᠥᠭᠡ ᠭᠡᠯᠡᠨ ᠤ ᠵᠢᠭᠠᠨ ᠰᠤᠷᠭᠠᠯᠳᠠ ᠶᠢᠨ ᠳᠤᠬᠠᠢ ᠰᠤᠯᠠ ᠳᠡᠮᠳᠡᠭᠯᠡᠯ

ᠨᠢᠭᠡ᠂ ᠴᠡᠴᠡᠷᠯᠢᠭ᠌ ᠤᠨ ᠶᠡᠷᠦᠩᠭᠡᠢ ᠪᠠᠢ᠌ᠳᠠᠯ

ᠮᠠᠨ ᠤ ᠴᠡᠴᠡᠷᠯᠢᠭ᠌ (ᠬᠦᠬᠡᠬᠤᠲᠠ ᠶᠢᠨ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌) ᠪᠣᠯ 1982 ᠣᠨ ᠤ 6 ᠰᠠᠷ᠎ᠠ ᠳᠤ ᠪᠠᠢ᠌ᠭᠤᠯᠤᠭᠳᠠᠭᠰᠠᠨ᠂ 13200 ᠳᠡᠭ᠍ᠰᠢ ᠳᠦᠷᠪᠡᠯᠵᠢᠨ ᠮᠸᠲ᠋ᠷ ᠳᠠᠯᠠᠪᠠᠢ ᠲᠡᠶ᠂ 12000 ᠳᠡᠭ᠍ᠰᠢ ᠳᠦᠷᠪᠡᠯᠵᠢᠨ ᠮᠸᠲ᠋ᠷ ᠭᠡᠷ ᠪᠠᠷᠢᠯᠭ᠎ᠠ ᠲᠡᠶ᠂ ᠬᠦᠬᠡᠬᠤᠲᠠ ᠶᠢᠨ ᠰᠠᠢ᠌ᠬᠠᠨ ᠳᠤᠭᠤᠷᠢᠭ ᠲᠤ ᠬᠠᠷᠢᠶᠠᠯᠠᠭᠳᠠᠵᠤ ᠪᠠᠢ᠌ᠭ᠎ᠠ ᠪᠦᠭᠦ ᠬᠤᠳᠠ ᠶᠢᠨ ᠭᠡᠪᠴᠢᠶᠡᠨ ᠳ᠋ᠠᠭᠢ 3-6 ᠨᠠᠰᠤᠨ ᠤ ᠮᠤᠩᠭ᠋ᠤᠯ ᠬᠡᠦᠬᠡᠳ ᠲᠤ ᠬᠠᠠᠳᠤᠭᠤᠯᠤᠭᠰᠠᠨ ᠴᠤᠷ ᠤᠨ ᠭᠠᠭᠴᠠ ᠮᠤᠩᠭ᠋ᠤᠯ ᠶᠢᠡᠷ ᠭᠢᠴᠢᠶᠡᠯᠯᠡᠳᠡᠭ᠌ ᠬᠡᠦᠬᠡᠳ ᠤᠨ ᠴᠡᠴᠡᠷᠯᠢᠭ᠌ ᠪᠣᠯᠬᠤ ᠶᠤᠮ᠃ ᠣᠳᠤ ᠶᠡᠭᠡ᠂ ᠳᠤᠮᠳᠠ᠂ ᠪᠠᠭ᠎ᠠ 18 ᠠᠩᠭᠢ ᠲᠡᠶ᠂ ᠵᠢᠷᠭᠤᠭᠠᠨ ᠵᠠᠭᠤ ᠰᠢᠬᠠᠮ ᠬᠡᠦᠬᠡᠳ ᠲᠡᠶ᠂ ᠨᠠᠢ᠌ᠳᠠ 70 ᠨᠠᠷᠠᠰ ᠪᠠᠭᠰᠢ ᠠᠵᠢᠯᠳᠠᠤᠨ ᠲᠡᠶ᠂ ᠳᠡᠭᠦᠨ ᠤ ᠳᠤᠳᠤᠷ᠎ᠠ 98% ᠨᠢ ᠴᠦᠮ ᠮᠤᠩᠭ᠋ᠤᠯ ᠶᠢᠡᠷ ᠳᠡᠭᠡᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠳᠡᠭᠦᠰᠦᠭ᠍ᠰᠡᠨ ᠪᠦᠭᠡᠳ ᠪᠦᠷ ᠳᠤᠰ ᠳᠤᠰ ᠤᠨ ᠠᠵᠢᠯ ᠤᠨ ᠶᠢᠡᠨ ᠪᠠᠷᠢᠮᠵᠢᠶ᠎ᠠ ᠱᠠᠭᠠᠷᠳᠠᠯᠭ᠎ᠠ ᠳᠤ ᠭᠦᠷᠦᠭ᠍ᠰᠡᠨ ᠳᠡᠭᠡᠳᠤ ᠵᠡᠷᠭᠡ ᠶᠢᠨ ᠮᠡᠷᠭᠡᠵᠢᠯ ᠤᠨ ᠴᠤᠯᠠ ᠲᠡᠶ ᠪᠠᠭᠰᠢ ᠨᠡᠷ ᠪᠠᠢ᠌ᠭ᠎ᠠ ᠶᠤᠮ᠃ ᠴᠡᠴᠡᠷᠯᠢᠭ᠌ ᠤᠨ ᠡᠯ᠎ᠡ ᠳᠠᠯ᠎ᠠ ᠶᠢᠨ ᠨᠥᠭᠦᠴᠡᠯ ᠪᠠᠷᠢᠮᠵᠢᠶ᠎ᠠ ᠨᠠᠯᠢᠶᠠᠤᠨ ᠳᠠᠪᠠᠭᠤᠯᠢᠭ ᠪᠠᠢ᠌ᠵᠤ᠂ ᠣᠯᠠᠨ ᠣᠳᠠᠭ᠎ᠠ ᠣᠷᠤᠨ᠂ ᠬᠤᠳᠠ᠂ ᠳᠤᠭᠤᠷᠢᠭ ᠵᠡᠷᠭᠡ ᠭᠡᠳᠤᠨ ᠱᠠᠳᠤᠨ ᠤ ᠳᠡᠷᠢᠭᠦᠨ ᠤ ᠨᠢᠭᠡᠴᠡ᠂ ᠰᠢᠯᠢᠳᠡᠭ᠌ ᠴᠡᠴᠡᠷᠯᠢᠭ᠌ ᠶᠢᠡᠷ ᠭᠦᠭᠢᠭᠦᠯᠦᠭ᠍ᠳᠡᠨ ᠱᠠᠩᠨᠠᠭᠳᠠᠵᠤ᠂ ᠳᠡᠷᠢᠭᠦᠨ ᠤ ᠣᠢ᠌ᠯᠠ ᠠᠵᠢᠯᠯᠠᠭ᠎ᠠ ᠪᠠᠨ ᠣᠯᠠᠨ ᠨᠠᠢ᠌ᠳᠠ ᠳᠤ ᠱᠠᠭᠰᠢᠭᠤᠯᠤᠨ ᠪᠠᠬᠠᠷᠤᠭᠤᠯᠤᠭᠰᠠᠭᠠᠷ ᠢᠷᠠᠵᠠᠢ᠃

ᠨᠠᠩ ᠳᠤᠷᠠᠳᠤᠭᠤᠰᠢᠳᠠᠢ ᠨᠢ᠂ ᠡᠨᠡ ᠵᠢᠯ ᠴᠡᠴᠡᠷᠯᠢᠭ᠌ ᠤᠨ ᠶᠢᠡᠨ ᠭᠦᠷᠢᠶ᠎ᠡ ᠭᠡᠪᠴᠢᠶ᠎ᠡ ᠶᠢ ᠦᠷᠭᠡᠳᠭᠡᠵᠤ᠂ ᠵᠢᠭᠠᠨ ᠰᠤᠷᠭᠠᠬᠤ ᠣᠷᠴᠢᠨ ᠳᠤᠭᠤᠷᠢᠨ ᠪᠣᠯᠤᠨ ᠶᠠᠰᠤ ᠴᠢᠨᠠᠷ ᠶᠢᠡᠨ ᠣᠯᠠᠮ ᠨᠢᠭᠡ ᠠᠯᠬᠤᠮ ᠳᠡᠭᠡᠭ᠍ᠰᠢᠯᠡᠭᠦᠯᠤᠨ ᠰᠠᠢ᠌ᠵᠢᠷᠠᠭᠤᠯᠬᠤ ᠶᠢᠨ ᠳᠤᠰᠠᠳᠠ᠂ ᠴᠡᠴᠡᠷᠯᠢᠭ᠌ ᠶᠢᠡᠨ ᠦᠷᠭᠡᠳᠭᠡᠨ ᠰᠢᠨᠠᠴᠢᠯᠠᠵᠤ ᠪᠠᠢ᠌ᠭᠤᠯᠤᠭᠰᠠᠨ ᠪᠠᠢ᠌ᠨ᠎ᠠ᠃ ᠡᠭᠦᠨ ᠳᠤ (1) ᠠᠩᠭᠢ ᠶᠢᠨ ᠭᠡᠷ 8 (2) ᠬᠡᠦᠬᠡᠳ ᠤᠨ ᠣᠰᠤᠨ ᠣᠮᠪᠠᠯᠳᠠ ᠶᠢᠨ ᠳᠠᠩᠭᠢᠮ (3) ᠣᠯᠠᠮᠵᠢᠯᠠᠯᠳᠤ ᠰᠤᠷᠭᠠᠨ ᠭᠦᠮᠦᠵᠢᠯ ᠰᠠᠭᠤᠷᠢᠨ ᠭᠠᠵᠠᠷ (ᠳᠠᠯ᠎ᠠ ᠨᠤᠳᠤᠭ ᠤᠨ ᠦᠵᠡᠮᠵᠢ) (4) ᠳᠤᠭᠯᠠᠯᠳᠠ ᠶᠢᠨ ᠳᠤᠮᠤ ᠳᠠᠩᠭᠢᠮ (288 ᠰᠠᠭᠤᠳᠠᠯ ᠳᠠᠢ) (4) ᠭᠠᠷ ᠣᠷᠠᠯᠠᠯ ᠤᠨ ᠳᠠᠩᠭᠢᠮ (5) ᠪᠦᠵᠢᠭ᠌ ᠤᠨ ᠳᠠᠩᠭᠢᠮ (6) ᠳᠠᠭᠤᠤ ᠭᠦᠭ᠍ᠵᠢᠮ ᠤᠨ ᠳᠠᠩᠭᠢᠮ (7)ᠲ᠋ᠤᠭᠯᠠᠭᠠᠮ ᠤᠨ ᠥᠷᠦᠭᠡ (8) ᠥᠵᠡᠭᠦᠯᠦᠯᠭᠡ ᠶᠢᠨ ᠥᠷᠦᠭᠡ (9) ᠭᠠᠳᠠᠨ᠎ᠠ (ᠠᠰᠠᠷ ᠤᠨ ᠣᠷᠤᠢ ᠳ᠋ᠠᠭᠢ) ᠭᠦᠳᠡᠯᠭᠡᠭᠡᠨ ᠤ ᠳᠠᠯᠠᠪᠣᠷ (10) ᠠᠩᠬᠠᠨ ᠤ ᠭᠦᠮᠦᠵᠢᠯ ᠤᠨ ᠲᠦᠪ (11) ᠰᠡᠷᠡᠭᠦᠢ ᠪᠣᠯᠪᠠᠰᠤᠷᠠᠭᠤᠯᠬᠤ ᠳᠠᠰᠤᠭ (12) ᠪᠠᠭᠰᠢᠨᠠᠷ ᠤᠨ ᠺᠦᠮᠫᠧᠦᠲ᠋ᠸᠷᠴᠢᠯᠡᠭ᠍ᠰᠡᠨ ᠭᠢᠴᠢᠶᠠᠯ ᠪᠡᠯᠡᠳᠭᠡᠭᠦ ᠠᠯᠪᠠᠨ ᠭᠡᠷ ᠭᠡᠭᠦ ᠮᠠᠳᠤ ᠶᠢᠨ ᠣᠯᠠᠨ ᠠᠷᠪᠢᠨ ᠭᠡᠷ ᠥᠷᠦᠭᠡ᠂ ᠳᠤᠨᠤᠭ ᠳᠦᠭᠦᠭᠡᠷᠦᠮᠵᠢ ᠶᠢ ᠪᠠᠢ᠌ᠭᠤᠯᠤᠭᠰᠠᠨ ᠪᠠᠢ᠌ᠨ᠎ᠠ᠃

ᠬᠤᠶᠠᠷ᠂ ᠳᠤᠯᠭᠠᠷᠠᠵᠤ ᠣᠴᠠᠷᠠᠭᠰᠠᠨ ᠭᠦᠴᠢᠷᠳᠡᠯ ᠤᠳ ᠪᠣᠶᠤ ᠳᠤᠭᠤᠯᠵᠤ ᠭᠠᠷᠤᠭᠰᠠᠨ ᠵᠠᠮ

(ᠨᠢᠭᠡ) ᠪᠣᠳᠠᠳᠤ ᠭᠦᠴᠢᠷᠳᠡᠯ᠂ ᠪᠣᠰᠤᠤᠠᠴᠢ ᠠᠷᠭ᠎ᠠ ᠠᠪᠴᠢᠯ᠂ ᠳᠦᠷᠢᠮ ᠳᠤᠭᠳᠠᠭᠠᠯ

ᠨᠢᠭᠡᠨ ᠰᠤᠷᠭᠠᠨ ᠭᠦᠮᠦᠵᠢᠯ ᠤᠨ ᠪᠠᠢ᠌ᠭᠤᠯᠭ᠎ᠠ ᠨᠢᠭᠡᠴᠡ ᠭᠢᠭᠡᠳ ᠨᠢᠭᠡᠨ ᠰᠤᠷᠭᠠᠨ ᠭᠦᠮᠦᠵᠢᠭᠦᠯᠳᠡᠨ ᠤ ᠬᠤᠪᠢ ᠳᠤ ᠠᠪᠴᠤ ᠭᠡᠯᠡᠪᠠᠯ᠂ ᠦᠪᠡᠷ ᠤᠨ ᠣᠢ᠌ᠯᠠᠰ ᠲᠡᠭᠡᠨ ᠵᠦᠪ ᠣᠪᠣᠷ ᠶᠢᠡᠷ ᠬᠠᠠᠳᠤᠵᠤ ᠦᠪᠡᠷ ᠤᠨ ᠦᠵᠡᠯᠳᠠ ᠵᠤᠭᠰᠤᠯᠳᠠ ᠪᠠᠳᠤ᠂ ᠪᠣᠳᠤᠴᠠ ᠰᠠᠳᠭᠢᠴᠠ ᠰᠢᠨ᠎ᠠ ᠰᠤᠷᠭᠤᠭ᠂ ᠢᠷᠡᠭᠡᠳᠦᠢ ᠶᠢᠨ ᠭᠦᠰᠡᠯ ᠵᠤᠷᠢᠭ ᠣᠷᠭᠢᠯᠤᠮ᠎ᠠ᠂ ᠭᠦᠷᠭᠦ ᠬᠠᠷᠠᠯᠳᠠ ᠳᠤᠳᠤ᠂ ᠭᠦᠴᠢᠷ ᠪᠠᠷᠭᠡ ᠶᠢ ᠢᠯᠠᠨ ᠳᠠᠪᠠᠬᠤ ᠠᠤᠭ᠎ᠠ ᠵᠤᠷᠢᠭ ᠰᠦᠰᠦ ᠲᠡᠶ ᠪᠠᠢ᠌ᠬᠤ ᠨᠢ ᠬᠠᠮᠤᠭ ᠴᠢᠬᠤᠯᠠ ᠶᠤᠮ᠃

ᠮᠠᠨ ᠤ ᠴᠡᠴᠡᠷᠯᠢᠭ᠌ ᠨᠢ ᠡᠨᠡᠭᠦ ᠬᠤᠷᠢᠨ ᠵᠢᠷᠭᠤᠭᠠᠨ ᠵᠢᠯ ᠤᠨ ᠳᠡᠦᠭᠡ ᠶᠢᠨ ᠶᠠᠪᠣᠴᠠ ᠳᠠᠭᠠᠨ ᠭᠡᠴᠢᠨᠡᠨ ᠣᠯᠠᠨ ᠰᠠᠯᠭᠢ ᠪᠣᠷᠤᠭᠠᠨ ᠤ ᠬᠠᠳᠠᠭᠤ ᠰᠢᠷᠦᠭᠦᠨ ᠰᠢᠯᠭᠠᠯᠳᠠ᠂ ᠬᠠᠢ᠌ᠷ᠎ᠠ ᠨᠠᠢ᠌ᠷ ᠦᠭᠡᠶ ᠴᠤᠭᠢᠯᠳᠠ ᠶᠢ ᠥᠩᠭᠡᠷᠡᠭᠡᠭ᠍ᠰᠡᠭᠡᠷ ᠢᠷᠠᠵᠠᠢ᠃ ᠡᠭᠦᠨ ᠳᠤ ᠵᠢᠱᠢᠶᠠᠯᠠᠪᠠᠯ᠂ ᠮᠠᠨ ᠤ ᠴᠡᠴᠡᠷᠯᠢᠭ᠌ ᠨᠢ ᠨᠡᠢ᠌ᠭᠡᠮ ᠤᠨ ᠡᠯᠳᠡᠪ ᠵᠣᠢ᠌ᠯ ᠤᠨ ᠰᠢᠯᠳᠠᠭᠠᠨ᠂ ᠭᠦᠮᠤᠨ ᠤ ᠦᠵᠡᠯᠳᠠ ᠳᠠᠨᠢᠯᠳᠠ ᠶᠢᠨ ᠡᠭᠡᠳᠡᠷᠭᠡ ᠪᠦᠭ᠍ᠳᠦᠷᠭᠡ ᠵᠡᠷᠭᠡ ᠰᠢᠯᠳᠠᠭᠠᠨ ᠡᠴᠡ ᠪᠣᠯᠵᠤ ᠨᠢᠭᠡᠨ ᠦᠶ᠎ᠡ ᠮᠤᠩᠭ᠋ᠤᠯ ᠶᠢᠡᠷ ᠰᠤᠷᠬᠤ ᠬᠡᠦᠬᠡᠳ ᠴᠥᠭᠡᠭᠡᠷᠡᠨ ᠬᠤᠪᠣᠷᠳᠠᠵᠤ᠂ ᠨᠢᠭᠡ ᠠᠩᠭᠢ ᠳᠤ ᠵᠥᠪᠭᠡᠨ 5-10 ᠬᠡᠦᠬᠡᠳ ᠲᠡᠶ ᠪᠣᠯᠤᠭᠰᠠᠨ ᠣᠳᠠᠭ᠎ᠠ ᠴᠤ ᠪᠠᠢ᠌ᠳᠠᠭ᠃ ᠡᠨᠡ ᠨᠢ ᠮᠠᠨ ᠤ ᠵᠢᠭᠠᠨ ᠰᠤᠷᠭᠠᠯᠳᠠ ᠳᠤ ᠭᠦᠡᠳᠤ ᠨᠤᠴᠢᠳᠠᠢ ᠴᠤᠭᠢᠯᠳᠠ ᠪᠣᠯᠵᠤ ᠪᠠᠢ᠌ᠭᠰᠠᠨ᠃ ᠨᠢᠭᠡᠨ ᠰᠤᠷᠭᠠᠨ ᠭᠦᠮᠦᠵᠢᠯ ᠤᠨ ᠪᠠᠢ᠌ᠭᠤᠯᠭ᠎ᠠ ᠨᠢᠭᠡᠴᠡ ᠳᠤ ᠠᠪᠴᠤ ᠭᠡᠯᠡᠪᠠᠯ᠂ ᠰᠤᠷᠤᠭᠴᠢ (ᠬᠡᠦᠬᠡᠳ) ᠣᠯᠳᠠᠬᠤ ᠦᠭᠡᠶ᠂ ᠰᠤᠷᠤᠯᠴᠠᠬᠤ ᠭᠦᠮᠤᠨ ᠦᠭᠡᠶ ᠭᠡᠳᠡᠭ᠌ ᠣᠬᠠᠭᠳᠠᠬᠤᠨ ᠨᠢ ᠭᠦᠮᠤᠨ ᠳᠤ ᠶᠠᠮᠠᠷ ᠰᠢᠤ ᠣᠢ᠌ᠯᠠᠭᠠᠭᠳᠠᠬᠤᠨ ᠢ ᠦᠭ‍ᠭᠦ ᠪᠢᠯᠠ ᠳ᠋ᠠ ⁈ ᠡᠢ᠌ᠮᠦᠷᠭᠦ ᠪᠠᠢ᠌ᠳᠠᠯ ᠳᠤᠤᠷ᠎ᠠ ᠮᠠᠨ ᠤ ᠴᠡᠴᠡᠷᠯᠢᠭ᠌ ᠨᠢ ᠶᠠᠷᠤ ᠡᠴᠡ ᠵᠠᠷᠴᠢᠮ ᠶᠢᠡᠨ ᠠᠯᠳᠠᠭ᠎ᠠ ᠦᠭᠡᠶ᠂ ᠵᠤᠭᠰᠤᠯᠳᠠ ᠦᠵᠡᠯᠳᠠ ᠪᠠᠳᠤ ᠴᠢᠩᠭ᠋᠎ᠠ ᠪᠠᠢ᠌ᠵᠤ ᠨᠢᠭᠡ ᠬᠡᠦᠬᠡᠳ ᠪᠠᠢ᠌ᠭᠰᠠᠨ ᠴᠤ ᠮᠤᠩᠭ᠋ᠤᠯ ᠶᠢᠡᠷ ᠰᠤᠷᠬᠤ ᠠᠩᠭᠢ ᠶᠢ ᠣᠰᠠᠳᠬᠠᠵᠤ ᠪᠣᠯᠬᠤ ᠦᠭᠡᠶ᠂ ᠡᠷᠭᠢᠯᠡᠭᠦ ᠭᠡᠷᠡᠭ᠍ᠳᠡᠢ ᠭᠡᠰᠡᠨ ᠣᠷᠢᠶᠠᠯᠭ᠎ᠠ ᠶᠢ ᠳᠤᠷᠠᠳᠤᠨ ᠭᠠᠷᠭᠠᠵᠤ᠂ ᠬᠡᠦᠬᠡᠳ ᠤᠨ ᠢᠷᠠᠯᠳᠠ᠂ ᠥᠭᠡ ᠭᠡᠯᠡᠨ ᠤ ᠰᠠᠭᠤᠷᠢ᠂ ᠭᠢᠷᠢ ᠭᠡᠮᠵᠢᠶ᠎ᠡ ᠶᠢᠨ ᠠᠳᠠᠯᠢ ᠪᠣᠰᠤ ᠪᠠᠢ᠌ᠳᠠᠯ ᠢ ᠦᠨᠳᠦᠰᠦᠯᠠᠵᠤ ᠴᠡᠴᠡᠷᠯᠢᠭ᠌ ᠤᠨ ᠳᠤᠳᠤᠷ᠎ᠠ ᠪᠠᠨ ᠮᠤᠩᠭ᠋ᠤᠯ ᠥᠭᠡ ᠭᠡᠯᠡ ᠪᠠᠨ ᠰᠤᠷᠴᠤ ᠭᠡᠷᠡᠭᠯᠡᠭᠦ ᠪᠠ ᠵᠢᠭᠠᠨ ᠰᠤᠷᠭᠠᠬᠤ ᠳᠤᠬᠠᠢ ᠴᠢᠩᠭ᠋᠎ᠠ ᠳᠦᠷᠢᠮ ᠳᠤᠭᠳᠠᠭᠠᠯ ᠢ ᠳᠤᠭᠳᠠᠭᠠᠨ ᠭᠡᠷᠡᠭ᠍ᠵᠢᠭᠦᠯᠦᠭ᠍ᠰᠡᠨ ᠪᠠᠢ᠌ᠨ᠎ᠠ᠂ ᠪᠣᠳᠠᠳᠠᠢ ᠠᠷᠭ᠎ᠠ ᠭᠡᠪᠠᠯ᠄

1. ᠴᠡᠴᠡᠷᠯᠢᠭ᠌ ᠤᠨ ᠪᠠᠭᠰᠢ ᠠᠵᠢᠯᠳᠠᠤᠨ᠂ ᠳᠤᠰ ᠴᠡᠴᠡᠷᠯᠢᠭ᠌ ᠲᠤ ᠠᠵᠢᠯᠯᠠᠵᠤ ᠪᠠᠢ᠌ᠭ᠎ᠠ ᠬᠤᠭᠤᠴᠠᠭᠠᠨ ᠳᠠᠭᠠᠨ ᠮᠤᠩᠭ᠋ᠤᠯ ᠥᠭᠡ ᠪᠠᠨ ᠮᠠᠳᠠᠵᠤ ᠭᠡᠯᠡᠵᠤ ᠴᠢᠳᠠᠳᠠᠭ ᠪᠦᠭᠦᠨ ᠡᠳᠦᠷ ᠳᠤᠳᠤᠮ ᠤᠨ ᠠᠮᠢᠳᠤᠷᠠᠯ᠂ ᠠᠵᠢᠯ ᠤᠨ ᠳᠤᠮᠳᠠ ᠬᠠᠷᠢᠯᠴᠠᠨ ᠬᠠᠷᠢᠴᠠᠬᠤ ᠳᠠᠭᠠᠨ ᠵᠠᠪᠠᠯ ᠦᠪᠡᠷ ᠤᠨ ᠦᠨᠳᠦᠰᠦᠳᠠᠨ ᠤ ᠥᠭᠡ ᠭᠡᠯᠡ ᠪᠠᠷ ᠶᠢᠡᠨ ᠶᠠᠷᠢᠵᠤ ᠭᠡᠯᠡᠯᠴᠡᠨ ᠬᠠᠷᠢᠴᠠᠬᠤ ᠭᠡᠷᠡᠭ᠍ᠳᠡᠢ᠃ ᠭᠡᠷᠪᠡ ᠮᠤᠩᠭ᠋ᠤᠯ ᠥᠭᠡ ᠪᠠᠨ ᠮᠡᠳᠡᠭᠦ ᠦᠭᠡᠶ ᠪᠣᠶᠤ ᠮᠤᠩᠭ᠋ᠤᠯ ᠦᠨᠳᠦᠰᠦᠳᠠᠨ ᠪᠢᠰᠢ᠂ ᠪᠣᠰᠤᠳ ᠦᠨᠳᠦᠰᠦᠳᠠᠨ ᠪᠣᠯ ᠬᠠᠮᠤᠭ ᠤᠨ ᠨᠠᠭᠠᠳᠤ ᠵᠠᠬ᠎ᠠ ᠳᠠᠭᠠᠨ ᠡᠳᠦᠷ ᠳᠤᠳᠤᠮ ᠤᠨ ᠭᠡᠷᠡᠭᠯᠡᠭᠡᠨ ᠤ ᠮᠤᠩᠭ᠋ᠤᠯ ᠥᠭᠡ ᠶᠢ ᠰᠤᠷᠴᠤ ᠡᠵᠡᠮᠰᠢᠨ ᠣᠢ᠌ᠯᠠᠭᠠᠵᠤ ᠠᠪᠣᠭᠰᠠᠨ ᠭᠡᠷᠡᠭ᠍ᠳᠡᠢ᠃

2. ᠭᠡᠷ ᠤᠨ ᠠᠬᠠᠮᠠᠤᠨ ᠭᠡᠷᠪᠡ ᠮᠠᠨ ᠤ ᠴᠡᠴᠡᠷᠯᠢᠭ᠌ ᠲᠤ ᠬᠡᠦᠬᠡᠳ ᠶᠢᠡᠨ ᠭᠦᠷᠭᠡᠭᠦ ᠳᠤ ᠭᠦᠷᠪᠠᠯ ᠴᠡᠴᠡᠷᠯᠢᠭ᠌ ᠲᠤ ᠣᠷᠤᠭᠰᠠᠨ ᠬᠡᠦᠬᠡᠳ ᠪᠦᠭᠦᠨ ᠮᠤᠩᠭ᠋ᠤᠯ ᠥᠭᠡ ᠭᠡᠯᠡ ᠶᠢ ᠵᠠᠪᠠᠯ ᠰᠤᠷᠬᠤ ᠮᠥᠷᠳᠡᠭᠡᠨ ᠨᠠᠩ ᠢᠯᠠᠩᠭ᠋ᠤᠶ᠎ᠠ ᠭᠢᠳᠠᠤᠨ ᠬᠡᠦᠬᠡᠳ ᠪᠣᠶᠤ ᠪᠣᠰᠤᠳ ᠦᠨᠳᠦᠰᠦᠳᠠᠨ ᠤ ᠬᠡᠦᠬᠡᠳ ᠭᠡᠰᠡᠨ ᠴᠤ ᠵᠠᠪᠠᠯ ᠮᠠᠨ ᠤ ᠥᠭᠡ ᠭᠡᠯᠡᠨ ᠤ ᠭᠢᠴᠢᠶᠠᠯ ᠢ ᠣᠷᠤᠵᠤ᠂ ᠮᠤᠩᠭ᠋ᠤᠯ ᠥᠭᠡ ᠭᠡᠯᠡ ᠶᠢ ᠰᠤᠷᠬᠤ ᠭᠡᠷᠡᠭ᠍ᠳᠡᠢ᠃

3. ᠪᠠᠭᠰᠢ ᠨᠡᠷ ᠵᠠᠪᠠᠯ ᠡᠳᠦᠷ ᠳᠤᠳᠤᠮ ᠤᠨ ᠠᠮᠢᠳᠤᠷᠠᠯ ᠤᠨ ᠳᠤᠮᠳᠠ ᠴᠢᠳᠠᠬᠤ ᠨᠥᠭᠦᠴᠡᠯ ᠳᠤᠤᠷ᠎ᠠ ᠬᠡᠦᠬᠡᠳ ᠤᠳ ᠲᠡᠶ ᠮᠤᠩᠭ᠋ᠤᠯ ᠶᠢᠡᠷ ᠬᠠᠷᠢᠯᠴᠠᠵᠤ᠂ ᠡᠳᠦᠷ ᠳᠤᠳᠤᠮ ᠤᠨ ᠭᠡᠷᠡᠭᠯᠡᠳᠡᠭ᠌ ᠶᠤᠰᠤᠷᠬᠠᠭ ᠥᠭᠡ ᠪᠠᠷ (ᠮᠤᠩᠭ᠋ᠤᠯ ᠶᠢᠡᠷ) ᠮᠠᠠᠳᠤᠯᠴᠠᠨ᠂ ᠬᠡᠦᠬᠡᠳ ᠤᠳ ᠢ ᠬᠤᠭᠤᠷᠤᠠᠳᠤ ᠪᠠᠨ ᠮᠤᠩᠭ᠋ᠤᠯ ᠶᠢᠡᠷ ᠭᠡᠯᠡᠯᠴᠡᠭᠦ ᠶᠢ ᠴᠢᠩᠭ᠋᠎ᠠ ᠱᠠᠭᠠᠷᠳᠠᠬᠤ ᠭᠡᠷᠡᠭ᠍ᠳᠡᠢ᠃

4. ᠬᠡᠦᠬᠡᠳ ᠤᠳ ᠲᠤ ᠰᠢᠯᠢᠳᠡᠭ᠌ ᠰᠠᠢ᠌ᠨ ᠣᠷᠴᠢᠨ ᠳᠤᠭᠤᠷᠢᠨ ᠢ ᠪᠦᠷᠢᠯᠳᠦᠭᠦᠯᠵᠤ ᠦᠭ‍ᠭᠦ ᠶᠢ ᠴᠢᠬᠤᠯᠠᠴᠢᠯᠠᠵᠤ ᠴᠡᠴᠡᠷᠯᠢᠭ᠌ ᠤᠨ ᠳᠤᠳᠤᠷ᠎ᠠ ᠪᠠᠨ ᠴᠤᠯ ᠮᠤᠩᠭ᠋ᠤᠯ ᠠᠩᠭᠢ ᠶᠢᠨ ᠳᠤᠭᠤᠷᠢᠭ ᠪᠠ ᠮᠤᠩᠭ᠋ᠤᠯ ᠥᠭᠡ ᠭᠡᠯᠡ ᠨᠠᠮᠠᠵᠤ ᠰᠤᠷᠬᠤ ᠠᠩᠭᠢ ᠶᠢᠨ ᠳᠤᠭᠤᠷᠢᠭ ᠭᠡᠵᠤ ᠬᠤᠪᠢᠶᠠᠨ᠎ᠠ᠃᠂ ᠴᠤᠯ ᠮᠤᠩᠭ᠋ᠤᠯ ᠶᠢᠡᠷ ᠭᠢᠴᠢᠶᠡᠯᠯᠡᠭᠦ ᠠᠩᠭᠢ ᠶᠢᠨ ᠪᠠᠭᠰᠢ ᠨᠡᠷ ᠵᠠᠪᠠᠯ ᠪᠦᠭᠦ ᠳᠠᠯ᠎ᠠ ᠶᠢᠨ ᠴᠢᠳᠠᠪᠣᠷᠢ ᠪᠦᠷᠢᠨ᠂ ᠳᠤᠷᠰᠢᠯᠭ᠎ᠠ ᠰᠤᠷᠭᠠᠮᠵᠢ ᠳᠡᠭᠦᠰ᠂ ᠥᠭᠡ ᠭᠡᠯᠡ ᠪᠠᠷᠢᠮᠵᠢᠶᠠᠯᠠᠭ᠂ ᠥᠰᠦᠭ᠌ ᠪᠢᠴᠢᠭ᠌ ᠳᠡᠭ᠍ᠰᠢ ᠪᠠᠢ᠌ᠬᠤ ᠭᠡᠷᠡᠭ᠍ᠳᠡᠢ ᠮᠥᠷᠳᠡᠭᠡᠨ ᠭᠤᠷᠪᠠᠨ ᠵᠢᠯ ᠤᠨ ᠬᠤᠭᠤᠴᠠᠭᠠᠨ ᠳᠤ ᠬᠡᠦᠬᠡᠳ ᠤᠳ ᠢ ᠴᠤᠯ ᠮᠤᠩᠭ᠋ᠤᠯ ᠶᠢᠡᠷ ᠣᠷᠤᠰᠤᠮ᠎ᠠ ᠰᠠᠢ᠌ᠬᠠᠨ ᠭᠡᠯᠡᠵᠤ ᠶᠠᠷᠢᠨ᠂ ᠣᠶᠠᠩᠭ᠋ᠠᠯᠠᠵᠤ ᠰᠢᠯᠦᠭᠯᠡᠨ᠂ ᠳᠠᠭᠤᠯᠠᠵᠤ ᠳᠤᠭᠯᠠᠵᠤ ᠴᠢᠳᠠᠬᠤ ᠪᠣᠯᠭᠠᠬᠤ ᠭᠡᠷᠡᠭ᠍ᠳᠡᠢ᠃ ᠮᠤᠩᠭ᠋ᠤᠯ ᠥᠭᠡ ᠭᠡᠯᠡ ᠨᠠᠮᠠᠵᠤ ᠰᠤᠷᠬᠤ ᠠᠩᠭᠢ ᠳᠤ ᠬᠠᠮᠤᠭ ᠤᠨ ᠨᠠᠭᠠᠳᠤ ᠵᠠᠬ᠎ᠠ ᠨᠢ ᠮᠤᠩᠭ᠋ᠤᠯ ᠥᠭᠡ ᠭᠡᠯᠡ ᠪᠠᠨ ᠰᠠᠢ᠌ᠨ ᠮᠡᠳᠡᠳᠡᠭ᠌ ᠨᠢᠭᠡ ᠮᠤᠩᠭ᠋ᠤᠯ ᠥᠭᠡ ᠭᠡᠯᠡᠨ ᠤ ᠭᠢᠴᠢᠶᠠᠯ ᠤᠨ ᠪᠠᠭᠰᠢ ᠶᠢ ᠳᠤᠭᠢᠷᠠᠭᠤᠯᠤᠭᠰᠠᠨ ᠪᠠᠢ᠌ᠬᠤ ᠭᠡᠷᠡᠭ᠍ᠳᠡᠢ ᠪᠦᠭᠡᠳ ᠬᠡᠦᠬᠡᠳ ᠤᠳ ᠢ ᠭᠤᠷᠪᠠᠨ ᠵᠢᠯ ᠤᠨ ᠬᠤᠭᠤᠴᠠᠭᠠᠨ ᠳᠤ ᠡᠳᠦᠷ ᠳᠤᠳᠤᠮ ᠤᠨ ᠠᠮᠢᠳᠤᠷᠠᠯ ᠤᠨ ᠳᠤᠮᠳᠠᠭᠢ ᠮᠤᠩᠭ᠋ᠤᠯ ᠥᠭᠡ ᠥᠭᠦᠯᠡᠪᠦᠷᠢ ᠶᠢ ᠮᠤᠩᠭ᠋ᠤᠯ ᠶᠢᠡᠷ ᠶᠠᠷᠢᠵᠤ ᠭᠡᠯᠡᠯᠴᠡᠵᠤ ᠴᠢᠳᠠᠬᠤ ᠮᠥᠷᠳᠡᠭᠡᠨ ᠣᠬᠤᠷ ᠳᠦᠭᠦᠮ ᠥᠯᠢᠭᠡᠷ ᠰᠢᠯᠦᠭ᠌ ᠢ ᠶᠠᠷᠢᠵᠤ ᠭᠡᠯᠡᠵᠤ ᠳᠠᠭᠤᠯᠠᠵᠤ ᠳᠤᠭᠯᠠᠵᠤ ᠴᠢᠳᠠᠬᠤ ᠪᠣᠯᠭᠠᠨ᠎ᠠ᠃

5. ᠬᠠᠷᠠᠭᠠᠯᠵᠠᠯᠠᠯ ᠳᠡᠳᠭᠡᠭᠦᠷ ᠤᠨ ᠳᠠᠯ᠎ᠠ ᠪᠠᠷ᠂ ᠴᠤᠯ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ 《ᠮᠸᠩ ᠲᠡᠶ ᠰᠥᠸᠧ ᠯᠢ》 ᠠᠩᠭᠢ ᠳᠤ ᠰᠠᠭᠤᠵᠤ ᠪᠠᠢ᠌ᠭ᠎ᠠ ᠬᠡᠦᠬᠡᠳ ᠤᠳ ᠲᠤ 50% ᠰᠤᠷᠤᠯᠭ᠎ᠠ ᠶᠢᠨ ᠰᠥᠢᠦᠡᠭᠡᠯ ᠤᠨ ᠭᠢᠮᠳᠠᠷᠠᠯ ᠤᠨ ᠬᠠᠷᠠᠭᠠᠯᠵᠠᠯᠠᠯ ᠢ ᠭᠦᠷᠳᠡᠭᠡᠵᠤ᠂ ᠭᠡᠷ ᠤᠨ ᠠᠬᠠᠮᠠᠤᠨ ᠤᠨ ᠠᠵᠤ ᠠᠬᠤᠢ ᠶᠢᠨ ᠳᠠᠷᠤᠭᠠᠰᠤ ᠶᠢ ᠭᠦᠩᠭᠡᠯᠡᠵᠤ᠂ ᠵᠤᠭᠤᠰ ᠮᠥᠩᠭᠦᠨ ᠤ ᠳᠠᠯ᠎ᠠ ᠶᠢᠨ ᠬᠠᠷᠠᠭᠠᠯᠵᠠᠯᠠᠯ ᠭᠦᠷᠳᠡᠭᠡᠵᠤ᠂ ᠬᠡᠦᠬᠡᠳ ᠤᠳ ᠶᠢᠡᠨ ᠮᠤᠩᠭ᠋ᠤᠯ ᠶᠢᠡᠷ ᠰᠤᠷᠭᠠᠬᠤ ᠳᠤ ᠵᠤᠷᠢᠭᠵᠢᠭᠤᠯᠤᠯ ᠪᠣᠯᠭᠠᠵᠠᠢ᠃

6. ᠪᠠᠭᠰᠢᠨᠠᠷ ᠤᠨ ᠶᠢᠡᠨ ᠮᠤᠩᠭ᠋ᠤᠯ ᠰᠤᠶᠤᠯ ᠤᠨ ᠭᠢᠷᠢ ᠭᠡᠮᠵᠢᠶ᠎ᠡ ᠶᠢ ᠳᠡᠭᠡᠭ᠍ᠰᠢᠯᠡᠭᠦᠯᠭᠦ ᠶᠢᠨ ᠳᠤᠰᠠᠳᠠ ᠳᠤᠰᠬᠠᠢ᠌ᠯᠠᠨ ᠮᠤᠩᠭ᠋ᠤᠯ ᠣᠯᠤᠰ ᠤᠨ 《ᠰᠢᠨ᠎ᠠ ᠮᠤᠩᠭ᠋ᠤᠯ ᠰᠤᠷᠭᠠᠭᠤᠯᠢ》 ᠲᠡᠶ ᠭᠡᠷ᠎ᠡ ᠳᠤᠭᠳᠠᠨ ᠣᠷᠳᠤ ᠬᠤᠭᠤᠴᠠᠭᠠᠨ ᠤ ᠬᠠᠷᠢᠴᠠᠭ᠎ᠠ ᠪᠠᠢ᠌ᠭᠤᠯᠵᠤ᠂ ᠪᠠᠭᠰᠢᠨᠠᠷ ᠶᠢᠡᠨ ᠡᠭᠡᠯᠵᠢᠯᠡᠨ ᠮᠤᠩᠭ᠋ᠤᠯ ᠣᠯᠤᠰ ᠶᠢᠡᠷ ᠳᠤᠭᠤᠷᠢᠨ ᠰᠤᠷᠤᠯᠴᠠᠭᠤᠯᠵᠤ᠂ ᠳᠠᠳᠠᠨᠠᠷ ᠢ ᠮᠤᠩᠭ᠋ᠤᠯ ᠰᠤᠶᠤᠯ ᠤᠨ ᠳᠤᠬᠠᠢ ᠢᠯᠡᠭᠦᠤ ᠣᠢ᠌ᠯᠠᠭᠠᠯᠳᠠ ᠲᠡᠶ ᠪᠣᠯᠭᠠᠵᠤ ᠭᠡᠯᠡ ᠪᠠᠨ ᠰᠤᠷᠴᠤ ᠰᠤᠳᠤᠯᠬᠤ ᠢᠳᠡᠭᠡᠯ ᠵᠤᠷᠢᠭ ᠢ ᠭᠦᠪᠴᠢᠯᠡᠩᠰᠡᠨ ᠪᠠᠢ᠌ᠨ᠎ᠠ᠃

ᠳᠡᠭᠡᠷᠡᠭᠢ ᠠᠷᠭ᠎ᠠ ᠭᠡᠯᠪᠠᠷᠢ᠂ ᠳᠦᠷᠢᠮ ᠳᠤᠭᠳᠠᠭᠠᠯ ᠢ ᠠᠪᠣᠭᠰᠠᠨ ᠡᠴᠡ ᠴᠡᠴᠡᠷᠯᠢᠭ᠌ ᠤᠨ ᠭᠡᠪᠴᠢᠶᠡᠨ ᠳᠤ ᠪᠠᠭᠰᠢ ᠨᠡᠷ ᠤᠨ ᠮᠤᠩᠭ᠋ᠤᠯ ᠥᠭᠡ ᠭᠡᠯᠡ ᠪᠠᠨ ᠰᠤᠷᠴᠤ ᠭᠡᠷᠡᠭᠯᠡᠭᠦ ᠪᠠ ᠮᠤᠩᠭ᠋ᠤᠯ ᠶᠢᠡᠷ ᠵᠢᠭᠠᠨ ᠰᠤᠷᠭᠠᠬᠤ ᠣᠷᠮ᠎ᠠ ᠪᠠᠬ᠎ᠠ ᠶᠢ ᠭᠦᠭ᠍ᠵᠢᠭᠡᠨ ᠢᠳᠠᠪᠭᠢᠵᠢᠯ ᠢ ᠭᠦᠢᠴᠡᠳ ᠳᠠᠢ᠌ᠴᠢᠯᠠᠵᠤ ᠴᠢᠳᠠᠭᠰᠠᠨ ᠶᠢᠡᠷ ᠪᠠᠷᠠᠬᠤ ᠦᠭᠡᠶ ᠬᠡᠦᠬᠡᠳ ᠤᠳ ᠤᠨ ᠲᠦᠷᠦᠯᠭᠢ ᠥᠭᠡ ᠭᠡᠯᠡ ᠪᠠᠨ ᠰᠤᠷᠬᠤ ᠣᠢ ᠪᠢᠯᠢᠭ᠌ ᠢ ᠨᠡᠭᠡᠭᠡᠭ᠍ᠳᠡᠭᠦᠯᠤᠨ ᠣᠶᠤᠨ ᠣᠬᠠᠭᠠᠨ ᠢ ᠨᠢ ᠭᠦᠭ᠍ᠵᠢᠭᠡᠵᠤ᠂ ᠥᠷᠭᠡᠨ ᠣᠯᠠᠨ ᠭᠡᠷ ᠤᠨ ᠠᠬᠠᠮᠠᠤᠨ ᠤᠨ ᠰᠠᠢ᠌ᠰᠢᠶᠠᠯ ᠭᠦᠭᠢᠭᠦᠯᠦᠯ᠂ ᠨᠡᠢ᠌ᠭᠡᠮ ᠤᠨ ᠡᠯ᠎ᠡ ᠡᠳᠡᠭᠡᠳ ᠤᠨ ᠭᠢᠨ ᠤ ᠰᠠᠢ᠌ᠨ ᠦᠨᠡᠯᠠᠯᠳᠠ ᠬᠠᠯᠠᠭᠤᠨ ᠭᠦᠷᠢᠶᠡᠯᠡᠯ ᠢ ᠣᠯᠤᠭᠰᠠᠨ ᠪᠠᠢ᠌ᠨ᠎ᠠ᠃᠂ ᠣᠷᠴᠢᠮ ᠤᠨ ᠳᠠᠪᠤᠨ ᠵᠢᠯ ᠤᠨ ᠳᠤᠳᠤᠷ᠎ᠠ ᠮᠠᠨ ᠤ ᠴᠡᠴᠡᠷᠯᠢᠭ᠌ ᠤᠨ ᠮᠤᠩᠭ᠋ᠤᠯ ᠶᠢᠡᠷ ᠰᠤᠷᠬᠤ ᠬᠡᠦᠬᠡᠳ ᠡᠳᠦᠷ ᠡᠴᠡ ᠡᠳᠦᠷ ᠣᠯᠠᠰᠢᠷᠠᠵᠤ᠂ ᠨᠢᠭᠡ ᠠᠩᠭᠢ ᠳᠤ 5-10 ᠬᠡᠦᠬᠡᠳ ᠪᠠᠢ᠌ᠭᠰᠠᠨ ᠡᠴᠡ ᠪᠠᠨ 30-40 ᠬᠡᠦᠬᠡᠳ ᠪᠣᠯᠵᠤ ᠨᠡᠮᠡᠭ᠍ᠳᠡᠭ᠍ᠰᠡᠨ ᠶᠢᠡᠷ ᠪᠠᠷᠠᠬᠤ ᠦᠭᠡᠶ᠂ ᠨᠠᠩ ᠣᠢ᠌ᠷ᠎ᠠ ᠶᠢᠨ ᠬᠤᠶᠠᠷ ᠵᠢᠯ ᠳᠤ (ᠵᠢᠯ ᠪᠦᠷᠢ) ᠨᠢᠭᠡ ᠠᠩᠭᠢ ᠪᠠᠭᠳᠠᠭᠠᠬᠤ ᠦᠭᠡᠶ ᠭᠤᠷᠪᠠᠨ ᠠᠩᠭᠢ ᠪᠣᠯᠭᠠᠨ ᠦᠷᠭᠡᠳᠭᠡᠭᠰᠡᠨ ᠪᠦᠭᠡᠳ ᠨᠡᠢ᠌ᠭᠡᠮ ᠳᠡᠭᠡᠷ᠎ᠡ ᠳᠣᠢ᠌ᠯ ᠤᠨ ᠶᠡᠭᠡ ᠨᠥᠯᠦᠭᠡ ᠲᠡᠶ ᠪᠣᠯᠵᠤ᠂ ᠬᠦᠬᠡᠬᠤᠲᠠ ᠶᠢᠨ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠭᠡᠪᠠᠯ ᠭᠦᠮᠤᠨ ᠪᠦᠭᠦᠨ ᠡᠷᠡᠭᠡᠢ ᠭᠠᠷᠭᠠᠵᠤ ᠪᠠᠬᠠᠷᠬᠠᠯ ᠳᠠᠭᠠᠰᠢᠶᠠᠯ ᠶᠢᠡᠨ ᠢᠯᠡᠳᠭᠡᠵᠤ᠂ ᠬᠡᠦᠬᠡᠳ ᠠᠴᠢ ᠨᠡᠷ ᠶᠢᠡᠨ ᠶᠠᠭᠠᠭᠢᠭᠰᠠᠨ ᠴᠤ ᠳᠠᠠᠳᠠ ᠭᠦᠷᠭᠡᠨ᠎ᠡ ᠭᠡᠳᠡᠭ᠌ ᠪᠣᠯᠪᠠ᠃

ᠡᠨᠡ ᠪᠦᠭᠦᠨ ᠡᠴᠡ ᠪᠢᠳᠠ ᠶᠠᠮᠠᠷ ᠠᠵᠢᠯ ᠢ ᠭᠢᠭ᠍ᠰᠡᠨ ᠴᠤ᠂ ᠶᠠᠮᠠᠷ ᠭᠦᠴᠢᠷ ᠪᠠᠷᠭᠡᠰᠢᠶᠡᠯ ᠳᠤᠯᠭᠠᠷᠠᠭᠰᠠᠨ ᠴᠤ ᠰᠢᠠᠳᠠᠷᠠᠰᠢ ᠦᠭᠡᠶ ᠴᠢᠷᠮᠠᠢ᠌ᠵᠤ᠂ ᠳᠤᠷᠰᠢᠯᠭ᠎ᠠ ᠰᠤᠷᠭᠠᠮᠵᠢ ᠪᠠᠨ ᠳᠠᠰᠤᠷᠠᠯᠳᠠ ᠦᠭᠡᠶ ᠳ᠋ᠦ᠋ᠩᠨᠠᠨ ᠳᠠᠨᠢᠯᠳᠠ ᠵᠤᠭᠰᠤᠯᠳᠠ ᠪᠠᠨ ᠵᠦᠪ ᠪᠠᠢ᠌ᠯᠭᠠᠳᠠᠭ ᠯᠠ ᠶᠤᠮ ᠪᠣᠯ ᠠᠯᠢᠪᠠ ᠭᠦᠴᠢᠷ ᠢ ᠢᠯᠠᠨ ᠳᠠᠪᠠᠵᠤ᠂ ᠦᠨᠳᠦᠷ ᠠᠮᠵᠢᠯᠳᠠ ᠶᠢ ᠣᠯᠵᠤ ᠴᠢᠳᠠᠨ᠎ᠠ ᠭᠡᠳᠡᠭ᠌ ᠶᠤᠰᠤ ᠣᠴᠢᠷ ᠢ ᠣᠯᠵᠤ ᠮᠡᠳᠡᠭ᠍ᠰᠡᠨ ᠪᠠᠢ᠌ᠨ᠎ᠠ᠃

(ᠬᠤᠶᠠᠷ) ᠪᠦᠳᠦᠮᠵᠢ ᠲᠡᠶ ᠠᠷᠭ᠎ᠠ ᠰᠠᠳᠭᠢᠴᠠ᠂ ᠪᠦᠷᠢᠨ ᠳᠦᠭᠦᠷ ᠬᠠᠢ᠌ᠨ ᠰᠥᠪᠠᠭ᠍ᠴᠢᠯᠡᠯᠳᠡ

ᠲᠦᠷᠦᠯᠭᠢ ᠥᠭᠡ ᠭᠡᠯᠡ ᠪᠠᠨ ᠮᠡᠳᠡᠭᠦ ᠦᠭᠡᠶ ᠪᠣᠶᠤ ᠪᠠᠭ᠎ᠠ ᠰᠠᠭ᠎ᠠ ᠣᠢ᠌ᠯᠠᠭᠠᠬᠤ ᠨᠢᠯᠬ᠎ᠠ ᠪᠠᠭ᠎ᠠ ᠬᠡᠦᠬᠡᠳ ᠤᠳ ᠲᠤ ᠥᠭᠡ ᠭᠡᠯᠡ ᠵᠢᠭᠠᠨ᠎ᠠ ᠭᠡᠳᠡᠭ᠌ ᠴᠢᠨᠢ ᠪᠠᠰᠠ ᠴᠤ ᠣᠢ᠌ᠯᠠ ᠪᠠᠨ ᠪᠠᠷᠠᠵᠤ᠂ ᠦᠰᠦ ᠪᠠᠨ ᠳᠡᠭᠦᠭ᠍ᠰᠡᠨ ᠭᠡᠷᠡᠭ᠌ ᠶᠤᠮ ᠡ︕ ᠡᠨᠡᠭᠦ ᠶᠠᠪᠣᠳᠠᠯ ᠨᠢ ᠪᠠᠰᠠ ᠴᠤ ᠮᠠᠨ ᠤ ᠴᠡᠴᠡᠷᠯᠢᠭ᠌ ᠤᠨ ᠮᠤᠩᠭ᠋ᠤᠯ ᠥᠭᠡ ᠭᠡᠯᠡᠨ ᠤ ᠵᠢᠭᠠᠨ ᠰᠤᠷᠭᠠᠯᠳᠠ ᠳᠤ ᠳᠣᠢ᠌ᠯ ᠤᠨ ᠶᠡᠭᠡ ᠭᠦᠴᠢᠷᠳᠡᠯ ᠢ ᠠᠪᠴᠢᠷᠠᠭᠰᠠᠨ ᠶᠤᠮ᠃ ᠡᠢ᠌ᠮᠤ ᠡᠴᠡ ᠮᠠᠨ ᠤ ᠴᠡᠴᠡᠷᠯᠢᠭ᠌ ᠨᠢ ᠡᠨᠡᠭᠦ ᠪᠠᠢ᠌ᠳᠠᠯ ᠳᠤ ᠵᠤᠷᠢᠭᠤᠯᠤᠨ ᠳᠤᠤᠷᠠᠭᠢ ᠭᠡᠳᠤᠨ ᠵᠣᠢ᠌ᠯ ᠤᠨ ᠠᠷᠭ᠎ᠠ ᠠᠪᠴᠠᠯ ᠢ ᠠᠪᠣᠪᠠ᠃

1. ᠭᠢᠴᠢᠶᠠᠯ ᠭᠦᠮᠦᠵᠢᠯ ᠤᠨ ᠡᠷᠭᠢᠯᠡᠭ᠍ᠴᠢ ᠡᠴᠡ ᠳᠤᠰᠬᠠᠢ᠌ᠯᠠᠨ ᠮᠤᠩᠭ᠋ᠤᠯ ᠥᠭᠡ ᠭᠡᠯᠡᠨ ᠤ ᠪᠦᠭᠦ ᠵᠢᠭᠠᠨ ᠰᠤᠷᠭᠠᠯᠳᠠ ᠶᠢ ᠬᠠᠮᠢᠶᠠᠷᠤᠨ ᠳᠤᠭᠢᠷᠠᠭᠤᠯᠵᠤ᠂ ᠮᠤᠩᠭ᠋ᠤᠯ ᠥᠭᠡ ᠭᠡᠯᠡᠨ ᠤ ᠵᠢᠭᠠᠨ ᠰᠤᠳᠤᠯᠬᠤ ᠳᠤᠭᠣᠢ᠌ᠯᠠᠩ ᠢ ᠵᠤᠬᠢᠶᠠᠨ ᠪᠠᠢ᠌ᠭᠤᠯᠵᠤ᠂ ᠰᠠᠷ᠎ᠠ ᠪᠦᠷᠢ ᠮᠤᠩᠭ᠋ᠤᠯ ᠥᠭᠡ ᠭᠡᠯᠡ ᠪᠠᠨ ᠭᠡᠷᠭᠢᠨ ᠵᠢᠭᠠᠨ ᠰᠤᠷᠭᠠᠬᠤ ᠳᠤᠬᠠᠢ ᠳᠤᠰᠬᠠᠢ ᠰᠤᠷᠤᠯᠴᠠᠯᠭ᠎ᠠ ᠰᠤᠳᠤᠯᠤᠯᠳᠠ ᠭᠢᠵᠤ᠂ ᠬᠠᠮᠳᠤ ᠪᠠᠷ ᠭᠢᠴᠢᠶᠠᠯ ᠪᠡᠯᠡᠳᠭᠡᠨ ᠵᠢᠭᠠᠨ ᠰᠤᠷᠭᠠᠯᠳᠠ ᠶᠢᠨ ᠳᠤᠮᠳᠠ ᠲᠤᠬᠢᠶᠠᠯᠳᠤᠭᠰᠠᠨ ᠭᠦᠴᠢᠷ ᠪᠠᠷᠭᠡ᠂ ᠡᠭᠡᠳᠡᠷᠭᠡᠨ ᠪᠣᠳᠤᠯᠢᠶᠠᠠᠳᠠᠢ ᠲᠡᠶ ᠣᠴᠢᠷ ᠶᠠᠪᠣᠳᠠᠯ ᠢ ᠰᠢ᠌ᠤᠠᠪᠣᠷᠢᠯᠠᠨ ᠳᠠᠰᠤᠯᠳᠠᠭ ᠪᠠᠢ᠌ᠨ᠎ᠠ᠃

2. 《ᠬᠡᠦᠬᠡᠳ ᠤᠨ ᠴᠡᠴᠡᠷᠯᠢᠭ᠌ ᠤᠨ ᠰᠤᠷᠭᠠᠨ ᠭᠦᠮᠦᠵᠢᠯ ᠤᠨ ᠰᠢᠨ᠎ᠠ ᠭᠦᠳᠦᠯᠪᠦᠷᠢ》 ᠪᠠᠷ ᠵᠢᠭᠠᠨ ᠰᠤᠷᠭᠠᠬᠤ ᠦᠨᠳᠦᠰᠦᠨ ᠪᠠᠷᠢᠮᠵᠢᠶ᠎ᠠ ᠵᠠᠷᠴᠢᠮ ᠶᠢᠡᠨ ᠪᠣᠯᠭᠠᠵᠤ᠂ ᠮᠤᠩᠭ᠋ᠤᠯ ᠥᠭᠡ ᠭᠡᠯᠡ ᠪᠠᠨ ᠵᠢᠭᠠᠨ ᠰᠤᠷᠭᠠᠬᠤ ᠬᠠᠷᠠᠯᠳᠠ ᠳᠦᠯᠦᠪᠯᠡᠭᠡ ᠪᠠᠨ ᠪᠦᠷᠢᠨ ᠭᠦᠢᠴᠡᠳ ᠳᠤᠭᠳᠠᠭᠠᠨ᠂ ᠪᠦᠭᠦ ᠠᠩᠭᠢ ᠪᠠᠨ ᠴᠤᠯ ᠮᠤᠩᠭ᠋ᠤᠯ ᠶᠢᠡᠷ ᠭᠢᠴᠢᠶᠡᠯᠯᠡᠭᠦ ᠪᠠ ᠮᠤᠩᠭ᠋ᠤᠯ ᠥᠭᠡ ᠭᠡᠯᠡ ᠨᠠᠮᠠᠵᠤ ᠰᠤᠷᠬᠤ ᠠᠩᠭᠢ ᠭᠡᠵᠤ ᠠᠩᠭᠢᠯᠠᠨ ᠬᠤᠪᠢᠶᠠᠵᠤ᠂ ᠠᠩᠭᠢ ᠪᠦᠷᠢ ᠳᠤ ᠮᠤᠩᠭ᠋ᠤᠯ ᠥᠭᠡ ᠭᠡᠯᠡ ᠵᠢᠭᠠᠬᠤ ᠭᠤᠤᠯᠳᠠᠯᠭ᠎ᠠ ᠲᠡᠶ ᠪᠠᠭᠰᠢ ᠶᠢ ᠳᠤᠭᠢᠷᠠᠭᠤᠯᠤᠨ ᠳᠤᠰᠬᠠᠢ᠌ᠯᠠᠭᠰᠠᠨ ᠭᠢᠴᠢᠶᠠᠯ ᠭᠦᠮᠦᠵᠢᠯ ᠤᠨ ᠡᠷᠭᠢᠯᠡᠭ᠍ᠴᠢ ᠡᠴᠡ ᠳᠤᠰ ᠵᠢᠯ ᠤᠨ ᠰᠤᠷᠤᠯᠭ᠎ᠠ ᠶᠢᠨ ᠬᠤᠭᠤᠴᠠᠭ᠎ᠠ᠂ ᠰᠠᠷ᠎ᠠ᠂ ᠭᠠᠷᠠᠭ᠂ ᠡᠳᠦᠷ ᠤᠨ ᠵᠢᠭᠠᠨ ᠰᠤᠷᠭᠠᠬᠤ ᠠᠭᠤᠯᠭ᠎ᠠ ᠶᠢ ᠬᠡᠦᠬᠡᠳ ᠤᠨ ᠨᠠᠰᠤᠨ ᠤ ᠣᠠᠴᠠᠯᠢᠭ ᠲᠤ ᠳᠤᠭᠢᠷᠠᠭᠤᠯᠤᠨ ᠰᠢᠡᠵᠢᠯᠡᠭᠦ ᠣᠬᠠᠭᠠᠠᠴᠢ ᠪᠠᠷ ᠭᠦᠰᠦᠨᠦᠭ᠍ᠵᠢᠭᠦᠯᠤᠨ ᠳᠤᠭᠳᠠᠭᠠᠵᠤ᠂ ᠪᠠᠭᠰᠢ ᠨᠡᠷ ᠲᠤ ᠳᠤᠰᠢᠶᠠᠨ ᠡᠭᠦᠷᠭᠡᠯᠡᠭᠦᠯᠳᠡᠭ᠌ ᠪᠦᠭᠡᠳ ᠪᠠᠭᠰᠢ ᠨᠡᠷ ᠵᠢᠭᠠᠨ ᠰᠤᠷᠭᠠᠬᠤ ᠶᠠᠪᠣᠴᠠ ᠳᠤ ᠦᠪᠡᠷ ᠤᠨ ᠡᠭᠦᠷᠭᠡᠯᠡᠨ ᠠᠪᠣᠭᠰᠠᠨ ᠵᠢᠭᠠᠨ ᠰᠤᠷᠭᠠᠬᠤ ᠠᠭᠤᠯᠭ᠎ᠠ ᠪᠠᠨ ᠭᠡᠷᠭᠢᠨ ᠰᠢᠨ᠎ᠠ ᠰᠡᠪᠠᠭᠦᠨ ᠠᠷᠭ᠎ᠠ ᠠᠪᠴᠠᠯ ᠢ ᠠᠮᠢᠳᠤ ᠳᠦᠷᠰᠦᠯᠢᠭ᠌ ᠶᠢᠡᠷ ᠰᠢᠨᠠᠴᠢᠯᠠᠨ ᠥᠭᠡᠷᠡᠴᠢᠯᠡᠵᠤ ᠣᠷᠤᠵᠤ ᠪᠠᠢ᠌ᠭ᠎ᠠ ᠪᠠ ᠴᠠᠭ ᠳᠤᠬᠠᠢ ᠳ᠋ᠤᠨᠢ ᠵᠢᠭᠠᠨ ᠪᠠᠶᠡᠯᠡᠭᠦᠯᠵᠤ ᠪᠠᠢ᠌ᠭ᠎ᠠ ᠶᠢ (ᠭᠢᠴᠢᠶᠠᠯ ᠭᠦᠮᠦᠵᠢᠯ ᠤᠨ ᠡᠷᠭᠢᠯᠡᠭ᠍ᠴᠢ ᠡᠴᠡ) ᠰᠠᠷ᠎ᠠ ᠪᠦᠷᠢ ᠪᠠᠢ᠌ᠴᠠᠭᠠᠨ ᠥᠵᠡᠭᠦ ᠶᠢᠨ ᠬᠠᠮᠳᠤ ᠪᠣᠳᠠᠳᠤ ᠪᠠᠢ᠌ᠳᠠᠯ ᠲᠡᠶ ᠣᠶᠠᠯᠳᠤᠭᠤᠯᠤᠨ ᠱᠠᠩᠨᠠᠯ᠂ ᠳᠤᠷᠭᠠᠭᠤᠯᠢ ᠶᠢᠨ ᠳᠦᠷᠢᠮ ᠢ ᠭᠡᠷᠡᠭ᠍ᠵᠢᠭᠦᠯᠵᠤ᠂ ᠰᠠᠢ᠌ᠨ ᠢ ᠨᠢ ᠱᠠᠩᠨᠠᠵᠤ᠂ ᠭᠦᠷᠦᠯᠴᠡᠭᠦ ᠦᠭᠡᠶ ᠶᠢ ᠨᠢ ᠳᠤᠷᠭᠠᠭᠤᠬᠤ ᠳᠦᠷᠢᠮ ᠢ ᠠᠪᠣᠪᠠ᠃ ᠢᠩᠭᠢᠵᠤ ᠭᠢᠭ᠍ᠰᠡᠨ ᠶᠢᠡᠷ ᠪᠠᠭᠰᠢ ᠨᠡᠷ ᠤᠨ ᠮᠤᠩᠭ᠋ᠤᠯ ᠥᠭᠡ ᠭᠡᠯᠡ ᠪᠠᠨ ᠵᠢᠭᠠᠨ ᠰᠤᠷᠭᠠᠬᠤ ᠢᠳᠠᠪᠭᠢᠵᠢᠯ ᠢ ᠣᠠᠴᠠᠭᠠᠢ ᠪᠠᠳᠠᠷᠠᠭᠤᠯᠤᠨ ᠳᠠᠢ᠌ᠴᠢᠯᠠᠵᠤ ᠮᠤᠩᠭ᠋ᠤᠯ ᠥᠭᠡ ᠭᠡᠯᠡᠨ ᠤ ᠵᠢᠭᠠᠨ ᠰᠤᠷᠭᠠᠬᠤ ᠠᠵᠢᠯ ᠶᠢᠡᠨ ᠠᠮᠵᠢᠯᠳᠠ ᠲᠡᠶ ᠣᠷᠤᠭᠰᠢᠳᠠᠢ ᠶᠠᠪᠣᠭᠳᠠᠭᠤᠯᠵᠤ ᠴᠢᠳᠠᠭᠰᠠᠨ ᠪᠠᠢ᠌ᠨ᠎ᠠ᠃

3. ᠮᠤᠩᠭ᠋ᠤᠯ ᠥᠭᠡ ᠭᠡᠯᠡᠨ ᠤ ᠵᠢᠭᠠᠨ ᠰᠤᠷᠭᠠᠬᠤ ᠶᠠᠰᠤ ᠴᠢᠨᠠᠷ ᠢ ᠳᠡᠭᠡᠭ᠍ᠰᠢᠯᠡᠭᠦᠯᠭᠦ ᠶᠢᠨ ᠳᠤᠰᠠᠳᠠ ᠬᠤᠭᠤᠴᠠᠭ᠎ᠠ ᠪᠣᠯᠭᠠᠨ ᠪᠦᠭᠦᠳᠡ ᠮᠤᠩᠭ᠋ᠤᠯ ᠥᠭᠡ ᠭᠡᠯᠡᠨ ᠤ ᠭᠢᠴᠢᠶᠠᠯ ᠤᠨ ᠪᠠᠭᠰᠢ ᠨᠡᠷ ᠤᠨ ᠳᠤᠮᠳᠠ ᠮᠤᠩᠭ᠋ᠤᠯ ᠥᠭᠡ ᠭᠡᠯᠡᠨ ᠤ ᠨᠡᠭᠡᠭᠡᠯᠳᠡ ᠶᠢᠨ ᠭᠢᠴᠢᠶᠠᠯ ᠤᠨ ᠭᠦᠳᠡᠯᠭᠡᠭᠡᠨ ᠢ ᠥᠷᠨᠢᠭᠦᠯᠳᠡᠭ᠌᠃ ᠡᠭᠦᠨ ᠳᠤ ᠴᠡᠴᠡᠷᠯᠢᠭ᠌ ᠤᠨ ᠣᠳᠤᠷᠢᠳᠤᠯᠭ᠎ᠠ᠂ ᠪᠦᠭᠦ ᠪᠠᠭᠰᠢ ᠨᠡᠷ᠂ ᠭᠡᠷ ᠤᠨ ᠠᠬᠠᠮᠠᠤᠨ ᠢ ᠣᠷᠢᠨ ᠣᠷᠤᠯᠴᠠᠭᠤᠯᠵᠤ᠂ ᠪᠠᠭᠰᠢ ᠨᠡᠷ ᠤᠨ ᠨᠡᠭᠡᠭᠡᠯᠳᠡ ᠶᠢᠨ ᠭᠢᠴᠢᠶᠠᠯ ᠪᠠ ᠵᠢᠭᠠᠨ ᠰᠤᠷᠭᠠᠯᠳᠠ ᠶᠢᠨ ᠳᠤᠬᠠᠢ ᠰᠤᠳᠤᠯᠤᠨ ᠶᠠᠷᠢᠯᠴᠠᠵᠤ᠂ ᠦᠨᠡᠯᠠᠯᠳᠠ ᠭᠢᠨ᠂ ᠰᠠᠨᠠᠯ ᠰᠢᠭᠦᠮᠵᠢ ᠪᠠᠨ ᠰᠤᠯᠢᠯᠴᠠᠬᠤ ᠵᠡᠷᠭᠡ ᠠᠷᠭ᠎ᠠ ᠭᠡᠯᠪᠠᠷᠢ ᠨᠤᠭᠦᠳ ᠢ ᠣᠳᠠᠭ᠎ᠠ ᠪᠦᠷᠢ ᠠᠪᠳᠠᠭ᠃ ᠡᠢ᠌ᠮᠦᠷᠭᠦ ᠠᠷᠭ᠎ᠠ ᠶᠢ ᠠᠪᠣᠭᠰᠠᠨ ᠡᠴᠡ ᠪᠠᠭᠰᠢ ᠨᠡᠷ ᠤᠨ ᠵᠢᠭᠠᠨ ᠰᠤᠷᠭᠠᠬᠤ ᠣᠷᠮ᠎ᠠ ᠪᠠᠬ᠎ᠠ ᠶᠢ ᠭᠦᠭ᠍ᠵᠢᠭᠡᠨ᠂ ᠮᠤᠩᠭ᠋ᠤᠯ ᠭᠡᠯᠡᠨ ᠤ ᠵᠢᠭᠠᠨ ᠰᠤᠷᠭᠠᠯᠳᠠ ᠶᠢᠨ ᠶᠠᠰᠤ ᠴᠢᠨᠠᠷ ᠶᠢᠡᠨ ᠵᠤᠭᠢᠬᠤ ᠭᠡᠮᠵᠢᠶ᠎ᠡ ᠪᠠᠷ ᠳᠡᠭᠡᠭ᠍ᠰᠢᠯᠡᠭᠦᠯᠵᠤ ᠴᠢᠳᠠᠭᠰᠠᠨ ᠪᠠᠢ᠌ᠨ᠎ᠠ᠃

4. ᠪᠠᠭᠰᠢ ᠨᠡᠷ ᠶᠢᠡᠨ ᠥᠷᠭᠦᠯᠵᠢ ᠶᠢᠨ ᠴᠢᠨᠠᠷ ᠲᠡᠶ ᠵᠤᠬᠢᠶᠠᠨ ᠪᠠᠢ᠌ᠭᠤᠯᠵᠤ᠂ ᠳᠤᠰᠬᠠᠢ ᠵᠢᠯᠤᠭᠤᠳᠤᠯᠭ᠎ᠠ ᠪᠠ ᠡᠷᠳᠡᠮᠳᠡᠨ ᠮᠡᠷᠭᠡᠵᠢᠯᠳᠡᠨ ᠨᠡᠷ ᠢ ᠣᠷᠢᠨ ᠵᠠᠯᠠᠵᠤ ᠳᠤᠰᠬᠠᠢ ᠰᠤᠷᠤᠯᠴᠠᠯᠭ᠎ᠠ ᠭᠢᠵᠤ ᠵᠢᠭᠠᠨ ᠰᠤᠷᠭᠠᠯᠳᠠ ᠪᠠ ᠵᠢᠭᠠᠨ ᠰᠤᠷᠭᠠᠯᠳᠠ ᠶᠢᠨ ᠰᠤᠳᠤᠯᠭᠠᠨ ᠤ ᠳᠤᠮᠳᠠ ᠣᠷᠤᠰᠢᠵᠤ ᠪᠠᠢ᠌ᠭ᠎ᠠ ᠪᠠ ᠳᠤᠯᠭᠠᠷᠠᠭᠰᠠᠨ ᠡᠭᠡᠳᠡᠷᠭᠡᠨ ᠪᠣᠳᠤᠯᠢᠶᠠᠨ ᠲᠡᠶ ᠵᠣᠢ᠌ᠯ ᠶᠢᠡᠨ ᠳᠠᠳᠠᠨᠠᠷ ᠶᠢᠡᠷ ᠵᠢᠭᠠᠨ ᠵᠢᠯᠤᠭᠤᠳᠤᠭᠤᠯᠵᠤ ᠬᠠᠷᠢᠯᠴᠠᠨ ᠵᠦᠪᠳᠠᠯᠴᠠᠨ᠂ ᠬᠠᠷᠢᠯᠴᠠᠨ ᠰᠤᠳᠤᠯᠵᠤ᠂ ᠳᠤᠷᠰᠢᠯᠭ᠎ᠠ ᠰᠤᠷᠭᠠᠮᠵᠢ ᠪᠠᠨ ᠳ᠋ᠦ᠋ᠩᠨᠠᠨ᠂ ᠦᠪᠡᠷ ᠤᠨ ᠶᠢᠡᠨ ᠰᠤᠷᠭᠠᠨ ᠭᠦᠮᠦᠵᠢᠯ ᠤᠨ ᠳᠠᠨᠢᠯᠳᠠ ᠪᠠᠨ ᠳᠡᠭᠡᠭ᠍ᠰᠢᠯᠡᠭᠦᠯᠵᠤ᠂ ᠵᠢᠭᠠᠨ ᠰᠤᠷᠭᠠᠬᠤ ᠠᠷᠭ᠎ᠠ ᠮᠠᠶ‍ᠢᠭ ᠪᠠ ᠦᠵᠡᠯᠳᠠ ᠰᠡᠳᠭᠢᠭᠦᠢ ᠪᠠᠨ ᠳᠠᠰᠤᠷᠠᠯᠳᠠ ᠦᠭᠡᠶ ᠰᠢᠨᠠᠴᠢᠯᠠᠨ ᠥᠭᠡᠷᠡᠴᠢᠯᠡᠭ᠍ᠰᠡᠭᠡᠷ ᠢᠷᠠᠵᠠᠢ᠃

5. ᠣᠳᠤ ᠦᠶ᠎ᠡ ᠶᠢᠨ ᠵᠢᠭᠠᠨ ᠰᠤᠷᠭᠠᠯᠳᠠ ᠶᠢᠨ ᠰᠢᠨ᠎ᠠ ᠮᠡᠷᠭᠡᠵᠢᠯ (ᠺᠤᠮᠫᠢᠦ᠋ᠲ᠋ᠧᠷ᠂ ᠺᠦᠤᠷᠰᠸᠢ᠌ᠷ ᠵᠡᠷᠭᠡ)᠂ ᠠᠷᠭ᠎ᠠ ᠠᠪᠴᠠᠯ ᠢ ᠭᠡᠷᠡᠭᠯᠡᠵᠤ᠂ ᠰᠤᠨᠢᠷᠬᠠᠯᠳᠤ ᠺᠤᠮᠫᠢᠦ᠋ᠲ᠋ᠧᠷ ᠪᠠ ᠪᠢᠴᠢᠬᠠᠨ ᠬᠠᠢ᠌ᠭᠴᠢ ᠭᠡᠳᠡᠭ᠌ ᠺᠤᠮᠫᠢᠦ᠋ᠲ᠋ᠧᠷ ᠤᠨ ᠵᠢᠭᠠᠨ ᠰᠤᠷᠭᠠᠯᠳᠠ ᠲᠡᠶ ᠣᠶᠠᠯᠳᠤᠭᠤᠯᠵᠤ ᠮᠤᠩᠭ᠋ᠤᠯ ᠭᠡᠯᠡᠨ ᠤ ᠵᠢᠭᠠᠨ ᠰᠤᠷᠭᠠᠯᠳᠠ ᠶᠢᠨ ᠶᠢᠡᠨ ᠶᠠᠰᠤ ᠴᠢᠨᠠᠷ ᠢ ᠳᠡᠭᠡᠭ᠍ᠰᠢᠯᠡᠭᠦᠯᠦᠭ᠍ᠰᠡᠨ ᠪᠠᠢ᠌ᠨ᠎ᠠ᠃ ᠮᠠᠨ ᠤ ᠴᠡᠴᠡᠷᠯᠢᠭ᠌ ᠨᠢ ᠪᠠᠭᠰᠢ ᠨᠡᠷ ᠶᠢᠡᠨ ᠣᠳᠤ ᠦᠶ᠎ᠡ ᠶᠢᠨ ᠵᠢᠭᠠᠨ ᠰᠤᠷᠭᠠᠯᠳᠠ ᠶᠢᠨ ᠰᠢᠨ᠎ᠠ ᠮᠡᠷᠭᠡᠵᠢᠯ ᠤᠨ ᠪᠣᠯᠪᠠᠰᠤᠷᠠᠯ ᠳᠤ ᠥᠷᠭᠦᠯᠵᠢ ᠶᠢᠨ ᠴᠢᠨᠠᠷ ᠲᠡᠶ ᠣᠷᠤᠯᠴᠠᠭᠤᠯᠵᠤ ᠳᠠᠳᠠᠨᠠᠷ ᠤᠨ ᠵᠢᠭᠠᠨ ᠰᠤᠷᠭᠠᠬᠤ ᠴᠢᠳᠠᠪᠣᠷᠢ ᠮᠡᠷᠭᠡᠵᠢᠯ ᠢ ᠳᠡᠭᠡᠭ᠍ᠰᠢᠯᠡᠭᠦᠯᠵᠤ᠂ ᠳᠤᠤᠷ ᠰᠦᠯᠵᠢᠶ᠎ᠠ ᠳᠤ ᠣᠷᠤᠵᠤ ᠰᠤᠷᠠᠭ ᠵᠠᠩᠭᠢ ᠶᠢ ᠬᠠᠮᠳᠤ ᠪᠠᠷ ᠡᠳ᠋ᠯᠡᠵᠤ᠂ ᠳᠤᠤᠷ ᠰᠦᠯᠵᠢᠶ᠎ᠠ ᠪᠠᠷ ᠳᠠᠮᠵᠢᠨ ᠮᠠᠲ᠋ᠸᠷᠢᠶᠠᠯ ᠴᠤᠭᠯᠠᠭᠤᠯᠵᠤ᠂ ᠰᠢᠨ᠎ᠠ ᠮᠠᠶ‍ᠢᠭ ᠤᠨ ᠠᠷᠭ᠎ᠠ ᠭᠡᠯᠪᠠᠷᠢ ᠶᠢ ᠬᠠᠢ᠌ᠨ ᠰᠤᠷᠴᠤ ᠭᠢᠴᠢᠶᠠᠯ ᠤᠨ ᠳᠠᠩᠭᠢᠮ ᠳᠤ ᠭᠡᠢ᠌ᠰᠪᠦᠷᠢ ᠬᠤᠭᠤᠰᠤᠨ ᠥᠭᠡ ᠶᠠᠷᠢᠵᠤ ᠥᠭᠦᠮᠡᠯ ᠠᠷᠭ᠎ᠠ ᠪᠠᠷ ᠵᠢᠭᠠᠵᠤ ᠪᠠᠢ᠌ᠭᠰᠠᠨ ᠠᠷᠭ᠎ᠠ ᠭᠡᠯᠪᠠᠷᠢ ᠪᠠᠨ ᠥᠭᠡᠷᠡᠴᠢᠯᠡᠵᠤ᠂ ᠥᠩᠭᠡ ᠶᠢᠨ ᠰᠠᠢ᠌ᠬᠠᠨ ᠵᠢᠷᠤᠭ ᠳᠦᠷᠰᠦᠳᠤ ᠡᠯᠭᠦᠭᠦᠷ ᠵᠢᠷᠤᠭ ᠳᠦᠷᠰᠦ ᠵᠤᠬᠢᠶᠠᠨ ᠭᠡᠷᠡᠭᠯᠡᠭᠦ ᠪᠣᠯᠤᠭᠰᠠᠨ ᠪᠦᠭᠡᠳ ᠨᠠᠩ ᠴᠢᠨᠠᠭᠰᠢᠳᠠ ᠰᠢᠨ᠎ᠠ ᠮᠡᠷᠭᠡᠵᠢᠯ ᠢ ᠡᠵᠡᠮᠰᠢᠭ᠍ᠰᠡᠨ ᠡᠴᠡ ᠥᠩᠭᠡ ᠪᠣᠳᠤᠭ ᠨᠢ ᠢᠯᠭᠠᠷᠠᠨ ᠳᠤᠳᠤᠷᠠᠵᠤ᠂ ᠣᠢ᠌ᠯᠠ ᠭᠦᠳᠡᠯᠦᠯ ᠨᠢ ᠠᠮᠢᠳᠤ ᠳᠦᠷᠰᠦᠯᠢᠭ᠌ ᠶᠢᠡᠷ ᠢᠯᠡᠷᠡᠭ᠍ᠰᠡᠨ ᠺᠦᠤᠷᠰᠸᠢ᠌ᠷ ᠵᠤᠬᠢᠶᠠᠨ ᠣᠢ᠌ᠯᠠᠳᠴᠤ᠂ ᠺᠤᠮᠫᠢᠦ᠋ᠲ᠋ᠧᠷ ᠪᠣᠶᠤ ᠣᠯᠠᠨ ᠵᠠᠭᠤᠴᠢᠳᠤ ᠮᠠᠰᠢᠨ ᠢ ᠭᠡᠷᠡᠭᠯᠡᠵᠤ᠂ ᠬᠡᠦᠬᠡᠳ ᠤᠳ ᠲᠡᠭᠡᠨ ᠴᠤᠬᠤᠮ ᠭᠦ ᠨᠢᠳᠤᠨ ᠳᠤ ᠥᠵᠡᠭ᠍ᠳᠡᠨ ᠭᠠᠷ ᠲᠤ ᠪᠠᠷᠢᠭᠳᠠᠮᠠᠷ ᠠᠮᠢᠳᠤᠷᠯᠢᠭ ᠰᠠᠢ᠌ᠬᠠᠨ ᠠᠷᠭ᠎ᠠ ᠠᠪᠴᠢᠯ ᠶᠢᠡᠷ ᠭᠦᠮᠦᠵᠢᠯ ᠰᠤᠷᠭᠠᠯ ᠭᠦᠷᠳᠡᠭᠡᠵᠤ᠂ ᠳᠠᠳᠠᠨ ᠤ ᠣᠶᠤᠨ ᠪᠢᠯᠢᠭ᠌ ᠢ ᠨᠡᠭᠡᠭᠡᠭ᠍ᠳᠡᠭᠦᠯᠵᠤ ᠣᠷᠮ᠎ᠠ ᠵᠤᠷᠢᠭ ᠢ ᠭᠦᠭ᠍ᠵᠢᠭᠡᠭ᠍ᠰᠡᠨ ᠪᠠᠢ᠌ᠨ᠎ᠠ᠃ ᠪᠠᠰᠠ ᠪᠦᠭᠦ ᠴᠡᠴᠡᠷᠯᠢᠭ᠌ ᠤᠨ ᠭᠡᠪᠴᠢᠶᠡᠨ ᠳᠤ 《ᠠᠨ ᠺᠠᠩ》 (《安康》)ᠲ᠋ᠤᠤᠷ ᠰᠦᠯᠵᠢᠶ᠎ᠠ ᠶᠢ ᠣᠷᠤᠭᠤᠯᠵᠤ ᠪᠠᠭᠰᠢᠨᠠᠷ ᠭᠡᠷ ᠤᠨ ᠠᠬᠠᠮᠠᠤᠨ ᠲᠡᠶ ᠰᠢᠭᠤᠳ ᠳᠤᠤᠷ ᠰᠦᠯᠵᠢᠶ᠎ᠠ ᠪᠠᠷ ᠬᠠᠷᠢᠯᠴᠠᠨ ᠵᠢᠭᠠᠨ ᠰᠤᠷᠭᠠᠯᠳᠠ ᠭᠢᠭᠦ ᠨᠥᠭᠦᠴᠡᠯ ᠢ ᠪᠦᠷᠢᠯᠳᠦᠭᠦᠯᠪᠡ᠃

6. ᠬᠤᠭᠤᠴᠠᠭ᠎ᠠ ᠪᠣᠯᠭᠠᠨ ᠣᠯᠠᠨ ᠵᠣᠢ᠌ᠯ᠂ ᠣᠯᠠᠨ ᠭᠡᠯᠪᠠᠷᠢ ᠶᠠᠩᠵᠤ ᠶᠢᠨ ᠮᠤᠩᠭ᠋ᠤᠯ ᠰᠢᠯᠦᠭ᠌ ᠳᠠᠭᠤᠤ᠂ ᠥᠯᠢᠭᠡᠷ ᠳᠤᠭᠯᠠᠭᠠᠮ ᠤᠨ ᠭᠦᠳᠡᠯᠭᠡᠭᠡᠨ ᠢ ᠥᠷᠨᠢᠭᠦᠯᠵᠤ᠂ ᠬᠡᠦᠬᠡᠳ ᠤᠳ ᠤᠨ ᠭᠡᠯᠡᠵᠤ ᠶᠠᠷᠢᠬᠤ᠂ ᠳᠠᠭᠤᠯᠠᠨ ᠣᠶᠠᠩᠭ᠋ᠠᠯᠠᠬᠤ᠂ ᠴᠡᠭᠡᠵᠢᠯᠡᠵᠤ ᠢᠯᠡᠳᠭᠡᠭᠦ ᠵᠡᠷᠭᠡ ᠴᠢᠳᠠᠪᠣᠷᠢ ᠶᠢ ᠭᠦᠮᠦᠵᠢᠭᠦᠯᠤᠨ ᠭᠦᠭ᠍ᠵᠢᠭᠡᠪᠡ᠃ ᠪᠠᠰᠠ ᠵᠢᠯ ᠪᠣᠯᠭᠠᠨ 《ᠡᠭᠡ ᠭᠡᠯᠡ》 ᠭᠡᠰᠡᠨ ᠰᠢᠯᠦᠭ᠌ ᠤᠨ ᠣᠷᠤᠯᠳᠤᠭᠠᠨ ᠥᠷᠨᠢᠭᠦᠯᠵᠤ᠂ ᠮᠠᠨ ᠤ ᠮᠤᠩᠭ᠋ᠤᠯ ᠦᠨᠳᠦᠰᠦᠳᠠᠨ ᠤ 《ᠶᠠᠰᠤᠨ ᠳ᠋ᠤᠨᠢ ᠰᠢᠩᠭᠡᠵᠤ᠂ ᠴᠢᠰᠤᠨ ᠡᠴᠡ ᠨᠢ ᠣᠠᠳᠤᠷᠤᠭᠰᠠᠨ》 ᠰᠠᠢ᠌ᠬᠠᠨ ᠠᠪᠢᠶᠠᠰ ᠪᠢᠯᠢᠭ᠌ ᠢ ᠬᠡᠦᠬᠡᠳ ᠤᠳ ᠲᠤ ᠬᠠᠷᠬᠠᠨ ᠪᠠᠭ᠎ᠠ ᠡᠴᠡ ᠨᠢ ᠭᠦᠷᠳᠡᠭᠡᠨ ᠡᠵᠡᠮᠰᠢᠭᠦᠯᠪᠡ᠃

ᠭᠤᠷᠪᠠ᠂ ᠰᠢᠷᠭᠠᠭᠤ ᠴᠢᠷᠮᠠᠢ᠌ᠯᠭ᠎ᠠ᠂ ᠰᠢᠯᠢᠳᠡᠭ᠌ ᠠᠮᠵᠢᠯᠳᠠ

ᠨᠢᠭᠡᠨ ᠰᠤᠷᠭᠠᠨ ᠭᠦᠮᠦᠵᠢᠯ ᠤᠨ ᠪᠠᠢ᠌ᠭᠤᠯᠭ᠎ᠠ ᠨᠢᠭᠡᠴᠡ ᠳᠤ ᠠᠪᠴᠤ ᠭᠡᠯᠡᠪᠠᠯ᠂ ᠵᠢᠭᠠᠨ ᠰᠤᠷᠭᠠᠯᠳᠠ ᠶᠢᠨ ᠰᠤᠳᠤᠯᠭᠠᠨ ᠤ ᠠᠵᠢᠯ ᠪᠣᠯ ᠳᠣᠢ᠌ᠯ ᠤᠨ ᠭᠦᠡᠳᠤ ᠴᠢᠬᠤᠯᠠ ᠠᠵᠢᠯ ᠪᠣᠯᠬᠤ ᠪᠦᠭᠡᠳ ᠳᠡᠭᠦᠨ ᠢ ᠭᠦᠡᠳᠦᠳᠭᠡᠨ ᠦᠵᠡᠵᠤ᠂ ᠵᠠᠪᠠᠯ ᠡᠷᠭᠢᠮᠯᠡᠨ ᠭᠢᠭᠦ ᠭᠡᠷᠡᠭ᠍ᠳᠡᠢ ᠪᠠᠢ᠌ᠳᠠᠭ᠃ ᠡᠨᠡᠭᠦ ᠭᠦᠡᠳᠤ ᠴᠢᠬᠤᠯᠠ ᠠᠵᠢᠯ ᠢ ᠮᠠᠨ ᠤ ᠴᠡᠴᠡᠷᠯᠢᠭ᠌ ᠨᠢ ᠳᠠᠨᠢᠨ ᠮᠠᠳᠠᠵᠤ᠂ ᠭᠦᠡᠳᠦᠳᠭᠡᠨ ᠦᠵᠡᠨ ᠨᠢᠭᠡ ᠰᠡᠳᠭᠢᠯ ᠨᠢᠭᠡ ᠵᠤᠷᠢᠭ ᠶᠢᠡᠷ ᠵᠢᠭᠠᠨ ᠰᠤᠷᠭᠠᠯᠳᠠ ᠶᠢᠨ ᠰᠤᠳᠤᠯᠭᠠᠨ ᠤ ᠠᠵᠢᠯ ᠶᠢᠡᠨ ᠭᠢᠵᠤ ᠡᠭᠢᠯᠡᠪᠡ᠃ ᠡᠭᠦᠨ ᠳᠤ᠄

1. ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌ ᠰᠤᠶᠤᠯ ᠰᠢᠡᠵᠢᠯᠡᠭᠦ ᠣᠬᠠᠭᠠᠨ ᠢ ᠭᠦᠭ᠍ᠵᠢᠭᠦᠯᠦᠶ᠎ᠡ ᠭᠡᠪᠠᠯ ᠡᠷᠭᠡᠪᠰᠢ ᠬᠡᠦᠬᠡᠳ ᠲᠤ ᠨᠢᠯᠬ᠎ᠠ ᠪᠠᠯᠴᠢᠷ ᠦᠶ᠎ᠡ ᠡᠴᠡ ᠨᠢ ᠲᠦᠷᠦᠯᠭᠢ ᠥᠭᠡ ᠭᠡᠯᠡ ᠶᠢ ᠨᠢ ᠰᠤᠷᠭᠠᠵᠤ ᠡᠵᠡᠮᠰᠢᠭᠦᠯᠭᠦ ᠨᠢ ᠳᠣᠢ᠌ᠯ ᠤᠨ ᠴᠢᠬᠤᠯᠠ ᠪᠣᠯᠬᠤ ᠶᠤᠮ᠃ ᠭᠡᠪᠠᠴᠤ ᠣᠳᠤᠭᠢ ᠪᠠᠢ᠌ᠳᠠᠯ (ᠪᠦᠭᠦ ᠣᠷᠤᠨ ᠤ ᠪᠠᠢ᠌ᠳᠠᠯ) ᠶᠢᠡᠷ ᠠᠪᠴᠤ ᠭᠡᠯᠡᠪᠠᠯ᠂ ᠬᠡᠦᠬᠡᠳ ᠤᠨ ᠴᠡᠴᠡᠷᠯᠢᠭ᠌ ᠤᠨ ᠦᠪᠡᠷ ᠤᠨ ᠦᠨᠳᠦᠰᠦᠳᠠᠨ ᠤ ᠪᠠᠨ ᠥᠭᠡ ᠭᠡᠯᠡ ᠪᠠᠨ ᠵᠢᠭᠠᠨ ᠰᠤᠷᠭᠠᠬᠤ ᠪᠠᠭᠰᠢ ᠨᠡᠷ ᠤᠨ ᠭᠡᠷᠡᠭᠯᠡᠭᠦ ᠪᠢᠴᠢᠭ᠌ ᠮᠠᠲ᠋ᠸᠷᠢᠶᠠᠯ ᠳᠣᠢ᠌ᠯ ᠤᠨ ᠳᠤᠳᠠᠮᠠᠭ ᠮᠥᠷᠳᠡᠭᠡᠨ ᠵᠠᠷᠢᠮ ᠳᠠᠯ᠎ᠠ ᠪᠠᠷ ᠦᠨᠳᠦᠰᠦᠨ ᠳᠡᠭᠡᠨ ᠪᠠᠢ᠌ᠬᠤ ᠦᠭᠡᠶ ᠥᠵᠡᠭ᠍ᠳᠡᠯ ᠣᠷᠤᠰᠢᠭᠰᠠᠭᠠᠷ ᠪᠣᠢ᠃ ᠡᠨᠡ ᠨᠢ ᠮᠠᠨ ᠤ ᠴᠡᠴᠡᠷᠯᠢᠭ᠌ ᠤᠨ ᠪᠠᠭᠰᠢ ᠨᠡᠷ ᠪᠠ ᠴᠡᠴᠡᠷᠯᠢᠭ᠌ ᠤᠨ ᠠᠵᠢᠯ ᠢ ᠭᠢᠵᠤ ᠪᠠᠢ᠌ᠭ᠎ᠠ ᠭᠦᠮᠦᠰ ᠦᠪᠡᠷ ᠤᠨ ᠵᠢᠭᠠᠨ ᠰᠤᠷᠭᠠᠬᠤ ᠠᠵᠢᠯ ᠶᠢᠡᠨ ᠳᠤᠤᠱᠯᠠᠭᠤᠯᠬᠤ ᠳᠤ ᠳᠣᠢ᠌ᠯ ᠤᠨ ᠭᠦᠴᠢᠷ ᠲᠡᠶ ᠶᠠᠪᠣᠳᠠᠯ ᠪᠣᠯᠪᠠ᠃ ᠡᠨᠡᠭᠦ ᠪᠠᠢ᠌ᠳᠠᠯ ᠳᠤᠤᠷ᠎ᠠ᠂ (1) ᠮᠠᠨ ᠤ ᠴᠡᠴᠡᠷᠯᠢᠭ᠌ ᠤᠨ ᠣᠳᠤᠷᠢᠳᠤᠯᠭ᠎ᠠ ᠪᠠᠭᠰᠢ ᠨᠡᠷ ᠭᠦᠴᠢᠷ ᠤᠨ ᠡᠮᠦᠨ᠎ᠡ ᠡᠪᠦᠳᠦᠭ᠌ ᠨᠤᠭᠤᠷᠠᠭᠰᠠᠨ ᠦᠭᠡᠶ᠂ ᠨᠢᠭᠡ ᠳᠠᠯ᠎ᠠ ᠪᠠᠷ ᠬᠡᠦᠬᠡᠳ ᠲᠡᠭᠡᠨ ᠭᠢᠴᠢᠶᠠᠯ ᠶᠢᠡᠨ ᠣᠷᠤᠵᠤ ᠨᠥᠭᠦᠭᠡ ᠳᠠᠯ᠎ᠠ ᠪᠠᠷ ᠵᠢᠭᠠᠨ ᠰᠤᠷᠭᠠᠬᠤ ᠰᠤᠳᠤᠯᠭᠠᠨ ᠤ ᠠᠵᠢᠯ ᠶᠢᠡᠨ ᠥᠷᠭᠦᠯᠵᠢᠯᠡᠭᠦᠯᠵᠤ᠂ ᠠᠷᠭ᠎ᠠ ᠮᠠᠶ‍ᠢᠭ ᠶᠢᠡᠨ ᠥᠭᠡᠷᠡᠴᠢᠯᠡᠨ ᠪᠢᠴᠢᠭ᠌ ᠮᠠᠲ᠋ᠸᠷᠢᠶᠠᠯ ᠴᠤᠭᠯᠠᠭᠤᠯᠵᠤ᠂ ᠦᠪᠡᠷ ᠤᠨ ᠴᠡᠴᠡᠷᠯᠢᠭ᠌ ᠤᠨ ᠪᠣᠳᠠᠳᠠᠢ ᠪᠠᠢ᠌ᠳᠠᠯ ᠲᠡᠶ ᠣᠶᠠᠯᠳᠤᠭᠤᠯᠤᠨ᠂ ᠨᠢᠭᠡ ᠪᠦᠯᠦᠭ᠌ ᠪᠠᠭᠰᠢ ᠨᠡᠷ ᠶᠢᠡᠨ ᠵᠤᠬᠢᠶᠠᠨ ᠪᠠᠢ᠌ᠭᠤᠯᠵᠤ᠂ ᠬᠤᠷᠢᠭᠠᠤᠨ ᠵᠢᠯ ᠤᠨ ᠳᠤᠷᠰᠢᠯᠭ᠎ᠠ ᠰᠤᠷᠭᠠᠮᠵᠢ ᠪᠠᠨ ᠳ᠋ᠦ᠋ᠩᠨᠠᠵᠤ᠂ ᠬᠤᠳᠠ ᠪᠠᠯᠭᠠᠰᠤᠨ ᠳᠤ ᠰᠠᠭᠤᠷᠢᠰᠢᠵᠤ ᠪᠠᠢ᠌ᠭ᠎ᠠ ᠲᠦᠷᠦᠯᠭᠢ ᠥᠭᠡ ᠭᠡᠯᠡ ᠪᠠᠨ ᠪᠦᠷᠢᠮᠦᠰᠤᠨ ᠠᠯᠳᠠᠭᠰᠠᠨ ᠪᠣᠶᠤ ᠳᠦᠩᠭᠡᠵᠤ ᠪᠠᠭ᠎ᠠ ᠰᠠᠭ᠎ᠠ ᠮᠡᠳᠡᠭᠦ ᠬᠡᠦᠬᠡᠳ ᠤᠳ ᠲᠤ ᠵᠤᠷᠢᠭᠤᠯᠤᠨ 《ᠬᠤᠳᠠ ᠪᠠᠯᠭᠠᠰᠤᠨ ᠤ ᠮᠤᠩᠭ᠋ᠤᠯ ᠬᠡᠦᠬᠡᠳ ᠤᠨ ᠴᠡᠴᠡᠷᠯᠢᠭ᠌ ᠤᠨ ᠪᠠᠭᠰᠢ ᠶᠢᠨ ᠭᠡᠷᠡᠭᠯᠡᠭᠦ ᠊᠊᠊᠊᠊᠊᠊᠊᠊᠊᠊᠊᠊᠊᠊ 〈ᠮᠤᠩᠭ᠋ᠤᠯ ᠭᠡᠯᠡ〉》 ᠭᠡᠳᠡᠭ᠌ ᠨᠤᠮ ᠢ ᠨᠠᠢ᠌ᠷᠠᠭᠤᠯᠤᠨ ᠵᠤᠬᠢᠶᠠᠵᠤ᠂ 2002 ᠣᠨ ᠤ 5 ᠰᠠᠷ᠎ᠠ ᠳᠤ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠳᠤ ᠭᠡᠪᠯᠡᠭᠦᠯᠵᠤ ᠵᠢᠩᠭᠢᠨᠢ ᠪᠠᠷ ᠳᠠᠷᠬᠠᠭᠠᠨ᠂ ᠥᠷᠭᠡᠨ ᠣᠯᠠᠨ ᠬᠡᠦᠬᠡᠳ ᠤᠨ ᠴᠡᠴᠡᠷᠯᠢᠭ᠌ ᠤᠨ ᠮᠤᠩᠭ᠋ᠤᠯ ᠥᠭᠡ ᠭᠡᠯᠡᠨ ᠤ ᠪᠠᠭᠰᠢ ᠨᠡᠷ ᠲᠡᠶ ᠵᠤᠯᠭᠠᠭᠤᠯᠤᠭᠰᠠᠨ ᠡᠴᠡ ᠳᠠᠳᠠ ᠨᠡᠷ ᠤᠨ ᠬᠠᠯᠠᠭᠤᠨ ᠭᠦᠷᠢᠶᠡᠯᠡᠯ ᠬᠠᠢ᠌ᠷ᠎ᠠ ᠭᠦᠡᠳᠦᠳᠭᠡᠯ ᠢ ᠣᠯᠤᠭᠰᠠᠨ ᠶᠤᠮ᠃ ᠳᠠᠷᠠᠴᠢᠯᠠᠨ ᠳᠤᠰ ᠨᠤᠮ ᠨᠢ 2003 ᠣᠨ ᠤ 11 ᠰᠠᠷ᠎ᠠ ᠳᠤ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠳᠤᠯᠤᠳᠤᠭᠠᠷ ᠬᠤᠭᠤᠴᠠᠭᠠᠨ ᠤ ᠨᠡᠢ᠌ᠭᠡᠮ ᠤᠨ ᠰᠢᠡᠵᠢᠯᠡᠭᠦ ᠣᠬᠠᠭᠠᠨ ᠤ ᠰᠢᠯᠢᠳᠡᠭ᠌ ᠵᠤᠬᠢᠶᠠᠯ ᠪᠦᠳᠦᠭᠡᠯ ᠤᠨ ᠰᠢᠯᠭᠠᠷᠠᠭᠤᠯᠤᠯᠳᠠ ᠳᠤ ᠬᠤᠶᠠᠳᠤᠭᠠᠷ ᠳᠠᠰ ᠤᠨ ᠱᠠᠩᠨᠠᠯ ᠢ ᠭᠦᠷᠳᠡᠵᠤ᠂ ᠦᠪᠡᠷ ᠤᠨ ᠥᠩᠭᠡ ᠭᠡᠷᠡᠯ᠂ ᠦᠨ᠎ᠡ ᠥᠷᠳᠡᠭ᠌ ᠶᠢᠡᠨ ᠮᠠᠠᠳᠤᠭᠤᠯᠤᠭᠰᠠᠨ ᠪᠦᠭᠡᠳ 6 ᠵᠢᠯ ᠢᠯᠡᠭᠦᠤ ᠶᠢᠨ ᠬᠤᠭᠤᠴᠠᠭᠠᠨ ᠳᠤ ᠪᠦᠭᠦ ᠣᠷᠤᠨ ᠨᠠᠩ ᠴᠢᠨᠠᠭᠰᠢᠳᠠ ᠨᠢ᠋ᠮᠠᠨ ᠮᠤᠵᠢ ᠣᠷᠤᠨ ᠶᠢᠡᠷ ᠳᠠᠷᠬᠠᠭᠳᠠᠨ ᠥᠷᠭᠡᠨ ᠣᠯᠠᠨ ᠴᠡᠴᠡᠷᠯᠢᠭ᠌ ᠤᠨ ᠪᠠᠭᠰᠢᠨᠠᠷ ᠤᠨ ᠵᠢᠭᠠᠨ ᠰᠤᠷᠭᠠᠯᠳᠠ ᠶᠢᠨ ᠭᠢᠨᠢ ᠴᠢᠬᠤᠯᠠ ᠮᠠᠲ᠋ᠸᠷᠢᠶᠠᠯ ᠵᠢᠭᠠᠪᠣᠷᠢ ᠪᠣᠯᠤᠭᠰᠠᠨ ᠪᠠᠢ᠌ᠨ᠎ᠠ᠃

(2) 2005 ᠣᠨ ᠤ 8 ᠰᠠᠷ᠎ᠠ ᠳᠤ ᠣᠳᠤ ᠶᠢᠨ ᠵᠢᠭᠠᠨ ᠰᠤᠷᠭᠠᠯᠳᠠ ᠶᠢᠨ ᠴᠢᠬᠤᠯᠴᠢᠯᠠᠭ᠎ᠠ᠂ ᠭᠡᠷ ᠤᠨ ᠠᠬᠠᠮᠠᠤᠨ ᠤᠨ ᠱᠠᠭᠠᠷᠳᠠᠯᠭ᠎ᠠ᠂ ᠬᠡᠦᠬᠡᠳ ᠤᠨ ᠭᠦᠮᠤᠨ ᠪᠣᠯᠬᠤ ᠶᠤᠰᠤᠨ ᠤ ᠪᠣᠳᠠᠳᠠᠢ ᠪᠠᠢ᠌ᠳᠠᠯ ᠢ ᠦᠨᠳᠦᠰᠦᠯᠠᠵᠤ᠂ ᠮᠠᠨ ᠤ ᠴᠡᠴᠡᠷᠯᠢᠭ᠌ ᠨᠢ ᠦᠪᠡᠷ ᠤᠨ ᠦᠨᠳᠦᠰᠦᠳᠠᠨ᠂ ᠣᠷᠤᠨ ᠨᠤᠳᠤᠭ᠂ ᠴᠡᠴᠡᠷᠯᠢᠭ᠌ ᠤᠨ ᠣᠠᠴᠠᠯᠢᠭ ᠲᠠᠭᠠᠨ ᠳᠤᠭᠢᠷᠠᠭᠰᠠᠨ ᠴᠡᠴᠡᠷᠯᠢᠭ᠌ ᠤᠨ ᠭᠢᠴᠢᠶᠡᠯᠡᠯᠭᠡ 《ᠣᠨᠠᠭᠠᠨ ᠪᠠᠭ᠎ᠠ ᠶᠢᠨ ᠳᠤᠷᠠᠰᠤᠮᠵᠢ》 (园本教材) ᠭᠡᠳᠡᠭ᠌ ᠨᠤᠮ ᠢ ᠵᠤᠬᠢᠶᠠᠨ ᠨᠠᠢ᠌ᠷᠠᠭᠤᠯᠵᠤ ᠭᠡᠷᠡᠭᠯᠡᠭᠡᠨ ᠳᠤ ᠣᠷᠤᠭᠤᠯᠤᠭᠰᠠᠨ ᠪᠠᠢ᠌ᠨ᠎ᠠ᠂ ᠡᠨᠡ ᠨᠤᠮ ᠨᠢ ᠭᠡᠳᠥᠢᠪᠠᠷ ᠳᠤᠳᠤᠭᠠᠳᠤ ᠭᠡᠪᠯᠡᠯ ᠤᠨ ᠨᠤᠮ ᠪᠣᠯᠪᠠᠴᠤ ᠭᠡᠷᠡᠭ᠍ᠴᠡᠭᠡ ᠣᠢ᠌ᠯᠠᠳᠤᠯ ᠶᠢᠡᠷ ᠰᠠᠢ᠌ᠨ ᠪᠠᠢ᠌ᠵᠤ᠂ ᠪᠢᠳᠠᠨ ᠲᠡᠶ ᠠᠵᠢᠯ ᠨᠢᠭᠡᠳᠡᠨ- ᠪᠣᠰᠤᠳ ᠴᠡᠴᠡᠷᠯᠢᠭ᠌ ᠤᠨ ᠪᠠᠭᠰᠢᠨᠠᠷ ᠤᠨ ᠠᠩᠬᠠᠷᠤᠯ ᠢ ᠳᠠᠳᠠᠵᠤ ᠳᠠᠳᠠᠨᠠᠷ ᠴᠤ ᠳᠤᠰ ᠨᠤᠮ ᠢ ᠵᠠᠭᠢᠶᠠᠯᠠᠨ ᠠᠪᠴᠤ ᠭᠡᠷᠡᠭᠯᠡᠭ᠍ᠰᠡᠨ ᠪᠠᠢ᠌ᠨ᠎ᠠ (ᠣᠳᠤ ᠬᠦᠬᠡᠬᠤᠲᠠ᠂ ᠶᠡᠭᠡ ᠵᠤᠤ ᠠᠢ᠌ᠮᠠᠭ᠂ ᠠᠯᠠᠱᠠ ᠠᠢ᠌ᠮᠠᠭ᠂ ᠰᠢᠯᠢᠨ ᠭᠤᠤᠯ ᠠᠢ᠌ᠮᠠᠭ᠂ ᠭᠦᠯᠤᠨ ᠪᠣᠢ᠌ᠷ ᠮᠠᠳᠤ ᠠᠢ᠌ᠮᠠᠭ ᠤᠨ ᠴᠡᠴᠡᠷᠯᠢᠭ᠌ ᠤᠳ ᠭᠡᠷᠡᠭᠯᠡᠵᠤ ᠪᠣᠢ)᠃

(3) ᠮᠠᠨ ᠤ ᠴᠡᠴᠡᠷᠯᠢᠭ᠌ ᠨᠢ ᠥᠷᠭᠦᠯᠵᠢ ᠶᠢᠨ ᠴᠢᠨᠠᠷ ᠲᠡᠶ ᠵᠢᠠᠭᠠᠨ ᠰᠤᠷᠭᠠᠯᠳᠠ ᠶᠢᠨ ᠰᠤᠳᠠᠯᠭᠠᠨ ᠭᠢᠵᠤ ᠳᠤᠷᠰᠢᠯᠭ᠎ᠠ ᠰᠤᠷᠭᠠᠮᠵᠢ ᠬᠤᠷᠠᠮᠳᠤᠭᠤᠯᠤᠨ ᠳ᠋ᠦ᠋ᠩᠨᠠᠵᠤ ᠶᠠᠪᠣᠳᠠᠭ ᠶᠤᠮ᠃ ᠡᠨᠡ ᠵᠢᠯ ᠤᠨ 7 ᠰᠠᠷ᠎ᠠ ᠳᠤ (2008) ᠰᠤᠷᠤᠯᠭ᠎ᠠ ᠳᠡᠭᠦᠰᠦᠭ᠍ᠰᠡᠨ ᠠᠩᠭᠢ ᠶᠢᠨ ᠭᠤᠷᠪᠠᠨ ᠵᠢᠯ ᠤᠨ ᠥᠭᠡ ᠭᠡᠯᠡᠨ ᠤ ᠰᠤᠷᠴᠤ ᠡᠵᠮᠰᠢᠭ᠍ᠰᠡᠨ ᠪᠠᠢ᠌ᠳᠠᠯ ᠢ ᠦᠨᠳᠦᠰᠦᠯᠠᠨ 《ᠭᠡᠯᠡᠨ ᠤ ᠰᠤᠷᠢᠭ᠎ᠠ》 ᠭᠡᠰᠡᠨ ᠴᠡᠴᠡᠷᠯᠢᠭ᠌ ᠤᠨ ᠨᠤᠮ ᠢ ᠡᠮᠭᠢᠦᠡᠭᠡᠨ ᠨᠠᠢ᠌ᠷᠠᠭᠤᠯᠤᠨ ᠭᠡᠪᠯᠡᠭ᠍ᠰᠡᠨ ᠪᠠᠢ᠌ᠨ᠎ᠠ᠃ ᠡᠭᠦᠨ ᠤ ᠠᠭᠤᠯᠭ᠎ᠠ ᠨᠢ᠄ ᠰᠢᠯᠦᠭ᠌ 47᠂ ᠭᠡᠯᠡ ᠪᠣᠯᠪᠠᠰᠤᠷᠠᠭᠤᠯᠬᠤ ᠥᠭᠡ 3᠂ ᠬᠤᠯᠪᠣᠭ᠎ᠠ 3᠂ ᠵᠣᠢ᠌ᠷ ᠰᠠᠴᠠᠨ ᠥᠭᠡ 300᠂ ᠥᠯᠢᠭᠡᠷ 10᠂ ᠬᠡᠦᠬᠡᠳ ᠤᠨ ᠥᠪᠠᠷᠳᠡᠭᠡᠨ ᠵᠤᠬᠢᠶᠠᠨ ᠶᠠᠷᠢᠭᠰᠠᠨ ᠥᠯᠢᠭᠡᠷ ᠤᠳ 28᠂ ᠳᠠᠭᠤᠤ 52 (ᠨᠠᠢ᠌ᠳᠠ443) ᠵᠡᠷᠭᠡ ᠠᠭᠤᠯᠭ᠎ᠠ ᠶᠢ ᠪᠠᠭᠳᠠᠭᠠᠵᠠᠢ᠃ ᠡᠨᠡ ᠨᠢ ᠬᠡᠦᠬᠡᠳ ᠤᠨ ᠨᠢᠭᠡ ᠨᠠᠰᠤᠨ ᠤ ᠭᠢᠨ ᠥᠭᠡ ᠭᠡᠯᠡᠨ ᠳᠤ ᠦᠨᠳᠦᠰᠦᠨ ᠰᠠᠭᠤᠷᠢ ᠳᠠᠯᠪᠢᠵᠤ ᠥᠷᠭᠡᠨ ᠣᠯᠠᠨ ᠭᠡᠷ ᠤᠨ ᠠᠬᠠᠮᠠᠤᠨ ᠤᠨ ᠬᠠᠯᠠᠭᠤᠨ ᠭᠦᠷᠢᠶᠡᠯᠡᠯ ᠢ ᠣᠯᠵᠤ᠂ ᠳᠠᠳᠠᠨ ᠤ ᠭᠦᠴᠦᠳᠡᠢ ᠳᠡᠮᠵᠢᠯᠭᠡ ᠶᠢ ᠭᠦᠷᠳᠡᠭ᠍ᠰᠡᠨ ᠪᠠᠢ᠌ᠨ᠎ᠠ᠃ (ᠡᠭᠦᠨ ᠤ ᠳᠤᠳᠤᠷ᠎ᠠ ᠬᠠᠮᠤᠭ ᠤᠨ ᠰᠢᠨ᠎ᠠ ᠡᠭᠦᠳᠡᠯᠳᠡ ᠰᠢᠯᠢᠳᠡᠭ᠌ ᠭᠠᠢ᠌ᠬᠠᠮᠰᠢᠭ ᠲᠡᠶ ᠨᠢ ᠬᠡᠦᠬᠡᠳ ᠤᠨ ᠥᠪᠠᠷᠳᠡᠭᠡᠨ ᠵᠤᠬᠢᠶᠠᠭᠰᠠᠨ ᠥᠯᠢᠭᠡᠷ ᠪᠣᠯᠤᠨ᠎ᠠ᠃ ᠮᠦᠨᠴᠤ ᠬᠡᠦᠬᠡᠳ ᠤᠳ ᠳᠡᠭᠦᠰᠭᠦ ᠦᠶ᠎ᠡ ᠳᠤ ᠭᠦᠮᠤᠨ ᠪᠦᠷᠢ ᠳᠤ ᠨᠢᠭᠡ ᠳᠠᠪᠳᠠᠷ ᠪᠠᠯᠡᠭᠯᠡᠵᠤ ᠳᠠᠳᠠᠨᠠᠷ ᠤᠨ ᠪᠠᠭ᠎ᠠ ᠰᠤᠷᠭᠠᠭᠤᠯᠢ ᠳᠤ ᠣᠷᠤᠵᠤ ᠰᠤᠷᠤᠯᠴᠠᠬᠤ ᠳᠤ ᠳᠡᠮᠵᠢᠯᠭᠡ ᠪᠣᠯᠭᠠᠬᠤ ᠶᠢᠨ ᠳᠠᠭᠠᠤ ᠡᠭᠦᠳᠡᠯᠳᠡ ᠳᠠᠢ ᠰᠤᠷᠤᠯᠴᠠᠵᠤ ᠣᠷᠮᠠᠰ ᠢ ᠨᠢ ᠭᠦᠭ᠍ᠵᠢᠭᠡᠪᠡ)᠃

(4) ᠡᠨᠡ ᠵᠢᠯ - 2008.8 ᠰᠠᠷ᠎ᠠ ᠳᠤ ᠰᠤᠷᠭᠠᠨ ᠭᠦᠮᠦᠵᠢᠯ ᠤᠨ ᠶᠠᠮᠤᠨ ᠤ ᠦᠨᠳᠦᠰᠦᠳᠠᠨ ᠤ ᠰᠤᠷᠭᠠᠨ ᠭᠦᠮᠦᠵᠢᠯ ᠤᠨ ᠵᠤᠷᠭᠠᠨ ᠪᠠ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠰᠤᠷᠭᠠᠨ ᠭᠦᠮᠦᠵᠢᠯ ᠤᠨ ᠳᠠᠩᠭᠢᠮ ᠤᠨ ᠭᠦᠴᠦᠳᠡᠢ ᠳᠡᠮᠵᠢᠯᠭᠡ ᠳᠤᠤᠷ᠎ᠠ᠂ ᠪᠦᠭᠦ ᠣᠯᠤᠰ ᠤᠨ ᠳᠡᠭᠡᠳᠤ ᠳᠤᠮᠳᠠᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠶᠢᠨ ᠮᠤᠩᠭ᠋ᠤᠯ ᠵᠢᠭᠠᠠᠬᠤ ᠮᠠᠲ᠋ᠸᠷᠢᠶᠠᠯ ᠭᠢᠨᠠᠬᠤ ᠺᠤᠮᠢᠰ᠂ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠳᠡᠭᠡᠳᠤ ᠳᠤᠮᠳᠠᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠶᠢᠨ ᠮᠤᠩᠭ᠋ᠤᠯ ᠵᠢᠭᠠᠬᠤ ᠮᠠᠲ᠋ᠸᠷᠢᠶᠠᠯ ᠨᠠᠢ᠌ᠷᠠᠭᠤᠯᠵᠤ ᠭᠢᠨᠠᠬᠤ ᠺᠤᠮᠢᠰ ᠤᠨ ᠠᠯᠪᠠᠨ ᠭᠡᠷ ᠤᠨ ᠨᠠᠢ᠌ᠳᠠᠯᠭ᠎ᠠ ᠪᠠᠷ᠂ ᠮᠠᠨ ᠤ ᠴᠡᠴᠡᠷᠯᠢᠭ᠌ ᠨᠢ ᠨᠢᠭᠡᠨ ᠢᠵᠢ 《ᠬᠡᠦᠬᠡᠳ ᠤᠨ ᠴᠡᠴᠡᠷᠯᠢᠭ᠌ ᠤᠨ ᠮᠤᠩᠭ᠋ᠤᠯ ᠭᠡᠯᠡᠨ ᠤ ᠰᠤᠷᠭᠠᠨ ᠭᠦᠮᠦᠵᠢᠯ ᠤᠨ ᠡᠭᠢ ᠰᠤᠷᠪᠣᠯᠵᠢ》 ᠭᠡᠭᠦ ᠺᠦᠤᠷᠰᠸᠸᠷᠢ ᠵᠤᠬᠢᠶᠠᠨ ᠪᠠᠢ᠌ᠭᠤᠯᠵᠤ ᠰᠤᠳᠤᠯᠤᠨ ᠣᠢ᠌ᠯᠠᠳᠴᠤ ᠭᠠᠷᠭᠠᠭᠰᠠᠨ ᠪᠦᠭᠡᠳ 9 ᠰᠠᠷ᠎ᠠ ᠳᠤ ᠵᠢᠩᠭᠢᠨᠢ ᠪᠠᠷ ᠭᠡᠪᠯᠡᠭ᠍ᠳᠡᠵᠤ ᠪᠦᠭᠦ ᠣᠯᠤᠰ ᠤᠨ ᠨᠢ᠋ᠮᠠᠨ ᠮᠤᠵᠢ ᠣᠷᠤᠨ ᠶᠢᠡᠷ ᠳᠠᠷᠬᠠᠭᠳᠠᠨ ᠭᠡᠷᠡᠭᠯᠡᠭ᠍ᠳᠡᠭᠦ ᠪᠣᠯᠪᠠ᠃

ᠳᠤᠰ ᠢᠵᠢ ᠰᠤᠷᠭᠠᠨ ᠭᠦᠮᠵᠢᠯ ᠤᠨ ᠡᠭᠢ ᠰᠤᠷᠪᠣᠯᠵᠢ ᠪᠣᠯ ᠬᠡᠦᠬᠡᠳ ᠤᠨ ᠲᠦᠷᠦᠯᠭᠢ ᠭᠡᠯᠡ ᠪᠠᠨ ᠰᠤᠷᠬᠤ ᠣᠷᠮ᠎ᠠ ᠪᠠᠬ᠎ᠠ ᠶᠢ ᠳᠡᠭᠡᠭ᠍ᠰᠢᠯᠡᠭᠦᠯᠭᠦ ᠪᠠ ᠦᠨᠳᠦᠰᠦᠠᠳᠠᠨ ᠤ ᠬᠡᠦᠬᠡᠳ ᠤᠨ ᠰᠤᠷᠭᠠᠨ ᠭᠦᠮᠦᠵᠢᠯ ᠤᠨ ᠵᠢᠭᠠᠨ ᠰᠤᠷᠭᠠᠯᠳᠠ ᠶᠢᠨ ᠠᠭᠤᠯᠭ᠎ᠠ ᠶᠢ ᠪᠠᠶᠠᠯᠢᠭᠵᠢᠭᠤᠯᠬᠤ ᠪᠠᠷ ᠬᠠᠷᠠᠯᠳᠠ ᠪᠣᠯᠭᠠᠵᠠᠢ᠃ ᠮᠤᠩᠭ᠋ᠤᠯ ᠦᠨᠳᠦᠰᠦᠳᠠᠨ ᠤ ᠰᠤᠩᠭ᠋ᠤᠳᠠᠭ ᠣᠯᠠᠮᠵᠢᠯᠠᠯᠳᠤ ᠥᠯᠢᠭᠡᠷ ᠤᠳ ᠢ ᠣᠳᠤ ᠦᠶ᠎ᠡ ᠶᠢᠨ ᠺᠠᠷᠲ᠋ᠤᠨ ᠠᠦ᠋ᠳᠢᠤ᠋ ᠸᠢᠳᠢᠤ᠋ ᠮᠡᠷᠭᠡᠵᠢᠯ ᠲᠡᠶ ᠣᠶᠠᠯᠳᠤᠭᠤᠯᠬᠤ ᠠᠷᠭ᠎ᠠ ᠮᠠᠶ‍ᠢᠭ ᠶᠢᠡᠷ ᠳᠦᠷᠰᠦᠵᠢᠭᠦᠯᠦᠭ᠍ᠰᠡᠨ ᠣᠴᠢᠷ ᠡᠴᠡ ᠬᠡᠦᠬᠡᠳ ᠤᠳ ᠢ ᠥᠯᠢᠭᠡᠷ ᠤᠨ ᠣᠢ᠌ᠯᠠ ᠶᠠᠪᠣᠳᠠᠯ ᠪᠣᠯᠤᠨ ᠳᠤᠭᠯᠠᠭᠠᠮ ᠤᠨ ᠶᠠᠪᠣᠴᠠ ᠳᠤ ᠪᠠᠶᠠᠷ ᠪᠠᠶᠠᠰᠬᠤᠯᠠᠠᠩ ᠲᠡᠶ᠂ ᠭᠦᠷ ᠭᠦᠭ᠍ᠵᠢᠶᠡᠨ ᠲᠡᠶ ᠰᠤᠷᠤᠯᠴᠠᠵᠤ ᠴᠢᠳᠠᠬᠤ ᠪᠣᠯᠭᠠᠪᠠ᠃

ᠳᠤᠰ ᠢᠵᠢ ᠰᠤᠷᠭᠠᠨ ᠭᠦᠮᠦᠵᠢᠯ ᠤᠨ ᠡᠭᠢ ᠰᠤᠷᠪᠣᠯᠵᠢ ᠨᠢ 《ᠬᠡᠦᠬᠡᠳ ᠤᠨ ᠴᠡᠴᠡᠷᠯᠢᠭ᠌ ᠤᠨ ᠰᠤᠷᠭᠠᠨ ᠭᠦᠮᠦᠵᠢᠯ ᠤᠨ ᠵᠢᠯᠤᠭᠤᠤᠠᠬᠤ ᠭᠦᠳᠦᠯᠪᠦᠷᠢ》 ᠶᠢᠨ ᠱᠠᠭᠠᠷᠳᠠᠯᠭ᠎ᠠ ᠳᠤ ᠨᠡᠢ᠌ᠴᠡᠭᠦ ᠪᠠᠷ ᠪᠠᠷᠠᠬᠤ ᠦᠭᠡᠶ ᠬᠡᠦᠬᠡᠳ ᠤᠨ ᠢᠯᠡᠳᠭᠡᠭᠦ᠂ ᠠᠵᠢᠭᠯᠠᠠᠬᠤ᠂ ᠵᠥᠢᠴᠢᠯᠡᠭᠦ᠂ ᠣᠷᠤᠯᠳᠤᠬᠤ ᠭᠡᠭᠦ ᠵᠡᠷᠭᠡ ᠶᠡᠷᠦᠩᠭᠡᠢ᠌ᠯᠡᠭ᠍ᠰᠡᠨ ᠴᠢᠳᠠᠪᠣᠷᠢ ᠶᠢ ᠭᠦᠮᠦᠵᠢᠭᠦᠯᠭᠦ ᠳᠤ ᠳᠤᠭᠢᠷᠠᠬᠤ ᠵᠢᠭᠠᠬᠤ ᠪᠢᠴᠢᠭ᠌ ᠤᠨ ᠡᠭᠡ ᠰᠤᠷᠪᠣᠯᠵᠢ ᠮᠦᠨ᠃ ᠬᠡᠦᠬᠡᠳ ᠤᠨ ᠰᠤᠷᠭᠠᠨ ᠭᠦᠮᠦᠵᠢᠯ ᠤᠨ ᠵᠢᠭᠠᠨ ᠰᠤᠷᠭᠠᠯᠳᠠ ᠪᠣᠯᠤᠨ ᠬᠡᠦᠬᠡᠳ ᠤᠨ ᠦᠪᠡᠷ ᠶᠢᠡᠨ ᠰᠤᠷᠬᠤ ᠳᠤ ᠭᠡᠷᠡᠭᠯᠡᠵᠤ ᠪᠣᠯᠤᠨ᠎ᠠ᠃ ᠪᠠᠰᠠ ᠬᠡᠦᠬᠡᠳ ᠤᠨ ᠴᠡᠴᠡᠷᠯᠢᠭ᠌ ᠤᠨ ᠪᠠᠭᠰᠢ ᠶᠢᠨ ᠰᠤᠷᠭᠠᠭᠤᠯᠢ ᠶᠢᠨ ᠰᠤᠷᠭᠠᠨ ᠭᠦᠮᠦᠵᠢᠯ ᠤᠨ ᠵᠢᠭᠠᠬᠤ ᠪᠢᠴᠢᠭ᠌ ᠤᠨ ᠡᠭᠢ ᠰᠤᠷᠪᠣᠯᠵᠢ ᠪᠣᠯᠭᠠᠵᠤ ᠪᠣᠯᠤᠨ᠎ᠠ᠃

ᠡᠨᠡ ᠺᠦᠤᠷᠰᠸᠸᠷ ᠮᠠᠨ ᠤ ᠮᠤᠩᠭ᠋ᠤᠯ ᠦᠨᠳᠦᠰᠦᠳᠠᠨ ᠤ ᠰᠤᠷᠬᠤ ᠨᠠᠰᠤ ᠡᠴᠡ ᠡᠮᠦᠨᠡᠭᠢ ᠬᠡᠦᠬᠡᠳ ᠤᠨ ᠰᠤᠷᠭᠠᠨ ᠭᠦᠮᠦᠵᠢᠯ ᠤᠨ ᠵᠢᠭᠠᠨ ᠰᠤᠷᠭᠠᠯᠳᠠ ᠶᠢᠨ ᠳᠡᠦᠭᠡᠨ ᠳᠤ ᠶᠠᠷᠤ ᠪᠠᠢ᠌ᠭ᠎ᠠ ᠦᠭᠡᠶ ᠬᠤᠭᠤᠰᠤᠨ ᠢ ᠨᠥᠭᠦᠪᠦᠷᠢᠯᠡᠵᠤ᠂ ᠰᠢᠨ᠎ᠠ ᠳᠡᠦᠭᠡᠨ ᠬᠠᠭᠤᠳᠠᠰᠤ ᠶᠢ ᠪᠢᠴᠢᠭᠯᠡᠭ᠍ᠰᠡᠨ ᠪᠠᠢ᠌ᠨ᠎ᠠ᠃

ᠳᠡᠭᠡᠷᠡᠭᠢ ᠮᠠᠳᠤ ᠶᠢᠨ ᠠᠮᠵᠢᠯᠳᠠ ᠪᠦᠳᠦᠭᠡᠯ ᠣᠢ᠌ᠯᠠ ᠠᠵᠢᠯᠯᠠᠭ᠎ᠠ ᠨᠢ ᠮᠠᠨ ᠤ ᠴᠡᠴᠡᠷᠯᠢᠭ᠌ ᠤᠨ ᠮᠤᠩᠭ᠋ᠤᠯ ᠥᠭᠡ ᠭᠡᠯᠡᠨ ᠤ ᠵᠢᠭᠠᠨ ᠰᠤᠷᠭᠠᠯᠳᠠ ᠳᠤ ᠰᠢᠨ᠎ᠠ ᠬᠤᠪᠢᠷᠠᠯᠳᠠ ᠶᠢ ᠠᠪᠴᠢᠷᠠᠵᠤ ᠦᠢ᠌ ᠣᠯᠠᠨ ᠦᠪᠡᠷ ᠤᠨ ᠲᠦᠷᠦᠯᠭᠢ ᠭᠡᠯᠡ ᠪᠠᠨ ᠠᠯᠳᠠᠵᠤ ᠣᠷᠭᠢᠭᠰᠠᠨ ᠬᠡᠦᠬᠡᠳ ᠳᠡᠭᠦᠤ ᠨᠡᠷ ᠲᠤ ᠦᠪᠡᠷ ᠤᠨ ᠲᠦᠷᠦᠯᠭᠢ ᠥᠭᠡ ᠭᠡᠯᠡ ᠪᠠᠨ ᠰᠤᠷᠴᠤ ᠡᠵᠡᠮᠰᠢᠭᠦ ᠪᠠ ᠪᠠᠭᠰᠢ ᠨᠡᠷ ᠤᠨ ᠦᠨᠳᠦᠰᠦᠳᠠᠨ ᠤ ᠪᠠᠨ ᠥᠭᠡ ᠭᠡᠯᠡ ᠶᠢ ᠵᠢᠭᠠᠨ ᠰᠤᠷᠭᠠᠵᠤ ᠣᠢ᠌ᠯᠠᠭᠠᠭᠤᠯᠵᠤ ᠮᠡᠳᠡᠭᠦᠯᠭᠦ ᠳᠤ ᠵᠤᠭᠢᠬᠤ ᠭᠡᠮᠵᠢᠶ᠎ᠡ ᠪᠠᠷ ᠲᠦᠯᠬᠢᠴᠠ ᠭᠦᠴᠤᠨ ᠪᠣᠯᠤᠭᠰᠠᠨ ᠪᠠᠢ᠌ᠨ᠎ᠠ᠃ ᠮᠦᠨ ᠴᠤ ᠬᠡᠦᠬᠡᠳ ᠪᠠᠭᠠᠴᠤᠳ ᠲᠠᠭᠠᠨ ᠦᠪᠡᠷ ᠤᠨ ᠥᠭᠡ ᠭᠡᠯᠡ ᠥᠰᠦᠭ᠌ ᠪᠢᠴᠢᠭ᠌ ᠶᠢᠡᠨ ᠰᠤᠷᠴᠤ ᠡᠵᠡᠮᠰᠢᠭᠦ ᠳᠤ ᠭᠡᠭᠡᠨ ᠰᠠᠷᠠᠭᠤᠯ ᠵᠠᠮ ᠢ ᠴᠤ ᠵᠢᠭᠠᠨ ᠥᠭ᠍ᠴᠤ ᠴᠢᠳᠠᠭᠰᠠᠨ ᠪᠦᠭᠡᠳ ᠮᠤᠩᠭ᠋ᠤᠯ ᠴᠡᠴᠡᠷᠯᠢᠭ᠌ ᠤᠨ ᠶᠢᠡᠨ ᠠᠴᠢ ᠶᠢ ᠡᠷᠭᠦᠵᠤ᠂ ᠮᠤᠩᠭ᠋ᠤᠯ ᠪᠠᠭᠰᠢ ᠶᠢᠨ ᠶᠢᠡᠨ ᠵᠢᠦᠡᠭᠦᠯ ᠳᠡᠭᠡᠵᠢᠯᠡᠨ ᠮᠤᠩᠭ᠋ᠤᠯ ᠥᠭᠡ ᠭᠡᠯᠡ᠂ ᠮᠤᠩᠭ᠋ᠤᠯ ᠰᠤᠶᠤᠯ ᠤᠨ ᠶᠢᠡᠨ ᠦᠪ ᠭᠦᠷᠦᠩᠭᠡ ᠶᠢ ᠣᠯᠠᠮᠵᠢᠯᠠᠨ᠂ ᠮᠤᠩᠭ᠋ᠤᠯ ᠦᠨᠳᠦᠰᠦᠳᠠᠨ ᠤ ᠪᠠᠨ ᠠᠯᠳᠠᠷ ᠨᠠᠷ᠎ᠠ ᠶᠢ ᠮᠠᠠᠳᠤᠭᠤᠯᠵᠤ ᠴᠢᠳᠠᠭᠰᠠᠨ ᠪᠠᠢ᠌ᠨ᠎ᠠ᠃

2. ᠦᠨᠳᠦᠰᠦᠳᠠᠨ ᠤ ᠪᠠᠨ ᠭᠦᠰᠡᠯ ᠢᠷᠡᠭᠡᠳᠦᠢ ᠪᠣᠯᠬᠤ ᠬᠡᠦᠬᠡᠳ ᠪᠠᠭᠠᠴᠤᠳ ᠶᠢᠡᠨ ᠨᠠᠩ ᠰᠠᠢ᠌ᠨ ᠭᠦᠮᠦᠵᠢᠭᠦᠯᠵᠤ᠂ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠢ ᠨᠠᠩ ᠴᠢᠨᠠᠭᠰᠢᠳᠠ ᠭᠦᠭ᠍ᠵᠢᠭᠦᠯᠦᠶ᠎ᠡ ᠭᠡᠪᠠᠯ ᠵᠠᠪᠠᠯ ᠵᠤᠷᠢᠯᠭ᠎ᠠ ᠬᠠᠷᠠᠯᠳᠠ ᠳᠤᠳᠤ ᠪᠠᠢ᠌ᠵᠤ᠂ ᠰᠢᠠᠳᠠᠷᠠᠰᠢ ᠦᠭᠡᠶ ᠴᠢᠷᠮᠠᠢ᠌ᠵᠤ᠂ ᠰᠤᠷᠭᠠᠨ ᠭᠦᠮᠦᠵᠢᠯ ᠪᠣᠯᠤᠨ ᠵᠢᠭᠠᠨ ᠰᠤᠷᠭᠠᠯᠳᠠ ᠶᠢᠨ ᠰᠤᠳᠤᠯᠭᠠᠨ ᠤ ᠠᠵᠢᠯ ᠢ ᠰᠠᠢ᠌ᠳᠤᠷ ᠭᠢᠵᠤ᠂ ᠰᠢᠡᠵᠢᠯᠡᠭᠦ ᠣᠬᠠᠭᠠᠠᠴᠢ ᠠᠷᠭ᠎ᠠ ᠪᠠᠷ ᠰᠢᠨᠠᠴᠢᠯᠠᠵᠤ ᠥᠭᠡᠷᠡᠴᠢᠯᠡᠨ ᠰᠢᠨ᠎ᠠ ᠶᠢ ᠡᠭᠦᠳᠴᠤ ᠰᠠᠳᠤᠵᠤ ᠪᠠᠢ᠌ᠬᠤ ᠨᠢ ᠬᠠᠮᠤᠭ ᠴᠢᠬᠤᠯᠠ ᠪᠣᠯᠤᠨ᠎ᠠ᠃

ᠮᠠᠨ ᠤ ᠴᠡᠴᠡᠷᠯᠢᠭ᠌ ᠨᠢ ᠰᠢᠨ᠎ᠠ 《ᠭᠦᠳᠦᠯᠪᠦᠷᠢ》 ᠶᠢᠨ ᠵᠤᠷᠢᠭ ᠰᠠᠨᠠᠭ᠎ᠠ ᠶᠢ ᠳᠤᠤᠱᠯᠠᠭᠤᠯᠵᠤ᠂ ᠳᠡᠭᠦᠨ ᠤ ᠠᠵᠢᠯ ᠤᠨ ᠵᠢᠯᠤᠭᠤᠳᠤᠯᠭ᠎ᠠ ᠶᠢ ᠳᠡᠷᠢᠭᠦᠨ ᠪᠠᠢ᠌ᠷᠢᠨ ᠳᠤ ᠳᠠᠯᠪᠢᠵᠤ᠂ ᠵᠢᠭᠠᠨ ᠰᠤᠷᠭᠠᠯᠳᠠ ᠶᠢᠨ ᠳᠤᠮᠳᠠ ᠪᠠᠨ ᠣᠳᠤ ᠦᠶ᠎ᠡ ᠶᠢᠨ ᠵᠢᠭᠠᠨ ᠰᠤᠷᠭᠠᠯᠳᠠ ᠶᠢᠨ ᠰᠢᠨ᠎ᠠ ᠳᠸᠭ᠍ᠨᠢᠭ᠌ ᠮᠡᠷᠭᠡᠵᠢᠯ᠂ ᠰᠢᠨ᠎ᠠ ᠠᠷᠭ᠎ᠠ ᠭᠡᠯᠪᠠᠷᠢ ᠶᠢ ᠠᠪᠴᠤ᠂ ᠺᠤᠮᠫᠢᠦ᠋ᠲ᠋ᠧᠷ ᠭᠡᠷᠡᠭᠯᠡᠵᠤ᠂ ᠺᠦᠤᠷᠰᠸᠢ᠌ᠷ ᠣᠢ᠌ᠯᠠᠳᠤᠨ᠂ ᠰᠢᠨ᠎ᠠ ᠬᠠᠭᠤᠴᠢᠨ ᠢ ᠬᠠᠪᠰᠤᠷᠭᠠᠨ᠂ ᠭᠠᠳᠠᠭᠠᠳᠤ ᠳᠤᠳᠤᠭᠠᠳᠤ᠂ ᠳᠡᠯᠡᠭᠡᠢ ᠶᠢᠨ ᠳᠡᠷᠢᠭᠦᠨ ᠤ ᠰᠤᠷᠭᠠᠨ ᠭᠦᠮᠦᠵᠢᠯ ᠤᠨ ᠰᠢᠯᠢᠳᠡᠭ᠌ ᠰᠤᠳᠤᠨ ᠵᠢᠭᠠᠨ ᠰᠤᠷᠭᠠᠬᠤ ᠠᠷᠭ᠎ᠠ ᠭᠡᠯᠪᠠᠷᠢ ᠶᠢ ᠰᠤᠷᠴᠤ ᠰᠢᠩᠭᠡᠭᠡᠨ ᠠᠪᠴᠤ ᠦᠪᠡᠷ ᠤᠨ ᠥᠭᠡ ᠭᠡᠯᠡᠨ ᠤ ᠵᠢᠭᠠᠨ ᠰᠤᠷᠭᠠᠯᠳᠠ ᠲᠡᠶ ᠪᠠᠨ ᠠᠭᠤᠰᠬᠠᠨ ᠣᠶᠠᠯᠳᠤᠭᠤᠯᠵᠤ᠂ ᠵᠢᠭᠠᠨ ᠰᠤᠷᠭᠠᠯᠳᠠ ᠶᠢᠨ ᠰᠢᠨ᠎ᠠ ᠠᠷᠭ᠎ᠠ ᠳᠤᠷᠰᠢᠴᠠ ᠶᠢ ᠡᠭᠦᠳᠦᠭ᠍ᠰᠡᠨ ᠪᠠᠢ᠌ᠨ᠎ᠠ᠃ ᠪᠣᠳᠠᠳᠠᠢ ᠪᠠᠷ ᠳᠤᠷᠠᠳᠪᠠᠯ᠄

ᠮᠠᠨ ᠤ ᠴᠡᠴᠡᠷᠯᠢᠭ᠌ ᠨᠢ 2004 ᠣᠨ ᠡᠴᠡ ᠰᠢᠶᠠᠩᠭ᠋ᠠᠩ ᠤᠨ 《ᠣᠯᠠᠨ ᠡᠰᠢᠴᠢᠯᠡᠭ᠍ᠰᠡᠨ ᠣᠶᠤᠨ ᠴᠢᠳᠠᠪᠣᠷᠢ ᠶᠢ ᠰᠠᠨᠠᠭᠠᠴᠢᠯᠠᠨ ᠪᠦᠳᠦᠭᠡᠭᠦ ᠭᠢᠴᠢᠶᠡᠯᠯᠡᠭᠡ (多元智能创意课程)》 ᠭᠡᠰᠡᠨ ᠨᠤᠮ ᠢ ᠣᠷᠴᠢᠭᠤᠯᠤᠨ ᠳᠡᠭᠦᠨ ᠤ ᠣᠨᠤᠯ ᠤᠨ ᠳᠤᠷᠠᠳᠤᠯᠭ᠎ᠠ ᠶᠢ ᠮᠤᠩᠭ᠋ᠤᠯ ᠥᠭᠡ ᠭᠡᠯᠡᠨ ᠤ ᠭᠢᠴᠢᠶᠠᠯ ᠲᠡᠶ ᠬᠠᠪᠰᠤᠷᠭᠠᠨ ᠣᠶᠠᠯᠳᠤᠭᠤᠯᠵᠤ ᠵᠢᠭᠠᠭᠰᠠᠨ ᠡᠴᠡ ᠠᠭᠤᠯᠭ᠎ᠠ ᠨᠢ ᠰᠢᠨ᠎ᠠ ᠰᠤᠷᠭᠤᠭ ᠪᠠᠢ᠌ᠵᠤ᠂ ᠬᠡᠦᠬᠡᠳ ᠤᠳ ᠮᠠᠨᠢ ᠶᠤᠰᠤᠳᠠᠢ 《ᠨᠠᠭᠠᠳᠴᠤ ᠳᠤᠭᠯᠠᠬᠤ ᠶᠢᠨ ᠳᠤᠮᠳᠠ ᠪᠠᠨ ᠰᠤᠷᠴᠤ᠂ ᠰᠤᠷᠤᠯᠭ᠎ᠠ ᠭᠢᠴᠢᠶᠡᠯᠯᠡᠭᠡ ᠶᠢᠨ ᠳᠤᠮᠳᠠ ᠪᠠᠨ ᠨᠠᠭᠠᠳᠤᠨ ᠳᠤᠭᠯᠠᠳᠠᠭ》 ᠰᠠᠢ᠌ᠬᠠᠨ ᠣᠷᠴᠢᠨ ᠳᠤ ᠭᠦᠮᠦᠵᠢᠭ᠍ᠳᠡᠨ ᠪᠣᠢ᠌ᠵᠢᠵᠤ ᠴᠢᠳᠠᠬᠤ ᠪᠣᠯᠤᠭᠰᠠᠨ ᠪᠠᠢ᠌ᠨ᠎ᠠ᠃ ᠰᠤᠳᠤᠯᠤᠨ ᠳᠤᠷᠰᠢᠭᠰᠠᠨ ᠶᠠᠪᠣᠴᠠ ᠡᠴᠡ ᠦᠵᠡᠪᠠᠯ᠂ ᠡᠨᠡᠭᠦ ᠠᠮᠢᠳᠤ ᠳᠦᠷᠰᠦᠯᠢᠭ᠌ ᠠᠷᠭ᠎ᠠ ᠠᠪᠴᠢᠯ ᠨᠢ ᠬᠡᠦᠬᠡᠳ ᠤᠨ ᠥᠭᠡ ᠭᠡᠯᠡ ᠰᠤᠷᠬᠤ ᠣᠷᠮ᠎ᠠ ᠶᠢ ᠭᠦᠭ᠍ᠵᠢᠭᠡᠨ᠂ ᠡᠯ᠎ᠡ ᠵᠣᠢ᠌ᠯ ᠤᠨ ᠴᠢᠳᠠᠪᠣᠷᠢ ᠶᠢ ᠭᠦᠮᠦᠵᠢᠭᠦᠯᠵᠤ ᠪᠣᠯᠪᠠᠰᠤᠷᠠᠭᠤᠯᠬᠤ ᠳᠤ ᠳᠣᠢ᠌ᠯ ᠤᠨ ᠠᠰᠢᠭᠳᠠᠢ᠂ ᠳᠤᠭᠢᠷᠠᠮᠵᠢᠳᠠᠢ ᠠᠷᠭ᠎ᠠ ᠠᠪᠴᠢᠯ ᠪᠣᠯᠬᠤ ᠶᠢ ᠪᠢᠳᠠ ᠮᠠᠳᠠᠯ᠎ᠠ᠃ ᠮᠦᠨᠴᠤ ᠭᠡᠳᠤ ᠣᠳᠠᠭ᠎ᠠ ᠪᠠᠭᠡᠵᠢᠩ ᠱᠠᠩᠬᠠᠢ ᠶᠢᠨ ᠳᠤᠰᠬᠠᠢ ᠮᠠᠷᠭᠡᠵᠢᠯᠳᠠᠨ ᠤ ᠵᠢᠭᠠᠨ ᠰᠤᠷᠭᠠᠯᠳᠠ ᠶᠢᠨ ᠰᠤᠳᠤᠯᠭᠠᠨ ᠤ ᠰᠢᠯᠭᠠᠷᠠᠭᠤᠯᠤᠯᠳᠠ ᠳᠤ ᠦᠨᠳᠦᠷ ᠭᠡᠮᠵᠢᠶᠡᠨ ᠤ ᠦᠨᠡᠯᠳᠠ ᠶᠢ ᠣᠯᠵᠤ ᠪᠠᠰᠠ 《ᠳᠠᠨ ᠤ ᠮᠤᠩᠭ᠋ᠤᠯ ᠦᠨᠳᠦᠰᠦᠳᠠᠨ ᠶᠡᠭᠡ ᠰᠠᠴᠠᠨ ᠰᠡᠷᠭᠦᠯᠡᠩ ᠮᠥᠷᠳᠡᠭᠡᠨ ᠭᠡᠯᠡ ᠠᠮᠠ ᠬᠤᠷᠴᠠ᠂ ᠥᠭᠡ ᠭᠡᠯᠡ ᠥᠰᠦᠭ᠌ ᠪᠢᠴᠢᠭ᠌ ᠪᠠᠶᠠᠯᠢᠭ ᠰᠠᠢ᠌ᠬᠠᠨ ᠪᠠᠢ᠌ᠨ᠎ᠠ》 ᠭᠡᠰᠡᠨ ᠱᠠᠭᠰᠢᠯ ᠮᠠᠭᠳᠠᠭᠠᠯ ᠢ ᠣᠯᠤᠭᠰᠠᠨ ᠪᠠᠢ᠌ᠨ᠎ᠠ᠂

ᠮᠤᠩᠭ᠋ᠤᠯ ᠥᠭᠡ ᠭᠡᠯᠡᠨ ᠤ ᠵᠢᠭᠠᠨ ᠰᠤᠷᠭᠠᠯᠳᠠ ᠶᠢᠨ ᠴᠢᠨᠠᠷ ᠴᠢᠠᠰᠠᠭ᠎ᠠ ᠪᠠᠨ ᠣᠯᠠᠮ ᠨᠢᠭᠡ ᠠᠯᠬᠤᠮ ᠳᠡᠭᠡᠭ᠍ᠰᠢᠯᠡᠭᠦᠯᠭᠦ ᠶᠢᠨ ᠳᠤᠰᠠᠳᠠ᠂ 2005 ᠣᠨ ᠡᠴᠡ ᠡᠭᠢᠯᠡᠵᠤ᠂ ᠴᠤᠯ ᠮᠤᠩᠭ᠋ᠤᠯ ᠠᠩᠭᠢ ᠳᠠᠭᠠᠨ 《ᠮᠸᠩ ᠲᠡᠶ ᠰᠥᠸᠧ ᠯᠢ》 ᠶᠢᠨ ᠰᠤᠷᠭᠠᠨ ᠭᠦᠮᠦᠵᠢᠯ ᠤᠨ ᠣᠨᠤᠯ ᠢ ᠮᠤᠩᠭ᠋ᠤᠯ ᠥᠭᠡ ᠭᠡᠯᠡ ᠲᠡᠶ ᠪᠠᠨ ᠣᠶᠠᠯᠳᠤᠭᠤᠯᠤᠨ ᠭᠡᠷᠡᠭᠯᠡᠵᠤ᠂ ᠳᠡᠭᠦᠨ ᠤ ᠵᠢᠭᠠᠬᠤ ᠪᠠᠭᠠᠵᠢ ᠭᠡᠷᠡᠭ᠍ᠰᠡᠯ ᠢ ᠠᠰᠢᠭᠯᠠᠨ᠂ ᠣᠨᠤᠯ ᠥᠢᠯᠡᠳᠦᠯᠭᠡ ᠶᠢ ᠣᠶᠠᠯᠳᠤᠭᠤᠯᠤᠨ ᠮᠤᠩᠭ᠋ᠤᠯ ᠥᠭᠡ ᠭᠡᠯᠡᠨ ᠤ ᠵᠢᠭᠠᠨ ᠰᠤᠷᠭᠠᠯᠳᠠ ᠳᠠᠭᠠᠨ ᠬᠠᠪᠰᠤᠷᠤᠮᠵᠢ ᠪᠣᠯᠭᠠᠨ᠂ ᠣᠤᠯ ᠤᠨ ᠭᠡᠪᠰᠢᠮᠡᠯ ᠠᠷᠭ᠎ᠠ ᠮᠠᠶ‍ᠢᠭ ᠶᠢᠡᠨ ᠰᠢᠨᠡᠳᠭᠡᠨ ᠥᠭᠡᠷᠡᠴᠢᠯᠡᠵᠤ ᠪᠣᠢ᠃ ᠳᠠᠷᠠ ᠨᠢ ᠬᠡᠦᠬᠡᠳ ᠤᠨ ᠭᠦᠮᠤᠨ ᠪᠣᠯᠬᠤ ᠬᠠᠮᠤᠭ ᠠᠩᠬᠠᠨ ᠤ ᠠᠮᠢᠳᠤᠷᠠᠯ ᠤᠨ ᠰᠠᠢ᠌ᠨ ᠰᠠᠢ᠌ᠬᠠᠨ ᠵᠠᠩ ᠳᠠᠳᠬᠠᠯ ᠢ ᠭᠦᠮᠦᠵᠢᠭᠦᠯᠵᠤ᠂ ᠬᠡᠦᠬᠡᠳ ᠤᠨ ᠰᠠᠷᠠᠯ ᠤᠨ ᠡᠷᠭᠡᠳᠡᠨ ᠢ ᠭᠦᠭ᠍ᠵᠢᠭᠡᠨ᠂ ᠳᠤᠭᠠᠨ ᠤ ᠣᠬᠠᠭᠳᠠᠬᠤᠨ ᠢ ᠥᠷᠭᠡᠨ ᠶᠢᠡᠷ ᠳᠠᠨᠢᠭᠤᠯᠵᠤ ᠳᠤᠭ᠎ᠠ ᠶᠢ ᠳᠦᠷᠭᠡᠨ ᠶᠢᠡᠷ ᠡᠵᠡᠮᠰᠢᠭᠦᠯᠤᠨ᠂ ᠥᠭᠡ ᠶᠠᠷᠢᠶ᠎ᠠ ᠶᠢ ᠣᠨᠤᠪᠴᠢᠳᠠᠢ ᠪᠠᠷ ᠪᠦᠷᠢᠨ ᠭᠦᠢᠴᠡᠳ ᠶᠠᠷᠢᠭᠤᠯᠵᠤ ᠴᠢᠳᠠᠬᠤ ᠪᠦᠭᠡᠳ ᠥᠭᠡ ᠭᠡᠯᠡᠨ ᠤ ᠢᠯᠡᠳᠭᠡᠭᠦ ᠴᠢᠳᠠᠪᠣᠷᠢ ᠪᠠ ᠴᠡᠭᠡᠵᠢᠯᠡᠭᠦ᠂ ᠠᠵᠢᠭᠯᠠᠨ ᠰᠢᠡᠵᠢᠭᠦ᠂ ᠠᠩᠬᠠᠷᠬᠤ ᠴᠢᠳᠠᠪᠣᠷᠢ ᠶᠢ ᠣᠠᠴᠠ ᠰᠠᠢ᠌ᠨ ᠶᠢᠡᠷ ᠭᠦᠮᠦᠵᠢᠭᠦᠯᠵᠤ ᠴᠢᠳᠠᠬᠤ ᠶᠢ ᠪᠢᠳᠠ ᠰᠠᠷᠠᠨ ᠣᠢ᠌ᠯᠠᠭᠠᠯ᠎ᠠ᠃ ᠮᠦᠨᠴᠤ ᠳᠠᠷᠠᠭᠠᠴᠢ ᠶᠢᠨ ᠠᠵᠢᠯ ᠳᠠᠭᠠᠨ 《ᠮᠸᠩ ᠲᠡᠶ ᠰᠥᠸᠧ ᠯᠢ》 ᠶᠢᠨ ᠵᠢᠭᠠᠨ ᠰᠤᠷᠭᠠᠯᠳᠠ ᠶᠢᠨ ᠭᠢᠴᠢᠶᠡᠯᠡᠯᠭᠡ ᠶᠢᠨ ᠨᠤᠮ ᠢ ᠴᠤᠯᠠ ᠮᠤᠩᠭ᠋ᠤᠯ ᠶᠢᠡᠷ ᠣᠷᠴᠢᠭᠤᠯᠵᠤ ᠪᠠᠭᠰᠢ ᠨᠡᠷ ᠤᠨ ᠵᠢᠭᠠᠨ ᠰᠤᠷᠭᠠᠯᠳᠠ ᠳᠤ ᠳᠦᠭᠦᠮ ᠥᠵᠡᠭᠦᠯᠵᠤ ᠬᠡᠦᠬᠡᠳ ᠤᠳ ᠤᠨ ᠭᠦᠯᠢᠶᠡᠨ ᠠᠪᠬᠤ ᠳᠤ ᠭᠢᠯᠪᠠᠷ ᠳᠦᠭᠦᠮ ᠪᠣᠯᠭᠠᠨ ᠮᠠᠨ ᠤ ᠮᠤᠩᠭ᠋ᠤᠯ ᠦᠨᠳᠦᠰᠦᠳᠠᠨ ᠤ ᠦᠪᠡᠷ ᠤᠨ ᠣᠠᠴᠠᠯᠢᠭ ᠲᠤ ᠳᠤᠭᠢᠷᠠᠭᠰᠠᠨ ᠰᠢᠨ᠎ᠠ ᠵᠢᠭᠠᠨ ᠰᠤᠷᠭᠠᠯᠳᠠ ᠶᠢ ᠡᠭᠦᠳᠭᠦ ᠶᠢ ᠵᠤᠷᠢᠵᠤ ᠪᠣᠢ᠃

ᠬᠡᠦᠬᠡᠳ ᠤᠳ ᠤᠨ ᠶᠢᠡᠨ ᠣᠶᠤᠨ ᠣᠬᠠᠭᠠᠨ᠂ ᠣᠢ ᠰᠡᠳᠭᠢᠭᠦᠢ ᠶᠢ ᠨᠡᠭᠡᠭᠡᠭ᠍ᠳᠡᠭᠦᠯᠵᠤ᠂ ᠣᠳᠤᠭᠢᠴᠢᠯᠠᠭᠰᠠᠨ ᠰᠤᠷᠭᠠᠨ ᠭᠦᠮᠦᠵᠢᠯ ᠤᠨ ᠠᠷᠭ᠎ᠠ ᠭᠡᠯᠪᠠᠷᠢ ᠪᠠᠷ ᠭᠦᠮᠦᠵᠢᠭᠦᠯᠭᠦ ᠳᠤ ᠥᠭᠡ ᠭᠡᠯᠡᠨ ᠤ ᠰᠢᠯᠢᠳᠡᠭ᠌ ᠣᠷᠴᠢᠨ ᠳᠤᠭᠤᠷᠢᠨ᠂ ᠨᠥᠭᠦᠴᠡᠯ ᠪᠠᠷᠢᠮᠵᠢᠶ᠎ᠠ ᠶᠢ ᠪᠦᠷᠢᠯᠳᠦᠭᠦᠯᠭᠦ ᠨᠢ ᠳᠣᠢ᠌ᠯ ᠤᠨ ᠴᠢᠬᠤᠯᠠ ᠲᠡᠶ ᠪᠠᠢ᠌ᠨ᠎ᠠ᠃

ᠬᠡᠦᠬᠡᠳ ᠤᠳ ᠤᠨ ᠣᠶᠤᠨ ᠣᠬᠠᠭᠠᠨ᠂ ᠣᠢ ᠰᠡᠳᠭᠢᠭᠦᠢ ᠶᠢ ᠨᠡᠭᠡᠭ᠍ᠳᠡᠭᠦᠯᠵᠤ ᠵᠤᠭᠢᠴᠠᠭᠰᠠᠨ ᠰᠤᠷᠭᠠᠨ ᠭᠦᠮᠦᠵᠢᠯ ᠤᠨ ᠠᠷᠭ᠎ᠠ ᠭᠡᠯᠪᠠᠷᠢ ᠪᠠᠷ ᠭᠦᠮᠦᠵᠢᠭᠦᠯᠭᠦ ᠳᠤ ᠥᠭᠡ ᠭᠡᠯᠡᠨ ᠤ ᠰᠢᠯᠢᠳᠡᠭ᠌ ᠵᠢᠭᠠᠨ ᠰᠤᠷᠭᠠᠯᠳᠠ ᠶᠢ ᠰᠤᠩᠭ᠋ᠤᠨ ᠭᠡᠷᠡᠭᠯᠡᠭᠦ ᠨᠢ ᠴᠤ ᠳᠣᠢ᠌ᠯ ᠤᠨ ᠴᠢᠬᠤᠯᠠ ᠪᠠᠢ᠌ᠳᠠᠭ᠃

3. ᠴᠡᠴᠡᠷᠯᠢᠭ᠌ ᠤᠨ ᠵᠢᠭᠠᠨ ᠰᠤᠷᠭᠠᠬᠤ ᠪᠣᠳᠠᠳᠠᠢ ᠪᠠᠢ᠌ᠳᠠᠯ ᠢ ᠦᠨᠳᠦᠰᠦᠯᠠᠵᠤ᠂ ᠴᠤᠬᠤᠮ ᠬᠡᠦᠬᠡᠳ ᠤᠳ ᠲᠤ ᠶᠠᠭᠠᠭᠢᠪᠠᠯ ᠰᠠ‍‌ᠶᠢ ᠮᠤᠩᠭ᠋ᠤᠯ ᠶᠢᠡᠷ ᠳᠠᠭᠤᠤ ᠭᠦᠭ᠍ᠵᠢᠮ ᠤᠨ ᠭᠢᠴᠢᠶᠠᠯ ᠢ ᠰᠠᠢ᠌ᠨ ᠣᠷᠤᠨ ᠰᠠᠢ᠌ᠬᠠᠨ ᠵᠢᠭᠠᠬᠤ ᠳᠤᠬᠠᠢ ᠰᠤᠳᠤᠯᠵᠤ᠂ ᠬᠡᠦᠬᠡᠳ ᠤᠳ ᠢ ᠬᠠᠷᠠᠬᠠᠨ ᠪᠠᠭ᠎ᠠ ᠡᠴᠡ ᠨᠢ ᠶᠠᠭᠠᠭᠢᠵᠤ ᠳᠠᠭᠤᠴᠢᠨ ᠪᠦᠵᠢᠭ᠍ᠴᠢᠨ ᠳᠤ ᠪᠠᠢ᠌ᠳᠠᠭ ᠠᠪᠢᠶᠠᠰ ᠴᠢᠳᠠᠪᠣᠷᠢ ᠲᠡᠶ ᠪᠣᠯᠭᠠᠨ ᠭᠦᠮᠦᠵᠢᠭᠦᠯᠭᠦ ᠶᠢ ᠵᠤᠷᠢᠵᠤ 2005 ᠣᠨ ᠡᠴᠡ ᠡᠭᠢᠯᠡᠵᠤ ᠳᠠᠢ᠌ᠸᠠᠨ ᠤ 《ᠣᠤ ᠹᠤ᠋》 ᠳᠠᠭᠤᠤ ᠭᠦᠭ᠍ᠵᠢᠮ ᠢ ᠣᠷᠢᠨ ᠠᠪᠴᠢᠷᠠᠵᠤ᠂ ᠦᠪᠡᠷ ᠤᠨ ᠵᠢᠭᠠᠨ ᠰᠤᠷᠭᠠᠯᠳᠠ ᠲᠡᠶ ᠣᠶᠠᠯᠳᠤᠭᠤᠯᠤᠨ ᠭᠡᠷᠡᠭᠯᠡᠵᠤ ᠵᠠᠷᠢᠮ ᠠᠭᠤᠯᠭ᠎ᠠ ᠶᠢ ᠨᠢ ᠥᠭᠡᠷᠡᠴᠢᠯᠡᠨ ᠳᠠᠳᠠᠨ ᠤ ᠠᠢ᠌ᠵᠢᠮ ᠴᠤᠭᠢᠯᠭ᠎ᠠ᠂ ᠠᠶ᠎ᠠ ᠨᠤᠲ᠋ ᠳᠡᠭᠡᠷ᠎ᠡ ᠮᠠᠨ ᠤ ᠦᠨᠳᠦᠰᠦᠳᠠᠨ ᠤ ᠪᠠᠨ ᠰᠢᠯᠦᠭ᠌ ᠳᠠᠭᠤᠯᠠᠯ ᠢ ᠵᠤᠭᠢᠴᠠᠭᠤᠯᠤᠨ ᠣᠷᠤᠭᠤᠯᠵᠤ ᠰᠤᠳᠤᠯᠤᠨ ᠰᠢᠨᠡᠳᠭᠡᠨ ᠵᠢᠭᠠᠭᠰᠠᠨ ᠡᠴᠡ ᠬᠡᠦᠬᠡᠳ ᠤᠳ ᠮᠢᠨᠢ ᠶᠠᠮᠠᠷ ᠨᠢᠭᠡᠨ ᠳᠠᠭᠤᠤ ᠭᠦᠭ᠍ᠵᠢᠮ᠂ ᠰᠢᠯᠦᠭ᠌ ᠳᠠᠭᠤᠯᠠᠯ ᠢ ᠪᠣᠯᠤᠭᠰᠠᠨ ᠴᠤ ᠲᠤᠩ ᠭᠢᠯᠪᠠᠷᠬᠠᠨ ᠶᠢᠡᠷ ᠡᠵᠡᠮᠰᠢᠵᠤ ᠪᠢᠯᠬᠠᠭᠰᠠᠨ ᠰᠡᠳᠬᠢᠯᠭᠡ ᠪᠠᠶᠠᠷ ᠭᠦᠷ ᠳᠤᠮᠳᠠ ᠦᠰᠦᠨ ᠪᠣᠢ᠌ᠵᠢᠵᠤ ᠪᠣᠢ᠃ ᠮᠦᠨᠴᠤ ᠳᠤᠰᠬᠠᠢ ᠮᠡᠷᠭᠡᠵᠢᠯᠳᠡᠨ ᠡᠷᠳᠡᠮᠳᠡᠨ ᠨᠡᠷ ᠡᠴᠡ 《ᠮᠤᠩᠭ᠋ᠤᠯ ᠶᠢᠡᠷ ᠰᠤᠷᠴᠤ ᠪᠠᠢ᠌ᠭ᠎ᠠ ᠬᠡᠦᠬᠡᠳ ᠤᠳ ᠶᠠᠭᠠᠭᠢᠭᠰᠠᠨ ᠳᠦᠷᠭᠡᠨ ᠡᠵᠮᠰᠢᠵᠤ ᠪᠠᠢ᠌ᠨ᠎ᠠ ᠪᠣᠢ︖ ᠥᠨᠡᠭᠡᠷ ᠪᠠᠬᠠᠷᠤᠯ ᠢ ᠳᠠᠳᠠᠵᠤ ᠪᠣᠢ》 ᠭᠡᠵᠤ ᠮᠠᠭᠳᠠᠨ ᠥᠨᠡᠯᠡᠭ᠍ᠰᠡᠨ ᠪᠠᠢ᠌ᠨ᠎ᠠ᠃

4. ᠮᠠᠨ ᠤ ᠴᠡᠴᠡᠷᠯᠢᠭ᠌ ᠨᠢ ᠰᠢᠡᠵᠢᠯᠡᠭᠦ ᠣᠬᠠᠭᠠᠠᠴᠢ ᠵᠢᠮ᠎ᠠ ᠶᠤᠰᠤ ᠶᠢ ᠪᠠᠷᠢᠮᠳᠠᠯᠠᠵᠤ ᠪᠣᠰᠤᠳ ᠤᠨ ᠰᠢᠯᠢᠳᠡᠭ᠌ ᠰᠠᠢ᠌ᠬᠠᠨ ᠠᠷᠭ᠎ᠠ ᠠᠪᠴᠢᠯ ᠢ ᠰᠢᠩᠭᠡᠭᠡᠨ ᠠᠪᠣᠭᠰᠠᠨ ᠶᠢᠡᠷ ᠪᠠᠷᠠᠬᠤ ᠦᠭᠡᠶ ᠪᠠᠰᠠ ᠬᠠᠭᠤᠴᠢᠨ ᠣᠯᠠᠮᠵᠢᠯᠠᠯᠳᠤ ᠵᠢᠭᠠᠨ ᠰᠤᠷᠭᠠᠯᠳᠠ ᠠᠷᠭ᠎ᠠ ᠮᠠᠶ‍ᠢᠭ ᠲᠡᠶ ᠪᠠᠨ ᠣᠶᠠᠯᠳᠤᠭᠤᠯᠤᠨ ᠰᠢᠨᠠᠴᠢᠯᠠᠵᠤ ᠥᠭᠡᠷᠡᠴᠢᠯᠡᠨ ᠰᠢᠨ᠎ᠠ ᠶᠢ ᠡᠭᠦᠳᠴᠤ ᠪᠠᠢ᠌ᠭ᠎ᠠ ᠶᠤᠮ︕ ᠵᠢᠱᠢᠶᠠᠯᠠᠪᠠᠯ 《ᠱᠠᠭ᠎ᠠ》 ᠶᠢᠨ ᠳᠤᠭᠯᠠᠭᠠᠮ -- ᠱᠠᠭ᠎ᠠ ᠶᠢᠨ ᠳᠤᠭᠯᠠᠠᠭᠠᠮ ᠪᠣᠯ ᠮᠠᠨ ᠤ ᠴᠡᠴᠡᠷᠯᠢᠭ᠌ ᠳᠤ ᠬᠠᠮᠤᠭ ᠤᠨ ᠶᠡᠭᠡ ᠭᠦᠭ᠍ᠵᠢᠶᠡᠨ ᠲᠡᠶ ᠪᠠᠷ ᠥᠷᠨᠢᠭ᠍ᠳᠡᠵᠤ ᠪᠠᠢ᠌ᠭ᠎ᠠ ᠨᠢᠭᠡᠨ ᠵᠣᠢ᠌ᠯ ᠤᠨ ᠮᠤᠩᠭ᠋ᠤᠯ ᠦᠨᠳᠦᠰᠦᠳᠠᠨ ᠤ ᠣᠯᠠᠮᠵᠢᠯᠠᠯᠳᠤ ᠳᠤᠭᠯᠠᠭᠠᠮ ᠪᠣᠯᠤᠨ᠎ᠠ᠃ ᠳᠠᠷᠠ ᠨᠢ ᠳᠣᠢ᠌ᠯ ᠤᠨ ᠪᠠᠢ᠌ᠭᠠᠯᠢᠭ ᠪᠠᠢ᠌ᠵᠤ᠂ ᠬᠡᠦᠬᠡᠳ ᠤᠨ ᠡᠷᠡᠭᠦᠯ ᠮᠠᠠᠳᠤ ᠳᠤ ᠲᠤᠩ ᠠᠰᠢᠭ ᠲᠡᠶ ᠪᠦᠭᠡᠳ ᠬᠡᠦᠬᠡᠳ ᠤᠨ ᠣᠯᠠᠨ ᠵᠣᠢ᠌ᠯ ᠤᠨ ᠴᠢᠳᠠᠪᠣᠷᠢ ᠶᠢ ᠭᠦᠭ᠍ᠵᠢᠭᠡᠵᠤ ᠴᠢᠳᠠᠳᠠᠭ᠃ ᠪᠢᠳᠠ ᠳᠡᠭᠦᠨ ᠢ ᠵᠢᠭᠠᠬᠤ 《ᠭᠦᠳᠦᠯᠪᠦᠷᠢ》 ᠲᠡᠶ ᠣᠶᠠᠯᠳᠤᠭᠤᠯᠤᠨ ᠬᠡᠦᠬᠡᠳ ᠤᠨ ᠣᠯᠠᠨ ᠵᠣᠢ᠌ᠯ ᠤᠨ ᠰᠡᠳᠭᠢᠭᠦᠢ ᠰᠡᠷᠡᠭᠦᠢ ᠶᠢ ᠭᠦᠮᠦᠵᠢᠭᠦᠯᠵᠤ ᠪᠠᠢ᠌ᠭ᠎ᠠ᠃ ᠪᠣᠳᠠᠳᠠᠢ ᠳᠤᠷᠠᠳᠪᠠᠯ᠄

(1) ᠱᠠᠭ᠎ᠠ ᠪᠠᠷ ᠥᠭᠦᠯᠡᠪᠦᠷᠢ ᠵᠤᠬᠢᠶᠠᠯᠭᠠᠨ ᠥᠭᠡ ᠭᠡᠯᠡ᠂ ᠢᠯᠡᠳᠭᠡᠭᠦ ᠴᠢᠳᠠᠪᠣᠷᠢ ᠶᠢ ᠨᠢ ᠭᠦᠭ᠍ᠵᠢᠭᠦᠯᠦᠨ᠎ᠡ᠃

(2) ᠳᠤᠭᠠᠨ ᠤ ᠭᠢᠴᠢᠶᠠᠯ ᠳᠤ ᠱᠠᠭ᠎ᠠ ᠶᠢ ᠭᠡᠷᠡᠭᠯᠡᠵᠤ᠂ ᠳᠤᠭᠠᠨ ᠤ ᠵᠢᠮ᠎ᠠ ᠶᠤᠰᠤ ᠶᠢ ᠡᠷᠢᠭᠦ᠂ ᠳᠠᠰ ᠳᠠᠷᠠᠭᠠᠯᠠᠯ ᠢ ᠣᠯᠬᠤ᠂ ᠨᠠᠮᠠᠵᠤ ᠬᠠᠰᠤᠬᠤ ᠪᠣᠳᠤᠯᠭ᠎ᠠ ᠵᠡᠷᠭᠡ ᠶᠢ ᠠᠵᠢᠭᠯᠠᠬᠤ᠂ ᠴᠡᠭᠡᠵᠢᠯᠡᠭᠦ᠂ ᠰᠡᠷᠡᠭᠦᠢ ᠴᠢᠳᠠᠪᠣᠷᠢ ᠶᠢ ᠭᠦᠮᠦᠵᠢᠭᠦᠯᠦᠨ᠎ᠡ᠃

(3) ᠱᠠᠭ᠎ᠠ ᠳᠤ ᠥᠩᠭᠡ ᠪᠣᠳᠤᠭ ᠣᠷᠤᠭᠤᠯᠵᠤ᠂ ᠬᠡᠦᠬᠡᠳ ᠤᠨ ᠢᠯᠭᠠᠨ ᠳᠠᠨᠢᠬᠤ ᠴᠢᠳᠠᠪᠣᠷᠢ ᠶᠢ ᠭᠦᠮᠦᠵᠢᠭᠦᠯᠦᠨ᠎ᠡ᠃

(4) ᠱᠠᠭ᠎ᠠ ᠪᠠᠷ ᠭᠡᠯᠪᠠᠷᠢ ᠳᠦᠷᠰᠦ ᠪᠦᠳᠦᠭᠡᠯᠭᠡᠨ᠂ ᠬᠡᠦᠬᠡᠳ ᠤᠨ ᠪᠦᠳᠦᠭᠡᠯᠴᠢ ᠴᠢᠳᠠᠪᠣᠷᠢ ᠶᠢ ᠭᠦᠮᠦᠵᠢᠭᠦᠯᠦᠨ᠎ᠡ᠃

(5) ᠱᠠᠭ᠎ᠠ ᠶᠢ ᠳᠠᠭᠤᠤ ᠭᠦᠭ᠍ᠵᠢᠮ ᠤᠨ ᠭᠢᠴᠢᠶᠠᠯ ᠳᠤ ᠭᠡᠷᠡᠭᠯᠡᠵᠤ ᠳᠠᠭᠤᠤ ᠭᠦᠭ᠍ᠵᠢᠮ ᠤᠨ ᠠᠢ᠌ᠵᠢᠮ ᠴᠤᠭᠢᠯᠭ᠎ᠠ ᠶᠢ ᠡᠵᠡᠮᠰᠢᠭᠦᠯᠭᠦ᠂ ᠨᠤᠲ᠋ ᠳᠠᠨᠢᠬᠤ᠂ ᠳᠠᠭᠤᠨ ᠤ ᠦᠨᠳᠦᠷ ᠪᠣᠭᠤᠨᠢ ᠴᠤᠭᠢᠯᠭ᠎ᠠ ᠠᠢ᠌ᠵᠢᠮ ᠢ ᠭᠠᠷᠭᠠᠬᠤ ᠵᠡᠷᠭᠡ ᠴᠢᠳᠠᠪᠣᠷᠢ ᠶᠢ ᠭᠦᠮᠦᠵᠢᠭᠦᠯᠦᠨ᠎ᠡ᠃

(6) ᠱᠠᠭ᠎ᠠ ᠪᠠᠷ ᠱᠠᠭ᠎ᠠ ᠨᠢᠰᠯᠠᠬᠤ᠂ ᠱᠠᠭ᠎ᠠ ᠠᠳᠬᠤᠬᠤ ᠵᠡᠷᠭᠡ ᠣᠯᠠᠨ ᠵᠣᠢ᠌ᠯ ᠤᠨ ᠳᠤᠭᠯᠠᠭᠠᠮ᠂ ᠳᠤᠭᠯᠠᠬᠤ ᠠᠷᠭ᠎ᠠ ᠶᠢ ᠡᠵᠡᠮᠰᠢᠭᠦᠯᠵᠤ ᠬᠡᠦᠬᠡᠳ ᠤᠨ ᠪᠠᠭ᠎ᠠ ᠪᠣᠯᠴᠠᠩ ᠤᠨ ᠴᠢᠳᠠᠪᠣᠷᠢ ᠶᠢ ᠭᠦᠮᠦᠵᠢᠭᠦᠯᠦᠨ᠎ᠡ᠃

(7) ᠱᠠᠭ᠎ᠠ ᠪᠠᠷ ᠮᠤᠷᠢ ᠣᠷᠤᠯᠳᠤᠭᠤᠯᠬᠤ᠂ ᠰᠢᠳᠠᠷ᠎ᠠ ᠶᠢᠨ ᠮᠥᠷᠦᠢ᠌ᠴᠡᠭᠡ ᠭᠢᠭᠦ᠂ ᠪᠣᠭᠤ ᠶᠢᠨ ᠵᠢᠷᠭᠢᠭᠦᠯ ᠳᠠᠯᠪᠢᠬᠤ ᠵᠡᠷᠭᠡ ᠣᠷᠤᠯᠳᠤᠭᠠᠨ ᠳᠤᠭᠯᠠᠭᠠᠮ ᠶᠢᠡᠷ ᠳᠠᠮᠵᠢᠭᠤᠯᠵᠤ ᠬᠡᠦᠬᠡᠳ ᠤᠨ ᠰᠤᠷᠤᠯᠴᠠᠬᠤ ᠣᠷᠮᠠᠰ ᠢ ᠭᠦᠭ᠍ᠵᠢᠭᠡᠨ᠎ᠡ᠃

5 . ᠴᠠᠭ ᠦᠶ᠎ᠡ ᠶᠢᠨ ᠣᠷᠤᠰᠬᠠᠯ ᠨᠡᠢ᠌ᠭᠡᠮ ᠤᠨ ᠬᠤᠪᠢᠷᠠᠯᠳᠠ ᠣᠷᠴᠢᠨ ᠳᠤᠭᠤᠷᠢᠨ ᠤ ᠨᠥᠯᠦᠭᠡ ᠡᠴᠡ ᠪᠣᠯᠤᠭᠰᠠᠨ ᠡᠨᠡ ᠬᠤᠳᠠ ᠶᠢᠨ ᠬᠡᠦᠬᠡᠳ ᠤᠳ ᠶᠠᠮᠠᠷ ᠴᠤ ᠊ᠭ᠍‍ᠬᠢᠷ ᠪᠣᠷᠳᠤᠭ ᠦᠭᠡᠶ ᠮᠤᠩᠭ᠋ᠤᠯ ᠠᠮᠢᠳᠤᠷᠠᠯ ᠡᠴᠡ ᠵᠠᠢ᠌ᠳᠠᠨ ᠬᠤᠯᠠᠳᠠᠵᠤ ᠮᠤᠩᠭ᠋ᠤᠯ ᠥᠭᠡ ᠭᠡᠯᠡ ᠮᠤᠩᠭ᠋ᠤᠯ ᠰᠤᠶᠤᠯ ᠶᠢᠡᠨ ᠮᠠᠷᠳᠠᠨ ᠣᠷᠭᠢᠭᠰᠠᠨ ᠡᠨᠡᠭᠦ ᠪᠠᠢ᠌ᠳᠠᠯ ᠳᠤ ᠳᠤᠭᠢᠷᠠᠭᠤᠯᠵᠤ ᠮᠠᠨ ᠤ ᠴᠡᠴᠡᠷᠯᠢᠭ᠌ ᠨᠢ᠂ ᠴᠡᠴᠡᠷᠯᠢᠭ᠌ ᠤᠨ ᠭᠦᠷᠢᠶᠡᠨ ᠳᠡᠭᠡᠨ ᠰᠢᠨ᠎ᠠ ᠪᠠᠷ ᠳᠠᠯ᠎ᠠ ᠨᠤᠳᠤᠭ ᠤᠨ ᠦᠵᠡᠮᠵᠢ᠂ ᠮᠤᠩᠭ᠋ᠤᠯ ᠭᠦᠮᠤᠨ ᠤ ᠠᠮᠢᠳᠤᠷᠠᠯ ᠢ ᠬᠠᠷᠠᠭᠤᠯᠤᠭᠰᠠᠨ ᠦᠵᠡᠮᠵᠢ᠂ ᠪᠠᠢ᠌ᠭᠠᠯᠢ ᠶᠢ ᠵᠤᠬᠢᠶᠠᠨ ᠪᠠᠷᠢᠵᠤ᠂ ᠮᠤᠩᠭ᠋ᠤᠯ ᠦᠨᠳᠦᠰᠦᠳᠠᠨ ᠤ ᠣᠯᠠᠮᠵᠢᠯᠠᠯᠳᠤ ᠰᠤᠶᠤᠯ ᠤᠨ ᠰᠤᠷᠭᠠᠨ ᠭᠦᠮᠦᠵᠢᠯ ᠤᠨ ᠰᠠᠭᠤᠷᠢᠨ ᠭᠠᠵᠠᠷ ᠢ ᠡᠭᠦᠳᠤᠨ ᠭᠠᠷᠭᠠᠨ ᠬᠡᠦᠬᠡᠳ ᠤᠳ ᠲᠤ ᠡᠳᠦᠷ ᠳᠤᠳᠤᠮ ᠤᠨ ᠠᠮᠢᠳᠤᠷᠠᠯ ᠳᠤᠭᠯᠠᠭᠠᠮ ᠤᠨ ᠳᠤᠮᠳᠠ ᠪᠠᠨ ᠥᠭᠡ ᠭᠡᠯᠡ ᠡᠵᠡᠮᠰᠢᠵᠤ ᠦᠪ ᠰᠤᠶᠤᠯ ᠶᠢᠡᠨ ᠣᠢ᠌ᠯᠭᠠᠨ ᠣᠬᠠᠬᠤ ᠳᠤ ᠳᠣᠢ᠌ᠯ ᠤᠨ ᠰᠠᠢ᠌ᠨ ᠨᠥᠭᠦᠴᠡᠯ ᠪᠣᠯᠤᠮᠵᠢ ᠶᠢ ᠪᠦᠷᠢᠯᠳᠦᠭᠦᠯᠵᠤ ᠦᠭ‍ᠭᠦᠭ᠍ᠰᠡᠨ ᠪᠠᠢ᠌ᠨ᠎ᠠ᠃ ᠳᠠᠷᠤᠢ ᠮᠤᠩᠭ᠋ᠤᠯ ᠭᠡᠷ᠂ ᠣᠯᠠᠨ ᠵᠣᠢ᠌ᠯ ᠤᠨ ᠬᠠᠰᠠᠭ ᠳᠡᠷᠭᠡ᠂ ᠳᠠᠪᠤᠨ ᠬᠤᠰᠢᠭᠤ ᠮᠠᠯ ᠡᠴᠡ ᠵᠠᠭᠪᠣᠷᠢ᠂ ᠮᠤᠷᠢᠨ ᠤ ᠡᠳ᠋ᠯᠡᠯ ᠭᠡᠷᠡᠭ᠍ᠰᠡᠯ᠂ ᠮᠤᠩᠭ᠋ᠤᠯ ᠭᠡᠷ ᠤᠨ ᠡᠳ᠋ᠯᠡᠯ ᠭᠡᠷᠡᠭ᠍ᠰᠡᠯ ᠵᠡᠷᠭᠡ ᠳᠦᠭᠦᠭᠡᠷᠦᠮᠵᠢ ᠳᠤᠨᠤᠭᠯᠠᠯ ᠢ ᠪᠡᠯᠡᠳᠭᠡᠭ᠍ᠰᠡᠨ ᠪᠠᠢ᠌ᠨ᠎ᠠ᠃

ᠡᠳᠡᠭᠡᠷ ᠨᠢ ᠮᠠᠨ ᠤ ᠴᠡᠴᠡᠷᠯᠢᠭ᠌ ᠤᠨ ᠮᠤᠩᠭ᠋ᠤᠯ ᠥᠭᠡ ᠭᠡᠯᠡᠨ ᠤ ᠵᠢᠭᠠᠨ ᠰᠤᠷᠭᠠᠯᠳᠠ ᠶᠢᠨ ᠴᠢᠨᠠᠷ ᠴᠢᠠᠰᠠᠭ᠎ᠠ ᠶᠢ ᠣᠯᠠᠮ ᠨᠢᠭᠡ ᠠᠯᠬᠤᠮ ᠳᠡᠭᠡᠭ᠍ᠰᠢᠯᠡᠭᠦᠯᠤᠨ ᠳᠦᠷᠭᠡᠳᠭᠡᠵᠤ᠂ ᠨᠠᠩ ᠦᠨᠳᠦᠷ ᠨᠢᠭᠡᠨ ᠱᠠᠳᠤᠨ ᠳᠤ ᠭᠦᠷᠭᠡᠭᠦ ᠳᠤ ᠵᠠᠢ᠌ᠯᠠᠭᠤᠯᠵᠤ ᠪᠣᠯᠤᠰᠢ ᠦᠭᠡᠶ ᠲᠦᠯᠬᠢᠴᠠ ᠭᠦᠴᠤᠨ ᠪᠣᠯᠤᠭᠰᠠᠨ ᠪᠠᠢ᠌ᠨ᠎ᠠ᠃

ᠳᠦᠷᠪᠡ᠂ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠢ ᠭᠡᠷᠭᠢᠨ ᠰᠠᠢ᠌ᠳᠤᠷ ᠡᠷᠭᠢᠯᠡᠭᠦ ᠳᠤᠬᠠᠢ ᠳᠦᠭᠦᠮ ᠰᠠᠨᠠᠭᠤᠯᠭ᠎ᠠ᠄

1. ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠤᠨ ᠪᠠᠭᠰᠢ ᠨᠡᠷ ᠢ ᠦᠨᠳᠦᠰᠦᠳᠠᠨ ᠤ ᠥᠭᠡ ᠭᠡᠯᠡ ᠳᠠᠷᠤᠢ ᠮᠤᠩᠭ᠋ᠤᠯ ᠶᠢᠡᠷ ᠡᠷᠭᠢᠯᠡᠭ᠍ᠰᠡᠨ ᠰᠤᠷᠤᠯᠴᠠᠯᠭ᠎ᠠ ᠪᠣᠯᠪᠠᠰᠤᠷᠠᠯ ᠤᠨ ᠠᠩᠭᠢ ᠳᠤ ᠢᠯᠡᠭᠦᠤ ᠣᠷᠤᠯᠴᠠᠭᠤᠯᠵᠤ᠂ ᠮᠤᠩᠭ᠋ᠤᠯ ᠵᠢᠭᠠᠨ ᠰᠤᠷᠭᠠᠯᠳᠠ ᠶᠢᠨ ᠭᠢᠷᠢ ᠭᠡᠮᠵᠢᠶ᠎ᠡ ᠶᠢ ᠣᠯᠠᠮ ᠨᠢᠭᠡ ᠠᠯᠬᠤᠮ ᠳᠡᠭᠡᠭ᠍ᠰᠢᠯᠡᠭᠦᠯᠭᠦ ᠴᠢᠬᠤᠯᠠ ᠲᠡᠶ᠃

2. ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠤᠨ ᠪᠦᠳᠦᠭᠡᠯ ᠤᠳ ᠶᠢᠡᠨ ᠬᠠᠮᠳᠤ ᠳᠠᠭᠠᠨ ᠡᠳ᠋ᠯᠡᠭᠦ᠂ ᠭᠡᠷᠡᠭᠯᠡᠭᠦ ᠠᠵᠢᠯ ᠢ ᠴᠢᠩᠭ᠋ᠠᠳᠬᠠᠨ᠎ᠠ᠃

3. ᠪᠠᠭᠰᠢᠨᠠᠷ ᠲᠤ ᠬᠠᠷᠢᠯᠴᠠᠨ ᠳᠤᠭᠤᠷᠢᠨ ᠰᠤᠷᠤᠯᠴᠠᠬᠤ ᠲᠤᠬᠢᠶᠠᠯ ᠢ ᠣᠯᠭᠤᠵᠤ᠂ ᠬᠠᠷᠢᠯᠴᠠᠨ ᠳᠤᠷᠰᠢᠯᠭ᠎ᠠ ᠰᠤᠷᠭᠠᠮᠵᠢ ᠪᠠᠨ ᠰᠤᠯᠢᠯᠴᠠᠬᠤ ᠨᠥᠭᠦᠴᠡᠯ ᠢ ᠪᠣᠢ ᠪᠣᠯᠭᠠᠬᠤ ᠭᠡᠷᠡᠭ᠍ᠳᠡᠢ᠃

4 ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠤᠨ ᠪᠠᠭᠰᠢ ᠶᠢᠨ ᠢᠷᠠᠯᠳᠠ ᠶᠢᠨ ᠵᠠᠮ ᠢ ᠦᠷᠭᠡᠳᠭᠡᠭᠦ ᠭᠡᠷᠡᠭ᠍ᠳᠡᠢ᠃

5 ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌ ᠤᠨ ᠴᠡᠴᠡᠷᠯᠢᠭ᠌ ᠡᠷᠭᠢᠯᠡᠭᠦ ᠣᠠᠴᠠᠯᠢᠭ ᠶᠢᠡᠨ ᠴᠠᠭ ᠦᠶ᠎ᠡ ᠲᠡᠶ ᠳᠤᠭᠢᠷᠠᠭᠤᠯᠤᠨ ᠥᠷᠭᠦᠯᠵᠢᠯᠡᠨ ᠰᠢᠨᠡᠳᠭᠡᠭᠦ ᠭᠡᠷᠡᠭ᠍ᠳᠡᠢ᠃


2008.11.19

ᠥᠨᠢᠷᠴᠡᠴᠡᠭ᠌ (ᠬᠦᠬᠡᠬᠤᠲᠠ ᠶᠢᠨ ᠮᠤᠩᠭ᠋ᠤᠯ ᠦᠨᠳᠦᠰᠦᠳᠠᠨ ᠤ ᠬᠡᠦᠬᠡᠳ ᠤᠨ ᠴᠡᠴᠡᠷᠯᠢᠭ᠌)

ᠵᠤᠬᠢᠶᠠᠭᠴᠢ᠄ ᠥᠨᠢᠷᠴᠡᠴᠡᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 4777
ᠴᠠᠭ᠄ 2009 ᠤᠨ ᠤ 03 ᠰᠠᠷ᠎ᠠ ᠶᠢᠨ 16