ᠮᠤᠩᠭ᠋ᠤᠯ ᠳᠡᠦᠭᠡ ᠰᠤᠶᠤᠯ ᠤᠨ ᠰᠢᠮᠠᠳᠤ ᠭᠦᠷᠦᠰᠤ ᠲᠡᠶ ᠨᠤᠨ ᠬᠤᠷᠴᠢᠨ ᠮᠤᠩᠭ᠋ᠤᠯ ᠠᠷᠠᠤᠨ ᠤᠨ ᠳᠠᠭᠤᠤ

【 ᠠᠭᠤᠯᠭ᠎ᠠ ᠶᠢᠨ ᠳᠤᠪᠴᠢ】 ᠳᠤᠰ ᠥᠭᠦᠯᠡᠯ ᠳᠤ᠂ ᠨᠤᠨ ᠬᠤᠷᠴᠢᠨ ᠮᠤᠩᠭ᠋ᠤᠯ ᠠᠷᠠᠤᠨ ᠤᠨ ᠳᠠᠭᠤᠤ ᠪᠣᠯ ᠡᠷᠳᠡᠨ ᠤ ᠮᠤᠩᠭ᠋ᠤᠯ ᠢᠵᠠᠭᠤᠷ ᠰᠤᠶᠤᠯ ᠤᠨ ᠰᠢᠮᠠᠳᠤ ᠭᠦᠷᠦᠰᠤᠨ ᠳᠡᠭᠡᠷ᠎ᠡ ᠦᠨᠳᠦᠰᠦ ᠬᠠᠳᠬᠤᠵᠤ᠂ ᠮᠢᠩᠭ᠋ᠠᠭᠠᠤᠨ ᠵᠢᠯ ᠤᠨ ᠣᠷᠳᠤ ᠣᠳᠠᠭᠠᠨ ᠬᠤᠭᠤᠴᠠᠭᠠᠨ ᠤ ᠳᠡᠦᠭᠡ ᠰᠤᠶᠤᠯ ᠤᠨ ᠬᠤᠪᠢᠷᠠᠯᠳᠠ ᠭᠦᠭ᠍ᠵᠢᠯᠳᠡ ᠶᠢᠨ ᠶᠠᠪᠣᠴᠠ ᠳᠤ ᠰᠢᠨᠠᠳᠤᠨ ᠳᠡᠭᠦᠯᠳᠡᠷᠵᠢᠵᠤ᠂ ᠱᠦᠯᠦᠰᠢᠨ ᠠᠮᠳᠠᠰᠢᠭᠠᠤᠨ᠂ ᠠᠭᠤᠯᠭ᠎ᠠ ᠭᠡᠯᠪᠠᠷᠢ ᠶᠢᠨ ᠳᠠᠯ᠎ᠠ ᠪᠠᠷ ᠪᠠᠶᠠᠯᠢᠭᠵᠢᠨ ᠦᠨᠢᠷᠵᠢᠵᠤ᠂ ᠠᠳᠠᠯᠢ ᠪᠣᠰᠤ ᠶᠢᠨ ᠳᠡᠦᠭᠡᠨ ᠴᠠᠭ ᠦᠶ᠎ᠡ ᠶᠢᠨ ᠠᠳᠠᠯᠢ ᠪᠣᠰᠤ ᠠᠮᠢᠳᠤᠷᠠᠯ ᠤᠨ ᠦᠨᠡᠨ ᠢ ᠳᠤᠰᠬᠠᠵᠤ ᠶᠠᠪᠣᠵᠤ ᠳᠡᠮᠳᠡᠭᠯᠡᠨ ᠥᠯᠡᠳᠡᠭᠡᠭ᠍ᠰᠡᠨ ᠨᠢ ᠳᠡᠭᠦᠨ ᠤ ᠭᠠᠪᠢᠶ᠎ᠠ ᠵᠢᠳᠭᠦᠯ ᠮᠦᠨ ᠭᠡᠵᠤ ᠳᠡᠭᠡᠳᠤ ᠭᠡᠮᠵᠢᠶ᠎ᠡ ᠪᠠᠷ ᠦᠨᠡᠯᠠᠨ ᠰᠢᠭᠦᠮᠵᠢᠯᠡᠵᠡᠢ᠃

【 ᠵᠠᠩᠭᠢᠯᠠᠭ᠎ᠠ ᠶᠢᠨ ᠥᠭᠡᠰ 】 ᠨᠤᠨ ᠬᠤᠷᠴᠢᠨ ᠮᠤᠩᠭ᠋ᠤᠯ ᠠᠷᠠᠤᠨ ᠤᠨ ᠳᠠᠭᠤᠤ᠂ ᠭᠦᠮᠤᠨ ᠰᠤᠶᠤᠯ ᠤᠨ ᠳᠡᠮᠳᠡᠭᠯᠡᠯ᠂ ᠳᠡᠦᠭᠡ ᠶᠢᠨ ᠮᠦᠷ ᠣᠯᠠᠪᠠᠭ᠎ᠠ᠃


ᠬᠤᠷᠴᠢᠨ ᠠᠷᠠᠤᠨ ᠤᠨ ᠳᠠᠭᠤᠤ ᠪᠣᠯ ᠢᠵᠠᠭᠤᠷ ᠰᠤᠶᠤᠯ ᠤᠨ ᠰᠢᠮᠠᠳᠤ ᠭᠦᠷᠦᠰᠤ ᠲᠡᠶ᠂ ᠣᠷᠳᠤ ᠣᠳᠠᠭᠠᠨ ᠳᠡᠦᠭᠡ ᠲᠡᠶ᠂ ᠦᠨᠢᠷ ᠪᠠᠶᠠᠯᠢᠭ ᠠᠭᠤᠯᠭ᠎ᠠ ᠲᠡᠶ᠂ ᠦᠷᠭᠡᠨ ᠳᠡᠯᠭᠡᠷ ᠣᠯᠠᠮᠵᠢᠯᠠᠯ ᠶᠢᠡᠷ ᠶᠢᠡᠨ ᠬᠤᠷᠴᠢᠨ ᠮᠤᠩᠭ᠋ᠤᠯᠴᠤᠳ ᠤᠨ ᠰᠤᠶᠤᠯ ᠳᠡᠦᠭᠡ ᠶᠢᠨ ᠠᠮᠢᠳᠤ ᠳᠦᠷᠰᠦᠯᠢᠭ᠌ ᠢᠯᠡᠷᠡᠭᠦᠨ ᠪᠣᠯᠤᠭᠰᠠᠨ ᠷᠢᠳᠢ ᠰᠢᠳᠢᠳᠤ ᠣᠷᠠᠯᠢᠭ ᠮᠦᠨ᠃ ᠪᠦᠭᠦᠢᠯᠡ ᠮᠤᠩᠭ᠋ᠤᠯ ᠳᠠᠭᠤᠤ ᠣᠷᠠᠯᠢᠭ ᠤᠨ ᠳᠤᠳᠤᠷ᠎ᠠ ᠦᠪᠡᠷᠮᠢᠴᠠ ᠣᠠᠴᠠᠯᠢᠭ ᠶᠢᠡᠷ ᠶᠢᠡᠨ ᠳᠤᠪᠣᠢ᠌ᠭᠰᠠᠨ ᠣᠷᠠᠯᠢᠭ ᠤᠨ ᠭᠡᠪ ᠨᠠᠮᠪᠠ ᠪᠣᠯᠤᠨ ᠳᠤᠭᠳᠠᠪᠣᠷᠢᠵᠢᠭᠰᠠᠨ ᠪᠠᠢ᠌ᠨ᠎ᠠ᠃ ᠪᠦᠷ ᠦᠨᠡᠨ ᠭᠦᠮᠤᠨ᠂ ᠦᠨᠡᠨ ᠭᠡᠷᠡᠭ᠌ ᠲᠤ ᠰᠠᠭᠤᠷᠢᠯᠠᠨ ᠪᠣᠢ ᠪᠣᠯᠤᠭᠰᠠᠨ ᠪᠣᠯᠬᠤᠷ ᠳᠡᠦᠭᠡ ᠶᠢᠨ ᠦᠨᠡᠨ᠂ ᠣᠷᠠᠯᠢᠭ ᠤᠨ ᠦᠨᠡᠨ ᠤ ᠠᠪᠴᠠᠯᠳᠤᠯ ᠨᠢ ᠳᠠᠢ᠌ᠮᠤ ᠨᠢᠭᠳᠠ ᠴᠢᠩᠭ᠋᠎ᠠ ᠪᠠᠢ᠌ᠳᠠᠭ᠃ ᠦᠨᠡᠨᠳᠡᠭᠡᠨ ᠬᠤᠷᠴᠢᠨ ᠠᠷᠠᠤᠨ ᠤᠨ ᠳᠠᠭᠤᠤ ᠪᠣᠯ ᠬᠤᠷᠴᠢᠨ ᠮᠤᠩᠭ᠋ᠤᠯᠴᠤᠳ ᠤᠨ ᠦᠨᠦᠳᠤᠷ ᠤᠨ ᠪᠣᠳᠤᠯ ᠰᠡᠳᠭᠢᠯ᠂ ᠢᠷᠡᠭᠡᠳᠦᠢ ᠶᠢᠨ ᠭᠦᠰᠡᠯ ᠮᠦᠷᠦᠭᠡᠳᠦᠯ ᠤᠨ ᠬᠠᠮᠤᠭ ᠦᠨᠡᠨ ᠵᠦᠪ ᠳᠤᠰᠬᠠᠯ ᠪᠣᠯᠬᠤ ᠶᠤᠮ᠃ ᠣᠴᠢᠷ ᠨᠢ ᠠᠷᠠᠤᠨ ᠲᠦᠮᠡᠨ ᠦᠪᠡᠷ ᠶᠢᠡᠨ ᠵᠤᠬᠢᠶᠠᠵᠤ ᠦᠪᠡᠷ ᠶᠢᠡᠨ ᠳᠠᠭᠤᠯᠠᠭᠰᠠᠨ ᠪᠣᠯᠬᠤᠷ ᠳᠡᠭᠦᠨ ᠳᠤ ᠶᠠᠮᠠᠷᠴᠤ ᠳᠤᠱᠠ ᠴᠢᠳᠤᠷ ᠪᠠᠢ᠌ᠬᠤ ᠦᠭᠡᠶ 《ᠶᠠᠭᠤ ᠪᠣᠳᠤᠭᠰᠠᠨ ᠪᠣᠯ ᠶᠠᠭᠤ ᠪᠠᠨ ᠭᠡᠯᠡᠵᠤ᠂ ᠶᠠᠭᠠᠭᠢᠵᠤ ᠰᠡᠳᠭᠢᠭ᠍ᠰᠡᠨ ᠪᠣᠯ ᠳᠡᠭᠡᠵᠤ ᠳᠠᠭᠤᠯᠠᠭᠰᠠᠨ》 ᠦᠨᠡᠨ ᠮᠦᠨ ᠴᠢᠨᠠᠷ ᠲᠡᠶ ᠢᠷᠭᠡᠡᠰᠢᠯ ᠰᠤᠶᠤᠯ ᠤᠨ ᠭᠡᠯᠪᠠᠷᠢ ᠮᠦᠨ᠃ ᠡᠢ᠌ᠮᠤ ᠡᠴᠡ ᠶᠠᠷᠤ ᠶᠢᠨ ᠥᠭᠡᠨ ᠳᠤ 《ᠠᠷᠠᠤᠨ ᠤᠨ ᠪᠠᠢ᠌ᠳᠠᠯ ᠢ ᠮᠠᠳᠠᠶ᠎ᠠ ᠭᠡᠪᠠᠯ ᠠᠷᠠᠤᠨ ᠤᠨ ᠳᠠᠭᠤᠤ ᠳᠠᠭᠤᠯᠠᠵᠤ ᠰᠤᠷ》 ᠭᠡᠳᠡᠭ᠌ ᠪᠢᠯᠠ ︕

ᠠᠷᠠᠤᠨ ᠤᠨ ᠳᠠᠭᠤᠤ ᠪᠣᠯ ᠠᠯᠢ ᠴᠤ ᠦᠨᠳᠦᠰᠦᠳᠠᠨ ᠳᠤ ᠪᠦᠷ ᠪᠠᠢ᠌ᠳᠠᠭ᠃ ᠳᠠᠷᠠ ᠨᠢ ᠳᠤᠬᠠᠢ ᠶᠢᠨ ᠦᠨᠳᠦᠰᠦᠳᠠᠨ ᠤ ᠪᠠᠨ ᠳᠡᠦᠭᠡ᠂ ᠵᠠᠩ ᠵᠠᠩᠰᠢᠯ᠂ ᠬᠠᠢ᠌ᠷ᠎ᠠ ᠰᠡᠳᠬᠢᠯᠭᠡ᠂ ᠠᠵᠤ ᠠᠬᠤᠢ᠂ ᠭᠦᠳᠡᠯᠮᠦᠷᠢ ᠠᠮᠢᠳᠤᠷᠠᠯ ᠤᠨ ᠦᠨᠡᠨ ᠡᠴᠡ ᠡᠰᠢᠯᠡᠭ᠍ᠳᠡᠨ ᠵᠤᠬᠢᠶᠠᠭᠳᠠᠭᠰᠠᠨ ᠪᠠᠢ᠌ᠳᠠᠭ᠃ ᠡᠢ᠌ᠮᠤ ᠡᠴᠡ ᠦᠨᠳᠦᠰᠦᠳᠠᠨ ᠪᠦᠷᠢ ᠶᠢᠨ ᠠᠷᠠᠤᠨ ᠤᠨ ᠳᠠᠭᠤᠤ ᠨᠢ ᠦᠪᠡᠷ ᠦᠪᠡᠷ ᠤᠨ ᠦᠪᠡᠷᠮᠢᠴᠠ ᠣᠠᠴᠠᠯᠢᠭ ᠲᠡᠶ᠃ ᠳᠤᠬᠠᠢ ᠶᠢᠨ ᠦᠶ᠎ᠡ ᠶᠢᠨ ᠠᠷᠠᠤᠨ ᠲᠦᠮᠡᠨ ᠤ ᠪᠣᠳᠤᠯ ᠰᠡᠳᠭᠢᠯ ᠤᠨ ᠶ‍ᠢᠷᠳᠢᠠᠴᠤ ᠶᠢ ᠰᠠᠨᠠᠭᠠᠴᠢᠯᠠᠭ᠎ᠠ ᠲᠡᠶ ᠪᠣᠶᠤ ᠰᠠᠨᠠᠭᠠᠴᠢᠯᠠᠭ᠎ᠠ ᠦᠭᠡᠶ ᠪᠠᠢ᠌ᠳᠠᠯ ᠤᠨ ᠳᠤᠤᠷ᠎ᠠ ᠢᠯᠡᠷᠡᠭᠦᠯᠦᠭ᠍ᠰᠡᠨ ᠪᠦᠭᠡᠳ ᠳᠤᠬᠠᠢ ᠶᠢᠨ ᠦᠨᠳᠦᠰᠦᠳᠠᠨ ᠤ ᠪᠠᠨ ᠰᠤᠶᠤᠯ ᠳᠡᠦᠭᠡ ᠶᠢᠨ ᠦᠪ ᠢ ᠣᠬᠠᠮᠰᠠᠷ ᠲᠡᠶ ᠪᠣᠶᠤ ᠣᠬᠠᠮᠰᠠᠷ ᠦᠭᠡᠶ ᠪᠠᠢ᠌ᠳᠠᠯ ᠤᠨ ᠳᠤᠤᠷ᠎ᠠ ᠵᠠᠯᠭᠠᠮᠵᠢᠯᠠᠨ ᠣᠯᠠᠮᠵᠢᠯᠠᠵᠤ᠂ ᠳᠡᠯᠭᠡᠷᠡᠭᠦᠯᠤᠨ ᠭᠦᠭ᠍ᠵᠢᠭᠦᠯᠦᠭ᠍ᠰᠡᠭᠡᠷ ᠢᠷᠡᠭ᠍ᠰᠡᠨ ᠨᠢ ᠳᠡᠭᠦᠨ ᠤ ᠣᠷ᠎ᠠ ᠣᠷᠠᠯᠢᠭ ᠪᠣᠯᠬᠤ ᠶᠤᠮ᠃ 《ᠶᠤᠰᠤᠯᠠᠯᠳᠤ ᠨᠤᠮ》 ᠊ᠤᠨ 《ᠠᠶᠠᠯᠭᠤᠨ ᠤ ᠵᠤᠭᠢᠴᠠᠯ᠂ ᠵᠸᠩ ᠤᠨ ᠳᠠᠢ᠌ᠯᠪᠣᠷᠢ》 ᠳ᠋ᠤ 《ᠡᠷᠳᠡᠨ ᠤ ᠭᠦᠮᠦᠰ ᠭᠦᠳᠡᠯᠮᠦᠷᠢ ᠭᠢᠭᠦ ᠳᠤ ᠪᠠᠨ ᠵᠠᠪᠠᠯ ᠳᠠᠭᠤᠤ ᠳᠠᠭᠤᠯᠠᠮᠤᠢ᠂ ᠪᠦᠳᠦᠭᠦᠨ ᠮᠤᠳᠤ ᠶᠢ ᠡᠷᠭᠦᠭᠦ ᠳᠤ ᠪᠠᠨ ᠬᠠᠢ ᠾᠸᠢ ᠭᠡᠵᠤ ᠪᠠᠷᠭᠢᠷᠠᠳᠠᠭ》 ᠭᠡᠵᠤ ᠳᠡᠮᠳᠡᠭᠯᠡᠵᠤ ᠪᠠᠢ᠌ᠨ᠎ᠠ᠃ ᠡ᠊ᠨᠳᠡ ᠳᠡᠮᠳᠡᠭᠯᠡᠵᠤ ᠪᠠᠢ᠌ᠬᠤ 《ᠪᠦᠳᠦᠭᠦᠨ ᠮᠤᠳᠤ ᠶᠢ ᠡᠷᠭᠦᠭᠦ ᠳᠤ ᠪᠠᠨ ᠬᠠᠢ ᠾᠸᠢ ᠭᠡᠵᠤ ᠪᠠᠷᠭᠢᠷᠠᠳᠠᠭ》 ᠭᠡᠳᠡᠭ᠌ ᠨᠢ ᠭᠦᠳᠡᠯᠮᠦᠷᠢ ᠶᠢᠨ ᠳᠠᠭᠤᠤ ᠪᠣᠯᠬᠤ ᠨᠢ ᠯᠠᠪᠳᠠᠢ᠃

ᠮᠤᠩᠭ᠋ᠤᠯ ᠠᠷᠠᠤᠨ ᠤᠨ ᠳᠠᠭᠤᠤ ᠨᠢ 13 ᠳ᠋ᠤᠭᠠᠷ ᠵᠠᠭᠤᠨ ᠤ ᠦᠶ᠎ᠡ ᠳᠤ ᠶᠡᠭᠡᠯ᠎ᠡ ᠭᠦᠭ᠍ᠵᠢᠯᠳᠡ ᠪᠠᠨ ᠣᠯᠤᠭᠰᠠᠨ ᠨᠢ 《ᠮᠤᠩᠭ᠋ᠤᠯ ᠤᠨ ᠨᠢᠭᠤᠴᠠ ᠳᠤᠪᠴᠢᠶᠠᠨ》᠂ ᠯᠤᠪᠰᠠᠩᠳᠠᠠᠵᠢᠨ ᠤ 《ᠠᠯᠳᠠᠨ ᠳᠤᠪᠴᠢ》᠂ ᠰᠠᠭᠠᠩ ᠰᠠᠴᠠᠨ ᠤ 《ᠡᠷᠳᠡᠨᠢ ᠶᠢᠨ ᠳᠤᠪᠴᠢ》᠂ ᠷᠠᠰᠢᠳ᠋ · ᠠᠳ᠋ · ᠳ᠋ᠢᠨ ᠤ 《ᠰᠤᠳᠤᠷ ᠤᠨ ᠴᠢᠭᠤᠯᠭᠠᠨ》᠂ ᠭᠠᠯᠳᠠᠨ ᠳᠤᠰᠠᠯᠠᠭᠴᠢ ᠶᠢᠨ 《ᠡᠷᠳᠡᠨᠢ ᠶᠢᠨ ᠡᠷᠢᠭᠡ》᠂ 《ᠰᠢᠷ᠎ᠠ ᠳᠤᠭᠤᠵᠢ》 ᠵᠡᠷᠭᠡ ᠶᠢᠨ ᠳᠡᠦᠭᠡ ᠱᠠᠰᠳᠢᠷ ᠲᠤ ᠳᠡᠮᠳᠡᠭᠯᠡᠭ᠍ᠳᠡᠨ ᠦᠯᠠᠳᠠᠵᠠᠢ᠃ ᠵᠢᠱᠢᠶᠠᠯᠠᠪᠠᠯ 《ᠬᠤᠩᠭᠢᠷᠠᠤᠨ ᠤᠨ ᠳᠠᠭᠤᠤ》᠂ 《ᠵᠠᠮᠤᠬ᠎ᠠ ᠰᠠᠴᠠᠨ ᠤ ᠳᠠᠢ᠌ᠨ ᠳᠤ ᠮᠤᠷᠳᠠᠬᠤ ᠳᠠᠭᠤᠤ》᠂ 《ᠵᠠᠮᠤᠬ᠎ᠠ ᠰᠠᠴᠠᠨ ᠤ ᠮᠠᠯᠵᠢᠯ ᠤᠨ ᠳᠠᠭᠤᠤ》 ᠁ ᠭᠡᠭᠦ ᠮᠠᠳᠤ᠃

ᠪᠠᠷᠤᠭ ᠠᠷᠪᠠᠨ ᠭᠤᠷᠪᠠ᠂ ᠳᠦᠷᠪᠠᠳᠦᠭᠡᠷ ᠵᠠᠭᠤᠨ ᠤ ᠦᠶ᠎ᠡ ᠳᠤ ᠵᠤᠬᠢᠶᠠᠭᠳᠠᠭᠰᠠᠨ ᠬᠠᠮᠤᠭ ᠡᠭᠢᠨ ᠤ ᠦᠶ᠎ᠡ ᠶᠢᠨ ᠠᠷᠠᠤᠨ ᠤᠨ ᠳᠠᠭᠤᠤ 《ᠡᠭᠡ ᠭᠦᠪᠠᠭᠦᠨ ᠤ ᠳᠠᠭᠤᠤ》 ᠪᠠᠰᠠ 《ᠠᠯᠳᠠᠨ ᠣᠷᠳᠤᠨ ᠤ ᠣᠢ᠌ᠰᠤᠨ ᠳᠡᠭᠡᠷᠡᠭᠢ ᠪᠢᠴᠢᠭ᠌》 ᠭᠡᠳᠡᠭ᠌ ᠳᠤ

「 ᠠᠴᠢᠳᠤ 」ᠡᠵᠡᠨ᠎ᠡ ᠰᠢᠮᠤᠷᠬᠤᠵᠤ ᠭᠦᠷᠪᠠᠰᠤ

ᠠᠷᠬᠠᠬᠤᠨ ᠳᠤᠷᠠ ᠣᠨᠠᠪᠠ ᠥᠭ᠌ ︕

ᠠᠷᠬᠠᠬᠤᠨ ᠳᠤᠷᠠ ᠣᠨᠠᠪᠠ 「ᠭᠡᠮᠡᠵᠤ 」

ᠠᠷᠢᠶᠠᠵᠤ ᠭᠦᠷᠴᠤ ᠶᠠᠬᠤ ᠭᠡᠪ「ᠳᠡᠭ᠍ᠳᠡᠭᠦ 」

ᠬᠠᠷᠠᠬᠤᠨ ᠡᠵᠡᠨ 「᠎ ᠢᠨᠤ 」 ᠰᠢᠮᠤᠷᠬᠤᠵᠤ ᠭᠦᠷᠪᠠᠰᠤ

ᠬᠠ᠊ 「ᠬᠠᠯᠭ 」 ᠳᠤᠷᠠ ᠣᠨᠠᠵᠤ ᠥᠭ᠌ ︕

ᠬᠠ᠊ 「ᠬᠠᠯᠭ 」 ᠳᠤᠷᠠ ᠣᠨᠠᠪᠠ ᠭᠡᠮᠡᠵᠦᠭᠦ

ᠬᠠᠷᠠᠵᠤ ᠦᠵᠡᠵᠤ ᠶᠠᠬᠤ ᠭᠡᠪᠳᠡᠭ᠍ᠳᠡᠭᠦ ︖

ᠬᠠᠷᠠᠵᠤ ᠠᠭᠰᠠᠨ ᠡᠵᠡᠨ᠎ᠡ ᠢᠨᠤ

ᠬᠠᠮᠤᠵᠤ ᠬᠤᠷᠢᠶᠠᠵᠤ ᠠᠪᠳᠠᠬᠤ ᠴᠢ ᠴᠠᠬ᠎ᠠ 「 ᠮ 」ᠢᠨᠤ

ᠪᠣᠷᠬᠠᠨ ᠡᠵᠡᠨ  ᠢᠨᠤ ᠰᠢᠮᠤᠷᠭ」ᠤᠵᠤ ᠭᠦᠷᠪᠠᠰᠤ

ᠪᠣᠰᠠᠭ 「᠎ ᠳᠤᠷᠠ ᠣᠨᠠᠵᠤ ᠥᠭ᠌ ︕ 」

ᠪᠣ 「 ᠊ᠰᠠᠬ᠎ᠠ ᠳᠤᠷᠠ ᠣᠨᠠᠪᠠ ᠭᠡᠮᠡᠵᠤ

ᠪᠣ ᠁ ᠴᠤ 」 ᠁ ᠤᠳ 「ᠴᠤ ᠶᠠᠬᠤ ᠭᠡᠪᠳᠡᠭ᠍ᠳᠡᠭᠦ ︖ 」

᠁ ᠁

ᠡᠪᠴᠢᠭᠦᠨ ᠤ ᠴᠢᠨᠤ ᠦᠰᠦᠭᠡᠨ

ᠡᠭᠦᠳᠡᠮᠡᠯ ᠠᠯᠤᠭ ᠪᠣᠯᠬᠠᠰᠤ ᠭᠡᠮᠡᠯᠢ

ᠡᠮᠭᠡᠭ᠌ ᠵᠤᠪᠠᠯᠠᠩ ᠳᠤᠷ ᠪᠣ 「 ᠤ 」 ᠳᠠᠪᠠᠷᠢᠬᠤᠭ ︕

ᠡᠭᠦᠨ ᠳᠡᠭ᠍ᠳᠡ ᠴᠠᠬ᠎ᠠ ᠮᠢᠨᠤ ︕

ᠳᠤᠪᠴᠠᠢ᠌ᠨ ᠴᠢᠨᠤ ᠦᠰ 「 ᠊ᠦᠭᠡ 」 ᠨ

ᠳᠤᠩ ᠠᠯᠳᠠ ᠪᠣᠯᠬᠠᠰᠤ ᠭᠡᠮᠡᠯᠡ ᠁ ᠭᠡᠵᠤ ᠡᠩ ᠤᠨ ᠪᠦᠰᠡᠭᠦᠢ ᠡᠨᠡᠷᠢᠯᠳᠤ ᠡᠵᠢ ᠶᠢᠨ ᠡᠩᠭᠦᠷᠡᠢ ᠭᠦᠤ ᠪᠠᠨ ᠠᠰᠠᠷᠠᠨ ᠭᠦᠮᠦᠵᠢᠭᠦᠯᠵᠤ᠂ ᠠᠵᠢᠯ ᠭᠦᠳᠡᠯᠮᠦᠷᠢ ᠪᠠᠨ ᠭᠢᠵᠤ᠂ ᠠᠮᠤᠷ ᠵᠢᠷᠭᠠᠯ ᠲᠡᠶ ᠠᠮᠢᠳᠤᠷᠠᠶ᠎ᠠ ᠭᠡᠵᠤ ᠪᠣᠳᠤᠵᠤ ᠪᠠᠢ᠌ᠳᠠᠯ᠎ᠠ ᠭᠦᠪᠠᠭᠦᠨ ᠨᠢ ᠡᠵᠡᠨ ᠤᠨ ᠴᠡᠷᠢᠭ᠌ ᠤᠨ ᠠᠯᠪᠠᠨ ᠳᠤ ᠮᠤᠷᠳᠠᠬᠤ ᠪᠣᠯᠬᠤ ᠳᠤ ᠡᠮᠭᠡᠨᠢᠯᠳᠤ ᠰᠡᠳᠬᠢᠯᠭᠡ ᠲᠡᠶ ᠡᠵᠢ ᠨᠢ ᠭᠦᠤ ᠶᠢᠨ ᠶᠢᠡᠨ ᠠᠮᠤᠷ ᠳᠠᠢ᠌ᠪᠣᠩ ᠠᠮᠢᠳᠤᠷᠠᠵᠤ᠂ ᠡᠷᠡᠭᠦᠯ ᠡᠩᠭᠡ ᠪᠣᠴᠠᠵᠤ ᠢᠷᠡᠭᠦ ᠶᠢ ᠭᠦᠰᠡᠨ ᠬᠠᠭᠠᠨ ᠡᠵᠡᠳ ᠲᠤ 《ᠰᠥᠭᠦᠳᠴᠤ ᠥᠭ᠌ ︕》᠂ 《ᠰᠢᠳᠤᠷᠭᠤ ᠶᠠᠪᠣ ︕》 ᠭᠡᠵᠤ ᠵᠠᠭᠢᠵᠤ ᠰᠤᠷᠭᠠᠨ ᠳᠠᠭᠤᠯᠠᠵᠤ ᠪᠢᠯᠠ᠃

ᠭᠦᠪᠠᠭᠦᠨ ᠨᠢ ᠬᠠᠷᠢᠭᠤ ᠳᠠᠭᠤᠯᠠᠭᠰᠠᠨ ᠨᠢ

ᠠᠯᠳᠠᠬᠠᠨ ᠬᠤᠷᠬᠤᠯᠳᠠᠢ ᠴᠠᠬ᠎ᠠ ᠢᠨᠤ ︕

ᠡᠭᠡ ᠡᠯᠪᠦᠷ ᠡᠭᠡ ᠳᠤᠷᠢᠶᠠᠨ

ᠬᠠᠷᠢᠬᠤ ᠳᠠᠬᠤ ᠳᠠᠭᠤ᠋ 「 ᠊ᠯᠠᠷ᠎ᠠ 」ᠭᠦᠷᠪᠡ

ᠡᠭᠡ ᠡᠯᠪᠦᠷ ᠡᠭᠡ ᠮᠢᠨᠸ᠎ᠠ ︕

ᠥᠯᠡᠩᠭᠦᠨ ᠡᠪᠠᠰ ᠤᠨ ᠦᠯᠠᠵᠢᠷᠠ ᠭᠦᠷᠪᠡ

ᠦᠨᠡᠷ ᠰᠠᠳᠤᠨ ᠡᠭᠦᠰᠦᠷ᠎ᠡ 「 ᠬᠦ᠊ 」 ᠷᠪᠠ

ᠦᠷᠦᠭ᠌ ᠨᠤᠠᠳᠤᠭ ᠳᠤᠷᠢᠶᠠᠨ ᠡᠭᠦᠰᠤ ︕

᠁ ᠶᠤᠷᠴᠢᠰᠤ ︕ ᠭᠡᠵᠤ ᠭᠦᠪᠠᠭᠦᠨ ᠨᠢ ᠴᠠᠭ ᠢᠮᠠᠭᠳᠠ ᠡᠭᠡ ᠪᠠᠨ ᠰᠠᠨᠠᠵᠤ᠂ ᠥᠯᠦᠭᠡᠢ ᠨᠤᠳᠤᠭ ᠲᠤ ᠪᠠᠨ ᠪᠣᠴᠠᠬᠤ ᠶᠢ ᠭᠦᠰᠡᠨ ᠮᠦᠷᠦᠭᠡᠳᠴᠤ ᠪᠠᠢ᠌ᠭ᠎ᠠ ᠰᠡᠳᠬᠢᠯᠭᠡ ᠪᠠᠨ ᠢᠯᠡᠳᠭᠡᠵᠤ ᠪᠠᠢ᠌ᠳᠠᠭ ᠨᠢ ᠠᠭᠤᠯᠭ᠎ᠠ ᠪᠠ ᠦᠵᠡᠯ ᠰᠠᠨᠠᠭ᠎ᠠ ᠶᠢᠨ ᠳᠠᠯ᠎ᠠ ᠪᠠᠷ ᠣᠳᠤ ᠶᠢᠨ ᠬᠤᠷᠴᠢᠨ ᠠᠷᠠᠤᠨ ᠤᠨ ᠳᠠᠭᠤᠤ ᠶᠢᠨ ᠪᠣᠢ ᠪᠣᠯᠬᠤ ᠳᠤ ᠰᠢᠮᠠᠳᠤ ᠭᠦᠷᠦᠰᠤ ᠪᠣᠯᠵᠠᠢ᠃ ᠪᠠᠷᠤᠭ ᠶᠤᠸᠠᠨ ᠣᠯᠤᠰ ᠤᠨ ᠡᠭᠢᠨ ᠤ ᠦᠶ᠎ᠡ ᠳᠤ ᠪᠣᠢ ᠪᠣᠯᠤᠭᠰᠠᠨ 《ᠠᠯᠠᠢ᠌ᠴᠢᠮᠪᠣᠤ ᠶᠢᠨ ᠳᠠᠭᠤᠤ》 ᠨᠢ ᠮᠦᠨ ᠳᠡᠭᠡᠷᠡᠭᠢ ᠳᠠᠭᠤᠤ ᠲᠡᠶ ᠠᠳᠠᠯᠢ ᠪᠠᠷ ᠴᠡᠷᠢᠭ᠌ ᠲᠤ ᠮᠤᠷᠳᠠᠭᠰᠠᠨ ᠠᠯᠠᠢ᠌ᠴᠢᠮᠪᠣᠤ ᠶᠢ ᠳᠠᠭᠤᠯᠠᠭᠰᠠᠨ ᠳᠠᠭᠤᠤ ᠪᠣᠯᠤᠨ᠎ᠠ᠃ ᠳᠡᠭᠦᠨ ᠳᠤ

ᠭᠦᠳᠡᠷ ᠤᠨ ᠴᠠᠭᠠᠨ ᠴᠢᠯᠠᠭᠤ ᠨᠢ

ᠭᠦᠡᠳᠤ ᠶᠡᠭᠡ ᠪᠣᠯᠪᠠᠴᠤ

ᠣᠰᠤᠨ ᠤ ᠭᠢᠨᠢ ᠳᠦᠷᠭᠡᠨ ᠳᠤ

ᠡᠷᠭᠡᠪᠰᠢ ᠦᠭᠡᠶ ᠰᠢᠯᠵᠢᠪᠠᠢ᠃

ᠭᠦᠮᠤᠨ ᠤ ᠭᠠᠭᠴᠠ ᠦᠷ᠎ᠡ ᠨᠢ

ᠭᠡᠳᠦᠢ ᠪᠠᠭ᠎ᠠ ᠪᠣᠯᠪᠠᠴᠤ

ᠡᠵᠡᠨ ᠤ ᠭᠢᠨᠢ ᠠᠯᠪᠠᠨ ᠳᠤ

ᠡᠷᠭᠡᠪᠰᠢ ᠦᠭᠡᠶ ᠮᠤᠷᠳᠠᠪᠠᠢ᠃

ᠠᠳᠤᠭᠤᠨ ᠡᠴᠡᠭᠡᠨ ᠰᠠᠯᠬᠤ ᠳᠤ

ᠠᠯᠢᠶᠠ ᠬᠤᠯᠠ ᠭᠠᠭᠴᠠᠷᠠ

ᠠᠪᠣ ᠡᠵᠢ ᠡᠴᠡ ᠪᠠᠨ ᠰᠠᠯᠬᠤ ᠳᠤ

ᠠᠯᠢ᠌ᠴᠢᠮᠪᠣᠤ ᠭᠠᠭᠴᠠᠷᠠ᠃

ᠢᠵᠢᠯᠢᠰᠠ ᠰᠠᠯᠬᠤ ᠳᠤ

ᠡᠷ᠎ᠡ ᠬᠤᠯᠠ ᠭᠠᠭᠴᠠᠷᠠ

ᠡᠶ᠎ᠡ ᠡᠴᠡ ᠪᠠᠨ ᠰᠠᠯᠬᠤ ᠳᠤ

ᠠᠯᠠᠢ᠌ᠴᠢᠮᠪᠣᠤ ᠭᠠᠭᠴᠠᠷᠠ ᠭᠡᠭᠦ ᠰᠢᠯᠦᠭ᠌ ᠤᠨ ᠠᠭᠤᠯᠭ᠎ᠠ ᠶᠢᠨ ᠳᠠᠯ᠎ᠠ ᠪᠠᠷ ᠳᠠᠢ᠌ᠨ ᠳᠠᠵᠢᠨ ᠢ ᠵᠢᠭ᠍ᠰᠢᠭ᠍ᠰᠡᠨ ᠳᠤᠬᠠᠢ ᠶᠢᠨ ᠦᠶ᠎ᠡ ᠶᠢᠨ ᠠᠷᠠᠤᠨ ᠲᠦᠮᠡᠨ ᠤ ᠡᠩᠭᠡ ᠳᠠᠢ᠌ᠪᠣᠩ᠂ ᠰᠠᠢ᠌ᠨ ᠰᠠᠢ᠌ᠬᠠᠨ ᠠᠮᠢᠳᠤᠷᠠᠯ ᠤᠨ ᠭᠦᠰᠡᠯ ᠮᠦᠷᠦᠭᠡᠳᠦᠯ ᠢ ᠳᠤᠰᠬᠠᠭᠰᠠᠨ ᠪᠠ ᠭᠡᠯᠪᠠᠷᠢ ᠶᠢᠨ ᠳᠠᠯ᠎ᠠ ᠪᠠᠷ ᠢᠯᠡᠷᠡᠭ᠍ᠰᠡᠨ ᠠᠳᠠᠯᠢᠳᠬᠠᠯ ᠵᠣᠢ᠌ᠷᠯᠠᠯ ᠵᠡᠷᠭᠡᠴᠡᠭᠦᠯᠦᠯ ᠤᠨ ᠠᠷᠭ᠎ᠠ ᠶᠢ ᠨᠢ ᠣᠳᠤ ᠶᠢᠨ ᠬᠤᠷᠴᠢᠨ ᠠᠷᠠᠤᠨ ᠤᠨ ᠳᠠᠭᠤᠤ ᠳᠤ ᠦᠪ ᠭᠦᠷᠦᠩᠭᠡ ᠪᠣᠯᠵᠤ ᠵᠠᠯᠭᠠᠮᠵᠢᠯᠠᠭᠳᠠᠨ ᠢᠷᠡᠭ᠍ᠰᠡᠨ ᠪᠠᠢ᠌ᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 ᠊ᠤ 64 ᠳ᠋ᠤᠭᠡᠷ ᠵᠣᠢ᠌ᠯ ᠳᠤ ᠭᠠᠷᠳᠠᠭ 《ᠬᠤᠩᠭᠢᠷᠠᠤᠨ ᠠᠷᠠᠤᠨ ᠤᠨ ᠳᠠᠭᠤᠤ》 ᠨᠢ ᠮᠦᠨ ᠡᠷᠳᠡᠨ ᠤ ᠣᠷᠤᠭ ᠬᠤᠷᠢᠮ ᠤᠨ ᠶᠤᠰᠤᠨ ᠤ ᠳᠠᠭᠤᠤ ᠪᠣᠯᠬᠤ ᠪᠠᠷ ᠪᠠᠷᠠᠬᠤ ᠦᠭᠡᠶ ᠪᠠᠰᠠ 《ᠣᠯᠤᠰ ᠢᠷᠭᠡᠨ ᠦᠯᠦ ᠳᠠᠮᠠᠴᠠᠤᠨ》᠂ 《ᠵᠢᠭᠡ ᠶᠢᠨ ᠵᠢᠰᠤᠨ ᠦᠺᠢᠨ ᠤ ᠥᠩᠭᠡ》 ᠪᠠᠷ ᠠᠮᠤᠷ ᠲᠦᠪᠰᠢᠨ ᠠᠮᠢᠳᠤᠷᠠᠵᠤ᠂ ᠣᠪᠣᠭ ᠳᠦᠷᠤᠯ ᠤᠨ 《ᠣᠷᠤᠨ ᠳᠤ ᠪᠠᠨ ᠣᠠᠳᠠᠬᠤ ᠵᠠᠪ ᠦᠭᠡᠶ᠂ ᠣᠯᠵᠠᠯᠠᠨ ᠪᠣᠯᠢᠶᠠᠯᠳᠤᠵᠤ᠃ ᠭᠦᠡᠵᠢᠯᠡ ᠳᠤ ᠪᠠᠨ ᠭᠡᠪᠳᠡᠭᠦ ᠵᠠᠪ ᠦᠭᠡᠶ᠂ ᠭᠦᠨᠦᠭᠡᠯᠳᠤᠨ ᠳᠡᠮᠡᠴᠡᠯᠳᠦᠭᠦ》 ᠰᠠᠮᠠᠭᠤᠨ ᠳᠠᠢ᠌ᠨ ᠳᠠᠵᠢᠨ ᠳᠤ ᠳᠤᠷ᠎ᠠ ᠥᠭᠡᠢ᠌ᠴᠡᠭ᠍ᠰᠡᠨ ᠡᠷᠳᠡᠨ ᠤ ᠮᠤᠩᠭ᠋ᠤᠯ ᠠᠷᠠᠤᠨ ᠤᠨ ᠳᠠᠭᠤᠤ ᠮᠦᠨ᠃ ᠬᠤᠷᠴᠢᠨ ᠮᠤᠩᠭ᠋ᠤᠯ ᠠᠷᠠᠤᠨ ᠤᠨ ᠳᠠᠭᠤᠤ ᠳᠤ 《ᠳᠠᠨᠠᠪᠠᠯ》᠂ 《ᠷᠤᠯᠭᠠᠷᠮ᠎ᠠ》᠂ 《ᠰᠤᠩᠷᠠᠵᠠᠪ》᠂ 《ᠤᠶᠤᠨᠴᠡᠴᠡᠭ᠌》 ᠵᠡᠷᠭᠡ ᠠᠷᠠᠤᠨ ᠤᠨ ᠳᠠᠭᠤᠤ ᠳᠤ ᠪᠦᠷ ᠳᠠᠢ᠌ᠨ ᠤ ᠠᠶᠤᠯ ᠡᠴᠡ ᠪᠣᠯᠵᠤ ᠢᠨᠠᠭ ᠬᠤᠩᠭ᠋ᠤᠷ ᠰᠠᠯᠤᠯᠴᠠᠨ᠂ ᠡᠷ᠎ᠡ ᠡᠮ᠎ᠡ ᠬᠠᠭᠠᠴᠠᠵᠤ᠂ ᠡᠷᠭᠡ ᠮᠠᠳᠠᠯ ᠶᠢᠡᠨ ᠠᠯᠳᠠᠨ᠂ ᠡᠷᠦᠭᠡ ᠭᠡᠷ ᠪᠣᠰᠠᠨᠢᠵᠤ ᠪᠠᠢ᠌ᠭᠰᠠᠨ ᠦᠨᠡᠨ ᠮᠦᠨ ᠣᠴᠢᠷ ᠢ ᠳᠤᠰᠬᠠᠵᠤ ᠪᠠᠢ᠌ᠯ᠎ᠠ᠃

ᠨᠤᠨ ᠬᠤᠷᠴᠢᠨ ᠠᠷᠠᠤᠨ ᠤᠨ ᠳᠠᠭᠤᠤ ᠨᠢ ᠨᠤᠨ ᠬᠤᠷᠴᠢᠨ ᠮᠤᠩᠭ᠋ᠤᠯᠴᠤᠳ ᠤᠨ ᠠᠮᠢᠳᠤᠷᠠᠯ ᠳᠠᠮᠠᠴᠠᠯ ᠤᠨ ᠣᠷᠢᠶ᠎ᠠ ᠳᠠᠭᠤᠳᠠᠯᠭ᠎ᠠ᠂ ᠰᠤᠶᠤᠯ ᠣᠷᠠᠯᠢᠭ ᠤᠨ ᠦᠪ ᠣᠯᠠᠮᠵᠢᠯᠠᠯ ᠵᠢᠴᠢ ᠰᠢᠮᠠᠳᠤ ᠭᠦᠷᠦᠰᠤ ᠪᠣᠯᠤᠭᠰᠠᠨ ᠤ ᠬᠤᠪᠢ ᠳᠤ ᠦᠶ᠎ᠡ ᠶᠢᠨ ᠦᠶ᠎ᠡ ᠳᠤ ᠵᠠᠯᠭᠠᠮᠵᠢᠯᠠᠭᠳᠠᠵᠤ᠂ ᠠᠴᠢ ᠶᠢᠨ ᠠᠴᠢ ᠳᠤ ᠭᠦᠭ᠍ᠵᠢᠭᠦᠯᠦᠭ᠍ᠳᠡᠭ᠍ᠰᠡᠭᠡᠷ ᠦᠨᠢ ᠡᠭᠦᠷᠢᠳᠡ ᠭᠦᠮᠤᠨ ᠰᠤᠶᠤᠯ ᠤᠨ ᠭᠦᠭ᠍ᠵᠢᠯᠳᠡ ᠳᠤ ᠦᠯᠡᠮᠵᠢ ᠶᠡᠭᠡ ᠣᠢ᠌ᠯᠠᠳᠤᠯ ᠶᠢᠡᠨ ᠪᠠᠳᠠᠷᠠᠭᠤᠯᠤᠭᠰᠠᠭᠠᠷ ᠢᠷᠠᠵᠠᠢ᠃ ᠬᠤᠷᠴᠢᠨ ᠠᠷᠠᠤᠨ ᠤᠨ ᠳᠠᠭᠤᠤ ᠨᠢ ᠬᠤᠷᠴᠢᠨ ᠮᠤᠩᠭ᠋ᠤᠯᠴᠤᠳ ᠤᠨ ᠶᠢᠡᠨ ᠡᠷᠭᠡ ᠴᠢᠯᠦᠭᠡᠳᠤ ᠠᠮᠢᠳᠤᠷᠠᠯ᠂ ᠡᠷᠡᠰ ᠬᠠᠳᠠᠭᠤ ᠳᠠᠮᠠᠴᠠᠯ᠂ ᠭᠤᠸ᠎ᠠ ᠰᠠᠢ᠌ᠬᠠᠨ ᠰᠡᠳᠬᠢᠯᠭᠡ᠂ ᠡᠷᠭᠢᠮ ᠳᠡᠭᠡᠳᠤ ᠭᠦᠰᠡᠯ ᠮᠦᠷᠦᠭᠡᠳᠦᠯ ᠤᠨ ᠭᠢᠨᠢ ᠦᠨᠡᠨ ᠪᠣᠳᠠᠳᠤ ᠳᠤᠰᠬᠠᠭᠳᠠᠬᠤᠨ ᠪᠣᠯᠵᠤ᠂ ᠮᠠᠠᠵᠤ ᠴᠢᠩ ᠡᠴᠡ ᠨᠠᠰᠢ᠂ ᠬᠠᠭᠤᠴᠢᠨ ᠠᠷᠠᠳᠴᠢᠯᠠᠭᠰᠠᠨ ᠬᠤᠪᠢᠰᠬᠠᠯ ᠤᠨ ᠱᠠᠳᠤ ᠦᠶ᠎ᠡ ᠳᠤ ᠣᠵᠤᠭᠤᠷ ᠮᠤᠩᠭ᠋ᠤᠯ ᠤᠨ ᠰᠤᠶᠤᠯ ᠡᠴᠡ ᠠᠳᠢᠰ ᠰᠢᠮ᠎ᠠ ᠭᠦᠷᠳᠡᠨ ᠣᠯᠠᠮ ᠶᠡᠭᠡ ᠭᠦᠭ᠍ᠵᠢᠯᠳᠡ ᠪᠠᠨ ᠣᠯᠤᠭᠰᠠᠨ ᠪᠠᠢ᠌ᠨ᠎ᠠ᠃ ᠨᠤᠨ ᠬᠤᠷᠴᠢᠨ ᠮᠤᠩᠭ᠋ᠤᠯᠴᠤᠳ ᠲᠤ ᠥᠯᠦᠭᠡᠢ ᠲᠡᠶ ᠬᠡᠦᠬᠡᠳ ᠶᠢᠡᠨ ᠣᠠᠳᠠᠭᠤᠯᠬᠤ 《ᠪᠦᠪᠠᠢ ᠶᠢᠨ ᠳᠠᠭᠤᠤ》 ᠪᠠᠢ᠌ᠳᠠᠭ᠃ ᠦᠰᠪᠣᠷᠢ ᠵᠠᠯᠠᠭᠤᠴᠤᠳ ᠤᠨ ᠣᠷᠤᠭ ᠳᠦᠷᠤ ᠶᠢᠨ 《ᠬᠤᠷᠢᠮ ᠤᠨ ᠳᠠᠭᠤᠤ》 ᠪᠠᠢ᠌ᠳᠠᠭ᠃ ᠦᠶ᠎ᠡ ᠶᠢᠨ ᠨᠥᠭᠦᠤᠨ ᠲᠡᠶ ᠪᠠᠨ ᠥᠶᠡᠷᠭᠡᠭᠦ 《ᠨᠠᠢ᠌ᠷ ᠤᠨ ᠳᠠᠭᠤᠤ》 ᠪᠠᠢ᠌ᠳᠠᠭ᠃ ᠦᠨᠡᠨ ᠰᠡᠳᠭᠢᠯ ᠶᠢᠡᠨ ᠢᠯᠡᠳᠭᠡᠳᠡᠭ᠌ 《ᠢᠨᠠᠭ ᠤᠨ ᠳᠠᠭᠤᠤ》 ᠪᠠᠢ᠌ᠳᠠᠭ᠃ ᠡᠪ ᠵᠤᠭᠢᠴᠠᠯ ᠶᠢᠡᠨ ᠠᠯᠳᠠᠭᠰᠠᠤᠨ ᠲᠤ ᠪᠠᠰᠠ 《ᠬᠤᠱᠤᠩᠨᠠᠯ ᠤᠨ ᠳᠠᠭᠤᠤ》 ᠪᠠᠢ᠌ᠳᠠᠭ ᠪᠠ ᠡᠪᠦᠭᠡᠳ ᠨᠠᠰᠤᠳᠠᠨ ᠶᠢᠡᠨ ᠭᠦᠡᠳᠦᠯᠡᠭᠦ 《ᠠᠷᠢᠭᠢᠨ ᠤ ᠳᠠᠭᠤᠤ》 ᠪᠠᠢ᠌ᠳᠠᠭ᠃

ᠨᠤᠨ ᠬᠤᠷᠴᠢᠨ ᠠᠷᠠᠤᠨ ᠤᠨ ᠳᠠᠭᠤᠤ ᠳᠤ ᠨᠤᠨ ᠬᠤᠷᠴᠢᠨ ᠮᠤᠩᠭ᠋ᠤᠯᠴᠤᠳ ᠤᠨ ᠭᠦᠮᠤᠨ ᠰᠤᠶᠤᠯ ᠤᠨ ᠳᠡᠦᠭᠡ ᠦᠷᠭᠡᠨ ᠶᠢᠡᠷ ᠳᠤᠰᠬᠠᠭᠳᠠᠵᠤ᠂ ᠴᠠᠭ ᠦᠶ᠎ᠡ ᠶᠢᠨ ᠳᠡᠦᠭᠡ ᠶᠢᠨ ᠦᠨᠡᠨ ᠮᠦᠨ᠂ ᠭᠦᠮᠤᠨ ᠠᠷᠠᠤᠨ ᠤᠨ ᠵᠤᠷᠢᠭ ᠰᠠᠨᠠᠭ᠎ᠠ ᠶᠢ ᠳᠤᠳᠤᠷᠬᠠᠢ ᠢᠯᠡᠷᠡᠭᠦᠯᠵᠡᠢ᠃ ᠳᠤᠬᠠᠢ ᠶᠢᠨ ᠨᠡᠢ᠌ᠭᠡᠮ ᠤᠨ ᠰᠢᠠᠵᠢ ᠴᠢᠨᠠᠷ᠂ ᠭᠦᠮᠤᠨ ᠠᠷᠠᠤᠨ ᠤᠨ ᠠᠮᠢᠳᠤᠷᠠᠯ ᠤᠨ ᠭᠢᠷᠢ ᠲᠦᠪᠰᠢᠨ᠂ ᠳᠡᠦᠭᠡ ᠰᠤᠶᠤᠯ ᠤᠨ ᠣᠯᠠ ᠮᠦᠷ᠂ ᠨᠠᠢ᠌ᠳᠠ ᠶᠢᠨ ᠴᠢᠨᠠᠷᠳᠠᠢ ᠵᠠᠩ ᠠᠭᠠᠯᠢ ᠵᠡᠷᠭᠡ ᠨᠢ ᠠᠷᠠᠤᠨ ᠤᠨ ᠳᠠᠭᠤᠤ ᠶᠢᠨ ᠥᠭᠡ ᠥᠭᠦᠯᠡᠪᠦᠷᠢ᠂ ᠤᠳᠬ᠎ᠠ ᠠᠭᠤᠯᠭ᠎ᠠ᠂ ᠰᠠᠨᠠᠭ᠎ᠠ ᠰᠡᠳᠬᠢᠯᠭᠡ ᠵᠡᠷᠭᠡ ᠳ᠋ᠤᠨᠢ ᠨᠠᠪᠴᠢᠵᠤ ᠪᠠᠢ᠌ᠳᠠᠭ᠃ ᠳᠡᠭᠡᠭᠦ ᠪᠠᠷ ᠨᠢ ᠠᠷᠠᠤᠨ ᠤᠨ ᠳᠠᠭᠤᠤ ᠪᠠᠷ ᠳᠤᠬᠠᠢ ᠶᠢᠨ ᠨᠡᠢ᠌ᠭᠡᠮ ᠤᠨ ᠨᠡᠢ᠌ᠭᠡᠮ ᠳᠡᠦᠭᠡ ᠶᠢᠨ ᠪᠠᠢ᠌ᠳᠠᠯ ᠢ ᠳᠤᠯᠢᠯᠠᠵᠤ ᠰᠢᠠᠵᠢᠯᠠᠵᠤ ᠭᠦᠮᠤᠨ ᠠᠷᠠᠤᠨ ᠤᠨ ᠣᠶᠤᠨ ᠰᠠᠨᠠᠭ᠎ᠠ᠂ ᠦᠵᠡᠯ ᠣᠬᠠᠮᠰᠠᠷ ᠤᠨ ᠳᠡᠭᠡᠭ᠍ᠰᠢᠯᠡᠯᠳᠡ ᠬᠤᠪᠢᠷᠠᠯᠳᠠ ᠳᠤ ᠰᠢᠮ᠎ᠠ ᠳᠡᠵᠢᠭᠡᠯ ᠭᠦᠷᠳᠡᠭᠡᠭᠦ ᠪᠣᠯᠤᠮᠵᠢ ᠲᠡᠶ᠃

ᠨᠤᠨ ᠬᠤᠷᠴᠢᠨ ᠠᠷᠠᠤᠨ ᠤᠨ ᠳᠠᠭᠤᠤ ᠶᠢᠨ ᠰᠠᠳᠤᠪ ᠠᠭᠤᠯᠭ᠎ᠠ ᠲᠤᠢ᠌ᠯ ᠤᠨ ᠪᠠᠶᠠᠯᠢᠭ᠃ ᠳᠡᠭᠦᠨ ᠳᠤ ᠨᠠᠢ᠌ᠷ ᠤᠨ ᠳᠠᠭᠤᠤ᠂ ᠰᠤᠷᠭᠠᠯ ᠳᠠᠭᠤᠤ᠂ ᠮᠠᠭᠳᠠᠭᠠᠯ ᠳᠠᠭᠤᠤ᠂ ᠬᠤᠷᠢᠮ ᠳᠦᠷᠤ ᠶᠢᠨ ᠳᠠᠭᠤᠤ᠂ ᠢᠨᠠᠭ ᠳᠤᠷᠠᠯᠠᠯ ᠤᠨ ᠳᠠᠭᠤᠤ᠂ ᠯᠠᠮᠠ ᠬᠤᠸᠠᠷᠠᠭ ᠤᠨ ᠬᠤᠱᠤᠩᠨᠠᠯ ᠤᠨ ᠳᠠᠭᠤᠤ ᠵᠡᠷᠭᠡ ᠨᠢ ᠨᠡᠢ᠌ᠭᠡᠮ ᠪᠠᠢ᠌ᠭᠠᠯᠢ ᠶᠢᠨ ᠰᠤᠶᠤᠯ ᠢᠷᠭᠡᠡᠰᠢᠯ ᠤᠨ ᠳᠤᠮᠤ ᠠᠰᠠᠭᠤᠳᠠᠯ ᠡᠴᠡ ᠠᠷᠠᠤᠨ ᠢᠷᠭᠡᠳ ᠤᠨ ᠡᠳᠦᠷ ᠳᠤᠳᠤᠮ ᠤᠨ ᠠᠮᠢᠳᠤᠷᠠᠯ ᠤᠨ ᠵᠢᠵᠢᠭ᠌ ᠰᠠᠵᠢᠭ ᠣᠴᠢᠷ ᠶᠠᠪᠣᠳᠠᠯ ᠳᠤ ᠭᠦᠷᠳᠡᠯ᠎ᠡ ᠳᠤᠰᠬᠠᠵᠤ ᠴᠢᠳᠠᠳᠠᠭ᠃


1. ᠨᠠᠢ᠌ᠷ ᠤᠨ ᠳᠠᠭᠤᠤ


ᠨᠠᠢ᠌ᠷ ᠤᠨ ᠳᠠᠭᠤᠤ ᠳᠤ 《ᠳᠡᠭ᠍ᠷᠢ ᠶᠢᠨ ᠰᠠᠯᠭᠢᠨ》᠂ 《ᠨᠠᠢ᠌ᠷ ᠤᠨ ᠳᠠᠭᠤᠤ》᠂ 《ᠳᠦᠷᠪᠠᠨ ᠳᠠᠯᠠᠢ》 ᠁ ᠵᠡᠷᠭᠡ ᠪᠣᠢ᠃ ᠨᠠᠢ᠌ᠷ ᠤᠨ ᠳᠠᠭᠤᠤ ᠨᠢ ᠭᠤᠤᠯᠳᠠᠭᠤ ᠬᠤᠷᠢᠮ ᠨᠠᠢ᠌ᠷ ᠤᠨ ᠶᠤᠰᠤᠯᠠᠯ ᠲᠤ ᠳᠠᠭᠤᠯᠠᠬᠤ ᠳᠠᠭᠤᠤ ᠪᠣᠯᠬᠤ ᠪᠦᠭᠡᠳ ᠳᠤᠰ ᠳᠠᠭᠤᠤ ᠳᠤ ᠳᠤᠬᠠᠢ ᠶᠢᠨ ᠴᠠᠭ ᠲᠤ ᠶᠠᠪᠣᠭᠳᠠᠵᠤ ᠪᠠᠢ᠌ᠭ᠎ᠠ ᠬᠤᠷᠢᠮ ᠨᠠᠢ᠌ᠷ ᠲᠤ ᠴᠢᠭᠯᠡᠭᠦᠯᠤᠨ ᠭᠦᠮᠤᠨ ᠠᠷᠠᠤᠨ ᠤᠨ ᠭᠦᠰᠡᠯ ᠰᠡᠳᠭᠢᠯ ᠤᠨ ᠳᠤᠰᠬᠠᠯ ᠴᠡᠭ᠌ ᠪᠣᠯᠤᠭᠰᠠᠨ ᠵᠤᠯ ᠵᠢᠷᠭᠠᠯ ᠤᠨ ᠭᠦᠭᠡᠭᠡᠴᠡᠯᠳᠦᠯ ᠰᠡᠳᠬᠢᠯᠭᠡ ᠪᠠᠨ ᠢᠯᠡᠳᠭᠡᠨ ᠳᠠᠭᠤᠯᠠᠳᠠᠭ ᠶᠤᠮ᠃ 《ᠰᠤᠳᠤᠷ ᠤᠨ ᠴᠢᠭᠤᠯᠭᠠᠨ》 ᠳ᠋ᠤ ᠳᠡᠮᠳᠡᠭᠯᠡᠭ᠍ᠳᠡᠭ᠍ᠰᠡᠨ ᠨᠢ᠋ᠮᠠᠨ ᠠᠢ᠌ᠮᠠᠭ ᠤᠨ ᠳᠠᠶᠠᠨ ᠬᠠᠨ ᠭᠢᠭᠡᠳ ᠳᠡᠭᠦᠨ ᠤ ᠳᠡᠭᠦᠤ ᠢᠯᠦᠭᠡᠢ ᠶᠢᠨ ᠬᠤᠭᠤᠷᠤᠠᠳᠤ ᠵᠦᠷᠢᠴᠠᠯ ᠲᠡᠶ ᠪᠣᠯᠵᠤ ᠳᠠᠶᠠᠨ ᠬᠠᠨ ᠤ ᠳᠠᠢ᠌ᠯᠠᠯᠭ᠎ᠠ ᠳᠤ ᠳᠡᠭᠦᠤ ᠨᠢ ᠢᠷᠡᠭ᠍ᠰᠡᠨ ᠦᠭᠡᠶ ᠪᠣᠯᠬᠤᠷ ᠨᠠᠢ᠌ᠷ ᠤᠨ ᠭᠦᠴᠤᠨ ᠶᠡᠭᠡ ᠪᠠᠭᠤᠷᠠᠭᠰᠠᠨ ᠪᠠᠢ᠌ᠳᠠᠯ ᠳᠤ ᠴᠢᠭᠯᠡᠭᠦᠯᠤᠨ ᠲᠦᠰᠢᠮᠠᠯ ᠣᠪᠳᠠᠢ᠌ᠵᠢᠨ ᠡᠴᠡ

ᠳᠠᠨ ᠤ ᠠᠬ᠎ᠠ ᠳᠡᠭᠦᠤ ᠬᠤᠶᠠᠭᠤᠯᠠ ᠪᠠᠨ

ᠥᠭᠡᠷ ᠤᠨ ᠡᠪᠠᠷ ᠰᠢᠭ᠌᠂

ᠴᠤᠷ ᠤᠨ ᠭᠠᠭᠴᠠ ᠨᠢᠭᠡᠨ ᠬᠤᠤᠰ᠃

ᠦᠨᠦᠳᠤᠷ ᠳᠠᠨ ᠤ ᠠᠬ᠎ᠠ ᠳᠡᠭᠦᠤ ᠬᠤᠶᠠᠭᠤᠯᠠ ᠬᠠᠷᠢᠯᠴᠠᠨ ᠡᠪ ᠦᠭᠡᠶ

ᠥᠢᠮᠡᠭᠡᠨ ᠳᠠᠪᠵᠢᠶᠠᠨ ᠳᠠᠯᠠᠢ ᠶᠢᠨ ᠳᠠᠪᠠᠯᠭᠠᠨ ᠰᠢᠭ ᠪᠠᠢ᠌ᠭ᠎ᠠ ᠴᠠᠭ ᠲᠤ

ᠪᠣᠳᠠᠷᠠᠨ ᠰᠠᠷᠨᠢᠬᠤ ᠭᠡᠵᠤ ᠪᠠᠢ᠌ᠭ᠎ᠠ ᠨᠢ᠋ᠮᠠᠨ ᠠᠢ᠌ᠮᠠᠭ ᠢ ᠭᠡᠨ ᠳᠤ ᠨᠠᠢ᠌ᠳᠠᠶ᠎ᠠ ᠳ᠋ᠠ ︕ ᠭᠡᠰᠡᠨ 《ᠰᠠᠨᠠᠭᠤᠯᠬᠤ ᠳᠠᠭᠤᠤ》 ᠶ᠋ᠢ ᠵᠠᠷᠢᠮ ᠮᠤᠩᠭ᠋ᠤᠯᠴᠢ ᠡᠷᠳᠡᠮᠳᠡᠨ ᠡᠴᠡ ᠮᠤᠩᠭ᠋ᠤᠯ ᠦᠨᠳᠦᠰᠦᠳᠠᠨ ᠤ ᠳᠡᠦᠭᠡᠨ ᠳᠡᠭᠡᠷ᠎ᠡ ᠳᠡᠮᠳᠡᠭᠯᠡᠭ᠍ᠳᠡᠭ᠍ᠰᠡᠨ ᠬᠠᠮᠤᠭ ᠡᠷᠳᠡᠨ ᠤ ᠨᠠᠢ᠌ᠷ ᠤᠨ ᠳᠠᠭᠤᠤ ᠭᠡᠵᠤ ᠦᠵᠡᠵᠤ ᠪᠣᠢ᠃ ᠶᠤᠸᠠᠨ ᠣᠯᠤᠰ ᠤᠨ ᠦᠶ᠎ᠡ ᠳᠤ ᠣᠷᠳᠤᠨ ᠤ ᠨᠠᠢ᠌ᠷ ᠤᠨ ᠳᠠᠭᠤᠤ ᠶᠡᠭᠡ ᠭᠦᠭ᠍ᠵᠢᠭ᠍ᠰᠡᠨ ᠶᠢᠡᠷ ᠪᠠᠷᠠᠬᠤ ᠦᠭᠡᠶ ᠠᠷᠠᠤᠨ ᠤᠨ ᠳᠤᠮᠳᠠᠭᠢ ᠦᠪᠡᠷ ᠢ ᠪᠠᠨ ᠵᠤᠷᠢᠭᠵᠢᠭᠤᠯᠵᠤ᠂ ᠦᠪᠡᠷ ᠢ ᠪᠠᠨ ᠪᠠᠶᠠᠰᠬᠠᠵᠤ᠂ ᠰᠡᠳᠬᠢᠯᠭᠡ ᠪᠠᠨ ᠭᠦᠭ᠍ᠵᠢᠭᠡᠭᠦ ᠬᠤᠷᠢᠮ ᠨᠠᠢ᠌ᠷ ᠤᠨ ᠳᠠᠭᠤᠤ ᠴᠤ ᠶᠡᠭᠡ ᠭᠦᠭ᠍ᠵᠢᠯᠳᠡ ᠪᠠᠨ ᠣᠯᠤᠭᠰᠠᠨ ᠪᠠᠢ᠌ᠨ᠎ᠠ᠃ ᠶᠤᠸᠠᠨ ᠣᠯᠤᠰ ᠤᠨ ᠦᠶ᠎ᠡ ᠶᠢᠨ ᠠᠯᠳᠠᠷᠳᠤ ᠰᠢᠯᠦᠭ᠍ᠴᠢᠨ ᠨᠠᠢ ᠰᠢᠶᠠᠨ 《ᠭᠤᠪᠢ ᠶᠢᠨ ᠭᠠᠳᠠᠨᠠᠭᠢ ᠨᠢᠭᠡᠨ ᠪᠠᠳᠠᠭ》 ᠭᠡᠭᠦ ᠰᠢᠯᠦᠭ᠌ ᠲᠡᠭᠡᠨ

ᠠᠢ᠌ᠷᠠᠭ ᠠᠷᠠᠵᠠ ᠪᠠᠨ ᠬᠤᠠᠳᠠᠭᠠᠨ ᠳᠤ ᠪᠠᠨ ᠪᠢᠯᠬᠠᠭᠤᠯᠵᠤ

ᠠᠷᠭᠠᠯᠢ ᠵᠡᠭᠡᠷ᠎ᠡ ᠶᠢᠨ ᠰᠢᠭᠦᠰᠤᠨ ᠤ ᠦᠨᠦᠷ ᠢ ᠬᠠᠩᠬᠤᠯᠤᠭᠤᠯᠤᠮᠤᠢ

ᠠᠵᠠ ᠵᠢᠷᠭᠠᠯ ᠳᠤ ᠰᠤᠭᠳᠤᠭᠤᠷᠠᠨ ᠳᠠᠪᠰᠠᠨ ᠪᠦᠵᠢᠭᠯᠡᠵᠤ

ᠭᠡᠩᠭᠡᠷᠭᠡᠨ ᠤ ᠠᠢ᠌ᠵᠢᠮ ᠴᠤᠭᠢᠯᠭ᠎ᠠ ᠪᠠᠷ ᠱᠤᠩᠬᠤᠷ ᠢ ᠳᠠᠭᠤᠷᠢᠶᠠᠮᠤᠢ ᠭᠡᠵᠤ ᠮᠤᠩᠭ᠋ᠤᠯ ᠭᠦᠮᠤᠨ ᠤ ᠪᠠᠶᠠᠷ ᠨᠠᠢ᠌ᠷ ᠶᠢᠡᠨ 《ᠬᠠᠪᠢᠷᠭ᠎ᠠ ᠳᠤ ᠬᠠᠭᠠᠯᠠᠭ᠎ᠠ᠂ ᠡᠪᠦᠳᠦᠭ᠌ ᠲᠤ ᠥᠯᠭᠡᠭ᠌ ᠪᠣᠯᠳᠠᠯ᠎ᠠ ᠳᠠᠪᠰᠠᠨ》 ᠪᠠᠯᠭᠡᠯᠡᠨ ᠨᠠᠢ᠌ᠷᠠᠯᠳᠤᠳᠠᠭ ᠢ ᠮᠠᠰᠢ ᠳᠦᠷᠰᠦᠯᠢᠭ᠌ ᠶᠢᠡᠷ ᠵᠢᠷᠤᠭᠯᠠᠨ ᠥᠵᠡᠭᠦᠯᠦᠭ᠍ᠰᠡᠨ ᠪᠠᠢ᠌ᠳᠠᠭ᠃ ᠯᠤᠪᠰᠠᠩᠴᠣᠢ᠌ᠳᠠᠨ ᠤ ᠵᠤᠬᠢᠶᠠᠭᠰᠠᠨ 《ᠮᠤᠩᠭ᠋ᠤᠯ ᠤᠨ ᠵᠠᠩ ᠣᠢ᠌ᠯᠠ ᠶᠢᠨ ᠣᠢ᠌ᠯᠠᠪᠣᠷᠢ》 ᠳ᠋ᠤ ᠳᠡᠮᠳᠡᠭᠯᠡᠭ᠍ᠰᠡᠨ ᠢ ᠦᠨᠳᠦᠰᠦᠯᠠᠪᠠᠯ᠂ ᠴᠢᠩᠭᠢᠰ ᠬᠠᠭᠠᠨ ᠴᠡᠷᠢᠭ᠌ ᠳᠠᠢ᠌ᠨ ᠤ ᠢᠯᠠᠯᠳᠠ᠂ ᠠᠩ ᠠᠩᠨᠠᠯ ᠤᠨ ᠠᠮᠵᠢᠯᠳᠠ ᠪᠠᠨ ᠪᠠᠯᠭᠡᠯᠡᠨ ᠨᠠᠢ᠌ᠷᠠᠯᠳᠤᠬᠤ ᠳᠤ ᠪᠠᠨ ᠳᠠᠭᠤᠯᠠᠯ ᠳᠤᠷ ᠶᠡᠭᠡ ᠳᠠᠭᠠᠯᠠᠮᠵᠢᠳᠠᠢ ᠳᠤᠯᠠ ᠬᠠᠭᠠᠨ ᠤ ᠬᠠᠵᠠᠭᠤ ᠳᠤ ᠨᠢᠭᠡᠨ ᠡᠡᠵᠦᠮᠡᠷᠭᠡᠨ ᠭᠡᠳᠡᠭ᠌ ᠨᠠᠷᠠᠳᠠᠢ ᠳᠠᠭᠤᠯᠠᠯᠴᠢ ᠪᠠᠢ᠌ᠵᠤ ᠴᠡᠷᠢᠭ᠌ ᠤᠨ ᠰᠦᠷ᠂ ᠡᠵᠡᠨ ᠤ ᠪᠣᠶᠠᠨ ᠢ ᠮᠠᠭᠳᠠᠨ ᠳᠠᠭᠤᠯᠠᠬᠤ ᠳᠤ ᠪᠠᠨ ᠭᠠᠷᠮᠠᠭᠠᠢ ᠭᠡᠳᠡᠭ᠌᠃ ᠡᠢ᠌ᠮᠤ ᠡᠴᠡ ᠭᠦᠮᠦᠰ ᠳᠡᠭᠦᠨ ᠢ ᠳᠤᠳᠢ ᠭᠡᠮᠡᠨ ᠨᠠᠷᠠᠢ᠌ᠤᠠᠪᠠ ᠭᠡᠨ᠎ᠡ᠃ ᠳᠡᠭᠦᠨ ᠤ ᠳᠠᠭᠤᠯᠠᠯ ᠳᠤ

ᠮᠥᠩᠭᠡ ᠶᠡᠭᠡ ᠳᠡᠭ᠍ᠷᠢ

ᠮᠥᠩᠭᠡᠷᠡᠰᠢ ᠦᠭᠡᠶ ᠪᠠᠶ᠎ᠠ᠂

ᠮᠦᠷᠠᠨ ᠣᠷᠤᠰᠬᠠᠯ ᠳᠠᠯᠠᠢ

ᠮᠦᠨ ᠴᠢᠨᠠᠷ ᠰᠡᠳᠭᠢᠯ᠃

ᠪᠠᠷᠰ ᠤᠨ ᠳᠠᠭᠤᠨ ᠣᠷᠭᠢᠷᠠᠨ

ᠪᠠᠭᠠᠳᠤᠷ ᠪᠢᠳᠠᠨ ᠪᠠᠷᠭᠢᠷᠠᠨ᠂

ᠪᠠᠭ᠎ᠠ ᠦᠶ᠎ᠡ ᠶᠢᠨ ᠪᠢᠳᠠ

ᠪᠠᠰᠠᠴᠤ ᠪᠣᠭᠤᠷᠤᠯ ᠪᠣᠯᠬᠤ᠃

᠁ ᠁

ᠡᠶᠡᠯᠳᠡᠭ᠌ ᠨᠠᠢ᠌ᠷ ᠡᠶᠡᠯᠡᠵᠤ

ᠡᠭᠦᠷᠢᠳᠡ ᠪᠢᠳᠠ ᠵᠢᠷᠭᠠᠶ᠎ᠠ᠂

ᠦᠷᠤᠰᠢᠶᠠᠯᠳᠤ ᠬᠠᠭᠠᠨ ᠤ ᠪᠣᠶᠠᠨ ᠳᠤ

ᠦᠨᠢ ᠳᠡᠭᠡᠨ ᠵᠢᠷᠭᠠᠶ᠎ᠠ ᠭᠡᠮᠡᠨ ᠳᠠᠭᠤᠯᠠᠭᠰᠠᠨ ᠨᠢ ᠣᠳᠤ ᠶᠢᠨ ᠬᠤᠷᠴᠢᠨ ᠠᠷᠠᠤᠨ ᠤᠨ ᠳᠠᠭᠤᠤ 《ᠳᠡᠭ᠍ᠷᠢ ᠶᠢᠨ ᠰᠠᠯᠭᠢ》 ᠳ᠋ᠤ

ᠳᠡᠭ᠍ᠷᠢ ᠶᠢᠨ ᠰᠠᠯᠭᠢᠨ ᠳᠡᠭ᠍ᠰᠢ ᠦᠭᠡᠶ

ᠳᠦᠷᠦᠭ᠍ᠰᠡᠨ ᠪᠠᠶ᠎ᠠ ᠮᠢᠨᠢ ᠮᠥᠩᠭᠡᠷᠡᠰᠢ ᠦᠭᠡᠶ

ᠮᠥᠩᠭᠡ ᠶᠢᠨ ᠷᠠᠰᠢᠶᠠᠨ ᠢ ᠭᠡᠨ ᠣᠤᠭᠤᠪᠠ ᠳ᠋ᠠ

ᠮᠥᠨᠦᠭᠡᠨ ᠴᠢᠯᠦᠭᠡᠨ ᠳᠤ ᠪᠠᠨ ᠵᠢᠷᠭᠠᠶ᠎ᠠ ᠪᠢᠳᠠ᠃

ᠣᠭᠳᠠᠷᠭᠤᠢ ᠶᠢᠨ ᠰᠠᠯᠭᠢ ᠣᠭᠤᠰᠤᠷ ᠦᠭᠡᠶ

ᠣᠷᠴᠢᠯᠠᠩ ᠤᠨ ᠭᠦᠮᠦᠰ ᠮᠥᠩᠭᠡᠷᠡᠰᠢ ᠦᠭᠡᠶ

ᠦᠨᠢ ᠶᠢᠨ ᠰᠢᠳᠢ ᠶᠢ ᠭᠡᠨ ᠭᠦᠮᠤᠨ ᠣᠯᠪᠠ ᠳ᠋ᠠ

ᠦᠷᠭᠦᠯᠵᠢᠯᠡᠨ ᠬᠠᠮᠳᠤᠪᠠᠷ ᠵᠢᠷᠭᠠᠶ᠎ᠠ ᠪᠢᠳᠠ ᠭᠡᠵᠤ ᠭᠦᠮᠤᠨ ᠤ ᠠᠮᠢ ᠨᠠᠰᠤ ᠣᠬᠤᠷᠬᠠᠨ ᠪᠠᠢ᠌ᠳᠠᠭ᠂ ᠣᠯᠳᠠᠭᠰᠠᠨ ᠵᠠᠪᠰᠢᠶᠠᠨ ᠳᠤ ᠪᠠᠨ ᠪᠠᠶᠠᠷ ᠵᠢᠷᠭᠠᠯ ᠲᠡᠶ ᠪᠠᠢ᠌ᠬᠤ ᠶᠢ ᠡᠷᠭᠢᠮᠨᠡᠵᠤ ᠪᠠᠢ᠌ᠭ᠎ᠠ ᠭᠦᠮᠤᠨ ᠠᠮᠢᠳᠠᠨ ᠤ ᠨᠠᠢ᠌ᠳᠠ ᠶᠢᠨ ᠶᠤᠰᠤ ᠶᠢ ᠳᠠᠭᠤᠯᠠᠵᠤ ᠪᠠᠢ᠌ᠬᠤ ᠶᠢᠨ ᠣᠤᠯ ᠡᠭᠢ ᠪᠣᠯᠬᠤ ᠶᠢ ᠪᠢᠳᠠ ᠠᠮᠠᠷᠬᠠᠨ ᠣᠢ᠌ᠯᠠᠭᠠᠵᠤ ᠪᠣᠯᠤᠨ᠎ᠠ᠃

《ᠮᠤᠩᠭ᠋ᠤᠯ ᠤᠨ ᠵᠠᠩ ᠣᠢ᠌ᠯᠠᠪᠣᠷᠢ》 ᠳ᠋ᠤ ᠳᠡᠮᠳᠡᠭᠯᠡᠭ᠍ᠰᠡᠨ ᠶᠢᠡᠷ ᠴᠢᠩᠭᠢᠰ ᠬᠠᠭᠠᠨ ᠤ ᠦᠶ᠎ᠡ ᠳᠤ ᠠᠷᠢᠭᠢ ᠳᠠᠷᠠᠰᠤ ᠣᠤᠭᠤᠬᠤ ᠦᠶ᠎ᠡ ᠳᠤ ᠪᠠᠯᠭᠡᠳᠤ ᠥᠭᠡ ᠭᠡᠯᠡᠵᠤ ᠳᠠᠭᠤᠯᠠᠬᠤ ᠶᠤᠮ ᠭᠡᠨ᠎ᠡ᠃ ᠳᠡᠷᠡᠭᠦ ᠳᠠᠭᠤᠯᠠᠯ ᠳᠤ

ᠠᠮᠳᠠᠳᠠᠨ ᠤ ᠳᠡᠭᠡᠵᠢ ᠠᠷᠢᠭᠢ

ᠠᠯᠳᠠᠨ ᠳᠡᠯᠡᠭᠡᠢ ᠶᠢᠨ ᠰᠢᠮ᠎ᠠ

ᠠᠰᠠᠷ ᠳᠡᠭ᠍ᠷᠢ ᠶᠢᠨ ᠬᠠᠢ᠌ᠷ᠎ᠠ ᠶᠢ

ᠠᠮᠰᠠᠵᠤ ᠣᠤᠭᠤᠬᠤ ᠪᠢᠳᠠᠨ᠎ᠠ

ᠭᠦᠮᠤᠨ ᠤ ᠳᠡᠭᠡᠳᠤ ᠡᠵᠡᠨ᠎ᠡ

ᠭᠦᠰᠡᠷ ᠤᠨ ᠡᠷᠭᠢᠮ ᠢᠳᠡᠭᠡᠨ᠎ᠡ

ᠭᠦᠷᠳᠡᠭ᠍ᠰᠡᠨ ᠭᠠᠵᠠᠷ ᠳᠠᠷᠠᠰᠤ

ᠭᠦᠰᠡᠵᠤ ᠶᠠᠪᠣᠬᠤ ᠵᠢᠷᠭᠠᠯ ᠡ ᠭᠡᠵᠤ ᠳᠠᠭᠤᠯᠠᠵᠤ ᠪᠠᠢ᠌ᠭᠰᠠᠨ ᠨᠢ ᠣᠳᠤ ᠶᠢᠨ ᠨᠤᠨ ᠬᠤᠷᠴᠢᠨ ᠠᠷᠠᠤᠨ ᠤᠨ ᠳᠠᠭᠤᠤ 《ᠨᠠᠢ᠌ᠷ ᠤᠨ ᠳᠠᠭᠤᠤ》 ᠳ᠋ᠤ

ᠪᠠᠷᠠᠭᠤᠨ ᠪᠣᠯᠠᠭ ᠤᠨ ᠣᠰᠤᠨ ᠳᠤ ᠠᠳᠠᠯᠢ ᠳᠤᠩᠭ᠋ᠠᠯᠠᠭ ᠭᠦᠢ

ᠪᠠᠳᠮ᠎ᠠ ᠯᠢᠩᠬᠤᠸ᠎ᠠ ᠴᠡᠴᠡᠭ᠌ ᠲᠤ ᠠᠳᠠᠯᠢ ᠰᠡᠷᠭᠦᠯᠡᠩ

ᠪᠠᠭ᠎ᠠ ᠶᠢᠨ ᠢᠷᠦᠭᠡᠯ ᠶᠢᠡᠷ ᠠᠭᠤᠯᠵᠠᠭᠰᠠᠨ ᠳᠠᠨ ᠲᠡᠶ ᠪᠠᠨ

ᠪᠠᠵᠢᠮᠠᠨ ᠳᠡᠭᠡᠵᠢ ᠪᠠᠨ ᠪᠠᠷᠢᠵᠤ ᠪᠠᠢ᠌ᠭᠠᠤᠨ ᠳᠠᠭᠤᠯᠠᠶ᠎ᠠ

ᠵᠧ ᠭᠦᠢ ᠵᠧ ᠭᠡ ᠭᠦᠢ

ᠵᠢᠷᠭᠠᠯ ᠴᠡᠩᠭᠡᠯ ᠶᠢᠡᠨ ᠪᠠᠯᠭᠡᠯᠡᠵᠤ ᠪᠠᠢ᠌ᠭᠠᠤᠨ ᠵᠤᠭᠤᠭᠯᠠ ᠭᠦᠢ ︕ ᠭᠡᠵᠤ ᠮᠤᠩᠭ᠋ᠤᠯ ᠦᠨᠳᠦᠰᠦᠳᠠᠨ ᠤ ᠣᠵᠠᠭᠤᠷ ᠳᠡᠭᠡᠷ᠎ᠡ ᠦᠶ᠎ᠡ ᠡᠴᠡ ᠪᠠᠨ ᠰᠠᠭᠯᠠᠭᠠᠷ ᠮᠤᠳᠤᠨ ᠤ ᠪᠠᠨ ᠡᠮᠦᠨ᠎ᠡ᠂ ᠳᠦᠳᠡᠭ᠌ ᠭᠠᠯ ᠶᠢᠡᠨ ᠳᠤᠭᠤᠷᠢᠨ᠂ ᠠᠮᠳᠠᠳᠤ ᠰᠠᠷᠬᠤᠤᠨ ᠶᠢᠡᠨ ᠣᠤᠭᠤᠵᠤ᠂ ᠠᠷᠠᠤᠨ ᠤᠨ ᠳᠠᠭᠤᠤ ᠪᠠᠨ ᠳᠠᠭᠤᠯᠠᠵᠤ ᠨᠠᠢ᠌ᠷᠠᠯᠳᠤᠨ 《ᠬᠠᠪᠢᠷᠭ᠎ᠠ ᠳᠤᠯᠤᠮ᠎ᠠ ᠬᠠᠯᠴᠢᠷᠠᠭᠤᠯᠵᠤ᠂ ᠡᠪᠦᠳᠦᠭ᠌ ᠳᠠᠪᠠᠳᠠᠯ᠎ᠠ ᠪᠣᠵᠢᠭᠢᠨᠠᠭᠤᠯᠤᠨ》 ᠳᠠᠭᠤᠯᠠᠵᠤ ᠪᠦᠵᠢᠭᠯᠡᠨ᠂ ᠠᠭᠤᠯᠵᠠᠵᠤ ᠣᠴᠠᠷᠠᠭᠰᠠᠨ ᠬᠤᠪᠢ ᠢᠷᠦᠭᠡᠯ ᠶᠢᠡᠨ ᠵᠦᠩᠨᠠᠨ ᠪᠠᠯᠭᠡᠳᠡᠵᠤ᠂ ᠪᠦᠯᠭᠦᠮᠳᠡᠯ ᠨᠢᠭᠳᠠᠷᠠᠯ ᠤᠨ ᠰᠠᠨᠠᠭ᠎ᠠ ᠰᠡᠳᠬᠢᠯᠭᠡ ᠪᠠᠨ ᠢᠯᠡᠳᠭᠡᠨ ᠳᠠᠭᠤᠯᠠᠳᠠᠭ ᠵᠠᠩ ᠳᠠᠳᠬᠠᠯ ᠢ ᠨᠢ ᠵᠠᠯᠭᠠᠮᠵᠢᠯᠠᠭᠰᠠᠨ ᠬᠤᠷᠴᠢᠨ ᠮᠤᠩᠭ᠋ᠤᠯᠴᠤᠳ ᠤᠨ 《ᠨᠠᠢ᠌ᠷ ᠤᠨ ᠳᠠᠭᠤᠤ》 ᠳ᠋ᠤ ᠦᠪ ᠭᠦᠷᠦᠩᠭᠡ ᠪᠣᠯᠵᠤ᠂ ᠳᠠᠳᠠᠨᠠᠷ ᠤᠨ ᠵᠤᠴᠢᠠᠰᠠᠭ ᠨᠠᠢ᠌ᠷᠰᠠᠭ ᠵᠠᠩ ᠠᠭᠠᠯᠢ᠂ ᠪᠦᠯᠭᠦᠮᠳᠡᠯ ᠨᠢᠭᠳᠠᠷᠠᠯ ᠤᠨ ᠭᠦᠰᠡᠯ ᠰᠡᠳᠬᠢᠯᠭᠡ ᠨᠢ ᠳᠤᠰ ᠳᠠᠭᠤᠨ ᠤ ᠥᠭᠡ ᠥᠭᠦᠯᠡᠪᠦᠷᠢ ᠡᠴᠡ ᠨᠢ ᠪᠢᠯᠬᠠᠮ᠎ᠠ ᠰᠡᠳᠬᠢᠯᠭᠡ ᠶᠢᠨ ᠬᠠᠯᠠᠭᠤᠨ ᠠᠭᠤᠷ ᠪᠣᠯᠵᠤ ᠰᠠᠪᠰᠠᠵᠤ ᠪᠠᠢ᠌ᠳᠠᠭ᠃ 《ᠴᠢᠩ ᠣᠯᠤᠰ ᠤᠨ ᠦᠶᠡᠰ ᠡᠴᠡ ᠡᠭᠢᠯᠡᠨ ᠶᠤᠰᠤᠯᠠᠯ ᠤᠨ ᠳᠠᠭᠤᠤ ᠪᠣᠯᠤᠨ ᠨᠠᠢ᠌ᠷ ᠤᠨ ᠳᠠᠭᠤᠤ ᠶᠢ ᠬᠠᠮᠳᠤᠷᠠᠭᠤᠯᠤᠭᠠᠤᠨ ᠨᠠᠢ᠌ᠷ ᠤᠨ ᠳᠠᠭᠤᠤ ᠭᠡᠵᠤ ᠨᠡᠷᠡᠢ᠌ᠳᠭᠦ ᠪᠣᠯᠵᠠᠢ》᠃


2. ᠰᠤᠷᠭᠠᠯ ᠳᠠᠭᠤᠤ


ᠰᠤᠷᠭᠠᠯ ᠳᠠᠭᠤᠤ ᠳᠤ 《ᠠᠩᠭ᠋᠎ᠠ ᠪᠦᠮᠪᠦᠷᠡᠢ》᠂ 《ᠠᠪᠣ ᠶᠢᠨ ᠰᠤᠷᠭᠠᠯ》᠂ 《ᠡᠭᠡ ᠶᠢᠨ ᠰᠤᠷᠭᠠᠯ》᠂ 《ᠪᠣᠠᠳᠠᠷᠸ᠎ᠠ ᠴᠡᠴᠡᠭ᠌》 ᠁ ᠵᠡᠷᠭᠡ ᠶᠢᠨ ᠳᠠᠭᠤᠤ ᠳᠤ ᠠᠬᠠᠮᠠᠤᠨ ᠦᠶ᠎ᠡ ᠶᠢᠨ ᠭᠢᠨ ᠠᠳᠠᠯᠢ ᠪᠣᠰᠤ ᠡᠳᠡᠭᠡᠳ ᠲᠤ᠂ ᠠᠳᠠᠯᠢ ᠪᠣᠰᠤ ᠬᠠᠷᠠᠭᠠᠰᠤ ᠡᠴᠡ ᠰᠤᠷᠭᠠᠵᠤ ᠰᠢᠭᠦᠮᠵᠢᠯᠡᠵᠤ ᠳᠠᠭᠤᠯᠠᠬᠤ ᠨᠢ 《ᠮᠤᠩᠭ᠋ᠤᠯ ᠤᠨ ᠨᠢᠭᠤᠴᠠ ᠳᠤᠪᠴᠢᠶᠠᠨ》 ᠳ᠋ᠠᠭᠢ ᠰᠤᠷᠭᠠᠯ ᠰᠢᠯᠦᠭ᠌ ᠪᠠ ᠴᠢᠩᠭᠢᠰ ᠤᠨ ᠪᠢᠯᠢᠭ᠌ ᠰᠤᠷᠭᠠᠯ ᠤᠨ ᠮᠦᠷ ᠣᠯᠠᠪᠠᠭ᠎ᠠ ᠳᠤᠳᠤᠷᠠᠵᠤ ᠪᠠᠢ᠌ᠳᠠᠭ᠃ 《ᠨᠢᠭᠤᠴᠠ ᠳᠤᠪᠴᠢᠶᠠᠨ》 ᠊ᠤ 78 ᠳ᠋ᠤᠭᠠᠷ ᠵᠣᠢ᠌ᠯ ᠳᠤ ᠥᠭᠡᠯᠤᠨ ᠦᠵᠢᠨ ᠭᠦᠪᠠᠭᠦᠤᠨ ᠶᠢᠡᠨ ᠰᠤᠷᠭᠠᠭᠰᠠᠨ ᠰᠢᠯᠦᠭ᠌᠂ 254 ᠳ᠋ᠤᠭᠡᠷ ᠵᠣᠢ᠌ᠯ ᠳᠤ ᠭᠦᠭᠡᠴᠦᠰ ᠡᠴᠡ ᠴᠢᠩᠭᠢᠰ ᠬᠠᠭᠠᠨ ᠤ ᠭᠦᠪᠠᠭᠦᠤᠨ ᠢ ᠰᠤᠷᠭᠠᠭᠰᠠᠨ ᠰᠢᠯᠦᠭ᠌᠂  277 ᠳ᠋ᠤᠭᠠᠷ ᠵᠣᠢ᠌ᠯ ᠳᠤ ᠥᠭᠡᠳᠡᠢ ᠬᠠᠭᠠᠨ ᠡᠴᠡ ᠭᠦᠶ‍ᠦᠭ᠌ ᠢ ᠰᠤᠷᠭᠠᠭᠰᠠᠨ ᠰᠢᠯᠦᠭ᠌ ᠨᠢ ᠪᠦᠷ ᠳᠡᠭᠡᠷ᠎ᠡ ᠦᠶ᠎ᠡ ᠶᠢᠨ ᠠᠬᠠᠮᠠᠤᠨ ᠳᠤᠮᠤᠭᠠᠳᠠᠨ ᠨᠢ ᠬᠡᠦᠬᠡᠳ ᠳᠡᠭᠦᠨᠡᠷ ᠶᠢᠡᠨ ᠰᠤᠷᠭᠠᠵᠤ ᠭᠡᠯᠡᠭ᠍ᠰᠡᠨ ᠪᠠᠢ᠌ᠨ᠎ᠠ᠃ ᠥᠭᠡᠯᠤᠨ ᠡᠭᠡ ᠶᠢᠨ ᠰᠤᠷᠭᠠᠯ ᠰᠢᠯᠦᠭ᠌ ᠲᠤ

ᠬᠠᠪᠢᠷᠭ᠎ᠠ ᠪᠠᠨ ᠬᠠᠵᠠᠬᠤ ᠬᠠᠰᠠᠷ ᠨᠤᠬᠠᠢ ᠮᠠᠳᠤ

ᠬᠠᠳᠠᠨ ᠳᠤ ᠳᠤᠪᠳᠤᠯᠬᠤ ᠬᠠᠪᠠᠯᠠᠨ ᠢᠷᠪᠢᠰ ᠮᠠᠳᠤ

ᠠᠭᠤᠷ ᠶᠢᠡᠨ ᠳᠠᠷᠤᠵᠤ ᠶᠠᠳᠠᠬᠤ ᠣᠮᠤᠭᠳᠤ ᠠᠷᠰᠯᠠᠨ ᠮᠠᠳᠤ

ᠠᠮᠢᠳᠤ ᠪᠠᠷ ᠵᠠᠯᠭᠢᠬᠤ ᠠᠶᠤᠯᠳᠤ ᠮᠠᠩᠭ᠋ᠤᠰ ᠮᠠᠳᠤ ᠁ ᠭᠡᠵᠤ ᠴᠢᠩᠭ᠋᠎ᠠ ᠬᠠᠳᠠᠭᠤ ᠪᠣᠷᠤᠭᠤᠰᠢᠶᠠᠯ ᠵᠢᠮᠠᠯᠠᠯ ᠭᠢᠭ᠍ᠰᠡᠨ ᠪᠦᠭᠡᠳ ᠡᠴᠦᠰ ᠰᠡᠭᠦᠯ ᠳᠤ ᠪᠠᠨ 《ᠰᠡᠭᠦᠳᠡᠷ ᠡᠴᠡ ᠪᠠᠨ ᠥᠭᠡᠷ᠎ᠡ ᠨᠥᠭᠦᠷ ᠦᠭᠡᠶ᠂ ᠰᠡᠭᠦᠯ ᠡᠴᠡ ᠪᠠᠨ ᠥᠭᠡᠷ᠎ᠡ ᠳᠠᠰᠢᠭᠤᠷ ᠦᠭᠡᠶ》 ᠪᠣᠯᠬᠤ ᠭᠠᠭᠴᠠᠭᠠᠷᠳᠠᠮᠠᠯ ᠪᠠᠢ᠌ᠳᠠᠯ ᠡᠴᠡ ᠰᠡᠷᠭᠡᠢ᠌ᠯᠡᠵᠤ ᠴᠡᠭᠡᠷᠯᠡᠭᠦᠯᠤᠨ᠂ ᠪᠦᠯᠭᠦᠮᠳᠡᠭᠦ ᠭᠡᠷᠡᠭ᠍ᠳᠡᠢ ᠭᠡᠵᠤ ᠰᠤᠷᠭᠠᠭᠰᠠᠨ ᠪᠠᠢ᠌ᠨ᠎ᠠ᠃ ᠬᠤᠷᠴᠢᠨ ᠠᠷᠠᠤᠨ ᠤᠨ ᠳᠠᠭᠤᠤ 《ᠡᠭᠡ ᠶᠢᠨ ᠰᠤᠷᠭᠠᠯ》 ᠳ᠋ᠤ

ᠠᠷᠰᠯᠠᠨ ᠤ ᠵᠤᠯᠵᠠᠭ᠎ᠠ ᠶᠢ ᠪᠠᠷᠢᠬᠤ ᠭᠦᠮᠤᠨ ᠴᠢᠨᠢ ᠭᠦᠢ

ᠠᠷᠭ᠎ᠠ ᠶᠢᠨ ᠭᠦᠴᠤ ᠪᠠᠷ ᠪᠠᠷᠢᠵᠤ ᠪᠣᠯᠤᠨ᠎ᠠ ᠭᠦᠢ

ᠠᠬ᠎ᠠ ᠳᠡᠭᠦᠤ ᠶᠢᠨ ᠰᠡᠳᠭᠢᠯ ᠢ ᠣᠯᠬᠤ ᠭᠦᠮᠤᠨ ᠴᠢᠨᠢ ᠭᠦᠢ

ᠠᠭᠰᠠᠭᠤᠨ ᠵᠠᠩ ᠶᠢᠡᠨ ᠳᠠᠷᠤᠵᠤ ᠪᠣᠯᠤᠨ᠎ᠠ ᠭᠦᠢ

ᠢᠷᠪᠢᠰ ᠤᠨ ᠵᠤᠯᠵᠠᠭ᠎ᠠ ᠶᠢ ᠪᠠᠷᠢᠬᠤ ᠭᠦᠮᠤᠨ ᠴᠢᠨᠢ ᠭᠦᠢ

ᠢᠳᠠ ᠭᠦᠴᠤ ᠪᠠᠷ ᠪᠠᠷᠢᠵᠤ ᠪᠣᠯᠤᠨ᠎ᠠ ᠭᠦᠢ

ᠡᠭᠡᠴᠢ ᠳᠡᠭᠦᠤ ᠶᠢᠨ ᠰᠡᠳᠭᠢᠯ ᠢ ᠣᠯᠬᠤ ᠭᠦᠮᠤᠨ ᠴᠢᠨᠢ ᠭᠦᠢ

ᠡᠭ᠍ᠴᠢᠰ ᠵᠠᠩ ᠶᠢᠡᠨ ᠳᠠᠷᠤᠵᠤ ᠪᠣᠯᠤᠨ᠎ᠠ ᠭᠦᠢ ᠭᠡᠵᠤ ᠰᠤᠷᠭᠠᠨ ᠳᠠᠭᠤᠯᠠᠳᠠᠭ ᠨᠢ ᠥᠭᠡᠯᠤᠨ ᠡᠭᠡ ᠶᠢᠨ ᠰᠤᠷᠭᠠᠯ ᠲᠡᠶ ᠶᠠᠭᠠᠭᠢᠭᠰᠠᠨ ᠲᠦᠰᠳᠠᠢ ᠪᠠᠢ᠌ᠨ᠎ᠠ᠃ ᠭᠦᠭᠡᠴᠦᠰ ᠤᠨ ᠵᠦᠴᠢ᠂ ᠴᠠᠭᠠᠳᠠᠢ ᠶᠢ ᠰᠤᠷᠭᠠᠭᠰᠠᠨ ᠰᠢᠯᠦᠭ᠌ ᠲᠤ ᠥᠭᠡᠯᠤᠨ ᠡᠭᠡ ᠶᠢᠨ ᠰᠤᠷᠭᠠᠯ ᠰᠢᠭ᠌ ᠬᠠᠷᠢᠶᠠᠯ ᠵᠢᠮᠠᠯᠠᠯ ᠤᠨ ᠥᠭᠡ ᠪᠠᠢ᠌ᠬᠤ ᠦᠭᠡᠶ᠂ ᠭᠡᠪᠠᠴᠤ ᠳᠤᠩ ᠶᠡᠭᠡ ᠨᠥᠯᠦᠭᠡᠯᠡᠭᠦ ᠭᠦᠴᠤᠨ ᠲᠡᠶ ᠪᠠᠷ ᠡᠴᠢᠭᠡ ᠡᠭᠡ ᠪᠠᠨ ᠭᠦᠡᠳᠦᠳᠭᠡᠭᠦ᠂ ᠠᠬ᠎ᠠ ᠳᠡᠭᠦᠤ ᠵᠠᠭᠤᠷ᠎ᠠ ᠪᠠᠨ ᠪᠦᠯᠭᠦᠮᠳᠡᠭᠦ ᠶᠢ ᠰᠤᠷᠭᠠᠨ ᠥᠭᠦᠯᠡᠭ᠍ᠰᠡᠨ ᠪᠦᠭᠡᠳ ᠴᠢᠩᠭᠢᠰ ᠬᠠᠭᠠᠨ ᠤ ᠬᠠᠮᠤᠭ ᠮᠤᠩᠭ᠋ᠤᠯ ᠶᠢᠡᠨ ᠨᠢᠭᠡᠳᠭᠡᠭᠦ ᠪᠠᠷ

ᠰᠠᠨᠠᠭᠠᠯᠵᠠᠨ ᠪᠣᠳᠤᠬᠤ ᠵᠠᠪ ᠦᠭᠡᠶ

ᠰᠢᠭᠤᠳ ᠳᠤᠯᠤᠨ ᠶᠠᠪᠣᠭᠰᠠᠨ

ᠪᠣᠷᠤᠭᠤᠯᠠᠨ ᠭᠠᠷᠬᠤ ᠵᠠᠮ ᠦᠭᠡᠶ

ᠪᠠᠢ᠌ᠯᠳᠤᠨ ᠳᠤᠯᠵᠤ ᠶᠠᠪᠣᠭᠰᠠᠨ

ᠠᠮᠤᠷ ᠰᠠᠭᠤᠬᠤ ᠵᠠᠪ ᠦᠭᠡᠶ

ᠠᠯᠠᠯᠳᠤᠨ ᠳᠠᠮᠠᠴᠠᠵᠤ ᠶᠠᠪᠤᠨ ᠮᠠᠩᠨᠠᠢ ᠶᠢᠨ ᠭᠦᠯᠦᠰᠤ ᠪᠠᠨ ᠣᠯᠠ ᠳᠤ ᠪᠠᠨ ᠭᠦᠷᠳᠡᠯ᠎ᠡ ᠣᠷᠤᠰᠬᠠᠵᠤ᠂ ᠣᠯᠠ ᠶᠢᠨ ᠳᠤᠭᠤᠰᠤ ᠪᠠᠨ ᠳᠡᠷᠢᠭᠦᠨ ᠳᠤ ᠪᠠᠨ ᠭᠠᠷᠳᠠᠯ᠎ᠠ ᠪᠣᠳᠠᠷᠭᠠᠵᠤ ᠮᠠᠷᠠᠢ᠌ᠨ ᠵᠢᠳᠭᠦᠵᠤ ᠶᠠᠪᠣᠬᠤ ᠴᠠᠭ ᠲᠤ ᠪᠦᠷᠳᠡ ᠡᠭᠡ ᠴᠤ ᠭᠦᠪᠠᠭᠦᠤᠨ ᠶᠢᠡᠨ ᠰᠤᠷᠭᠠᠬᠤ ᠶᠢᠨ ᠲᠦᠯᠦᠭᠡ ᠬᠠᠮᠳᠤ ᠪᠠᠷ ᠵᠦᠳᠠᠷᠠᠨ

ᠦᠰᠤ ᠪᠠᠨ ᠴᠢᠩᠳᠠᠯᠠᠨ ᠪᠣᠭᠳᠤᠯᠠᠵᠤ

ᠡᠩᠭᠡᠷ ᠶᠢᠡᠨ ᠡᠪᠭᠡᠨ ᠪᠦᠰᠡᠯᠡᠵᠤ

ᠭᠡᠵᠢᠭᠡ ᠪᠠᠨ ᠣᠷᠢᠶᠠᠨ ᠪᠣᠭᠳᠤᠯᠠᠵᠤ

ᠬᠤᠷᠮᠤᠢ ᠪᠠᠨ ᠰᠢᠭᠤᠵᠤ ᠪᠦᠰᠡᠯᠡᠨ

᠁ ᠁

ᠭᠦᠵᠦᠭᠦᠨ ᠡᠴᠡ ᠴᠢᠨᠢ ᠳᠠᠳᠠᠵᠤ

ᠭᠦᠮᠤᠨ ᠤ ᠵᠡᠷᠭᠡ ᠳᠤ ᠭᠦᠷᠭᠡᠵᠤ

ᠪᠣᠢ ᠶᠢ ᠴᠢᠨᠢ ᠠᠷᠢᠯᠭᠠᠵᠤ

ᠪᠣᠷᠪᠢ ᠶᠢ ᠨᠢ ᠡᠷᠭᠦᠭᠦᠯᠵᠤ

ᠡᠭᠡᠮ ᠡᠴᠡ ᠨᠢ ᠳᠠᠳᠠᠵᠤ

ᠡᠷ᠎ᠡ ᠶᠢᠨ ᠵᠡᠷᠭᠡ ᠳᠤ ᠭᠦᠷᠭᠡᠭ᠍ᠰᠡᠨ ᠪᠦᠷᠳᠡ ᠬᠠᠳᠤᠨ ᠤ 《ᠨᠠᠷᠠᠨ ᠮᠠᠳᠤ ᠭᠡᠭᠡᠭᠡᠨ᠂ ᠨᠠᠭᠤᠷ ᠮᠠᠳᠤ ᠳᠡᠯᠭᠡᠷ》 ᠠᠭᠤᠤ ᠡᠭᠡ ᠶᠢᠨ ᠠᠴᠢ ᠭᠠᠪᠢᠶ᠎ᠠ ᠪᠠ ᠠᠯᠤᠰ ᠤᠨ ᠪᠣᠳᠤᠯ ᠢ ᠮᠠᠭᠳᠠᠨ ᠳᠠᠭᠤᠯᠠᠵᠤ ᠡᠨᠡᠷᠢᠯᠳᠤ ᠡᠭᠡ ᠶᠢᠨ ᠶᠢᠡᠨ 《ᠳᠤᠰᠤ ᠰᠢᠭ ᠰᠠᠨᠠᠭ᠎ᠠ ᠶᠢ ᠴᠠᠷᠴᠠᠭᠤᠯᠵᠤ᠂ ᠰᠥ᠋ ᠰᠢᠭ᠌ ᠰᠡᠳᠭᠢᠯ ᠢ ᠡᠭᠡᠳᠡᠭᠦᠯᠵᠤ》 ᠪᠣᠯᠬᠤ ᠦᠭᠡᠶ ᠭᠡᠵᠤ ᠰᠤᠷᠭᠠᠭᠰᠠᠨ ᠪᠠᠢ᠌ᠨ᠎ᠠ᠃ ᠳᠠᠷᠬᠠᠨ ᠬᠤᠰᠢᠭᠤᠨ ᠳᠤ ᠪᠣᠢ ᠪᠣᠯᠤᠭᠰᠠᠨ ᠠᠷᠠᠤᠨ ᠤᠨ ᠳᠠᠭᠤᠤ 《ᠠᠩᠭ᠋᠎ᠠ ᠪᠦᠮᠪᠦᠷᠡᠢ》 ᠳ᠋ᠤ

ᠦᠷᠢᠶ᠎ᠠ ᠮᠤᠷᠢ ᠪᠠᠨ ᠣᠨᠤᠬᠤ ᠭᠦᠮᠤᠨ ᠭᠦᠢ

ᠦᠰᠤᠷᠴᠤ ᠪᠣᠤ ᠯᠠ ᠭᠠᠷᠴᠢᠬ᠎ᠠ ᠳ᠋ᠠ ᠭᠦᠢ

ᠥᠳᠡᠯᠦᠭ᠍ᠰᠡᠨ ᠡᠵᠢ ᠪᠠᠨ ᠬᠠᠯᠠ ᠲᠡᠶ ᠭᠡᠳ

ᠡᠨ ᠬᠨ ᠭᠦ ᠭᠦ ᠭᠦ ᠭᠦᠢ

ᠡᠰᠡᠷᠭᠦᠤ ᠡᠴᠡ ᠨᠢ ᠪᠣᠤ ᠯᠠ ᠳᠤᠤᠭᠠᠷ ᠳ᠋ᠠ ᠭᠡᠵᠤ ᠳᠦᠷᠭᠦᠮ ᠤᠨ ᠡᠵᠢ ᠨᠢ ᠬᠠᠷᠢ ᠳᠤ ᠮᠤᠷᠳᠠᠭᠰᠠᠨ ᠭᠡᠦᠭᠡᠨ ᠶᠢᠡᠨ ᠬᠠᠳᠠᠮ ᠡᠵᠢ ᠪᠠᠨ ᠭᠦᠡᠳᠦᠯᠡᠵᠤ ᠠᠰᠠᠷᠠᠵᠤ ᠶᠠᠪᠣᠬᠤ ᠶᠢ ᠰᠤᠷᠭᠠᠨ ᠳᠠᠭᠤᠯᠠᠭᠰᠠᠨ ᠪᠠᠢ᠌ᠳᠠᠭ᠃ 《ᠪᠣᠠᠳᠠᠷᠠᠸ᠎ᠠ ᠴᠡᠴᠡᠭ᠌》 ᠭᠡᠳᠡᠭ᠌ ᠰᠤᠷᠭᠠᠯ ᠳᠠᠭᠤᠤ ᠳᠤ

ᠪᠣᠷᠤ ᠥᠩᠭᠡ ᠲᠡᠶ ᠪᠣᠠᠳᠠᠷᠠᠸ᠎ᠠ ᠴᠡᠴᠡᠭ᠌ ᠨᠢ ᠭᠦᠢ

ᠪᠣᠷᠤᠭᠠᠨ ᠨᠠᠷᠠ ᠪᠠᠨ ᠦᠵᠡᠪᠠᠯ ᠥᠩᠭᠡ ᠨᠢ ᠵᠠᠰᠠᠷᠠᠨ᠎ᠠ ᠭᠦᠢ

ᠪᠣᠷᠬᠠᠨ ᠳᠤ ᠠᠳᠠᠯᠢ ᠢᠪᠠᠭᠡᠵᠤ ᠪᠣᠳᠤᠪᠠᠴᠤ ᠭᠦᠢ

ᠪᠣᠳᠤᠯᠭ᠎ᠠ ᠰᠠᠨᠠᠭ᠎ᠠ ᠪᠠᠨ ᠠᠯᠳᠠᠪᠠᠯ ᠪᠠᠭᠤᠷᠠᠢ ᠪᠣᠯᠤᠨ᠎ᠠ ᠭᠦᠢ

᠁ ᠁

ᠲᠦᠮᠡᠨ ᠭᠠᠵᠠᠷ ᠨᠢᠰᠭᠦ ᠳᠠᠶᠤᠩᠭ᠋᠎ᠠ ᠭᠠᠷᠤᠳᠢ ᠨᠢ ᠭᠦᠢ

ᠲᠦᠩ ᠮᠤᠳᠤ ᠪᠠᠨ ᠦᠵᠡᠪᠠᠯ ᠵᠢᠷᠭᠢᠵᠤ ᠰᠠᠭᠤᠨ᠎ᠠ ᠭᠦᠢ

ᠳᠦᠷᠤᠯ ᠰᠠᠳᠤᠨ ᠰᠠᠨᠠᠯ ᠦᠭᠡᠶ ᠪᠣᠯᠪᠠᠴᠤ ᠭᠦᠢ

ᠳᠦᠷᠭᠡᠨ ᠶᠠᠪᠣᠳᠠᠯ ᠳᠤᠯᠤᠭᠳᠠᠪᠠᠯ ᠰᠠᠨᠠᠭᠳᠠᠵᠤ ᠢᠷᠠᠨ᠎ᠠ ᠭᠦᠢ ᠭᠡᠵᠤ ᠰᠠᠨᠠᠭ᠎ᠠ ᠪᠣᠳᠤᠯᠭ᠎ᠠ ᠪᠠᠨ ᠵᠠᠰᠠᠵᠤ ᠶᠠᠪᠣᠬᠤ᠂ ᠠᠬ᠎ᠠ ᠳᠡᠭᠦᠨᠡᠷ ᠪᠦᠯᠭᠦᠮᠳᠡᠵᠤ ᠶᠠᠪᠣᠬᠤ ᠶᠢ ᠰᠤᠷᠭᠠᠨ ᠳᠠᠭᠤᠯᠠᠭᠰᠠᠨ ᠨᠢ ᠭᠦᠭᠡᠴᠦᠰ ᠤᠨ ᠵᠦᠴᠢ᠂ ᠴᠠᠭᠠᠳᠠᠢ ᠬᠤᠶᠠᠭᠤᠯᠠ ᠶᠢ ᠰᠤᠷᠭᠠᠵᠤ ᠳᠠᠭᠤᠯᠠᠭᠰᠠᠨ ᠲᠡᠶ ᠳ᠋ᠦᠢᠵᠤ ᠪᠠᠢ᠌ᠬᠤ ᠶᠤᠮ᠃ ᠥᠭᠡᠳᠡᠢ ᠬᠠᠭᠠᠨ ᠤ ᠭᠦᠶ‍ᠦᠭ᠌ ᠢ ᠰᠤᠷᠭᠠᠭᠰᠠᠨ ᠰᠢᠯᠦᠭ᠌ ᠴᠤ 《ᠬᠠᠭᠤᠴᠢᠨ ᠥᠭᠡᠰ ᠬᠠᠳᠠᠯᠤᠨ᠂ ᠥᠳᠡᠭᠦᠰ ᠥᠭᠡᠰ ᠦᠷᠭᠢᠳᠠᠨ》 ᠠᠬ᠎ᠠ ᠳᠡᠭᠦᠤ ᠬᠤᠭᠤᠷᠤᠠᠳᠤ ᠪᠠᠨ ᠡᠶ᠎ᠡ ᠡᠪ ᠲᠡᠶ ᠶᠠᠪᠣᠵᠤ ᠢᠷᠡᠭᠡᠳᠦᠢ ᠳᠤ ᠶᠡᠭᠡ ᠣᠢ᠌ᠯᠠᠰ ᠪᠦᠳᠦᠭᠡᠭᠦ ᠶᠢ ᠭᠦᠰᠡᠮᠵᠢᠯᠡᠭ᠍ᠰᠡᠨ ᠪᠠᠢ᠌ᠨ᠎ᠠ᠃


3. ᠮᠠᠭᠳᠠᠭᠠᠯ ᠳᠠᠭᠤᠤ


ᠮᠠᠭᠳᠠᠭᠠᠯ ᠳᠠᠭᠤᠤ ᠳᠤ 《ᠣᠯᠠᠭᠠᠨ ᠮᠤᠷᠢᠨ ᠤ ᠮᠠᠭᠳᠠᠭᠠᠯ》᠂ 《ᠡᠵᠢ ᠶᠢᠨ ᠠᠴᠢ》᠂ 《ᠣᠭᠤᠳᠠ ᠶᠢᠨ ᠮᠠᠭᠳᠠᠭᠠᠯ》 ᠁ ᠵᠡᠷᠭᠡ ᠪᠣᠢ᠃ ᠮᠠᠭᠳᠠᠭᠠᠯ ᠪᠣᠯ ᠮᠤᠩᠭ᠋ᠤᠯ ᠦᠨᠳᠦᠰᠦᠳᠠᠨ ᠤ ᠢᠷᠠᠭᠤ ᠨᠠᠢ᠌ᠷᠠᠭ ᠤᠨ ᠳᠤᠳᠤᠷᠠᠭᠢ ᠦᠨᠳᠦᠰᠦᠳᠠᠨ ᠤ ᠣᠠᠴᠠᠯᠢᠭ ᠶᠢᠡᠷ ᠢᠯᠠ᠂ ᠦᠪᠡᠷᠮᠢᠴᠠ ᠰᠢᠠᠵᠢ ᠪᠠᠷ ᠳᠤᠳᠤ ᠪᠠᠶ᠎ᠠ ᠪᠠᠨ ᠳᠠᠭᠠᠭᠠᠭᠰᠠᠨ ᠴᠢᠬᠤᠯᠠ ᠨᠢᠭᠡᠨ ᠳᠦᠷᠤᠯ ᠵᠣᠢ᠌ᠯ ᠪᠣᠯᠬᠤ ᠶᠤᠮ᠃ ᠮᠤᠩᠭ᠋ᠤᠯ ᠦᠨᠳᠦᠰᠦᠳᠠᠨ ᠤ ᠪᠠᠭᠠᠳᠤᠷ ᠤᠨ ᠳᠤᠤᠯᠢ ᠪᠣᠶᠤ ᠳᠡᠦᠭᠡᠨ ᠳᠤᠯᠭᠤᠷ ᠪᠢᠴᠢᠭ᠌ ᠤᠳ ᠳᠤ ᠣᠯᠠᠨ ᠠᠷᠪᠢᠨ ᠮᠠᠭᠳᠠᠭᠠᠯ ᠰᠢᠯᠦᠭ᠌ ᠪᠠᠢ᠌ᠳᠠᠭ ᠨᠢ ᠬᠤᠷᠴᠢᠨ ᠠᠷᠠᠤᠨ ᠤᠨ ᠮᠠᠭᠳᠠᠭᠠᠯ ᠳᠠᠭᠤᠤ ᠶᠢᠨ ᠣᠭᠢ ᠰᠠᠢ᠌ᠨ ᠭᠦᠷᠦᠩᠭᠡ ᠪᠣᠯᠵᠤ ᠦᠭ‍ᠭᠦᠭ᠍ᠰᠡᠨ ᠨᠢ ᠢᠯᠡᠷᠭᠡᠢ᠃ 《ᠵᠢᠩᠭ᠋ᠠᠷ ᠤᠨ ᠳᠤᠤᠯᠢ》 ᠳ᠋ᠤ 《ᠵᠢᠩᠭ᠋ᠠᠷ ᠤᠨ ᠬᠠᠳᠤᠨ ᠤ ᠮᠠᠭᠳᠠᠭᠠᠯ》᠂ 《ᠵᠢᠩᠭ᠋ᠠᠷ ᠤᠨ ᠭᠦᠯᠦᠭ᠌ ᠮᠤᠷᠢᠨ ᠤ ᠮᠠᠭᠳᠠᠭᠠᠯ》 ᠪᠠᠢ᠌ᠬᠤ ᠪᠠ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ 《ᠥᠭᠡᠯᠤᠨ ᠡᠭᠡ ᠶᠢᠨ ᠮᠠᠭᠳᠠᠭᠠᠯ》᠂ 《ᠵᠦᠷᠴᠢᠳᠠᠢ ᠶᠢᠨ ᠮᠠᠭᠳᠠᠭᠠᠯ》᠂ 《ᠳᠦᠷᠪᠠᠨ ᠨᠤᠬᠠᠰ ᠤᠨ ᠮᠠᠭᠳᠠᠭᠠᠯ》᠂ 《ᠬᠤᠨᠠᠨ ᠤ ᠮᠠᠭᠳᠠᠭᠠᠯ》᠂ 《ᠭᠡᠪᠳᠡᠭᠦᠯ ᠤᠨ ᠮᠠᠭᠳᠠᠭᠠᠯ》 ᠭᠡᠭᠦ ᠮᠠᠳᠤᠴᠢᠯᠠᠨ ᠣᠯᠠᠨ ᠣᠯᠠᠨ ᠮᠠᠭᠳᠠᠭᠠᠯ ᠤᠳ ᠪᠠᠢ᠌ᠵᠤ ᠪᠦᠷ ᠬᠤᠵᠢᠮ ᠤᠨ ᠪᠣᠢ ᠪᠣᠯᠬᠤ ᠮᠠᠭᠳᠠᠭᠠᠯ ᠳᠠᠭᠤᠤ ᠳᠤ ᠪᠠᠶᠠᠯᠢᠭ ᠦᠪ ᠭᠦᠷᠦᠩᠭᠡ ᠪᠣᠯᠤᠭᠰᠠᠨ ᠶᠤᠮ᠃ 《ᠵᠢᠩᠭ᠋ᠠᠷ ᠤᠨ ᠭᠦᠯᠦᠭ᠌ ᠮᠤᠷᠢᠨ ᠤ ᠮᠠᠭᠳᠠᠭᠠᠯ》 ᠳ᠋ᠤ

ᠠᠯᠳᠠᠢ ᠬᠠᠩᠭ᠋ᠠᠢ ᠪᠠᠶ᠎ᠠ ᠲᠡᠶ ᠭᠡᠨ᠎ᠡ

ᠠᠷᠰᠯᠠᠨ ᠤ ᠴᠡᠭᠡᠵᠢ ᠲᠡᠶ ᠭᠡᠨ᠎ᠡ

ᠬᠠᠷ᠎ᠠ ᠬᠤᠯᠠᠨ ᠪᠦᠭ᠍ᠳᠡᠷᠭᠡ ᠲᠡᠶ ᠭᠡᠨ᠎ᠡ

ᠬᠤᠨ ᠨᠢ᠋ᠮᠠᠨ ᠠᠯᠳᠠᠨ ᠭᠦᠵᠦᠭᠦᠤ ᠲᠡᠶ ᠭᠡᠨ᠎ᠡ

ᠪᠠᠷᠢᠮ ᠦᠯᠦ ᠭᠦᠷᠭᠦ

ᠢᠷᠪᠠᠯᠵᠡᠭ᠍ᠰᠡᠨ ᠳᠠᠯ ᠲᠡᠶ ᠭᠡᠨ᠎ᠡ

ᠪᠠᠳᠮ᠎ᠠ ᠶᠠᠳᠤᠭ᠎ᠠ ᠰᠢᠨᠠ ᠲᠡᠶ

ᠬᠤᠪᠢᠩ ᠤᠨ ᠴᠤᠷᠭᠤ ᠴᠢᠭᠢ ᠲᠡᠶ ᠁ ᠭᠡᠵᠤ ᠮᠠᠭᠳᠠᠨ ᠪᠠᠢ᠌ᠬᠤ ᠳᠤ ᠬᠤᠷᠴᠢᠨ ᠨᠤᠳᠤᠭ ᠤᠨ ᠮᠤᠩᠭ᠋ᠤᠯᠴᠤᠳ ᠤᠨ ᠳᠤᠮᠳᠠ ᠮᠤᠷᠢᠨ ᠤ ᠳᠤᠬᠠᠢ ᠦᠵᠡᠯ ᠳᠠᠨᠢᠪᠣᠷᠢ᠂ ᠭᠤᠸ᠎ᠠ ᠰᠠᠢ᠌ᠬᠠᠨ ᠤ ᠰᠡᠳᠬᠢᠯᠭᠡ ᠪᠠ ᠰᠤᠨᠢᠷᠬᠠᠯ ᠳᠠᠭᠠᠰᠢᠶᠠᠯ ᠨᠢ ᠠᠷᠠᠤᠨ ᠤᠨ ᠳᠠᠭᠤᠤ ᠳ᠋ᠤᠨᠢ ᠢᠯᠡᠷᠡᠭᠦᠯᠦᠯ ᠶᠢᠡᠨ ᠣᠯᠵᠤ ᠪᠠᠢ᠌ᠳᠠᠭ᠃ ᠠᠷᠠᠤᠨ ᠤᠨ ᠳᠠᠭᠤᠤ 《ᠣᠯᠠᠭᠠᠨ ᠮᠤᠷᠢᠨ ᠤ ᠮᠠᠭᠳᠠᠭᠠᠯ》 ᠳ᠋ᠤ

《ᠵᠧ ︕ ᠵᠤᠯᠠᠢ ᠮᠠᠩᠨᠠᠢ ᠶᠢᠨ ᠵᠤᠵᠠᠭᠠᠨ ᠰᠠᠢ᠌ᠬᠠᠨ ᠢ ᠰᠢᠠᠵᠢᠪᠠᠯ ᠵᠢᠷᠭᠤᠭᠠᠨ ᠮᠢᠩᠭ᠋ᠠᠨ ᠠᠭᠳᠠ ᠶᠢᠨ ᠳᠤᠳᠤᠷᠠᠭᠢ ᠰᠤᠳᠤ ᠶᠤᠮ ᠰᠢᠤ ᠵᠢᠷᠭᠤᠭᠠᠨ ᠣᠪᠣᠭ᠎ᠠ ᠶᠢᠨ ᠳᠡᠭ᠍ᠰᠢ ᠰᠠᠢ᠌ᠬᠠᠨ ᠢ ᠰᠢᠠᠵᠢᠪᠠᠯ ᠵᠢᠷᠠᠨ ᠵᠢᠰᠤ ᠶᠢᠨ ᠠᠳᠤᠭᠤᠰᠤᠨ ᠤ ᠰᠢᠯᠢᠳᠡᠭ᠌ ᠶᠤᠮ ᠰᠢᠤ ᠭᠦᠢ ᠵᠧ ︕ ᠬᠤᠩᠰᠢᠶᠠᠷ ᠪᠣᠯᠤᠨ ᠬᠤᠶᠠᠷ ᠴᠢᠭᠢ ᠶᠢ ᠨᠢ ᠰᠢᠠᠵᠢᠪᠠᠯ ᠬᠤᠯᠠᠨ ᠴᠢᠭᠢᠳᠠᠢ ᠶᠢᠨ ᠳᠤᠯᠤᠭᠠᠢ ᠳᠤ ᠠᠳᠠᠯᠢᠬᠠᠨ ᠠᠭᠤᠯᠠ ᠬᠠᠳᠠᠨ ᠳᠤ ᠭᠦᠶ‍ᠦᠭᠦ ᠶᠢ ᠨᠢ ᠰᠢᠠᠵᠢᠪᠠᠯ ᠠᠷᠢᠶᠠᠳᠠᠨ ᠭᠦᠷᠦᠭᠡᠰᠤᠨ ᠤ ᠬᠠᠷᠢᠶᠠᠳᠠᠯ ᠳᠤ ᠠᠳᠠᠯᠢᠬᠠᠨ ᠰᠢᠤ ᠵᠧ ︕ ᠭᠦᠡᠳᠡᠯᠡᠨ ᠭᠤᠯᠳᠤ ᠮᠢᠬᠠᠨ ᠰᠢᠷᠭᠡᠭ᠌ ᠢ ᠨᠢ ᠰᠢᠠᠵᠢᠪᠠᠯ ᠭᠦᠰᠡᠷ ᠣᠷᠭᠤᠭᠰᠠᠨ ᠬᠠᠳᠠ ᠴᠢᠯᠠᠭᠤᠨ ᠳᠤ ᠠᠳᠠᠯᠢᠬᠠᠨ ᠭᠦᠯ ᠤᠨ ᠳᠦᠷᠪᠠᠨ ᠳᠤᠭᠤᠷᠠᠢ ᠶᠢ ᠨᠢ ᠰᠢᠠᠵᠢᠪᠠᠯ ᠭᠦᠴᠦᠳᠤ ᠵᠠᠭᠠᠨ ᠤ ᠭᠢᠰᠭᠢᠯᠭᠡ ᠳᠤ ᠠᠳᠠᠯᠢᠬᠠᠨ ᠰᠢᠤ ᠵᠧ ︕ ᠰᠥᠪᠠᠭᠡ ᠨᠢᠷᠤᠭᠤ ᠶᠢᠨ ᠰᠠᠢ᠌ᠬᠠᠨ ᠢ ᠨᠢ ᠰᠢᠠᠵᠢᠪᠠᠯ ᠰᠦᠨ ᠳᠠᠯᠠᠢ ᠶᠢᠨ ᠣᠩᠭ᠋ᠤᠴᠠᠨ ᠳᠤ ᠠᠳᠠᠯᠢᠬᠠᠨ ᠰᠡᠭᠦᠯ ᠳᠠᠯ ᠤᠨ ᠠᠭᠰᠢᠭᠤᠨ ᠢ ᠨᠢ ᠰᠢᠠᠵᠢᠪᠠᠯ ᠰᠦᠷᠦᠭ᠌ ᠮᠠᠯ ᠤᠨ ᠭᠡᠰᠢᠭ᠌ ᠬᠤᠳᠤᠭ ᠳᠤᠭᠳᠤᠯᠳᠠᠢ ᠰᠢᠤ ᠵᠧ ︕ ᠵᠢᠪᠬᠤᠯᠠᠩ ᠰᠦᠷᠳᠠᠢ ᠵᠠᠩᠵᠤᠨ ᠪᠠᠭᠠᠳᠤᠷ ᠭᠦᠯᠦᠭᠯᠡᠪᠠᠯ ᠵᠠᠭᠠᠨ ᠠᠷᠰᠯᠠᠨ ᠤ ᠲᠦᠯᠤᠪ ᠪᠠᠢ᠌ᠳᠠᠯ ᠢᠯᠡᠷᠭᠡᠢ ᠵᠢᠷᠢᠮ ᠤᠨ ᠴᠢᠭᠤᠯᠭᠠᠨ ᠤ ᠨᠤᠨ ᠠᠷᠪᠠ ᠳᠤ ᠠᠯᠳᠠᠷᠰᠢᠭᠰᠠᠨ ᠵᠢᠪᠬᠤᠭ᠎ᠠ ᠰᠦᠷᠳᠠᠢ ᠣᠯᠠᠭᠠᠨ ᠮᠤᠷᠢ ᠮᠢᠨᠢ ᠮᠠᠭᠳᠠᠭᠠᠯ ᠲᠡᠶ ᠳ᠋ᠠ ᠭᠦᠢ》 ᠭᠡᠵᠤ ᠡᠨᠡᠭᠦ ᠡᠷᠳᠡᠨ ᠡᠳᠦᠭᠡ ᠬᠤᠶᠠᠷ ᠦᠶ᠎ᠡ ᠶᠢᠨ ᠮᠠᠭᠳᠠᠭᠠᠯ ᠳᠤ ᠪᠦᠷ ᠭᠦᠯᠦᠭ᠌ ᠮᠤᠷᠢ ᠶᠢᠨ ᠳᠦᠷᠢ ᠪᠠᠢ᠌ᠳᠠᠯ ᠢ ᠠᠮᠢᠳᠤ ᠳᠦᠷᠰᠦᠯᠢᠭ᠌ ᠶᠢᠡᠷ ᠵᠢᠷᠤᠭᠯᠠᠨ ᠢᠯᠡᠳᠭᠡᠵᠤ ᠪᠠᠢ᠌ᠬᠤ ᠪᠠᠷ ᠨᠢ ᠡᠳᠦᠭᠡ ᠶᠢᠨ ᠮᠠᠭᠳᠠᠭᠠᠯ ᠨᠢ ᠡᠷᠳᠡᠨ ᠤ ᠮᠠᠭᠳᠠᠭᠠᠯ ᠡᠴᠡ ᠦᠨᠳᠦᠰᠦᠯᠠᠯ ᠲᠡᠶ ᠪᠣᠯᠬᠤ ᠨᠢ ᠳᠤᠳᠤᠬᠠᠨ ᠪᠠᠢ᠌ᠨ᠎ᠠ᠃ ᠪᠠᠰᠠ ᠨᠢᠭᠡ ᠵᠢᠱᠢᠶ᠎ᠠ ᠶᠠᠷᠢᠪᠠᠯ 《ᠥᠭᠡᠯᠤᠨ ᠡᠭᠡ ᠶᠢᠨ ᠮᠠᠭᠳᠠᠭᠠᠯ》 ᠳ᠋ᠤ ᠦᠷ᠎ᠡ ᠬᠡᠦᠬᠡᠳ ᠤᠨ ᠶᠢᠡᠨ ᠦᠰᠤᠨ ᠪᠣᠢ᠌ᠵᠢᠯᠳᠠ ᠶᠢᠨ ᠲᠦᠯᠦᠭᠡ 《ᠦᠰᠤ ᠪᠠᠨ ᠣᠭᠢᠳᠠᠯ᠎ᠠ ᠪᠣᠭᠳᠤᠯᠠᠵᠤ ᠡᠩᠭᠡᠷ ᠶᠢᠡᠨ ᠣᠵᠢᠳᠠᠯ᠎ᠠ ᠪᠦᠰᠡᠯᠡᠵᠤ ᠣᠨᠤᠨ ᠮᠦᠷᠠᠨ ᠤ ᠥᠭᠡᠳᠡ ᠣᠷᠤᠭᠤ ᠭᠦᠶ‍ᠦᠵᠤ ᠦᠷᠢᠯ ᠮᠣᠢ᠌ᠯ ᠳᠡᠭᠦᠵᠤ ᠡᠳᠦᠷ ᠬᠤᠨᠤᠭ ᠢ ᠨᠥᠭ᠍ᠴᠢᠭᠡᠵᠤ》 ᠣᠢ᠌ᠯᠠ ᠪᠠᠨ ᠪᠠᠷᠠᠵᠤ ᠦᠰᠤ ᠪᠠᠨ ᠳᠤᠭᠠᠯᠠᠵᠤ ᠶᠠᠪᠣᠭᠰᠠᠨ ᠥᠭᠡᠯᠤᠨ ᠡᠭᠡ ᠶᠢᠨ ᠵᠤᠷᠢᠭ ᠰᠠᠨᠠᠭ᠎ᠠ ᠬᠤᠷᠴᠢᠨ ᠮᠤᠩᠭ᠋ᠤᠯ ᠡᠭᠡᠴᠦᠦᠯ ᠤᠨ ᠳᠤᠮᠳᠠ ᠣᠯᠠᠮᠯᠠᠨ ᠥᠯᠡᠳᠡᠭ᠍ᠳᠡᠵᠤ ᠮᠠᠭᠳᠠᠨ ᠳᠠᠭᠤᠯᠠᠭᠳᠠᠳᠠᠭ ᠪᠠᠢ᠌ᠨ᠎ᠠ᠃ ᠬᠤᠷᠴᠢᠨ ᠠᠷᠠᠤᠨ ᠤᠨ ᠳᠠᠭᠤᠤ 《ᠡᠵᠢ ᠶᠢᠨ ᠠᠴᠢ》 ᠳ᠋ᠤ

ᠦᠳᠡᠰᠢ ᠶᠢᠨ ᠰᠦᠨᠢ ᠶᠢᠨ ᠭᠦᠨ ᠳᠤ ᠦᠵᠡᠵᠤ ᠬᠠᠷᠠᠭᠠᠯᠵᠠᠭᠰᠠᠨ

ᠦᠳᠡ ᠶᠢᠨ ᠭᠤᠤᠯ ᠬᠠᠯᠠᠭᠤᠨ ᠳᠤ ᠣᠠᠳᠠᠭᠤᠯᠵᠤ ᠰᠠᠭᠠᠳᠠᠭᠤᠯᠤᠭᠰᠠᠨ

ᠡᠷᠳᠡᠨᠢ ᠮᠠᠳᠤ ᠡᠵᠢ ᠶᠢᠨ ᠠᠴᠢ ᠶᠢ ᠶᠠᠭᠠᠭᠢᠵᠤ ᠬᠠᠷᠢᠭᠤᠯᠤᠶ᠎ᠠ ᠳ᠋ᠠ ᠭᠦᠢ

ᠦᠷᠤᠴᠠ ᠴᠡᠭᠡᠵᠢᠨ ᠳᠡᠭᠡᠷ᠎ᠡ ᠪᠠᠨ ᠥᠭᠡᠯᠡᠢ ᠪᠣᠯᠭᠠᠭᠰᠠᠨ

ᠣᠭᠤᠷᠠᠭ ᠰᠦ᠋ ᠪᠠᠷ ᠶᠢᠡᠨ ᠭᠦᠮᠤᠨ ᠪᠣᠯᠭᠠᠭᠰᠠᠨ

ᠠᠯᠳᠠ ᠮᠠᠳᠤ ᠡᠵᠢ ᠶᠢᠨ ᠠᠴᠢ ᠶᠢ ᠶᠠᠭᠠᠭᠢᠵᠤ ᠬᠠᠷᠢᠭᠤᠯᠤᠶ᠎ᠠ ᠳ᠋ᠠ ᠭᠦᠢ ᠭᠡᠵᠤ ᠡᠵᠢ ᠶᠢᠨ ᠠᠴᠢ ᠭᠠᠪᠢᠶ᠎ᠠ ᠶᠢ ᠮᠠᠭᠳᠠᠨ ᠳᠠᠭᠤᠯᠠᠵᠤ ᠪᠠᠢ᠌ᠨ᠎ᠠ᠃ ᠠᠷᠠᠤᠨ ᠤᠨ ᠳᠠᠭᠤᠤ 《ᠪᠡᠷᠤᠯᠠᠢ》 ᠳ᠋ᠤ 《᠁ ᠦᠷᠯᠦᠭᠡ ᠦᠳᠡᠰᠢ ᠶᠢᠨ ᠭᠦᠢᠳᠡᠨ ᠳᠤ ᠪᠠᠨ ᠦᠨᠳᠠᠢ᠌ᠵᠤ ᠪᠣᠰᠤᠭᠠᠤᠨ ᠮᠥᠮᠦᠭᠦᠯᠦᠭ᠍ᠰᠡᠨ ᠡᠵᠢ ᠮᠢᠨᠢ ᠁ ᠬᠠᠷᠠᠩᠭ᠋ᠤᠢ ᠰᠦᠨᠢ ᠶᠢᠨ ᠭᠦᠢᠳᠡᠨ ᠳᠤ ᠪᠠᠨ ᠬᠠᠷᠠᠵᠤ ᠠᠩᠬᠠᠷᠤᠭᠰᠠᠨ ᠡᠵᠢ ᠮᠢᠨᠢ ᠁ ᠬᠠᠪᠣᠷ ᠬᠠᠪᠣᠷ ᠤᠨ ᠬᠤᠸᠠᠷ ᠢ ᠭᠦᠢ ᠬᠠᠢ᠌ᠴᠢᠯᠠᠵᠤ ᠠᠪᠣᠭᠠᠤᠨ ᠨᠠᠭᠠᠳᠤᠭᠤᠯᠤᠭᠰᠠᠨ ᠬᠠᠪᠳᠠᠭ᠎ᠠ ᠪᠠᠨ ᠣᠶᠤᠬᠤ ᠪᠠᠨ ᠪᠠᠢ᠌ᠴᠢᠭᠠᠤᠨ ᠬᠣᠢ᠌ᠳᠤ ᠣᠷᠢᠳᠤ ᠭᠡᠷ ᠶᠢᠡᠷ ᠶᠢᠡᠨ ᠳᠤᠭᠤᠷᠢᠭᠤᠯᠤᠭᠰᠠᠨ ᠵᠤᠨ ᠵᠤᠨ ᠤ ᠴᠡᠴᠡᠭ᠌ ᠢ ᠭᠦᠢ ᠵᠤᠭᠤᠯᠤᠨ ᠠᠪᠣᠭᠠᠤᠨ ᠨᠠᠭᠠᠳᠤᠭᠤᠯᠤᠭᠰᠠᠨ ᠵᠤᠯᠤᠭ ᠶᠢᠡᠨ ᠣᠶᠤᠬᠤ ᠪᠠᠨ ᠪᠠᠢ᠌ᠴᠢᠭᠠᠤᠨ ᠵᠡᠭᠦᠨ ᠪᠠᠷᠠᠭᠤᠨ ᠭᠡᠷ ᠶᠢᠡᠷ ᠶᠢᠡᠨ ᠳᠤᠭᠤᠷᠢᠭᠤᠯᠤᠭᠰᠠᠨ》 ᠭᠡᠵᠤ ᠡᠵᠢ ᠶᠢᠨ ᠶᠢᠡᠨ ᠬᠠᠢ᠌ᠷ᠎ᠠ ᠪᠠ ᠬᠠᠯᠠᠮᠵᠢ ᠶᠢᠨ ᠳᠤᠤᠷ᠎ᠠ ᠦᠰᠤᠨ ᠪᠣᠢ᠌ᠵᠢᠭᠰᠠᠨ ᠶᠢᠡᠨ ᠡᠷᠭᠢᠴᠡᠭᠦᠯᠤᠨ ᠰᠠᠨᠠᠵᠤ ᠮᠠᠭᠳᠠᠨ ᠳᠠᠭᠤᠯᠠᠵᠤ ᠪᠠᠢ᠌ᠳᠠᠭ᠃


4. ᠪᠠᠭᠠᠳᠤᠷ ᠡᠷᠡᠰ ᠤᠨ ᠳᠠᠭᠤᠤ


ᠪᠠᠭᠠᠳᠤᠷ ᠡᠷᠡᠰ ᠤᠨ ᠳᠠᠭᠤᠤ ᠳᠤ 《ᠭᠠᠳᠠ ᠮᠠᠢ᠌ᠷᠠᠨ》᠂ 《ᠪᠢᠩᠳᠤ ᠸᠠᠩ ᠤᠨ ᠳᠠᠭᠤᠤ》᠂ 《ᠳᠤᠭᠳᠠᠬᠤ》᠂ 《ᠰᠸᠩ ᠸᠠᠩ ᠤᠨ ᠳᠠᠭᠤᠤ》 ᠁ ᠵᠡᠭᠡ ᠪᠣᠢ᠃ ᠳᠤᠰ ᠭᠡᠰᠡᠭ᠌ ᠲᠤ ᠬᠤᠷᠴᠢᠨ ᠠᠷᠠᠤᠨ ᠤᠨ ᠪᠠᠭᠠᠳᠤᠷ ᠡᠷᠡᠰ ᠤᠨ ᠳᠠᠭᠤᠤ ᠨᠢ ᠪᠠᠭᠠᠳᠤᠷ ᠤᠨ ᠳᠤᠤᠯᠢ ᠪᠠ ᠮᠤᠩᠭ᠋ᠤᠯ ᠤᠨ ᠳᠡᠦᠭᠡ ᠳᠤᠪᠴᠢᠶᠠᠨ ᠡᠴᠡ ᠭᠦᠷᠳᠡᠭ᠍ᠰᠡᠨ ᠨᠥᠯᠦᠭᠡ ᠶᠢ ᠰᠤᠳᠤᠯᠤᠨ ᠶᠠᠷᠢᠬᠤ ᠪᠣᠯᠤᠨ᠎ᠠ᠃ ᠮᠤᠩᠭ᠋ᠤᠯᠴᠤᠳ ᠤᠨ ᠭᠠᠵᠠᠷ ᠨᠤᠳᠤᠭ ᠤᠨ ᠦᠵᠡᠯᠳᠠ ᠪᠣᠯ ᠲᠤᠢ᠌ᠯ ᠤᠨ ᠡᠷᠡᠰᠭᠡᠨ ᠪᠠᠢ᠌ᠵᠤ 《ᠠᠯᠠᠭᠠᠨ ᠴᠢᠨᠡᠭᠡ ᠭᠠᠵᠠᠷ ᠶᠢᠡᠨ ᠪᠣᠷᠬᠠᠨ ᠭᠤᠶᠤᠭᠰᠠᠨ ᠴᠤ ᠦᠯᠦ ᠦᠭ‍ᠭᠦ》 ᠡᠭᠡ ᠨᠤᠳᠤᠭ ᠤᠨ ᠬᠠᠢ᠌ᠷ᠎ᠠ ᠰᠡᠳᠬᠢᠯᠭᠡ ᠳᠠᠢ᠌ᠮᠤ ᠯᠠ ᠵᠤᠵᠠᠭᠠᠨ ᠪᠠᠢ᠌ᠳᠠᠭ᠃ ᠠᠭᠤᠯᠭ᠎ᠠ ᠶᠢᠨ ᠳᠠᠯ᠎ᠠ ᠪᠠᠷ ᠬᠤᠷᠴᠢᠨ ᠠᠷᠠᠤᠨ ᠤᠨ ᠪᠠᠭᠠᠳᠤᠷ ᠡᠷᠡᠰ ᠤᠨ ᠳᠠᠭᠤᠤ ᠶᠢᠨ ᠳᠤᠳᠤᠷᠠᠭᠢ ᠭᠤᠤᠯ ᠪᠠᠭᠠᠳᠤᠷ ᠣᠢ᠌ᠯᠠ ᠠᠵᠢᠯᠯᠠᠭ᠎ᠠ ᠶᠢᠨ ᠣᠯᠠᠩᠭᠢ ᠨᠢ ᠮᠤᠩᠭ᠋ᠤᠯᠴᠤᠳ ᠤᠨ ᠡᠷᠭᠡ ᠠᠰᠢᠭ ᠪᠠ ᠠᠷᠠᠤᠨ ᠢᠷᠭᠡᠨ᠂ ᠭᠠᠵᠠᠷ ᠨᠤᠳᠤᠭ ᠶᠢᠡᠨ ᠬᠠᠮᠠᠭᠠᠯᠠᠨ ᠳᠠᠮᠠᠴᠠᠵᠤ ᠪᠦᠭᠦᠢ ᠪᠠᠭᠠᠳᠤᠷ ᠶᠢᠡᠨ ᠮᠠᠭᠳᠠᠨ ᠳᠠᠭᠤᠯᠠᠵᠤ ᠪᠠᠢ᠌ᠳᠠᠭ ᠶᠤᠮ ᠪᠢᠯᠠ᠃ ᠳᠠᠷᠠ ᠨᠢ ᠠᠭᠤᠯᠭ᠎ᠠ ᠶᠢᠨ ᠳᠠᠯ᠎ᠠ ᠪᠠᠷ ᠪᠠᠭᠠᠳᠤᠷ ᠤᠨ ᠳᠤᠤᠯᠢ ᠪᠠ 《ᠨᠢᠭᠤᠴᠠ ᠳᠤᠪᠴᠢᠶᠠᠨ》 ᠮᠠᠳᠤ ᠶᠢᠨ ᠳᠡᠦᠭᠡ ᠱᠠᠰᠳᠢᠷ ᠲᠤ ᠭᠠᠷᠳᠠᠭ ᠪᠠᠭᠠᠳᠤᠷ ᠡᠷᠡᠰ ᠤᠨ ᠣᠢ᠌ᠯᠠ ᠲᠡᠶ ᠪᠦᠷᠢᠮᠦᠰᠤᠨ ᠠᠳᠠᠯᠢ ᠪᠠᠢ᠌ᠳᠠᠭ᠃ 《ᠵᠢᠩᠭ᠋ᠠᠷ ᠤᠨ ᠳᠤᠤᠯᠢ》 ᠳ᠋ᠤ ᠠᠷᠤ ᠪᠣᠮᠪᠠ ᠶᠢᠨ ᠣᠷᠤᠨ ᠢ 《ᠦᠨᠦᠠᠢ᠌ᠨ ᠦᠭᠡᠶ ᠦᠨᠢᠷ᠂ ᠥᠭᠡᠭᠦᠤ ᠦᠭᠡᠶ ᠪᠠᠶᠠᠨ》᠂ 《ᠮᠢᠨᠤ ᠴᠢᠨᠤ ᠢᠯᠭᠠᠬᠤ ᠦᠭᠡᠶ》 ᠭᠦᠰᠡᠯᠡᠩ ᠤᠨ ᠶ‍ᠢᠷᠳᠢᠠᠴᠤ ᠶᠢ ᠪᠠᠢ᠌ᠭᠤᠯᠬᠤ ᠶᠢᠨ ᠲᠦᠯᠦᠭᠡ ᠵᠢᠩᠭ᠋ᠠᠷ ᠶᠢᠡᠷ ᠳᠡᠷᠢᠭᠦᠯᠡᠭ᠍ᠰᠡᠨ ᠬᠤᠩᠭ᠋ᠤᠷ ᠵᠡᠷᠭᠡ ᠣᠯᠠᠨ ᠪᠠᠭᠠᠳᠤᠷ ᠢᠳᠠᠳᠠᠨ ᠨᠡᠷ ᠠᠶᠠᠭ᠎ᠠ ᠴᠢᠰᠤ ᠠᠳᠬᠤ ᠶᠠᠰᠤ ᠪᠠᠨ ᠬᠠᠢ᠌ᠷᠠᠯᠠᠬᠤ ᠦᠭᠡᠶ᠂ ᠭᠠᠯ ᠣᠰᠤᠨ ᠤ ᠭᠠᠰᠠᠯᠠᠩ ᠵᠤᠪᠠᠯᠠᠩ ᠢ ᠠᠮᠰᠠᠵᠤ ᠬᠠᠯᠳᠠᠨ ᠳᠤᠪᠳᠤᠯᠬᠤ ᠳᠠᠢ᠌ᠰᠤᠨ ᠲᠡᠶ ᠬᠠᠳᠠᠭᠤᠵᠢᠯᠳᠠᠢ ᠳᠠᠮᠠᠴᠠᠨ ᠡᠭᠡ ᠨᠤᠳᠤᠭ ᠶᠢᠡᠨ ᠬᠠᠮᠠᠭᠠᠯᠠᠵᠤ ᠪᠠᠢ᠌ᠭᠰᠠᠨ ᠪᠦᠭᠦ ᠠᠷᠠᠤᠨ ᠤᠨ ᠴᠢᠨᠠᠷᠳᠠᠢ ᠳᠠᠢ᠌ᠨ ᠪᠣᠯᠤᠨ᠎ᠠ᠃ ᠦᠨᠡᠨ ᠢ ᠭᠡᠯᠡᠪᠠᠯ 《ᠨᠢᠭᠤᠴᠠ ᠳᠤᠪᠴᠢᠶᠠᠨ》 ᠳ᠋ᠤ ᠭᠠᠷᠳᠠᠭ ᠶᠡᠭᠡ ᠪᠠᠭ᠎ᠠ ᠬᠤᠷᠢᠨ ᠳᠠᠪᠤᠨ ᠣᠳᠠᠭᠠᠨ ᠤ ᠳᠠᠢ᠌ᠨ ᠪᠠᠢ᠌ᠯᠳᠤᠭᠠᠨ ᠨᠢ ᠠᠩᠬ᠎ᠠ ᠡᠭᠢᠯᠡᠭᠦ ᠳᠤ ᠪᠠᠨ ᠮᠦᠨ ᠠᠯᠳᠠᠨ ᠣᠯᠤᠰ ᠤᠨ ᠳᠦᠷᠢᠮᠡᠭᠡᠢ᠌ᠯᠡᠯ ᠢ ᠡᠰᠡᠷᠭᠦᠴᠡᠭᠦ ᠶᠢᠨ ᠲᠦᠯᠦᠭᠡ ᠮᠤᠩᠭ᠋ᠤᠯ ᠣᠷᠤᠨ ᠳᠤ ᠳᠠᠷᠠᠬᠠᠢ ᠪᠣᠳᠠᠷᠬᠠᠢ ᠠᠵᠤ ᠳᠦᠷᠤᠵᠤ᠂ ᠦᠰᠢᠯ ᠦᠰᠢᠵᠤ ᠪᠠᠢ᠌ᠭᠰᠠᠨ ᠣᠯᠠᠨ ᠣᠪᠣᠭ ᠠᠢ᠌ᠮᠠᠭ ᠤᠳ ᠢ ᠨᠢᠭᠡᠳᠭᠡᠵᠤ᠂ ᠠᠯᠳᠠᠨ ᠣᠯᠤᠰ ᠤᠨ ᠠᠯᠠᠯᠭ᠎ᠠ ᠭᠢᠳᠤᠯᠭ᠎ᠠ ᠡᠴᠡ ᠦᠪᠡᠷ ᠢ ᠪᠠᠨ ᠬᠠᠮᠠᠭᠠᠯᠠᠬᠤ ᠴᠢᠩᠭᠢᠰ ᠬᠠᠭᠠᠨ ᠶᠢᠡᠷ ᠳᠡᠷᠢᠭᠦᠯᠡᠭᠦᠯᠦᠭ᠍ᠰᠡᠨ ᠪᠦᠭᠦ ᠠᠷᠠᠤᠨ ᠤᠨ ᠴᠢᠨᠠᠷᠳᠠᠢ ᠳᠠᠢ᠌ᠨ ᠪᠣᠯᠬᠤ ᠶᠤᠮ᠃ 《ᠭᠡᠰᠡᠷ ᠤᠨ ᠳᠤᠭᠤᠵᠢ》 ᠳ᠋ᠤ ᠭᠡᠰᠡᠷ ᠭᠢᠭᠡᠳ ᠳᠡᠭᠦᠨ ᠤ ᠪᠠᠭᠠᠳᠤᠷ ᠤᠳ ᠡᠭᠡ ᠨᠤᠳᠤᠭ ᠶᠢᠡᠨ ᠬᠠᠮᠠᠭᠠᠯᠠᠬᠤ ᠠᠷᠢᠭᠤᠨ ᠣᠢ᠌ᠯᠠᠰ ᠲᠤ ᠢᠮᠠᠭᠳᠠ ᠠᠯᠢ ᠪᠦᠭᠦᠨ ᠶᠢᠡᠨ ᠬᠠᠷᠠᠮ ᠦᠭᠡᠶ ᠵᠤᠷᠢᠭᠤᠯᠳᠠᠭ ᠪᠠᠢ᠌ᠵᠠᠢ᠃ ᠬᠤᠷᠴᠢᠨ ᠠᠷᠠᠤᠨ ᠤᠨ ᠳᠠᠭᠤᠤ 《ᠭᠠᠳᠠ ᠮᠠᠢ᠌ᠷᠠᠨ》᠂ 《ᠪᠢᠩᠳᠤ ᠸᠠᠩ ᠤᠨ ᠳᠠᠭᠤᠤ》᠂ 《ᠳᠤᠭᠳᠠᠬᠤ》᠂ 《ᠰᠸᠩ ᠸᠠᠩ》 ᠵᠡᠷᠭᠡ ᠳᠠᠭᠤᠤ ᠳ᠋ᠠᠭᠢ ᠪᠠᠭᠠᠳᠤᠷ ᠤᠳ ᠨᠢ ᠪᠦᠷ ᠦᠪᠡᠷ ᠤᠨ ᠨᠤᠳᠤᠭ ᠣᠰᠤ᠂ ᠣᠯᠤᠰ ᠣᠷᠤᠨ ᠶᠢᠡᠨ ᠬᠠᠮᠠᠭᠠᠯᠠᠬᠤ ᠶᠢᠨ ᠲᠦᠯᠦᠭᠡ ᠪᠠᠭᠠᠳᠤᠷᠯᠠᠨ ᠪᠠᠢ᠌ᠯᠳᠤᠭᠰᠠᠨ ᠨᠢ ᠠᠷᠠᠤᠨ ᠲᠦᠮᠡᠨ ᠤ ᠰᠠᠢ᠌ᠨ ᠰᠠᠢ᠌ᠬᠠᠨ ᠤ ᠭᠦᠰᠡᠯ ᠰᠡᠳᠬᠢᠯᠭᠡ ᠶᠢ ᠲᠦᠯᠦᠭᠡᠯᠡᠭ᠍ᠰᠡᠨ᠂ ᠪᠦᠭᠦ ᠠᠷᠠᠤᠨ ᠤᠨ ᠣᠷᠤᠯᠴᠠᠭᠰᠠᠨ᠂ ᠪᠦᠭᠦ ᠠᠷᠠᠤᠨ ᠤᠨ ᠴᠢᠨᠠᠷᠳᠠᠢ ᠳᠠᠮᠠᠴᠠᠯ ᠪᠣᠯᠤᠨ᠎ᠠ᠃ ᠪᠠᠭᠠᠳᠤᠷ ᠤᠨ ᠳᠤᠤᠯᠢ ᠨᠢ ᠪᠦᠷ ᠳᠠᠢ᠌ᠨ ᠤ ᠢᠯᠠᠯᠳᠠ ᠪᠠᠷ ᠳᠡᠭᠦᠰᠳᠡᠭ᠌᠃ ᠬᠤᠷᠴᠢᠨ ᠠᠷᠠᠤᠨ ᠤᠨ ᠳᠠᠭᠤᠤ 《ᠭᠠᠳᠠ ᠮᠠᠢ᠌ᠷᠠᠨ》 ᠳ᠋ᠠᠭᠢ ᠭᠠᠳᠠ ᠮᠠᠢ᠌ᠷᠠᠨ ᠶᠢᠡᠷ ᠳᠡᠷᠢᠭᠦᠯᠡᠭᠦᠯᠦᠭ᠍ᠰᠡᠨ ᠪᠣᠰᠤᠯᠭ᠎ᠠ ᠨᠢ ᠡᠴᠦᠰ ᠲᠡᠭᠡᠨ ᠮᠦᠨ ᠬᠤᠰᠢᠭᠤ ᠨᠤᠳᠤᠭ ᠶᠢᠡᠨ ᠬᠠᠮᠠᠭᠠᠯᠠᠬᠤ ᠭᠡᠰᠡᠨ ᠵᠤᠷᠢᠯᠭ᠎ᠠ ᠳᠤ ᠪᠠᠨ ᠭᠦᠷᠴᠤ ᠳᠡᠢ᠌ᠯᠦᠭ᠍ᠰᠡᠨ ᠶᠤᠮ᠃ ᠣᠯᠠᠨ ᠤ ᠮᠡᠳᠡᠭᠡᠵᠢ ᠪᠠᠷ ᠭᠡᠷᠪᠡ ᠭᠠᠳᠠ ᠮᠠᠢ᠌ᠷᠠᠨ ᠤ ᠪᠣᠰᠤᠯᠭ᠎ᠠ ᠪᠠᠢ᠌ᠭᠰᠠᠨ ᠦᠭᠡᠶ ᠪᠣᠯ ᠦᠨᠦᠳᠤᠷ ᠤᠨ ᠳᠡᠯᠡᠭᠡᠢ ᠳᠡᠭᠡᠷ᠎ᠡ ᠬᠠᠮᠤᠭ ᠣᠯᠠᠨ ᠮᠤᠩᠭ᠋ᠤᠯ ᠭᠦᠮᠤᠨ ᠲᠦᠪᠯᠡᠷᠠᠨ ᠰᠠᠭᠤᠷᠢᠰᠢᠭᠰᠠᠨ ᠳᠠᠷᠬᠠᠨ ᠬᠤᠰᠢᠭᠤ ᠥᠯᠡᠳᠡᠭ᠍ᠳᠡᠵᠤ ᠳᠡᠢ᠌ᠯᠭᠦ ᠦᠭᠡᠶ ᠶᠤᠮ᠃ ᠳᠠᠷᠤᠢ ᠬᠠᠰᠠᠷ ᠤᠨ ᠦᠷᠠᠳᠤᠰ ᠤᠨ ᠪᠠᠢ᠌ᠭᠤᠯᠤᠭᠰᠠᠨ ᠨᠤᠨ ᠠᠷᠪᠠᠨ ᠬᠤᠰᠢᠭᠤᠨ ᠤ ᠳᠤᠳᠤᠷ᠎ᠠ ᠡᠴᠡ ᠪᠢᠩᠳᠤ ᠶᠢᠨ ᠬᠤᠰᠢᠭᠤ ᠭᠡᠳᠤᠨ ᠵᠥᠭ᠌ ᠲᠤ ᠪᠠᠨ ᠭᠡᠰᠡᠭᠯᠡᠭ᠍ᠳᠡᠨ ᠣᠰᠠᠳᠴᠤ᠂ ᠬᠤᠷᠴᠢᠨ ᠪᠠᠷᠠᠭᠤᠨ ᠭᠠᠷᠤᠨ ᠬᠣᠢ᠌ᠳᠤ ᠬᠤᠰᠢᠭᠤ ᠵᠧᠨ ᠯᠠᠢ ᠰᠢᠶᠠᠨ ᠪᠣᠯᠤᠨ ᠬᠤᠪᠢᠷᠠᠵᠤ᠂ ᠬᠣᠢ᠌ᠳᠤ ᠭᠤᠷᠯᠤᠰ ᠬᠤᠰᠢᠭᠤ ᠵᠤᠤ ᠶᠤᠸᠠᠨ ᠰᠢᠶᠠᠨ ᠪᠣᠯᠤᠨ ᠬᠤᠪᠢᠷᠠᠭᠰᠠᠨ ᠲᠡᠶ ᠠᠳᠠᠯᠢ ᠪᠠᠷ ᠳᠠᠷᠬᠠᠨ ᠬᠤᠰᠢᠭᠤ ᠮᠦᠨ ᠵᠡᠭᠦᠨ ᠭᠡᠰᠡᠭ᠌ ᠨᠢ ᠵᠠᠮᠳᠤ ᠪᠠᠷ ᠭᠤᠤᠯ ᠪᠣᠯᠭᠠᠨ ᠹᠦ᠋ ᠶᠤᠸᠠᠨ ᠰᠢᠶᠠᠨ ᠪᠣᠯᠵᠤ᠂ ᠪᠠᠷᠠᠭᠤᠨ ᠭᠡᠰᠡᠭ᠌ ᠨᠢ ᠱᠸᠪᠠᠷᠳᠤ ᠪᠠᠷ ᠭᠤᠤᠯ ᠪᠣᠯᠭᠠᠨ ᠯᠢᠶᠤᠤ ᠪᠧᠢ ᠰᠢᠶᠠᠨ ᠪᠣᠯᠤᠨ ᠳᠦᠭᠦᠷᠭᠦ ᠪᠠᠢ᠌ᠭᠰᠠᠨ ᠪᠢᠯᠠ᠃

ᠭᠡᠯᠪᠠᠷᠢ ᠶᠢᠨ ᠳᠠᠯ᠎ᠠ ᠪᠠᠷ ᠥᠵᠡᠭ᠍ᠰᠡᠨ ᠴᠤ ᠬᠤᠷᠴᠢᠨ ᠠᠷᠠᠤᠨ ᠤᠨ ᠳᠠᠭᠤᠤ ᠶᠢᠨ ᠪᠠᠭᠠᠳᠤᠷ ᠡᠷᠡᠰ ᠤᠨ ᠳᠠᠭᠤᠤ ᠨᠢ ᠡᠷᠳᠡᠨ ᠤ ᠵᠤᠬᠢᠶᠠᠯ ᠡᠴᠡ ᠭᠦᠨ ᠨᠥᠯᠦᠭᠡ ᠭᠦᠷᠳᠡᠭ᠍ᠰᠡᠨ ᠶᠤᠮ᠃ ᠵᠢᠱᠢᠶᠠᠯᠠᠪᠠᠯ 《ᠮᠤᠩᠭ᠋ᠤᠯ ᠤᠨ ᠨᠤᠭᠤᠴᠠ ᠳᠤᠪᠴᠢᠶᠠᠨ》 §106 ᠳ᠋ᠤ ᠭᠠᠷᠳᠠᠭ 《ᠵᠠᠮᠤᠬ᠎ᠠ ᠶᠢᠨ ᠳᠠᠢ᠌ᠨ ᠳᠤ ᠮᠤᠷᠳᠠᠬᠤ ᠳᠠᠭᠤᠤ》 ᠳ᠋ᠤ

ᠬᠠᠷᠠᠭᠠᠳᠤ ᠳᠤᠭ ᠶᠢᠡᠨ ᠳᠠᠭᠢᠵᠤ

ᠬᠠᠷ᠎ᠠ ᠪᠣᠬ᠎ᠠ ᠶᠢᠨ ᠠᠷᠠᠰᠤ ᠪᠠᠷ ᠪᠦᠷᠢᠭ᠍ᠰᠡᠨ

ᠭᠦᠩᠭᠢᠨᠡᠮ᠎ᠡ ᠳᠠᠭᠤᠳᠤ ᠭᠡᠩᠭᠡᠷᠭᠡ ᠪᠠᠨ ᠳᠠᠯᠠᠳᠴᠤ

ᠬᠤᠶᠠᠭᠳᠤ ᠳᠠᠪᠠᠯ ᠶᠢᠡᠨ ᠡᠮᠦᠰᠴᠤ

ᠬᠠᠳᠠᠨ ᠵᠢᠳᠠ ᠪᠠᠨ ᠪᠠᠷᠢᠵᠤ

ᠬᠠᠳᠬᠤᠷᠠᠰᠤᠳᠤ ᠰᠤᠮᠤ ᠪᠠᠨ ᠣᠨᠢᠯᠠᠵᠤ

ᠬᠠᠷ᠎ᠠ ᠬᠤᠷᠳᠤᠨ ᠶᠢᠡᠨ ᠣᠨᠤᠵᠤ

ᠬᠠᠳᠬᠤᠯᠳᠤᠨ ᠪᠠᠢ᠌ᠯᠳᠤᠬᠤ ᠪᠠᠷ ᠮᠤᠷᠳᠠᠮᠤᠢ ᠭᠡᠵᠤ ᠳᠠᠭᠤᠯᠠᠵᠤ ᠪᠠᠢ᠌ᠬᠤ ᠳᠤ ᠣᠳᠤ ᠶᠢᠨ ᠬᠤᠷᠴᠢᠨ ᠠᠷᠠᠤᠨ ᠤᠨ ᠪᠠᠭᠠᠳᠤᠷ ᠤᠨ ᠳᠠᠭᠤᠤ 《ᠰᠸᠩ ᠸᠠᠩ》 ᠳ᠋ᠤ ᠪᠣᠳᠤᠯᠭᠠᠳᠤ ᠴᠢᠨ ᠸᠠᠩ ᠰᠡᠩᠭᠡᠷᠢᠡᠴᠢᠨ ᠤ ᠡᠷᠡᠯᠭᠡᠭ᠌ ᠪᠠᠭᠠᠳᠤᠷ ᠮᠤᠩᠭ᠋ᠤᠯ ᠴᠡᠷᠢᠭ᠌ ᠶᠢᠡᠨ ᠳᠠᠢ᠌ᠴᠢᠯᠠᠨ ᠦᠰᠢᠶᠠᠳᠠᠨ ᠳᠠᠢ᠌ᠰᠤᠨ ᠡᠡᠩᠭ᠍ᠯᠢ ᠹᠷᠠᠠᠼᠢ ᠶᠢᠨ ᠬᠤᠯᠪᠣᠭᠠᠳᠤ ᠴᠡᠷᠢᠭ᠌ ᠢ ᠣᠰᠠᠳᠬᠠᠬᠤ ᠪᠠᠷ ᠮᠤᠷᠳᠠᠵᠤ ᠪᠠᠢ᠌ᠭ᠎ᠠ ᠶᠢ

ᠠᠷᠤ ᠭᠠᠵᠠᠷ ᠤᠨ ᠮᠤᠩᠭ᠋ᠤᠯ ᠴᠡᠷᠢᠭ᠌

ᠠᠷᠤᠭ ᠰᠠᠭᠠᠳᠠᠭ ᠶᠢᠡᠨ ᠠᠭᠰᠠᠭᠠᠯᠴᠠᠭᠠᠤᠨ᠂

ᠠᠭᠳᠠ ᠮᠤᠷᠢᠨ ᠳᠤ ᠪᠠᠨ ᠮᠤᠷᠳᠠᠯᠴᠠᠭᠠᠤᠨ

ᠠᠯᠬᠤᠭ᠎ᠠ ᠨᠢᠭᠡᠳᠡᠢ ᠣᠷᠤᠭᠰᠢᠯᠠᠪᠠᠢ

ᠦᠪᠣᠷ ᠤᠨ ᠣᠯᠠᠨ ᠮᠤᠩᠭ᠋ᠤᠯ ᠴᠡᠷᠢᠭ᠌

ᠡᠷᠳᠡᠨᠢ ᠵᠡᠪᠰᠡᠭ᠌ ᠶᠢᠡᠨ ᠠᠳᠬᠤᠯᠴᠠᠭᠠᠤᠨ᠂

ᠦᠷᠢᠶ᠎ᠠ ᠮᠤᠷᠢᠨ ᠳᠤ ᠪᠠᠨ ᠮᠤᠷᠳᠠᠯᠴᠠᠭᠠᠤᠨ

ᠡᠷᠡᠰ ᠠᠯᠬᠤᠭ᠎ᠠ ᠪᠠᠷ ᠣᠷᠤᠭᠰᠢᠯᠠᠪᠠᠢ ᠭᠡᠵᠤ ᠳᠠᠭᠤᠯᠠᠵᠤ ᠪᠠᠢ᠌ᠯ᠎ᠠ᠃ ᠡᠨᠡᠭᠦ ᠬᠤᠶᠠᠷ ᠴᠠᠭ ᠦᠶ᠎ᠡ ᠶᠢᠨ ᠳᠠᠭᠤᠤ ᠳ᠋ᠠᠭᠢ ᠴᠡᠷᠢᠭ᠌ ᠮᠤᠷᠳᠠᠬᠤ ᠪᠠᠢ᠌ᠳᠠᠯ ᠨᠢ 《ᠬᠤᠶᠠᠭᠳᠤ ᠳᠠᠪᠠᠯ ᠶᠢᠡᠨ ᠡᠮᠦᠰᠴᠤ》 ᠪᠠ 《ᠠᠷᠤᠭ ᠰᠠᠭᠠᠳᠠᠭ ᠶᠢᠡᠨ ᠠᠭᠰᠠᠭᠠᠯᠴᠠᠨ》᠂ 《ᠬᠠᠳᠠᠨ ᠵᠢᠳᠠ ᠪᠠᠨ ᠪᠠᠷᠢᠵᠤ᠂ ᠬᠠᠳᠬᠤᠷᠠᠰᠤᠳᠤ ᠰᠤᠮᠤ ᠪᠠᠨ ᠣᠨᠢᠯᠠᠵᠤ》 ᠪᠠ 《ᠡᠷᠳᠡᠨᠢ ᠵᠡᠪᠰᠡᠭ᠌ ᠶᠢᠡᠨ ᠠᠳᠬᠤᠯᠴᠠᠨ》᠂ 《ᠬᠠᠷ᠎ᠠ ᠬᠤᠷᠳᠤᠨ ᠶᠢᠡᠨ ᠣᠨᠤᠵᠤ》 ᠪᠠ 《ᠠᠭᠳᠠ ᠮᠤᠷᠢᠨ ᠳᠤ ᠪᠠᠨ ᠮᠤᠷᠳᠠᠯᠴᠠᠭᠠᠤᠨ》᠂ 《ᠬᠠᠳᠬᠤᠯᠳᠤᠨ ᠪᠠᠢ᠌ᠯᠳᠤᠬᠤ ᠪᠠᠷ ᠮᠤᠷᠳᠠᠮᠤᠢ》 ᠪᠠ 《ᠡᠷᠡᠰ ᠠᠯᠬᠤᠭ᠎ᠠ ᠪᠠᠷ ᠣᠷᠤᠭᠰᠢᠯᠠᠪᠠᠢ》 ᠭᠡᠭᠦ ᠮᠠᠳᠤ ᠶᠢᠨ ᠥᠭᠡᠰ ᠨᠢ ᠪᠦᠷ ᠭᠡᠯᠪᠠᠷᠢ ᠶᠢᠨ ᠳᠠᠯ᠎ᠠ ᠪᠠᠷ ᠳ᠋ᠦᠢᠵᠤ ᠪᠠᠢ᠌ᠬᠤ ᠪᠦᠭᠡᠳ ᠠᠭᠤᠯᠭ᠎ᠠ ᠶᠢᠨ ᠳᠠᠯ᠎ᠠ ᠪᠠᠷ ᠴᠤ ᠵᠤᠭᠢᠴᠠᠵᠤ ᠪᠠᠢ᠌ᠳᠠᠭ ᠪᠠᠢ᠌ᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 §174 ᠳ᠋ᠤ 《ᠳᠠᠢ᠌ᠯᠠᠵᠤ ᠦᠯᠦ ᠪᠣᠯᠬᠤ ᠳᠠᠢ᠌ᠰᠤᠨ ᠲᠡᠶ ᠳᠠᠢ᠌ᠯᠠᠯᠳᠤᠵᠤ ᠬᠠᠯᠳᠠᠵᠤ ᠦᠯᠦ ᠪᠣᠯᠬᠤ ᠭᠦᠮᠦᠰ ᠲᠤ ᠬᠠᠯᠳᠠᠵᠤ ᠬᠠᠢ᠌ᠷᠠᠬᠠᠨ ᠭᠦᠪᠠᠭᠦᠨ ᠴᠢ ᠮᠢᠨᠤ ᠬᠠᠴᠠᠷ ᠲᠠᠭᠠᠨ ᠬᠠᠳᠠᠭᠠᠰᠤ ᠬᠠᠳᠠᠭᠤᠯᠪᠠ ᠭᠦᠪᠠᠭᠦᠨ ᠴᠢᠨᠤ ᠠᠮᠢ ᠶᠢᠨ ᠲᠦᠯᠦᠭᠡ ᠭᠦᠴᠦᠳᠤ ᠳᠠᠢ᠌ᠰᠤᠨ ᠢ ᠪᠠᠰᠠ ᠳᠤᠪᠳᠤᠯᠤᠶ᠎ᠠ》 ᠭᠡᠵᠤ ᠸᠠᠩ ᠬᠠᠨ ᠳᠠᠭᠤᠯᠠᠬᠤ ᠳᠤ ᠬᠤᠷᠴᠢᠨ ᠠᠷᠠᠤᠨ ᠤᠨ ᠳᠠᠭᠤᠤ 《ᠰᠢᠨ ᠰᠢᠶᠤᠤ》 ᠳ᠋ᠤ ᠰᠢᠨ ᠰᠢᠶᠤᠤ ᠶᠢ ᠠᠯᠠᠭᠳᠠᠭᠰᠠᠨ ᠤ ᠰᠡᠭᠦᠯᠡᠷ ᠳᠡᠭᠦᠨ ᠤ ᠡᠴᠢᠭᠡ ᠨᠢ 《ᠠᠳᠠᠯ ᠭᠡᠷ ᠲᠡᠭᠡᠨ ᠪᠠᠢ᠌ᠬᠤ ᠳᠠᠭᠠᠨ ᠭᠦᠢ ᠠᠬᠤᠤ ᠨᠠᠷ᠎ᠠ ᠲᠡᠶ ᠵᠤᠸᠠᠩ ᠵᠢᠶᠠ ᠰᠢᠤ ᠭᠦᠢ ᠠᠳᠠᠭᠠᠳᠠᠨ ᠬᠤᠩᠬᠤᠰ ᠲᠤ ᠶᠠᠪᠣᠭᠠᠤᠨ ᠡᠨ ᠡᠨ ᠬᠨ ᠭᠦᠢ ᠠᠯᠳᠠᠷ ᠨᠠᠷ᠎ᠠ ᠲᠡᠶ ᠰᠢᠨ ᠰᠢᠶᠤᠤ ᠰᠢᠤ ᠭᠦᠢ》 ᠭᠡᠵᠤ ᠬᠠᠷᠠᠮᠰᠠᠨ ᠳᠠᠭᠤᠯᠠᠵᠤ ᠪᠠᠢ᠌ᠬᠤ ᠪᠠ 《ᠪᠠᠯᠵᠢᠨᠢᠮ᠎ᠠ ᠵᠠᠭᠠᠨ᠎ᠠ》 ᠭᠡᠳᠡᠭ᠌ ᠳᠠᠭᠤᠤ ᠳᠤ 《ᠪᠢᠴᠢᠬᠠᠨ ᠡᠴᠡ ᠴᠢᠨᠢ ᠠᠪᠣᠭᠠᠤᠨ ᠪᠦᠪᠠᠢ᠌ᠯᠠᠵᠤ ᠳᠠᠨ ᠢ ᠦᠰᠭᠡᠭ᠍ᠰᠡᠨ ᠶᠤᠮ ᠭᠦᠢ ᠪᠠᠯᠵᠢᠨᠢᠮ᠎ᠠ ᠵᠠᠭᠠᠨ᠎ᠠ ᠭᠡᠵᠤ ᠪᠠᠯᠡᠭ᠌ ᠲᠡᠶ ᠨᠠᠷ᠎ᠠ ᠶᠢ ᠦᠭ‍ᠭᠦᠭ᠍ᠰᠡᠨ ᠶᠤᠮ ᠭᠦᠢ ᠪᠠᠭ᠎ᠠ ᠶᠢᠨ ᠪᠠᠷᠳᠠᠮ ᠪᠣᠳᠠᠭᠠᠨ ᠤ ᠣᠮᠤᠭ ᠶᠢᠡᠷ ᠪᠠᠷᠠᠭᠤᠨ ᠵᠠᠰᠠᠭ ᠲᠡᠶ ᠬᠠᠷᠰᠢᠯᠳᠤᠭᠰᠠᠭᠠᠷ ᠡᠨ ᠬᠨ ᠭᠦᠢ ᠪᠠᠭ᠎ᠠ ᠨᠠᠰᠤᠨ ᠳᠤ ᠪᠠᠨ ᠠᠯᠠᠭᠳᠠᠪᠠ᠂ ᠠᠪᠣ ᠨᠢ ᠶᠠᠭᠠᠭᠢᠵᠤ ᠳᠡᠰᠭᠦ ᠪᠣᠢ ᠳ᠋ᠠ ᠭᠦᠢ》 ᠭᠡᠵᠤ ᠪᠦᠷ ᠭᠦᠪᠠᠭᠦᠨ ᠶᠢᠡᠨ ᠡ᠊ᠨᠳᠡᠭᠦᠤ ᠪᠣᠷᠤᠭᠤ ᠶᠠᠪᠣᠭᠰᠠᠨ ᠶᠢᠡᠷ ᠬᠠᠷᠠᠮᠰᠠᠨ ᠵᠤᠪᠠᠵᠤ ᠳᠠᠭᠤᠯᠠᠭᠰᠠᠨ ᠶᠤᠮ᠃

ᠬᠤᠷᠢᠮ ᠳᠦᠷᠤ ᠶᠢᠨ ᠳᠠᠭᠤᠤ ᠳᠤ 《ᠱᠠᠭᠠᠠᠳᠤ ᠶᠢᠨ ᠳᠠᠭᠤᠤ》᠂ 《ᠭᠡᠦᠭᠡᠨ ᠳᠤᠰᠢᠶᠠᠬᠤ ᠳᠠᠭᠤᠤ》᠂ 《 ᠶᠢᠨ ᠯᠢᠶᠠᠨ》 ᠁ ᠵᠡᠷᠭᠡ ᠪᠣᠢ᠃

ᠭᠦᠰᠡᠯ ᠮᠦᠷᠦᠭᠡᠳᠦᠯ ᠤᠨ ᠳᠠᠭᠤᠤ ᠳᠤ 《ᠳᠤᠭᠤᠯᠵᠢ ᠶᠢᠨ ᠠᠭᠤᠯᠠ》᠂ 《ᠨᠤᠭᠤᠠᠵᠠᠶᠠᠭ᠎ᠠ》᠂ 《ᠠᠰᠢᠮ᠎ᠠ》᠃

ᠦᠨᠦᠴᠢᠨ ᠭᠤᠨᠢᠭ ᠤᠨ ᠳᠠᠭᠤᠤ ᠳᠤ 《ᠯᠥᠸᠧ ᠶᠠᠩ》᠂ 《ᠬᠠᠢ ᠯᠢ ᠬᠠᠢ ᠳ᠋ᠠᠨ》᠃


5. ᠢᠨᠠᠭ ᠳᠤᠷᠠᠯᠠᠯ ᠤᠨ ᠳᠠᠭᠤᠤ


ᠢᠨᠠᠭ ᠳᠤᠷᠠᠯᠠᠯ ᠤᠨ ᠳᠠᠭᠤᠤ ᠶᠢ ᠪᠠᠰᠠ ᠢᠨᠠᠭ ᠠᠮᠠᠷᠠᠭ ᠤᠨ ᠳᠠᠭᠤᠤ ᠭᠡᠭᠦ ᠪᠣᠶᠤ ᠬᠠᠢ᠌ᠷ᠎ᠠ ᠳᠤᠷᠠᠯᠠᠯ ᠤᠨ ᠳᠠᠭᠤᠤ ᠭᠡᠳᠡᠭ᠌᠃ ᠡᠢ᠌ᠮᠤ ᠰᠠᠳᠤᠪ ᠲᠡᠶ ᠳᠠᠭᠤᠤ ᠪᠦᠭᠦᠢᠯᠡ ᠠᠷᠠᠤᠨ ᠤᠨ ᠳᠠᠭᠤᠤ ᠶᠢᠨ ᠳᠤᠳᠤᠷ᠎ᠠ ᠵᠤᠩᠭᠢᠯᠠᠬᠤ ᠳᠤᠭ᠎ᠠ ᠶᠢ ᠡᠵᠡᠯᠡᠭᠦ ᠪᠦᠭᠡᠳ ᠠᠭᠤᠯᠭ᠎ᠠ ᠭᠡᠯᠪᠠᠷᠢ ᠨᠢ ᠴᠤ ᠲᠤᠢ᠌ᠯ ᠤᠨ ᠡᠯᠪᠠᠭ᠌ ᠪᠠᠶᠠᠯᠢᠭ ᠪᠠᠢ᠌ᠳᠠᠭ᠃ 1. ᠬᠠᠢ᠌ᠷᠠᠯᠠᠵᠤ ᠳᠤᠷᠠᠯᠠᠭᠰᠠᠨ ᠭᠦᠮᠤᠨ ᠲᠡᠶ ᠪᠠᠨ ᠰᠠᠭᠤᠵᠤ ᠳᠡᠢ᠌ᠯᠦᠭ᠍ᠰᠡᠨ ᠦᠭᠡᠶ ᠳᠤᠯᠠ ᠳᠠᠯᠳᠠᠭᠤᠷ ᠢᠨᠠᠭᠯᠠᠳᠠᠭ ᠢᠨᠠᠭ ᠤᠨ ᠳᠠᠭᠤᠤ ᠳᠤ 《ᠪᠠᠢ ᠬᠤ ᠭᠡ ᠭᠡ》᠂ 《ᠵᠢᠠᠵᠤᠤᠷ》᠂ 《ᠭᠤᠤ ᠭᠤᠤ》 ᠁ ᠭᠡᠭᠦ ᠮᠠᠳᠤ᠃ 2. ᠯᠠᠮ᠎ᠠ ᠪᠠᠠᠳᠢ ᠪᠣᠯᠴᠢᠬᠠᠭᠠᠤᠨ ᠡᠩ ᠤᠨ ᠭᠦᠮᠤᠨ ᠤ ᠬᠠᠢ᠌ᠷ᠎ᠠ ᠳᠤᠷᠠᠯᠠᠯ ᠤᠨ ᠠᠮᠢᠳᠤᠷᠠᠯ ᠤᠨ ᠡᠷᠭᠡ ᠪᠠᠨ ᠠᠯᠳᠠᠭᠰᠠᠨ ᠡᠴᠡ ᠪᠣᠯᠤᠭᠰᠠᠨ ᠬᠠᠷᠠᠰᠠᠯᠳᠤ ᠢᠨᠠᠭ ᠤᠨ ᠳᠠᠭᠤᠤ ᠳᠤ 《ᠪᠠᠭᠡᠵᠢᠩ ᠯᠠᠮ᠎ᠠ》᠂ 《ᠳ᠋ᠦᠩᠭᠡᠷ ᠳ᠋ᠠ ᠯᠠᠮᠠ》᠂ 《ᠸᠠᠨ ᠯᠢ》᠂ 《ᠰᠦᠮᠤᠷᠤ》 ᠁ ᠭᠡᠭᠦ ᠮᠠᠳᠤ᠃ 3.ᠡᠭᠦᠳᠡ ᠡᠷᠦᠭᠡ ᠳᠡᠩᠴᠡᠭᠦ ᠦᠭᠡᠶ ᠡᠴᠡ ᠪᠣᠯᠵᠤ ᠠᠮᠠᠷᠠᠭ ᠬᠤᠶᠠᠷ ᠬᠠᠭᠠᠴᠠᠨ ᠰᠠᠯᠤᠭᠰᠠᠨ ᠢᠨᠠᠭ ᠤᠨ ᠳᠠᠭᠤᠤ ᠳᠤ 《ᠬᠠᠨ ᠰᠢᠤ ᠶ‍ᠢᠩ》᠂ 《ᠯᠦᠩᠮᠸᠢ》᠂ 《ᠡᠦᠭ᠍ᠶ‍ᠦᠡᠽᠡ᠊ᠨᠳᠡᠨ》 ᠭᠡᠭᠦ ᠮᠠᠳᠤ᠃ 4.ᠡᠷ᠎ᠡ ᠡᠮ᠎ᠡ ᠬᠤᠶᠠᠭᠤᠯᠠ ᠪᠠᠨ ᠳᠠᠭᠠᠷᠠᠯᠴᠠᠬᠤ ᠦᠭᠡᠶ ᠪᠣᠯᠵᠤ ᠪᠣᠰᠤᠳ ᠭᠦᠮᠤᠨ ᠲᠡᠶ ᠢᠨᠠᠭᠯᠠᠭᠰᠠᠨ 《ᠭᠠᠩᠷᠠᠢ᠌ᠮ᠎ᠠ》᠂ 《ᠭᠠᠷᠪᠣᠮ᠎ᠠ》᠂ 《ᠠᠯᠳᠠᠠᠬᠤᠸᠠᠷ》 ᠪᠠᠷ ᠨᠠᠯᠢᠶᠠᠤᠨ ᠣᠯᠠᠨ ᠳᠦᠷᠤᠯ ᠵᠣᠢ᠌ᠯ ᠶᠢᠡᠷ ᠢᠯᠡᠷᠡᠳᠡᠭ᠌᠃ 《ᠮᠤᠩᠭ᠋ᠤᠯ ᠤᠨ ᠨᠢᠭᠤᠴᠠ ᠳᠤᠪᠴᠢᠶᠠᠨ》 §55᠂ §56 ᠳ᠋ᠤ 《ᠥᠭᠡᠯᠤᠨ ᠦᠵᠢᠨ ᠶ‍ᠢᠰᠦᠭᠡᠢ ᠪᠠᠭᠠᠳᠤᠷ ᠲᠤ ᠪᠣᠯᠢᠶᠠᠭᠳᠠᠬᠤ ᠪᠣᠯᠤᠭᠰᠠᠨ ᠳᠤ ᠪᠠᠨ ᠠᠮᠠᠷᠠᠭ ᠬᠤᠩᠭ᠋ᠤᠷ ᠶᠡᠭᠡ ᠴᠢᠯᠠᠳᠤ ᠳᠤ ᠪᠠᠨ 〈᠁ ᠠᠮᠢ ᠴᠢᠨᠢ ᠮᠠᠠᠳᠤ ᠪᠠᠢ᠌ᠪᠠᠯ ᠡᠭᠡᠨᠡᠷ ᠬᠠᠳᠤᠨ ᠢ ᠣᠯᠬᠤ ᠳᠤ ᠪᠠᠷᠭᠡ ᠦᠭᠡᠶ᠃ ᠮᠤᠬᠤᠯᠠᠭ ᠳᠤᠳᠤᠮ ᠦᠬᠢᠳ ᠪᠣᠢ᠃ ᠳᠡᠷᠭᠡ ᠳᠤᠳᠤᠮ ᠬᠠᠳᠤᠳ ᠪᠣᠢ᠃ ᠳᠠᠭᠢᠨ ᠪᠠᠭᠤᠯᠭᠠᠭᠰᠠᠨ ᠬᠠᠳᠤᠨ ᠶᠢᠡᠨ ᠮᠢᠨᠤ ᠨᠠᠷ᠎ᠠ ᠪᠠᠷ ᠥᠭᠡᠯᠤᠨ ᠭᠡᠵᠤ ᠨᠡᠷᠡᠯᠡᠭ᠍ᠳᠤᠨ᠃ ᠁ ᠮᠢᠨᠤ ᠦᠨᠦᠷ ᠢ ᠦᠨᠦᠰᠴᠤ ᠶᠠᠪᠣᠭᠳᠤᠨ〉 ᠭᠡᠳ ᠴᠠᠮᠴᠠ ᠪᠠᠨ ᠳᠠᠢ᠌ᠯᠵᠤ ᠥᠭ᠍ᠪᠡ》 ᠭᠡᠵᠤ ᠳᠡᠮᠳᠡᠭᠯᠡᠭ᠍ᠳᠡᠭ᠍ᠰᠡᠨ ᠰᠢᠭ᠌ ᠶᠢᠡᠷ ᠣᠳᠤ ᠶᠢᠨ ᠬᠤᠷᠴᠢᠨ ᠠᠷᠠᠤᠨ ᠤᠨ ᠳᠠᠭᠤᠤ ᠳ᠋ᠠᠭᠢ ᠢᠨᠠᠭ ᠠᠮᠠᠷᠠᠭ ᠬᠤᠶᠠᠭᠤᠯᠠ ᠶᠢᠨ ᠰᠡᠳᠭᠢᠯ ᠶᠢᠡᠨ ᠢᠯᠡᠳᠭᠡᠭᠦ ᠳᠤ ᠪᠠᠨ ᠭᠡᠦᠭᠡᠨ ᠨᠢ ᠬᠠᠢ᠌ᠷᠠᠳᠤ ᠭᠦᠮᠤᠨ ᠳᠤ ᠪᠠᠨ ᠪᠦᠷ 《ᠬᠠᠠᠳᠠᠭᠠᠰᠤ》᠂ 《ᠴᠠᠮᠴᠠ》᠂ 《ᠣᠭᠤᠳᠠ》᠂ 《ᠭᠤᠳᠤᠯ》 ᠵᠡᠷᠭᠡ ᠶᠢ ᠪᠠᠯᠡᠭᠯᠡᠳᠡᠭ᠌ ᠨᠢ ᠡᠷᠳᠡᠨ ᠤ ᠣᠯᠠᠮᠵᠢᠯᠠᠯ ᠤᠨ ᠨᠢᠭᠡ ᠭᠡᠯᠪᠠᠷᠢ ᠶᠤᠮ ᠪᠠᠢ᠌ᠨ᠎ᠠ᠃ ᠵᠢᠱᠢᠶᠠᠯᠠᠪᠠᠯ ᠠᠷᠠᠤᠨ ᠤᠨ ᠳᠠᠭᠤᠤ 《ᠵᠢᠠᠵᠤᠤᠷ》 ᠳᠤ 《ᠬᠠᠢ᠌ᠷᠠᠳᠠᠢ ᠵᠢᠠᠵᠤᠤᠷ ᠤᠨ ᠮᠢᠨᠢ ᠣᠶᠤᠭᠠᠤᠨ ᠦᠭ‍ᠭᠦᠭ᠍ᠰᠡᠨ ᠬᠠᠠᠳᠠᠭᠠᠰᠤ ᠨᠢ ᠬᠠᠪᠣᠷ ᠤᠨ ᠨᠠᠷᠠᠨ ᠨᠡᠪᠳᠡᠷᠡᠭᠦ ᠦᠭᠡᠶ ᠡᠨ ᠬᠨ ᠡᠨ ᠬᠨ ᠭᠦᠢ ᠬᠠᠵᠠᠭᠤ ᠳᠤ ᠪᠠᠨ ᠳᠠᠯᠪᠢᠭᠠᠤᠨ ᠣᠠᠳᠠᠬᠤ ᠶᠢᠨ ᠦᠶ᠎ᠡ ᠳᠤ ᠬᠠᠨᠢ ᠯᠠ ᠪᠣᠯᠤᠮᠠᠷ ᠬᠠᠠᠳᠠᠭᠠᠰᠤ ᠡ ᠭᠦᠢ ︕》 ᠭᠡᠵᠤ ᠵᠢᠠᠵᠤᠤᠷ ᠭᠡᠦᠭᠡᠨ ᠬᠠᠢ᠌ᠷᠠᠳᠤ ᠭᠦᠮᠤᠨ ᠳᠤ ᠪᠠᠨ ᠬᠠᠠᠳᠠᠭᠠᠰᠤ ᠪᠠᠯᠭᠡᠯᠡᠭ᠍ᠰᠡᠨ ᠶᠢᠡᠷ ᠳᠠᠭᠤᠯᠠᠵᠤ ᠪᠠᠢ᠌ᠬᠤ ᠳᠤ 《ᠪᠣᠤ ᠶᠢᠨ ᠬᠤᠧᠨ》 ᠭᠡᠳᠡᠭ᠌ ᠳᠠᠭᠤᠨ ᠳᠤ 《ᠥᠭᠡᠳᠡᠩ ᠶᠤ ᠳᠤᠷᠭᠠᠨ ᠴᠠᠮᠴᠠ ᠶᠢ ᠴᠢᠨᠢ ᠪᠣᠤ ᠶᠢᠨ ᠬᠤᠧᠨ ᠡᠮᠦᠰᠭᠦ ᠴᠤ ᠦᠭᠡᠶ ᠬᠠᠢ᠌ᠷᠠᠯᠠᠭᠰᠠᠭᠠᠷ ᠪᠠᠢ᠌ᠭᠠᠤᠨ ᠥᠵᠡᠷᠡᠭᠡᠳ ᠳᠦᠭᠦᠷᠴᠡᠢ ᠭᠦᠢ ︕》 ᠭᠡᠵᠤ ᠪᠣᠤ ᠶᠢᠨ ᠬᠤᠧᠨ ᠶᠢᠨ ᠪᠠᠯᠭᠡᠯᠡᠭ᠍ᠰᠡᠨ ᠴᠠᠮᠴᠠ ᠶᠢ ᠬᠠᠢ᠌ᠷᠠᠯᠠᠵᠤ ᠡᠮᠦᠰᠭᠦ ᠦᠭᠡᠶ ᠪᠠᠢ᠌ᠭᠰᠠᠭᠠᠷ ᠥᠵᠡᠷᠡᠭᠦᠯᠦᠭ᠍ᠰᠡᠨ ᠶᠢᠡᠷ ᠳᠠᠭᠤᠯᠠᠵᠤ ᠪᠠᠢ᠌ᠳᠠᠭ᠃ 《ᠪᠠᠢ ᠬᠤ ᠭᠡ ᠭᠡ》 ᠳ᠋ᠤ 《ᠵᠢᠷᠭᠤᠭᠠᠨ ᠫᠢᠶᠤᠤᠳᠠᠢ ᠲᠡᠶ ᠣᠭᠤᠳᠠ ᠶᠤᠮ ᠰᠢᠤ ᠡᠨ ᠭᠡ ᠭᠡ ᠭᠦᠢ ᠵᠢᠷᠭᠤᠭᠠᠨ ᠰᠠᠷ᠎ᠠ ᠶᠢᠨ ᠨᠠᠷᠠᠨ ᠤ ᠳᠤᠤᠷ᠎ᠠ ᠰᠠᠭᠤᠭᠠᠤᠨ ᠣᠶᠤᠭᠰᠠᠨ ᠣᠭᠤᠳᠠ ᠯᠠ ᠶᠤ ᠳ᠋ᠠ ᠭᠦᠢ ᠵᠢᠷᠦᠭᠡᠨ ᠬᠠᠢ᠌ᠷᠠᠳᠠᠢ ᠪᠠᠢ ᠬᠤ ᠭᠡ ᠭᠡ ᠳᠡᠭᠡᠨ ᠵᠡᠭᠦᠯᠭᠡᠶ᠎ᠡ ᠭᠡᠭᠦᠯᠡᠷ ᠭᠦᠢ ᠵᠠᠭᠤᠷᠮᠠᠭ ᠨᠠᠰᠤᠯᠠᠭᠰᠠᠨ ᠠᠯᠳᠠᠠᠪᠠᠭᠠᠨ᠎ᠠ ᠳᠤ ᠵᠡᠭᠦᠯᠭᠡᠴᠢᠭᠡᠵᠡᠢ ᠮᠠᠨ ᠤ ᠮᠥᠮᠥ ᠭᠦᠢ ︕》 ᠭᠡᠵᠤ ᠬᠠᠢ᠌ᠷᠠᠳᠤ ᠭᠦᠮᠤᠨ ᠳᠤ ᠪᠠᠨ ᠣᠶᠤᠵᠤ ᠪᠡᠯᠡᠳᠭᠡᠭ᠍ᠰᠡᠨ ᠣᠭᠤᠳᠠ ᠪᠠᠨ ᠵᠡᠭᠦᠯᠭᠡᠵᠤ ᠳᠡᠢ᠌ᠯᠦᠭ᠍ᠰᠡᠨ ᠦᠭᠡᠶ ᠬᠠᠷᠠᠮᠰᠠᠵᠤ ᠳᠠᠭᠤᠯᠠᠵᠤ ᠪᠠᠢ᠌ᠬᠤ ᠨᠢ ᠴᠤ ᠪᠠᠢ᠌ᠨ᠎ᠠ᠃ 《ᠥᠭᠡᠯᠤᠨ ᠡᠭᠡ ᠶᠢᠨ ᠢᠨᠠᠭ ᠤᠨ ᠳᠠᠭᠤᠤ》 ᠳ᠋ᠤ 《ᠠᠬ᠎ᠠ ᠮᠢᠨᠢ ᠴᠢᠯᠠᠳᠤ ᠰᠠᠯᠭᠢ ᠥᠭᠡᠳᠡ ᠰᠡᠭᠯᠡᠭᠡᠷ ᠦᠰᠤ ᠪᠠᠨ ᠭᠡᠢ᠌ᠰᠭᠡᠵᠢᠮ ᠭᠡᠭᠡᠷ᠎ᠡ ᠭᠦᠳᠡᠭᠡ ᠭᠡᠳᠡᠰᠤ ᠪᠠᠨ ᠥᠯᠦᠰᠭᠡᠵᠢᠮ ᠡᠳᠦᠭᠡ ᠪᠢ ᠬᠤᠶᠠᠷ ᠰᠢᠪᠠᠷᠭᠡᠯ ᠦᠰᠤ ᠪᠠᠨ ᠨᠢᠭᠡ ᠶᠢ ᠠᠷᠤ ᠳᠠᠰᠢ ᠬᠠᠶᠠᠵᠤ ᠨᠢᠭᠡ ᠶᠢ ᠡᠪᠦᠷ ᠳᠠᠰᠢ ᠬᠠᠶᠠᠵᠤ ᠣᠷᠤᠭᠰᠢ ᠬᠣᠢ᠌ᠰᠢ ᠣᠠᠵᠢᠭᠤᠯᠵᠤ ᠶᠠᠭᠠᠭᠢᠵᠤ ᠶᠠᠪᠣᠬᠤ ᠠᠵᠠᠢ》 ᠭᠡᠵᠤ ᠢᠨᠠᠭ ᠠᠮᠠᠷᠠᠭ ᠭᠦᠮᠤᠨ ᠳᠤ ᠪᠠᠨ ᠣᠴᠢᠵᠤ ᠳᠡᠢ᠌ᠯᠦᠭ᠍ᠰᠡᠨ ᠦᠭᠡᠶ ᠬᠠᠷᠠᠮᠰᠠᠨ ᠭᠠᠰᠢᠭᠤᠳᠠᠵᠤ 《ᠣᠨᠤᠨ ᠮᠦᠷᠠᠨ ᠢ ᠳᠤᠯᠭᠢᠰᠳᠠᠯ᠎ᠠ ᠣᠢ ᠭᠦᠡᠳᠡᠢ ᠶᠢ ᠳᠠᠭᠤᠷᠢᠰᠤᠳᠠᠯ᠎ᠠ》 ᠣᠭᠢᠯᠠᠵᠤ ᠳᠠᠭᠤᠯᠠᠬᠤ ᠨᠢ ᠣᠳᠤ ᠶᠢᠨ ᠬᠤᠷᠴᠢᠨ ᠮᠤᠩᠭ᠋ᠤᠯ ᠠᠷᠠᠤᠨ ᠤᠨ ᠳᠠᠭᠤᠤ ᠶᠢᠨ 《ᠬᠠᠨ ᠰᠢᠤ ᠶ‍ᠢᠩ》᠂ 《ᠯᠦᠩᠮᠸᠢ》᠂ 《ᠡᠦᠭ᠍ᠶ‍ᠦᠡᠽᠡ᠊ᠨᠳᠡᠨ》 ᠵᠡᠷᠭᠡ ᠳᠤ ᠰᠢᠮᠠᠳᠤ ᠭᠦᠷᠦᠰᠤ ᠰᠢᠷᠤᠢ ᠪᠣᠯᠤᠭᠰᠠᠨ ᠪᠠᠢ᠌ᠨ᠎ᠠ᠃


6. ᠬᠤᠱᠤᠩ ᠶᠦᠮᠤᠷ ᠳᠠᠭᠤᠤ


《ᠪᠠᠭᠡᠵᠢᠩ ᠯᠠᠮᠠ》᠂ 《ᠳ᠋ᠦᠩᠭᠡᠷ ᠳ᠋ᠠ ᠯᠠᠮᠠ》᠂ 《ᠸᠠᠨ ᠯᠢ》᠂ 《ᠵᠠᠨᠠᠮ᠎ᠠ》 ᠵᠡᠷᠭᠡ ᠶᠢᠨ ᠳᠠᠭᠤᠤ ᠨᠤᠭᠤᠳ ᠨᠢ ᠪᠦᠷ ᠯᠠᠮᠠ ᠬᠤᠸᠠᠷᠠᠭ ᠤᠨ ᠢᠨᠠᠭ ᠳᠤᠷᠠᠯᠠᠯ ᠢ ᠬᠤᠱᠤᠩᠨᠠᠵᠤ ᠶᠦᠭᠡᠳᠦᠭ᠍ᠰᠡᠨ ᠰᠠᠨᠠᠭ᠎ᠠ ᠲᠡᠶ ᠳᠠᠭᠤᠤ ᠶᠤᠮ᠃ ᠳᠡᠭᠦᠨ ᠳᠤ ᠭᠤᠤᠯᠳᠠᠭᠤ ᠠᠮᠢᠳᠤ ᠳᠦᠷᠰᠦᠯᠢᠭ᠌ ᠠᠳᠠᠯᠢᠳᠬᠠᠯ ᠵᠣᠢ᠌ᠷᠯᠠᠯ ᠪᠣᠯᠤᠨ ᠠᠯᠢᠶ᠎ᠠ ᠳᠡᠭ᠍ᠵᠢᠨ᠂ ᠱᠤᠭ ᠶᠦᠮᠦᠷᠯᠢᠭ᠌ ᠭᠡᠯᠡ ᠭᠡᠯᠡᠯᠭᠡ ᠪᠠᠷ ᠭᠦᠮᠤᠨ ᠪᠣᠯᠤᠨ ᠭᠡᠷᠡᠭ᠌ ᠢ ᠱᠤᠭᠯᠠᠨ ᠳᠠᠭᠠᠵᠢᠩᠨᠠᠵᠤ ᠶᠤᠵᠤᠯᠠᠨ ᠳᠠᠪᠠᠯᠠᠵᠤ ᠵᠢᠭ᠍ᠰᠢᠯ᠂ ᠳᠤᠷ᠎ᠠ ᠥᠭᠡᠢ᠌ᠴᠡᠯ ᠤᠨ ᠰᠡᠳᠬᠢᠯᠭᠡ ᠪᠠᠨ ᠢᠯᠡᠳᠭᠡᠳᠡᠭ᠌᠃ ᠡᠨᠡᠭᠦ 《ᠵᠢᠭ᠍ᠰᠢᠯ᠂ ᠳᠤᠷ᠎ᠠ ᠥᠭᠡᠢ᠌ᠴᠡᠯ》 ᠪᠣᠯ ᠹᠧᠥᠳᠠᠯ ᠤᠨ ᠦᠵᠡᠯ ᠣᠬᠠᠮᠰᠠᠷ᠂ ᠰᠢᠷ᠎ᠠ ᠶᠢᠨ ᠱᠠᠰᠢᠨ ᠤ ᠨᠤᠮᠯᠠᠯ ᠤᠨ ᠡᠷᠡᠭᠦᠯ ᠪᠣᠰᠤ ᠰᠡᠳᠭᠢᠭᠦᠢ ᠪᠣᠯᠤᠨ᠎ᠠ᠃ ᠪᠠᠭᠡᠵᠢᠩ ᠯᠠᠮ᠎ᠠ᠂ ᠳ᠋ᠦᠩᠭᠦᠷ ᠳ᠋ᠠ ᠯᠠᠮ᠎ᠠ᠂ ᠪᠤᠶᠠᠨ‍ᠬᠡᠰᠢᠭ᠌ ᠳ᠋ᠠ ᠯᠠᠮ᠎ᠠ᠂ ᠷᠦᠪᠴᠢᠨ ᠣᠮᠰᠠᠤᠨ ᠵᠡᠷᠭᠡ ᠯᠠᠮ᠎ᠠ ᠨᠡᠷ ᠤᠨ ᠡᠩ ᠤᠨ ᠭᠦᠮᠦᠰ ᠲᠤ 《ᠵᠢᠭ᠍ᠰᠢᠯ᠂ ᠳᠤᠷ᠎ᠠ ᠥᠭᠡᠢ᠌ᠴᠡᠯ》 ᠪᠣᠯᠤᠭᠰᠠᠨ ᠣᠢ᠌ᠯᠠ ᠠᠵᠢᠯᠯᠠᠭ᠎ᠠ ᠨᠢ ᠦᠨᠡᠨᠳᠡᠭᠡᠨ ᠡᠩ ᠤᠨ ᠭᠦᠮᠦᠰ ᠤᠨ ᠳᠦᠷᠤᠯᠭᠢ ᠴᠢᠨᠠᠷ ᠤᠨ ᠲᠥᠪ ᠶᠤᠰᠤᠨ ᠤ ᠲᠦᠯᠦᠭᠡ᠂ ᠹᠧᠤᠳᠠᠯ ᠶᠤᠰᠤᠨ ᠳᠤ ᠰᠠᠨᠠᠭᠠᠴᠢᠯᠠᠭ᠎ᠠ ᠲᠡᠶ ᠪᠣᠶᠤ ᠰᠠᠭᠠᠴᠢᠯᠠᠭ᠎ᠠ ᠦᠭᠡᠶ ᠪᠠᠷ ᠭᠠᠷᠭᠠᠭᠰᠠᠨ ᠳᠠᠮᠠᠴᠠᠯ ᠭᠡᠵᠤ ᠦᠨᠡᠯᠠᠵᠤ ᠪᠣᠯᠬᠤ ᠶᠤᠮ᠃ ᠭᠡᠪᠠᠴᠤ ᠬᠤᠷᠴᠢᠨ ᠠᠷᠠᠤᠨ ᠤᠨ ᠳᠠᠭᠤᠨ ᠳᠤ ᠡᠳᠡᠭᠡᠷ ᠭᠦᠮᠦᠰ ᠨᠢ ᠪᠦᠷ 《ᠭᠡᠪ ᠶᠢᠡᠨ ᠰᠠᠭᠢᠬᠤ ᠦᠭᠡᠶ᠂ ᠭᠡᠷᠡᠭ᠌ ᠡᠳᠦᠵᠤ ᠪᠠᠢ᠌ᠭ᠎ᠠ》 ᠪᠠᠷ ᠥᠵᠡᠭᠡᠳ ᠬᠤᠱᠤᠩᠨᠠᠨ ᠳᠠᠭᠤᠯᠠᠳᠠᠭ ᠪᠠᠢ᠌ᠨ᠎ᠠ᠃ ᠦᠨᠡᠨᠳᠡᠭᠡᠨ ᠳᠠᠷᠠ ᠪᠦᠭᠦᠨ ᠶᠢᠡᠷ ᠶᠢᠡᠨ 《ᠭᠡᠪ ᠶᠢᠡᠨ ᠰᠠᠭᠢᠬᠤ ᠦᠭᠡᠶ᠂ ᠭᠡᠷᠡᠭ᠌ ᠡᠳᠦᠵᠤ ᠪᠠᠢ᠌ᠭ᠎ᠠ》 ᠠᠵᠢᠯᠯᠠᠭ᠎ᠠ ᠪᠢᠰᠢ ᠶᠤᠮ᠃ ᠡᠭᠦᠨ ᠳᠤ ᠣᠯᠠᠩᠭᠢ ᠨᠢ ᠴᠡᠭᠡᠷ ᠠᠷᠢᠭᠤᠨ ᠢᠨᠠᠭ ᠳᠤᠷᠠᠯᠠᠯ ᠪᠣᠯᠬᠤ ᠶᠤᠮ᠃ ᠵᠢᠱᠢᠶᠠᠯᠠᠪᠠᠯ 《ᠵᠠᠨᠠᠮ᠎ᠠ》 ᠭᠡᠳᠡᠭ᠌ ᠠᠷᠠᠤᠨ ᠤᠨ ᠳᠠᠭᠤᠤ ᠳᠤ ᠭᠠᠷᠳᠠᠭ ᠷᠦᠪᠴᠢᠨ ᠣᠮᠰᠠᠤᠨ ᠪᠣᠯ ᠵᠠᠯᠠᠭᠤ ᠯᠠᠮ᠎ᠠ ᠮᠦᠨ᠃ ᠵᠠᠨᠠᠮ᠎ᠠ ᠭᠡᠦᠭᠡᠨ ᠷᠦᠪᠴᠢᠨ ᠣᠮᠰᠠᠤᠨ ᠤᠨ ᠭᠡᠭᠡᠨᠴᠢᠷ ᠰᠠᠢ᠌ᠬᠠᠨ ᠢ ᠦᠵᠡᠵᠤ ᠳᠤᠭᠤᠭᠰᠠᠨ ᠤ ᠣᠯᠠᠮ ᠶᠢᠡᠷ᠂ ᠠᠷᠭ᠎ᠠ ᠰᠥᠪᠠᠭ᠍ᠴᠢᠯᠡᠵᠤ ᠠᠭᠤᠯᠵᠠᠨ ᠳᠠᠨᠢᠯᠴᠠᠭᠠᠤᠨ ᠢᠨᠠᠭ ᠠᠮᠠᠷᠠᠭ ᠪᠣᠯᠤᠭᠰᠠᠨ ᠪᠠᠢ᠌ᠨ᠎ᠠ᠃

ᠬᠤᠷᠴᠢᠨ ᠠᠮᠠᠨ ᠶᠠᠷᠢᠶᠠᠨ ᠳᠤ ᠪᠠᠭ᠎ᠠ ᠬᠡᠦᠬᠡᠳ ᠤᠨ ᠣᠯᠢᠭ ᠦᠭᠡᠶ ᠠᠭᠠᠰᠢᠯᠠᠬᠤ ᠶᠢ ᠳᠤᠷ᠎ᠠ ᠥᠭᠡᠢ᠌ᠴᠡᠨ ᠵᠢᠪᠠᠭᠦᠴᠡᠵᠤ 《ᠡᠨᠡ ᠴᠤᠳᠤᠩ ᠤᠨ ᠠᠭᠠᠰᠢᠯᠠᠵᠤ ᠪᠠᠢ᠌ᠬᠤ ᠶᠢ ᠦᠵᠡ ︕》 ᠭᠡᠳᠡᠭ᠌ ᠥᠭᠡ ᠭᠠᠷᠳᠠᠭ᠃ ᠦᠨᠡᠨᠳᠡᠭᠡᠨ 《ᠴᠤᠳᠤᠩ》 ᠭᠡᠳᠡᠭ᠌ ᠥᠭᠡ ᠪᠣᠯ ᠡᠷᠳᠡᠨ ᠤ ᠣᠷᠠᠨ ᠵᠤᠬᠢᠶᠠᠯ ᠤᠨ ᠨᠢᠭᠡ ᠣᠷᠭᠢᠯ ᠪᠣᠯᠬᠤ 《ᠭᠡᠰᠡᠷ ᠤᠨ ᠳᠤᠭᠤᠵᠢ》 ᠡᠴᠡ ᠢᠷᠡᠭ᠍ᠰᠡᠨ ᠶᠤᠮ᠃ 《ᠭᠡᠰᠡᠷ ᠤᠨ ᠳᠤᠭᠤᠵᠢ》 ᠳ᠋ᠤ ᠭᠠᠷᠳᠠᠭ ᠨᠢᠭᠡ ᠪᠣᠷᠤᠭᠤ ᠳᠠᠯ᠎ᠠ ᠶᠢᠨ ᠳᠦᠷᠢ ᠪᠣᠯᠬᠤ ᠴᠤᠳᠤᠩ ᠪᠣᠯ ᠰᠠᠳᠤᠷ ᠰᠠᠮᠠᠭᠤᠨ᠂ ᠬᠤᠳᠠᠯᠴᠢ ᠬᠠᠭᠤᠷᠮᠠᠴᠢ᠂ ᠨᠡᠷᠡᠯᠭᠡᠤ ᠵᠠᠩ ᠲᠡᠶ᠂ ᠠᠶᠤᠮᠠᠳᠠᠭᠠᠢ ᠪᠦᠭᠡᠳ ᠭᠢᠮᠡᠳᠡᠭᠡᠢ ᠭᠦᠮᠤᠨ ᠶᠤᠮ᠃ ᠡᠢ᠌ᠮᠤ ᠡᠴᠡ ᠣᠳᠤ ᠬᠤᠷᠴᠢᠠᠴᠤᠳ ᠴᠤᠳᠤᠩ ᠭᠡᠭᠦ ᠦᠭᠡ ᠪᠠᠷ ᠭᠦᠮᠦᠰ ᠢ ᠬᠤᠱᠤᠩᠨᠠᠬᠤ ᠪᠣᠯᠤᠭᠰᠠᠨ ᠪᠠᠢ᠌ᠨ᠎ᠠ᠃ 《ᠭᠡᠰᠡᠷ ᠤᠨ ᠳᠤᠭᠤᠵᠢ》 ᠳ᠋ᠤ ᠭᠡᠰᠡᠷ ᠭᠢᠭᠡᠳ ᠳᠡᠭᠦᠨ ᠤ ᠪᠠᠭᠠᠳᠤᠷ ᠤᠳ ᠨᠢ ᠴᠤᠳᠤᠩ ᠨᠤᠶᠠᠨ ᠤ ᠡᠯᠳᠡᠪ ᠮᠠᠭᠤ ᠮᠠᠭᠤᠬᠠᠢ ᠵᠠᠩ ᠠᠭᠠᠰᠢ ᠳ᠋ᠤᠨᠢ ᠴᠢᠭᠯᠡᠭᠦᠯᠤᠨ ᠶᠠᠩᠵᠤ ᠪᠦᠷᠢ ᠪᠠᠷ ᠬᠤᠱᠤᠩᠨᠠᠨ ᠳᠠᠭᠠᠷᠢᠵᠤ ᠢᠨᠢᠶᠠᠳᠤᠮ ᠱᠤᠭ ᠪᠣᠯᠭᠠᠳᠠᠭ ᠪᠢᠯᠠ᠃ 《ᠮᠤᠩᠭ᠋ᠤᠯ ᠤᠨ ᠨᠢᠭᠤᠴᠠ ᠳᠤᠪᠴᠢᠶᠠᠨ》 §111 ᠳ᠋ᠤ 《ᠬᠠᠷ᠎ᠠ ᠭᠡᠷᠢᠶ᠎ᠡ ᠬᠠᠢ᠌ᠷᠰᠤ ᠬᠤᠤᠷᠰᠤ ᠢᠳᠡᠭᠦ ᠵᠠᠶᠠᠭ᠎ᠠ ᠲᠡᠶ ᠪᠠᠢ᠌ᠳᠠᠯ᠎ᠠ ᠬᠠᠯᠢᠭᠤᠨ ᠭᠠᠯᠠᠭᠤ ᠶᠢ ᠢᠳᠡᠭᠦ ᠭᠡᠮᠡᠨ ᠰᠠᠨᠠᠭᠠᠷᠠᠭᠰᠠᠨ ᠪᠣᠯᠠᠢ ᠬᠠᠳᠠᠷ ᠮᠠᠭᠤ ᠴᠢᠯᠡᠭᠡᠷ ᠪᠢ ᠬᠠᠳᠤᠨ ᠦᠵᠢᠨ ᠳᠤ ᠬᠠᠯᠳᠠᠵᠤ ᠬᠠᠮᠤᠭ ᠮᠡᠷᠭᠢᠳ ᠲᠤ ᠭᠦᠨᠦᠭᠡᠯ ᠪᠣᠯᠪᠠ ᠬᠠᠷᠠᠴᠤ ᠮᠠᠭᠤ ᠴᠢᠯᠡᠭᠡᠷ ᠪᠢ ᠬᠠᠷ᠎ᠠ ᠳᠤᠯᠤᠭᠠᠢ ᠳᠤ ᠪᠠᠨ ᠭᠦᠷᠭᠡᠪᠡ ᠬᠠᠯᠬᠠᠯᠠᠬᠤ ᠭᠠᠵᠠᠷ ᠦᠭᠡᠶ ᠬᠠᠷᠠᠩᠭ᠋ᠤᠢ ᠬᠠᠪᠴᠢᠯ ᠳᠤ ᠰᠢᠷᠭᠤᠵᠤ ᠬᠠᠢ᠌ᠷᠠᠬᠠᠨ ᠠᠮᠢ ᠪᠠᠨ ᠬᠤᠷᠭᠤᠪᠠ ᠬᠤᠯᠠᠳᠤ ᠮᠠᠭᠤ ᠰᠢᠪᠠᠭᠤ ᠬᠤᠯᠤᠭᠠᠨ᠎ᠠ ᠭᠦᠴᠦᠭᠡᠨ᠎ᠡ ᠢᠳᠡᠭᠦ ᠵᠠᠶᠠᠭ᠎ᠠ ᠲᠡᠶ ᠪᠦᠭᠡᠳᠡᠯ᠎ᠡ ᠬᠤᠨ ᠭᠠᠯᠠᠭᠤᠨ ᠢ ᠢᠳᠡᠭᠦ ᠭᠡᠮᠡᠨ ᠰᠠᠨᠠᠭᠠᠷᠠᠭᠰᠠᠨ ᠪᠣᠯᠠᠢ ᠬᠤᠨᠠᠷ ᠮᠠᠭᠤ ᠴᠢᠯᠡᠭᠡᠷ ᠪᠢ ᠬᠤᠳᠤᠭᠳᠤ ᠰᠦᠯᠳᠡᠳᠠᠢ ᠦᠵᠢᠨ ᠢ ᠬᠤᠪᠢ ᠳᠤ ᠪᠠᠨ ᠠᠪᠬᠤ ᠭᠡᠮᠡᠵᠤ ᠬᠤᠳᠠᠯᠠ ᠮᠡᠷᠭᠢᠳ ᠲᠤ ᠭᠦᠨᠦᠭᠡᠯ ᠪᠣᠯᠪᠠ ᠬᠤᠷᠭᠤᠯ ᠤᠨ ᠳᠠᠳᠤᠢ ᠠᠮᠢ ᠪᠠᠨ ᠬᠤᠷᠭᠤᠬᠤ ᠭᠠᠵᠠᠷ ᠦᠭᠡᠶ ᠬᠠᠷᠠᠳᠤ ᠬᠠᠷᠠᠩᠭ᠋ᠤᠢ ᠬᠠᠪᠴᠢᠯ ᠳᠤ ᠬᠠᠳᠠ ᠶᠢᠨ ᠵᠠᠪᠰᠠᠷ ᠰᠢᠷᠭᠤᠪᠠ ᠬᠤᠷᠭᠤᠯ ᠤᠨ ᠳᠠᠳᠤᠢ ᠠᠮᠢ ᠪᠠᠨ ᠬᠠᠮᠢᠭ᠎ᠠ ᠬᠠᠯᠬᠠᠯᠠᠬᠤ ᠪᠣᠢ ︕》 ᠭᠡᠵᠤ ᠳᠤᠬᠠᠢ ᠶᠢᠨ ᠦᠶ᠎ᠡ ᠶᠢᠨ ᠭᠦᠮᠦᠰ ᠴᠢᠯᠭᠡᠷ ᠪᠦᠭᠡ ᠶᠢ ᠬᠤᠱᠤᠩᠨᠠᠨ 《ᠴᠢᠯᠭᠡᠷ ᠪᠦᠭᠡ ᠶᠢᠨ ᠳᠠᠭᠤᠤ》 ᠵᠤᠬᠢᠶᠠᠵᠤ ᠳᠠᠭᠤᠯᠠᠭᠰᠠᠨ ᠪᠠᠢ᠌ᠨ᠎ᠠ᠃ ᠬᠤᠵᠢᠮ ᠤᠨ ᠦᠶ᠎ᠡ ᠳᠤ ᠪᠣᠢ ᠪᠣᠯᠤᠭᠰᠠᠨ 《ᠳᠤᠭᠤᠨ ᠳᠠᠮᠤᠷ ᠬᠠᠭᠠᠨ ᠤ ᠭᠡᠮᠰᠢᠯ ᠰᠢᠯᠦᠭ᠌》 ᠨᠢ ᠴᠤ ᠡᠭᠦᠨ ᠲᠡᠶ ᠨᠠᠯᠢᠶᠠᠤᠨ ᠠᠳᠠᠯᠢ ᠣᠴᠢᠬᠤ ᠶᠤᠮ᠃ ᠡᠨᠡᠭᠦ ᠬᠤᠱᠤᠩ ᠶᠦᠮᠦᠷᠯᠢᠭ᠌ ᠳᠠᠭᠤᠤ ᠨᠢ ᠣᠯᠠᠮᠵᠢᠯᠠᠨ ᠣᠯᠠᠮᠵᠢᠯᠠᠭᠰᠠᠭᠠᠷ ᠣᠳᠤ ᠬᠤᠷᠴᠢᠨ ᠨᠤᠳᠤᠭ ᠲᠤ ᠦᠷᠭᠡᠨ ᠳᠡᠯᠭᠡᠷᠡᠭ᠍ᠰᠡᠨ 《ᠪᠠᠭᠡᠵᠢᠩ ᠯᠠᠮ᠎ᠠ》 ᠭᠡᠳᠡᠭ᠌ ᠳᠠᠭᠤᠤ ᠳᠤ ᠳᠤᠰᠬᠠᠯ ᠶᠢᠡᠨ ᠣᠯᠵᠠᠢ

ᠠᠯᠳᠠ ᠭᠦᠷᠭᠦ ᠦᠭᠡᠶ ᠮᠤᠭᠠᠢ ᠶᠢᠨ ᠵᠤᠯᠵᠠᠭ᠎ᠠ ᠭᠦ

ᠠᠭᠠᠷ ᠤᠨ ᠯᠤᠤ ᠲᠡᠶ ᠳᠡᠮᠡᠴᠡᠭᠦ ᠰᠠᠨᠠᠭ᠎ᠠ ᠲᠡᠶ ᠶᠠ ᠭᠦ᠂

ᠠᠶᠠᠭ᠎ᠠ ᠪᠠᠨ ᠡᠪᠦᠷᠳᠦᠯᠡᠭᠡᠳ ᠠᠢ᠌ᠯ ᠳᠤᠭᠤᠷᠢᠭᠰᠠᠨ ᠪᠠᠳᠢᠷᠴᠢᠨ ᠴᠢ ᠭᠦ

ᠠᠯᠪᠠ ᠶᠢ ᠪᠠᠷᠢᠭᠰᠠᠨ ᠰᠡᠡᠶ‍ᠧ ᠲᠡᠶ ᠮᠢᠨᠢ ᠬᠠᠷᠭᠤᠯᠳᠤᠬᠤ ᠰᠠᠨᠠᠭ᠎ᠠ ᠲᠡᠶ ᠶᠠ ᠭᠦ᠃

ᠬᠤᠷᠤᠭᠤ ᠭᠦᠷᠭᠦ ᠦᠭᠡᠶ ᠮᠤᠭᠠᠢ ᠶᠢᠨ ᠵᠤᠯᠵᠠᠭ᠎ᠠ ᠭᠦ

ᠬᠤᠷᠮᠤᠰᠳᠠ ᠶᠢᠨ ᠯᠤᠤ ᠲᠡᠶ ᠬᠠᠯᠳᠠᠬᠤ ᠰᠠᠨᠠᠭ᠎ᠠ ᠲᠡᠶ ᠶᠠ ᠭᠦ᠂

ᠬᠤᠰᠢᠭᠤ ᠶᠢ ᠳᠤᠭᠤᠷᠢᠭᠰᠠᠨ ᠪᠠᠳᠢᠷᠴᠢᠨ ᠯᠠᠮ᠎ᠠ ᠴᠢ ᠭᠦ

ᠬᠠᠤᠯᠢ ᠶᠢ ᠪᠠᠷᠢᠭᠰᠠᠨ ᠰᠡᠡᠶ‍ᠧ ᠲᠡᠶ ᠮᠢᠨᠢ ᠬᠠᠷᠭᠤᠯᠳᠤᠬᠤ ᠰᠠᠨᠠᠭ᠎ᠠ ᠲᠡᠶ ᠶᠠ ᠭᠦ᠃

ᠠᠯᠳᠠ ᠮᠥᠩᠭᠦ ᠲᠡᠶ ᠮᠠᠨ ᠤ ᠨᠤᠶᠠᠨ ᠭᠦ

ᠠᠷᠠᠵᠠ ᠠᠷᠢᠭᠢ ᠪᠠᠨ ᠣᠤᠭᠤᠭᠠᠤᠨ ᠠᠮᠤᠷ ᠮᠠᠠᠳᠤ ᠪᠠᠷ ᠵᠢᠷᠭᠠᠨ᠎ᠠ ᠭᠦ

ᠠᠷᠪᠠᠨ ᠬᠤᠰᠢᠭᠤ ᠳᠤᠭᠤᠷᠢᠭᠰᠠᠨ ᠪᠠᠭᠡᠵᠢᠩ ᠯᠠᠮ᠎ᠠ ᠭᠦ

ᠠᠷᠪᠠᠨ ᠰᠠᠷ᠎ᠠ ᠶᠢᠨ ᠳᠠᠭᠢᠶ᠎ᠠ ᠰᠢᠭ᠌ ᠭᠦᠯ ᠶᠢᠡᠨ ᠡᠷᠭᠦᠨ ᠵᠤᠭᠰᠤᠨ᠎ᠠ

ᠵᠤᠭᠤᠰ ᠲᠡᠶ ᠮᠥᠩᠭᠦ ᠲᠡᠶ ᠮᠠᠨ ᠤ ᠨᠤᠶᠠᠨ ᠭᠦ

ᠵᠤᠷᠢᠭ ᠶᠢᠡᠷ ᠶᠢᠡᠨ ᠰᠠᠭᠤᠭᠠᠤᠨ ᠴᠡᠩᠭᠡᠯ ᠶᠢᠡᠨ ᠭᠢᠨ᠎ᠠ ᠭᠦ

ᠵᠤᠤ ᠶᠢ ᠳᠤᠭᠤᠷᠢᠭᠰᠠᠨ ᠪᠠᠭᠡᠵᠢᠩ ᠯᠠᠮ᠎ᠠ ᠭᠦ

ᠵᠢᠷᠭᠤᠭᠠᠨ ᠰᠠᠷ᠎ᠠ ᠶᠢᠨ ᠨᠤᠬᠠᠢ ᠰᠢᠭ᠌ ᠭᠡᠯᠡ ᠪᠠᠨ ᠭᠠᠷᠭᠠᠨ ᠵᠤᠭᠰᠤᠨ᠎ᠠ ᠭᠦ ᠭᠡᠵᠤ ᠳᠠᠭᠤᠯᠠᠨ᠎ᠠ᠃ ᠳᠡᠭᠡᠷᠡᠭᠢ ᠳᠠᠭᠤᠨ ᠳᠤ ᠴᠢᠯᠭᠡᠷ ᠪᠦᠭᠡ ᠶᠢ 《ᠬᠠᠷ᠎ᠠ ᠭᠡᠷᠢᠶ᠎ᠡ》᠂ 《ᠬᠤᠯᠠᠳᠤ ᠰᠢᠪᠠᠭᠤ》 ᠪᠠᠷ ᠵᠣᠢ᠌ᠷᠯᠠᠵᠤ ᠪᠠᠢ᠌ᠬᠤ ᠳᠤ ᠣᠳᠤ ᠪᠠᠭᠡᠵᠢᠩ ᠯᠠᠮ᠎ᠠ ᠶᠢ 《ᠮᠤᠭᠠᠢ ᠶᠢᠨ ᠵᠤᠯᠵᠠᠭ᠎ᠠ》᠂ 《ᠵᠤᠨ ᠤ ᠨᠤᠬᠠᠢ》᠂ 《ᠡᠪᠦᠯ ᠤᠨ ᠳᠠᠭᠢᠶ᠎ᠠ》 ᠭᠡᠵᠤ ᠬᠤᠱᠤᠩᠨᠠᠨ ᠳᠠᠭᠠᠷᠢᠳᠠᠭ ᠪᠠᠢ᠌ᠨ᠎ᠠ᠃

ᠬᠤᠷᠴᠢᠨ ᠠᠷᠠᠤᠨ ᠤᠨ ᠠᠮᠢᠳᠤᠷᠠᠯ ᠤᠨ ᠦᠨᠡᠨ ᠮᠦᠨ ᠢ ᠠᠮᠢᠳᠤ ᠴᠤᠪᠣᠭᠤᠯᠢᠭ ᠳᠦᠷᠢ ᠳᠦᠷᠰᠤᠯᠠᠯ ᠲᠡᠶ᠂ ᠣᠷᠠᠨ ᠵᠥᠴᠦᠭᠡᠯᠢᠭ᠌ ᠡᠰᠭᠡᠯᠳᠡ ᠪᠣᠯᠪᠠᠰᠤᠷᠠᠭᠤᠯᠤᠯᠳᠠ ᠲᠡᠶ᠂ ᠪᠦᠷᠢᠨ ᠪᠦᠳᠤᠨ ᠣᠢ᠌ᠯᠠ ᠶᠠᠪᠣᠳᠠᠯ ᠲᠡᠶ ᠪᠣᠶᠤ ᠣᠷᠭᠢᠯᠤᠮ᠎ᠠ ᠴᠠᠯᠭᠢᠯᠤᠮ᠎ᠠ ᠣᠶᠠᠩᠭ᠋᠎ᠠ ᠰᠡᠳᠬᠢᠯᠭᠡ ᠲᠡᠶ ᠪᠠᠷ ᠳᠠᠯ᠎ᠠ ᠳᠠᠯ᠎ᠠ ᠶᠢᠨ ᠣᠯᠠᠨ ᠬᠠᠷᠠᠭᠠᠰᠤ ᠡᠴᠡ ᠳᠤᠰᠬᠠᠵᠤ ᠴᠢᠳᠠᠭᠰᠠᠨ ᠪᠠᠢ᠌ᠨ᠎ᠠ᠃

ᠣᠶᠠᠩᠭ᠋᠎ᠠ ᠶᠢᠨ ᠳᠠᠭᠤᠤ ᠨᠢ ᠡᠷᠳᠡᠨ ᠤ ᠣᠯᠠᠮᠵᠢᠯᠠᠯ ᠶᠢᠡᠨ ᠵᠠᠯᠭᠠᠮᠵᠢᠯᠠᠨ ᠪᠠᠶᠠᠯᠢᠭᠵᠢᠵᠤ ᠳᠡᠭᠦᠯᠳᠡᠷᠵᠢᠭ᠍ᠰᠡᠨ ᠶᠢᠡᠷ ᠪᠠᠷᠠᠬᠤ ᠦᠭᠡᠶ᠂ ᠣᠠᠴᠠᠭᠠᠢ᠌ᠯᠠᠨ ᠥᠯᠢᠭᠡᠷᠳᠤ ᠠᠷᠠᠤᠨ ᠤᠨ ᠳᠠᠭᠤᠤ ᠨᠢ ᠪᠠᠰᠠ ᠬᠤᠷᠴᠢᠨ ᠮᠤᠩᠭ᠋ᠤᠯᠴᠤᠳ ᠤᠨ ᠳᠤᠮᠳᠠ ᠶᠡᠭᠡ ᠭᠡᠮᠵᠢᠶ᠎ᠡ ᠪᠠᠷ ᠵᠤᠬᠢᠶᠠᠭᠳᠠᠨ ᠳᠡᠯᠭᠡᠷᠡᠭ᠍ᠰᠡᠨ ᠪᠠᠢ᠌ᠨ᠎ᠠ᠃ ᠳᠠᠷᠤᠢ ᠬᠤᠷᠴᠢᠨ ᠮᠤᠩᠭ᠋ᠤᠯ ᠠᠷᠠᠤᠨ ᠤᠨ ᠳᠠᠭᠤᠤ ᠳᠤ ᠣᠵᠠᠭᠤᠷ ᠰᠤᠶᠤᠯ ᠤᠨ ᠠᠭᠤᠯᠭ᠎ᠠ ᠪᠠ ᠭᠡᠯᠪᠠᠷᠢ ᠶᠢᠨ ᠳᠠᠯ᠎ᠠ ᠶᠢᠨ ᠣᠯᠠ ᠮᠦᠷ ᠬᠠᠷᠠᠭᠳᠠᠵᠤ ᠪᠠᠢ᠌ᠬᠤ ᠪᠠᠷ ᠨᠢ ᠰᠤᠳᠤᠯᠭᠠᠨ ᠤ ᠰᠠᠳᠤᠪ ᠪᠣᠯᠭᠠᠵᠤ ᠪᠣᠯᠬᠤ ᠶᠤᠮ ᠪᠠᠢ᠌ᠨ᠎ᠠ᠃

ᠬᠤᠷᠴᠢᠨ ᠠᠷᠠᠤᠨ ᠤᠨ ᠳᠠᠭᠤᠤ ᠨᠢ ᠠᠮᠠᠨ ᠵᠤᠬᠢᠶᠠᠯ ᠤᠨ ᠴᠢᠬᠤᠯᠠ ᠨᠢᠭᠡ ᠳᠦᠷᠤᠯ ᠵᠣᠢ᠌ᠯ ᠪᠣᠯᠤᠭᠰᠠᠨ ᠤ ᠬᠤᠪᠢ ᠳᠤ ᠠᠷᠠᠤᠨ ᠤᠨ ᠣᠷᠠᠯᠢᠭ᠂ ᠣᠷᠠᠯᠢᠭ ᠭᠦᠭ᠍ᠵᠢᠮ᠂ ᠵᠥᠴᠦᠭᠡ᠂ ᠪᠦᠵᠢᠭ᠌ ᠤᠨ ᠭᠦᠭ᠍ᠵᠢᠯᠳᠡ ᠰᠠᠭᠤᠷᠢ ᠪᠣᠯᠵᠤ ᠦᠯᠡᠮᠵᠢ ᠶᠡᠭᠡ ᠣᠢ᠌ᠯᠠᠳᠤᠯ ᠶᠢᠡᠨ ᠪᠠᠳᠠᠷᠠᠭᠤᠯᠤᠭᠰᠠᠭᠠᠷ ᠢᠷᠠᠵᠠᠢ᠃ ᠳᠠᠷᠤᠢ ᠮᠤᠩᠭ᠋ᠤᠯ ᠪᠢᠴᠢᠭ᠌ ᠵᠤᠬᠢᠶᠠᠯ ᠤᠨ ᠰᠠᠭᠤᠷᠢ᠂ ᠵᠥᠴᠦᠭᠡ ᠶᠢᠨ ᠵᠤᠬᠢᠶᠠᠯ ᠤᠨ ᠡᠭᠡ ᠮᠠᠲ᠋ᠸᠷᠢᠶᠠᠯ ᠪᠣᠯᠤᠨ ᠪᠠᠰᠠ ᠬᠤᠷᠴᠢᠨ ᠮᠤᠩᠭ᠋ᠤᠯᠴᠤᠳ ᠤᠨ ᠥᠭᠡᠰ ᠤᠨ ᠰᠠᠩ᠂ ᠨᠤᠳᠤᠭ ᠤᠨ ᠠᠶᠠᠯᠭᠤ᠂ ᠵᠠᠩ ᠣᠢ᠌ᠯᠠ ᠪᠠ ᠱᠠᠰᠢᠨ ᠰᠢᠳᠦᠯᠭᠡ ᠶᠢᠨ ᠰᠤᠳᠤᠯᠭᠠᠨ ᠤ ᠬᠤᠪᠣᠷ ᠴᠤᠬᠠᠭ ᠦᠨᠳᠦᠰᠦ ᠪᠠᠷᠢᠮᠳᠠ ᠪᠣᠯᠤᠭᠰᠠᠨ ᠪᠣᠯᠬᠤᠷ ᠬᠤᠷᠴᠢᠨ ᠭᠡᠯᠡᠨ ᠤ ᠰᠢᠠᠵᠢᠯᠠᠯ᠂ ᠬᠤᠷᠴᠢᠨ ᠳᠡᠦᠭᠡ ᠰᠤᠶᠤᠯ ᠤᠨ ᠰᠤᠳᠤᠯᠤᠯ ᠲᠤ ᠬᠤᠪᠣᠷ ᠨᠠᠠᠳᠢᠨ ᠦᠪ ᠭᠦᠷᠦᠩᠭᠡ ᠪᠣᠯᠵᠠᠢ᠃

ᠬᠤᠷᠴᠢᠨ ᠠᠷᠠᠤᠨ ᠤᠨ ᠳᠠᠭᠤᠤ ᠨᠢ ᠣᠷᠳᠤ ᠣᠳᠠᠭᠠᠨ ᠬᠤᠭᠤᠴᠠᠭᠠᠨ ᠤ ᠳᠡᠦᠭᠡ ᠶᠢᠨ ᠭᠦᠭ᠍ᠵᠢᠯᠳᠡ ᠶᠢᠨ ᠴᠠᠭ ᠦᠶ᠎ᠡ ᠳᠤ ᠪᠦᠷ ᠯᠠ ᠬᠤᠷᠴᠢᠨ ᠰᠤᠶᠤᠯ ᠣᠷᠠᠯᠢᠭ ᠤᠨ ᠭᠦᠭ᠍ᠵᠢᠯᠳᠡ ᠶᠢᠨ ᠰᠠᠭᠤᠷᠢ ᠪᠣᠯᠵᠤ ᠢᠷᠡᠭ᠍ᠰᠡᠭᠡᠷ ᠪᠦᠭᠡᠳ ᠪᠦᠭᠦᠢᠯᠡ ᠤᠳᠬ᠎ᠠ ᠵᠤᠬᠢᠶᠠᠯ ᠣᠷᠠᠯᠢᠭ ᠤᠨ ᠭᠤᠤᠯ ᠣᠷᠤᠰᠬᠠᠯ ᠪᠣᠯᠵᠤ ᠪᠠᠢ᠌ᠵᠠᠢ᠃ ᠳᠠᠷᠠ ᠨᠢ ᠬᠤᠷᠴᠢᠨ ᠮᠤᠩᠭ᠋ᠤᠯᠴᠤᠳ ᠤᠨ ᠬᠠᠮᠳᠤ ᠶᠢᠨ ᠣᠶᠤᠨ ᠪᠢᠯᠢᠭ᠌ ᠤᠨ ᠦᠷ᠎ᠡ ᠪᠦᠳᠦᠭᠡᠯ ᠮᠦᠨ᠃ ᠮᠦᠨ ᠴᠤ ᠮᠤᠩᠭ᠋ᠤᠯ ᠰᠤᠶᠤᠯ ᠤᠨ ᠡᠷᠳᠡᠨᠢᠰ ᠤᠨ ᠰᠠᠩ ᠳ᠋ᠠᠭᠢ ᠭᠡᠷᠡᠯᠳᠤ ᠰᠤᠪᠣᠤᠨ ᠮᠦᠨ᠃


ᠠᠰᠢᠭᠯᠠᠭᠰᠠᠨ ᠮᠠᠲ᠋ᠸᠷᠢᠶᠠᠯ

1. ᠳᠠᠢ᠌ᠴᠢᠭᠤᠳ ᠮᠠᠠᠰᠠᠩ ᠤᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1985 ᠣᠨ᠃

2.ᠪᠣᠯᠠᠭ ᠤᠨ ᠵᠤᠬᠢᠶᠠᠭᠰᠠᠨ 《〈ᠮᠤᠩᠭ᠋ᠤᠯ ᠤᠨ ᠨᠢᠭᠤᠴᠠ ᠳᠤᠪᠴᠢᠶᠠᠨ〉 ᠊ᠤ ᠦᠨᠳᠦᠰᠦᠳᠠᠨ ᠤ ᠭᠡᠯᠪᠠᠷᠢ》 ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1997 ᠣᠨ᠃

3. ᠠᠷᠠᠤᠨ ᠤᠨ ᠳᠠᠭᠤᠴᠢᠨ ᠴᠠᠭᠠᠠᠪᠠᠷᠰ ᠶᠢᠨ ᠳᠠᠭᠤᠯᠠᠭᠰᠠᠨ 《ᠠᠷᠠᠤᠨ ᠤᠨ ᠳᠠᠭᠤᠤ ᠨᠤᠭᠤᠳ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1983 ᠣᠨ᠃

4. ᠣᠯᠠᠯᠵᠢ ᠶᠢᠨ 《ᠮᠤᠩᠭ᠋ᠤᠯ ᠦᠨᠳᠦᠰᠦᠳᠠᠨ ᠤ ᠳᠠᠭᠤᠤ ᠭᠦᠭ᠍ᠵᠢᠮ ᠤᠨ ᠳᠡᠦᠭᠡ》 ᠭᠢᠳᠠᠤᠨ ᠭᠡᠪᠯᠡᠯ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1998 ᠣᠨ᠃

5. ᠯᠤᠪᠰᠠᠩᠴᠣᠢ᠌ᠳᠠᠨ ᠤ ᠵᠤᠬᠢᠶᠠᠭᠰᠠᠨ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1981 ᠣᠨ᠃


※ ᠳᠠᠩᠨᠤᠳ ᠬᠠᠢ᠌ᠬᠤ᠂ ᠳᠠᠩ ᠬᠠᠢ ᠬᠤ᠂  ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠳ᠋ᠠᠭᠢ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ᠃

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 3359
ᠴᠠᠭ᠄ 2012 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ