ᠦᠭᠦᠯ ᠮᠥᠭᠦᠯ ᠳᠤ ᠡᠷᠭᠦᠭᠦ ᠣᠶᠠᠩᠭ᠎ᠠ

ᠨᠢ᠋ᠮᠠᠨ ᠵᠠᠭᠤᠨ ᠤ ᠳᠡᠷᠳᠡᠭᠡ ᠡᠴᠡ ᠪᠠᠭᠠᠳᠤᠷ ᠤᠨ ᠣᠤᠬᠠᠢ ᠰᠤᠨᠤᠰᠳᠠᠨ᠎ᠠ

ᠨᠠᠷᠠ ᠰᠠᠷᠠᠨ ᠤ ᠡᠭᠡᠯᠵᠢᠯᠡᠭᠡᠨ ᠳᠤ ᠪᠢᠳᠠ ᠬᠤᠷᠸ᠎ᠠ ᠡᠴᠡ ᠬᠤᠯᠠᠳᠠᠨ᠎ᠠ

ᠨᠠᠪᠴᠢ ᠴᠡᠴᠡᠭ᠌ ᠰᠢᠷᠠᠭᠠᠯᠳᠤᠵᠤ ᠨᠠᠮᠤᠷ ᠡᠪᠦᠯ ᠲᠡᠶ ᠪᠠᠨ ᠢᠷᠠᠨ᠎ᠠ

ᠨᠠᠰᠤ ᠨᠠᠮᠠᠵᠤ ᠭᠡᠵᠤ ᠭᠦᠭᠡᠷᠡᠭᠦ ᠡᠴᠡ ᠪᠢᠳᠠ ᠥᠭᠦᠯ ᠵᠥᠭ᠌ ᠣᠢ᠌ᠷᠠᠳᠤᠨ᠎ᠠ

ᠪᠢᠳᠠᠨ ᠢ ᠪᠣᠷᠬᠠᠨ ᠮᠠᠷᠳᠠᠭᠰᠠᠨ ᠴᠤ ᠥᠭᠦᠯ ᠮᠠᠷᠳᠠᠬᠤ ᠥᠭᠡᠢ

ᠪᠢᠳᠠᠨ ᠢ ᠴᠢᠦᠡᠭᠦᠷ ᠮᠠᠷᠳᠠᠭᠰᠠᠨ ᠴᠤ ᠮᠥᠭᠦᠯ ᠮᠠᠷᠳᠠᠬᠤ ᠥᠭᠡᠢ

ᠴᠢ ᠪᠠᠢ᠌ᠳᠤᠭᠠᠢ ᠠᠭᠤᠯᠠ ᠭᠦᠷᠳᠡᠯ᠎ᠡ ᠨᠤᠷᠠᠳᠠᠭ ᠴᠠᠭ ᠪᠠᠢ᠌ᠨ᠎ᠠ

ᠴᠡᠴᠡᠭ᠌ ᠪᠠᠢ᠌ᠳᠤᠭᠠᠢ ᠨᠠᠷᠠᠰᠤ ᠭᠦᠷᠳᠡᠯ᠎ᠡ ᠬᠠᠳᠠᠳᠠᠭ ᠴᠠᠭ ᠢᠷᠠᠨ᠎ᠠ

ᠴᠡᠭᠡᠯ ᠤᠨ ᠣᠰᠤᠨ ᠰᠢᠷᠭᠢᠭ᠍ᠰᠡᠨ ᠴᠤ ᠭᠡᠯ᠎ᠡ ᠴᠢᠩᠭᠢᠰ ᠴᠢᠩᠭᠢᠰ ᠭᠡᠪ ᠶᠢᠡᠷ ᠶᠢᠡᠨ ᠪᠣᠰᠤᠭᠰᠠᠨ

ᠴᠡᠭᠡᠨ ᠴᠢᠯᠠᠭᠤ ᠬᠠᠭᠠᠷᠠᠭᠰᠠᠨ ᠴᠤ ᠭᠡᠯ᠎ᠡ ᠳᠠᠩᠭᠢᠰ ᠳᠠᠩᠭᠢᠰ ᠭᠡᠪ ᠶᠢᠡᠷ ᠶᠢᠡᠨ ᠴᠠᠯᠭᠢᠭᠰᠠᠨ

ᠥᠭᠦᠯ ᠡᠴᠡ ᠠᠶᠤᠵᠤ ᠪᠢᠳᠠ ᠣᠭᠢᠯᠠᠭ᠎ᠠ ᠦᠭᠡᠶ᠂ ᠵᠤᠷᠢᠭᠵᠢᠭᠰᠠᠨ

ᠮᠥᠭᠦᠯ ᠡᠴᠡ ᠰᠦᠷᠳᠠᠵᠤ ᠪᠢᠳᠠ ᠰᠥᠭᠦᠷᠡᠭᠡ ᠦᠭᠡᠶ᠂ ᠬᠠᠳᠠᠭᠤᠵᠢᠭᠰᠠᠨ

ᠳᠤᠭᠤᠨ ᠬᠠᠭᠠᠨ ᠪᠠᠭᠤᠴᠠ ᠪᠠᠨ ᠣᠷᠭᠢᠵᠤ ᠣᠮᠠᠷᠠᠰᠢ ᠪᠣᠴᠠᠭᠰᠠᠨ

ᠳᠤᠭᠤᠨᠤᠳᠤ ᠡᠭᠡ ᠣᠷᠤᠨ ᠨᠢ ᠡᠩᠭᠡᠷ ᠶᠢᠡᠨ ᠳᠡᠯᠭᠡᠵᠤ ᠳᠠᠳᠠᠨ ᠢ ᠪᠠᠨ ᠣᠭᠳᠤᠭᠰᠠᠨ

ᠳᠤᠯᠤᠭᠠᠢ ᠶᠢ ᠨᠢ ᠴᠠᠪᠴᠢᠵᠤ ᠵᠤᠭᠤᠰ ᠤᠨ ᠨᠥᠭᠡ ᠪᠠᠷ ᠰᠦᠪᠡᠯᠠᠵᠤ ᠮᠠᠠᠵᠤᠴᠤᠳ ᠠᠷᠭ᠎ᠠ ᠪᠠᠨ ᠪᠠᠷᠠᠭᠰᠠᠨ

ᠳᠤᠭ᠎ᠠ ᠶᠤᠰᠤᠭᠠᠷ ᠶᠢᠡᠨ ᠮᠤᠩᠭ᠋ᠤᠯ ᠬᠤᠷᠢᠨ ᠨᠢᠭᠡᠳᠦᠭᠡᠷ ᠵᠠᠭᠤᠨ ᠳᠤ ᠢᠷᠡᠭᠦ ᠳᠡᠭᠡᠨ ᠯᠠ ᠢᠷᠡᠭ᠍ᠰᠡᠨ

ᠵᠤᠷᠢᠭᠵᠢᠭᠰᠠᠨ ᠮᠤᠩᠭ᠋ᠤᠯ ᠵᠤᠳᠤᠭ ᠲᠡᠶ ᠭᠡᠪ ᠶᠢᠡᠷ ᠶᠢᠡᠨ ᠳᠡᠪᠢᠭ᠍ᠰᠡᠨ

ᠬᠠᠳᠠᠭᠤᠵᠢᠭᠰᠠᠨ ᠮᠤᠩᠭ᠋ᠤᠯ ᠬᠠᠭᠠᠨ ᠰᠠᠭᠤᠳᠠᠯ ᠲᠡᠶ ᠭᠡᠪ ᠶᠢᠡᠷ ᠶᠢᠡᠨ ᠨᠠᠯᠠᠢ᠌ᠭᠰᠠᠨ

ᠣᠠᠳᠠᠭᠰᠠᠨ ᠨᠣᠢ᠌ᠷ ᠡᠴᠡ ᠪᠠᠨ ᠰᠡᠷᠢᠳᠡᠭ᠌ ᠴᠠᠭ ᠣᠳᠠᠬᠤ ᠦᠭᠡᠶ ᠢᠷᠠᠨ᠎ᠠ

ᠣᠤᠬᠠᠢ ᠰᠤᠨᠤᠰᠴᠤ ᠣᠷᠠᠢ ᠬᠠᠰᠭᠢᠷᠴᠤ ᠪᠣᠰᠳᠠᠭ ᠴᠠᠭ ᠴᠤ ᠢᠷᠠᠨ᠎ᠠ

ᠣᠳᠤᠮ ᠨᠢ ᠳᠠᠢ᠌ᠮᠤ ᠳᠠᠢ᠌ᠴᠢᠨ ᠭᠦᠮᠦᠰ ᠪᠠᠢ᠌ᠭᠰᠠᠨ ᠶᠤᠮ ᠭᠡᠵᠤ ᠳᠡᠯᠡᠭᠡᠢ ᠮᠠᠳᠠᠷᠠᠨ᠎ᠠ

ᠣᠯᠤᠰ ᠮᠤᠩᠭ᠋ᠤᠯ ᠤᠨ ᠪᠠᠭᠠᠳᠤᠷ ᠭᠦᠪᠠᠭᠦᠤᠨ ᠤᠨ ᠣᠮᠤᠭ ᠳᠠᠷᠠ ᠴᠠᠭ ᠲᠤ ᠳᠦᠷᠠᠯᠵᠢᠨ᠎ᠠ

ᠨᠢ᠋ᠮᠠᠨ ᠵᠠᠭᠤᠨ ᠤ ᠳᠡᠷᠳᠡᠭᠡ ᠡᠴᠡ ᠪᠠᠭᠠᠳᠤᠷ ᠤᠨ ᠣᠤᠬᠠᠢ ᠰᠤᠨᠤᠰᠳᠠᠨ᠎ᠠ

ᠨᠢ᠋ᠮᠠᠨ ᠵᠠᠭᠤᠨ ᠤ ᠳᠡᠷᠳᠡᠭᠡ ᠡᠴᠡ ᠪᠠᠭᠠᠳᠤᠷ ᠤᠨ ᠣᠤᠬᠠᠢ ᠰᠤᠨᠤᠰᠳᠠᠨ᠎ᠠ

ᠵᠤᠬᠢᠶᠠᠭᠴᠢ᠄ ᠭᠦᠡᠳᠡᠯᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1988
ᠴᠠᠭ᠄ 2009 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ