ᠰᠢᠷᠭᠢᠵᠤ ᠶᠠᠪᠣᠭ᠎ᠠ ᠨᠠᠭᠤᠷ ᠤᠨ ᠵᠢᠭᠠᠰᠤ

ᠰᠢᠷᠭᠢᠵᠤ ᠶᠠᠪᠣᠭ᠎ᠠ ᠨᠠᠭᠤᠷ ᠢ ᠪᠠᠨ

ᠣᠠᠳᠤᠷᠠᠭᠤᠯᠤᠨ᠎ᠠ ᠭᠡᠮᠡᠨ

ᠳᠤᠰᠤᠯ ᠣᠰᠤ ᠪᠣᠯᠵᠤ ᠡᠴᠢᠭᠡ ᠨᠢ

ᠰᠤᠶᠤᠯ ᠤᠨ ᠨᠢᠳᠤᠨ ᠳ᠋ᠤᠨᠢ ᠰᠢᠩᠭᠡᠭ᠍ᠰᠡᠨ ᠶᠤᠮ

ᠦᠷ᠎ᠡ ᠴᠢᠮ᠎ᠠ ᠪᠠᠨ ᠠᠮᠢᠳᠤᠷᠠᠭᠤᠯᠤᠨ᠎ᠠ ᠭᠡᠮᠡᠨ

ᠦᠷᠡᠭ᠍ᠳᠡᠵᠤ ᠶᠠᠪᠣᠭᠰᠠᠨ ᠢ ᠮᠢᠨᠢ ᠠᠭᠤᠴᠢᠯᠠᠭᠠᠷᠠᠢ︕

ᠨᠠᠭᠤᠷ ᠬᠠᠳᠠᠭᠰᠠᠨ ᠳᠠᠷᠠ ᠡᠳᠦᠷ

ᠦᠷ᠎ᠡ ᠮᠢᠨᠢ ᠴᠢ

ᠦᠷᠦᠭᠡᠯ ᠡᠴᠠ ᠪᠣᠰᠤ

ᠦᠪᠡᠷ ᠤᠨ ᠵᠢᠷᠦᠭᠡᠨ ᠡᠴᠠ ᠪᠠᠨ

ᠵᠠᠯᠪᠠᠷᠢᠵᠤ ᠨᠠᠳᠠ ᠶᠢ ᠭᠤᠶᠤ

ᠨᠢᠳᠤᠨ ᠡᠴᠠ ᠴᠢᠨᠢ ᠴᠡᠩᠭᠡᠭ᠌ ᠣᠰᠤᠨ ᠪᠣᠯᠵᠤ

ᠪᠢ ᠪᠠᠭᠤᠬᠤ ᠶᠤᠮ︕ ᠵᠢᠷᠭᠠᠬᠠᠢ ᠮᠢᠨᠢ

ᠴᠡᠩᠭᠡᠭ᠌ ᠣᠰᠤᠨ ᠤ ᠳᠤᠮᠳᠠ ᠴᠢ ᠮᠢᠨᠢ

ᠴᠡᠩᠭᠡᠵᠤ ᠠᠮᠢᠳᠤᠷᠠᠬᠤ ᠳᠠᠭᠠᠨ

ᠳᠤᠰᠤᠯ ᠣᠰᠤ

ᠨᠠᠭᠤᠷ ᠪᠣᠯᠵᠤ ᠬᠤᠪᠢᠯᠤᠭᠰᠠᠨ ᠢ

ᠨᠢᠷᠠᠢ ᠦᠷ᠎ᠡ ᠳᠡᠭᠡᠨ ᠬᠤᠵᠢᠮ ᠵᠠᠪᠠᠯ

ᠨᠢᠭᠤᠴᠠ ᠪᠣᠯᠭᠠᠵᠤ ᠵᠠᠭᠢᠭᠠᠷᠠᠢ︕


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1713
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ