ᠮᠥᠩᠭᠡ ᠶᠢᠨ ᠳᠠᠮᠠᠭ᠎ᠠ

ᠰᠠᠨᠠᠭᠠᠨ ᠤ ᠦᠵᠦᠭᠦᠷ

    ᠰᠥᠪᠠᠭ᠍ᠴᠢᠯᠡᠯ ᠦᠯᠡᠳᠡᠭᠡᠵᠤ

         ᠰᠡᠳᠭᠢᠯ ᠢ ᠳᠠᠷᠴᠢᠯᠠᠭᠠᠬᠤ ᠨᠢ ᠡ ︕

ᠦᠴᠦᠭᠡᠳᠦᠷ ᠤᠨ ᠥᠭᠡ

    ᠥᠨᠦᠭᠡᠨ ᠰᠠᠨᠠᠭᠳᠠᠵᠤ

       ᠦᠪᠴᠢ ᠪᠠᠶ᠎ᠠ ᠶᠢ ᠳᠤᠭᠳᠤᠯᠠᠭᠤᠯᠬᠤ ᠨᠢ ᠡ ︕

ᠡᠷᠭᠢᠵᠤ ᠰᠤᠨᠤᠰᠳᠠᠬᠤ ᠥᠭᠡᠢ

     ᠥᠭᠡᠨ ᠤ ᠥᠩᠭᠡ

         ᠨᠡᠭᠦᠳᠡᠯ ᠤᠨ ᠬᠤᠷ᠎ᠠ ᠪᠣᠯᠤᠨ ᠰᠠᠷᠨᠢᠬᠤ ᠨᠢ ᠡ ︕

ᠮᠡᠯᠮᠡᠯᠵᠡᠭ᠍ᠰᠡᠨ ᠨᠢᠯᠪᠣᠰᠤᠨ ᠳ᠋ᠤ

      ᠨᠢᠳᠤᠨ ᠬᠠᠷᠠᠭ᠎ᠠ ᠪᠠᠯᠠᠷᠠᠵᠤ

         ᠨᠢᠩᠵᠢᠨ ᠰᠡᠳᠭᠢᠯ ᠤᠨ ᠳᠤᠷᠠᠳᠬᠠᠯ ᠪᠣᠯᠬᠤ ᠨᠢ ᠡ ︕

ᠬᠠᠢ᠌ᠷ᠎ᠠ ᠶᠢᠨ ᠠᠷᠢᠭᠤᠨ

      ᠦᠰᠤᠨ ᠤ ᠬᠠᠷ᠎ᠠ

         ᠣᠷᠤᠭᠤᠯ ᠤᠨ ᠣᠷᠤᠮ ᠴᠢᠨᠢ ᠪᠣᠳᠤᠭᠳᠠᠬᠤ ᠨᠢ ᠡ ︕

ᠡᠷᠡᠪᠠᠢ ᠶᠢᠨ ᠬᠠᠴᠠᠷ ᠳᠤ

     ᠮᠥᠩᠭᠡ ᠶᠢᠨ ᠳᠠᠮᠠᠭ᠎ᠠ ᠪᠣᠯᠤᠭᠰᠠᠨ

         ᠡᠭᠡᠯᠢᠳᠤ ᠳᠠ ᠮᠢᠨᠢ ᠰᠠᠨᠠᠭᠳᠠᠬᠤ ᠨᠢ ᠡ ᠁

        

      ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2407
ᠴᠠᠭ᠄ 2014 ᠤᠨ ᠤ 03 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ