ᠴᠢᠷᠭ᠎ᠠ ᠶᠢᠨ ᠳᠠᠭᠤᠤ

ᠣᠮᠠᠷᠠᠳᠤ ᠶᠢᠨ ᠡᠪᠦᠯ ᠴᠠᠪ ᠴᠠᠭᠠᠨ

ᠣᠷᠳᠤ ᠦᠳᠡᠰᠢ ᠨᠢ ᠴᠤ ᠨᠠᠮ ᠨᠠᠮᠵᠢᠭᠤᠬᠠᠨ

ᠠᠯᠤᠰ ᠲᠤ ᠭᠢᠯᠠᠯᠠᠵᠠᠭ᠎ᠠ ᠭᠡᠷᠡᠯ ᠢ ᠵᠤᠷᠢᠵᠤ

ᠮᠤᠷᠢᠨ ᠴᠢᠷᠭ᠎ᠠ ᠭᠤᠯᠭᠤᠨ ᠰᠤᠮᠤᠳᠤᠨ᠎ᠠ


ᠴᠠᠪᠴᠢᠯᠠᠬᠤ ᠳᠤᠭᠤᠷᠠᠢ ᠨᠢ ᠭᠡᠩᠭᠡᠷᠭᠡ ᠪᠣᠯᠭᠠᠵᠤ ᠭᠠᠵᠠᠷ ᠢ ᠳᠠᠯᠠᠳᠤᠨ᠎ᠠ

ᠴᠠᠰᠤ ᠴᠢᠷᠭ᠎ᠠ ᠬᠠᠮᠵᠢᠵᠤ ᠡᠭᠡᠰᠢᠭ᠌ ᠡᠭᠦᠰᠭᠡᠨ᠎ᠡ  

ᠨᠠᠭᠢᠯᠵᠠᠭᠰᠠᠨ ᠳᠠᠰᠢᠭᠤᠷ ᠴᠤᠭᠢᠯᠭ᠎ᠠ ᠡᠪᠯᠡᠵᠤ

ᠨᠠᠢ᠌ᠷᠠᠯ ᠭᠦᠭ᠍ᠵᠢᠮ ᠢ ᠠᠶᠠᠳᠠᠢ ᠵᠢᠯᠤᠭᠤᠳᠤᠨ᠎ᠠ  


ᠪᠠᠶᠠᠰᠬᠤ ᠶᠢᠨ ᠡᠷᠭᠡ ᠪᠠᠷ ᠰᠡᠳᠭᠢᠯ ᠭᠦᠭ᠍ᠵᠢᠭ᠍ᠰᠡᠨ

ᠪᠠᠭᠳᠠᠵᠤ ᠶᠠᠳᠠᠮ᠎ᠠ ᠳᠤᠭᠳᠤᠯᠤᠯ ᠶᠢᠡᠷ ᠪᠢᠳᠠ

ᠪᠠᠷᠭᠤ ᠠᠷᠠᠤᠨ ᠤᠨ ᠰᠠᠢ᠌ᠬᠠᠨ ᠳᠠᠭᠤᠤ ᠶᠢ

ᠦᠳᠡᠰᠢ ᠣᠶᠠᠷᠠᠳᠠᠯ᠎ᠠ ᠳᠠᠭᠤᠯᠠᠨ᠎ᠠ᠁


ᠰᠠᠷᠠᠨ ᠤ ᠭᠡᠷᠡᠯ ᠴᠠᠰᠤᠨ ᠳᠤ ᠭᠢᠯᠠᠯᠵᠠᠵᠤ

ᠰᠠᠠᠰᠠᠷ ᠤᠨ ᠣᠳᠤᠳ ᠳᠠᠭᠠᠵᠤ ᠪᠦᠵᠢᠭᠯᠡᠨ᠎ᠡ

ᠳᠤᠭᠳᠤᠯᠤᠭᠰᠠᠨ ᠡᠪᠦᠯ ᠮᠠᠨ ᠢ ᠤᠢ᠌ᠷᠠᠳᠤᠭᠤᠯᠵᠤ

ᠳᠠᠨᠢᠯ ᠪᠣᠰᠤ ᠵᠥᠭᠡᠯᠡᠨ ᠦᠨᠦᠰᠤᠯ ᠬᠠᠢ᠌ᠷᠠᠯᠠᠨ᠎ᠠ


ᠲ᠋ᠠᠰᠭᠢᠮ᠎ᠠ ᠭᠦᠢᠳᠡᠨ ᠡᠪᠦᠯ ᠢ ᠭᠡᠰᠭᠡᠮ᠎ᠡ

ᠬᠠᠯᠠᠭᠤᠨ ᠬᠠᠢ᠌ᠷ᠎ᠠ ᠪᠠᠷ ᠪᠢᠳᠠ ᠰᠤᠭᠳᠤᠨ᠎ᠠ  

ᠳᠠᠪᠭᠢᠬᠤ ᠵᠠᠮ ᠣᠷᠳᠤ ᠪᠣᠯᠤᠭᠠᠰᠠᠢ

ᠳ᠋ᠸᠩ ᠤᠨ ᠭᠡᠷᠡᠯ ᠴᠤ ᠬᠤᠯᠠ ᠪᠠᠢ᠌ᠭᠠᠰᠠᠢ ᠭᠡᠵᠤ

ᠳᠤᠳᠤᠷ᠎ᠠ ᠳᠤᠳᠤᠷ᠎ᠠ ᠪᠠᠨ ᠪᠢᠳᠠ ᠭᠦᠰᠡᠨ᠎ᠡ


ᠦᠷᠦᠪᠴᠢᠭᠡᠨ ᠨᠥᠮᠵᠦᠭ᠌ ᠢᠯᠴᠢ ᠪᠠᠷ ᠵᠢᠠᠨ

ᠦᠷᠦᠭᠡᠯ ᠢ ᠳᠤᠯᠠᠭᠠᠵᠤ ᠶᠠᠪᠣᠬᠤ

ᠦᠪᠡᠷ ᠲᠡᠭᠡᠨ ᠴᠤ ᠳᠤᠯᠠᠭᠠᠬᠠᠨ ᠠᠶᠠᠯᠠᠬᠤ

ᠣᠮᠠᠷᠠᠳᠤ ᠶᠢᠨ ᠦᠳᠡᠰᠢ ᠰᠠᠢ᠌ᠬᠠᠨ  


ᠴᠠᠭᠠᠬᠠᠨ ᠰᠡᠳᠭᠢᠯ ᠤᠨ ᠠᠯᠠᠭ᠎ᠠ ᠪᠠᠷ

ᠴᠠᠰᠤ ᠲᠡᠶ ᠪᠠᠢ᠌ᠭᠠᠯᠢ ᠪᠠᠨ ᠢᠯᠪᠢᠵᠤ

ᠴᠠᠭᠢᠯᠠᠬᠤ ᠬᠤᠷᠤᠮ ᠳᠠᠭᠠᠨ ᠵᠢᠷᠭᠠᠭᠠᠭᠰᠠᠨ

ᠴᠢᠷᠭ᠎ᠠ ᠶᠢᠨ ᠳᠠᠭᠤᠤ ᠭᠤᠶᠤᠬᠠᠨ ᠡ

                  

                          2011᠂ 12᠂ 28  
ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1717
ᠴᠠᠭ᠄ 2011 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ