ᠨᠤᠨ ᠬᠤᠷᠴᠢᠨ ᠮᠤᠩᠭ᠋ᠤᠯᠴᠤᠳ ᠤᠨ《ᠬᠤᠪᠣᠩ》 ᠭᠠᠯ ᠤᠨ ᠰᠤᠶᠤᠯ

【ᠠᠭᠤᠯᠭ᠎ᠠ ᠶᠢᠨ ᠳᠤᠪᠴᠢ 】ᠲ᠋ᠤᠰ ᠥᠭᠦᠯᠡᠯ ᠳᠤ ᠬᠤᠷᠴᠢᠨ ᠮᠤᠩᠭ᠋ᠤᠯᠴᠤᠳ ᠤᠨ ᠬᠤᠪᠣᠩ ᠤᠨ ᠭᠠᠯ ᠰᠤᠶᠤᠯ ᠨᠢ ᠣᠵᠠᠭᠤᠷ ᠳᠡᠦᠭᠡ ᠶᠢᠨ ᠣᠯᠠ ᠮᠦᠷ ᠲᠡᠶ᠂ ᠦᠨᠢ ᠣᠳᠠᠭᠠᠨ ᠭᠦᠭ᠍ᠵᠢᠯᠳᠡ ᠶᠢᠨ ᠶᠠᠪᠣᠴᠠ ᠲᠡᠶ᠂ ᠰᠠᠢ᠌ᠨ ᠰᠠᠢ᠌ᠬᠠᠨ ᠭᠦᠰᠡᠯ ᠮᠦᠷᠦᠭᠡᠳᠦᠯ ᠲᠡᠶ᠂ ᠣᠷᠤᠨ ᠨᠤᠳᠤᠭ ᠤᠨ ᠦᠪᠡᠷᠮᠢᠴᠠ ᠣᠠᠴᠠᠯᠢᠭ ᠲᠡᠶ᠂ ᠪᠣᠯᠪᠠᠰᠤᠨ ᠰᠤᠶᠤᠯ ᠤᠨ ᠭᠢᠨ ᠤ ᠢᠯᠡᠷᠡᠭᠦᠨ ᠮᠦᠨ ᠭᠡᠵᠤ ᠦᠵᠡᠪᠠ᠃

【ᠵᠠᠩᠭᠢᠯᠠᠭ᠎ᠠ ᠶᠢᠨ ᠥᠭᠡᠰ 】ᠬᠤᠷᠴᠢᠨ ᠮᠤᠩᠭ᠋ᠤᠯᠴᠤᠳ᠂ ᠬᠤᠪᠣᠩ ᠤᠨ ᠭᠠᠯ᠂ ᠳᠡᠦᠭᠡᠨ ᠣᠯᠪᠠᠭ᠎ᠠ

ᠬᠠᠪᠣᠳᠤ ᠬᠠᠰᠠᠷ ᠤᠨ ᠬᠣᠢ᠌ᠴᠢᠰ ᠪᠣᠯᠤᠭᠰᠠᠨ ᠬᠤᠷᠴᠢᠨ ᠮᠤᠩᠭ᠋ᠤᠯᠴᠤᠳ᠂ ᠠᠯᠢ ᠡᠷᠳᠡᠨ ᠡᠴᠡ ᠬᠠᠷᠢ ᠦᠨᠳᠦᠰᠦᠳᠠᠨ ᠲᠡᠶ ᠭᠢᠯᠢ ᠵᠠᠯᠭᠠᠯᠳᠤᠬᠤ ᠪᠣᠶᠤ ᠬᠤᠯᠢᠯᠳᠤᠨ ᠰᠠᠭᠤᠭᠰᠠᠨ ᠡᠴᠡ ᠳᠠᠷᠢᠶᠠᠯᠠᠬᠤ ᠰᠤᠶᠤᠯ ᠤᠨ ᠨᠥᠯᠦᠭᠡ ᠶᠢ ᠭᠦᠷᠳᠡᠨ᠂ ᠵᠠᠷᠢᠮ ᠠᠵᠤ ᠠᠬᠤᠢ ᠭᠢᠭᠡᠳ ᠠᠮᠢᠳᠤᠷᠠᠯ ᠤᠨ ᠵᠠᠩ ᠲ᠋ᠠᠳᠬᠠᠯ ᠤᠨ ᠳᠠᠯ᠎ᠠ ᠪᠠᠷ ᠪᠠᠭ᠎ᠠ ᠪᠣᠰᠤ ᠶᠢᠨ ᠬᠤᠪᠢᠷᠠᠯᠳᠠ ᠭᠠᠷᠤᠭᠰᠠᠨ ᠪᠠᠢ᠌ᠨ᠎ᠠ᠃ ᠭᠡᠳᠡᠯ᠎ᠡ 《ᠭᠠᠯ ᠶᠢᠡᠨ ᠰᠢᠳᠤᠨ᠂ ᠭᠠᠯ ᠶᠢᠡᠨ ᠳᠠᠭᠢᠵᠤ》᠂ 《ᠳᠤᠯᠭ᠎ᠠ ᠶᠢᠨ ᠭᠤᠷᠪᠠᠨ ᠴᠢᠯᠠᠭᠤ ᠪᠠᠷ ᠭᠠᠯ ᠭᠤᠯᠤᠮᠳᠠ ᠪᠠᠨ ᠪᠣᠰᠬᠠᠵᠤ᠂ ᠠᠢ᠌ᠯ ᠡᠷᠦᠭᠡ ᠶᠢᠨ ᠶᠢᠡᠨ ᠰᠦᠷ ᠰᠦᠯᠳᠡ ᠪᠣᠯᠭᠠᠨ ᠥᠵᠡᠳᠡᠭ᠌》 ᠤᠵᠤᠭᠤᠷ ᠮᠤᠩᠭ᠋ᠤᠯᠴᠤᠳ ᠤᠨ ᠰᠢᠯᠢᠳᠡᠭ᠌ ᠣᠳᠤᠮᠰᠢᠯ ᠣᠬᠠᠮᠰᠠᠷᠳᠤ ᠵᠠᠩ ᠵᠠᠩᠰᠢᠯ ᠶᠢᠡᠨ ᠶᠠᠷᠤᠨᠢ ᠭᠡᠭᠡᠵᠤ ᠣᠷᠭᠢᠭᠳᠠᠭᠤᠯᠤᠯ ᠦᠭᠡᠶ ᠦᠶ᠎ᠡ ᠣᠯᠠᠷᠢᠨ ᠣᠯᠠᠮᠵᠢᠯᠠᠨ ᠬᠠᠳᠠᠭᠠᠯᠠᠭᠰᠠᠭᠠᠷ ᠢᠷᠠᠵᠠᠢ᠃ ᠬᠤᠷᠴᠢᠨ ᠮᠤᠩᠭ᠋ᠤᠯᠴᠤᠳ ᠲᠤ ᠯᠠ ᠪᠠᠢ᠌ᠭ᠎ᠠ 《ᠬᠤᠪᠣᠩ》 ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠠᠯ ᠭᠤᠯᠤᠮᠳᠠ ᠶᠢᠨ ᠦᠵᠡᠯᠳᠠ ᠮᠠᠰᠢ ᠳᠤᠳᠤᠷᠬᠠᠢ᠃ ᠭᠤᠯᠤᠮᠳᠠ ᠭᠡᠭᠦ ᠥᠭᠡ ᠨᠢ ᠡᠷᠳᠡᠨ ᠳᠤ ᠪᠠᠨ ᠭᠠᠯ ᠮᠠᠨᠠᠬᠤ ᠣᠷᠤ ᠶᠢ ᠵᠢᠭᠠᠵᠤ ᠪᠠᠢ᠌ᠪᠠ᠃ ᠳᠠᠷᠠ ᠣᠷᠤ ᠨᠢ ᠮᠤᠩᠭ᠋ᠤᠯ ᠭᠡᠷ ᠤᠨ ᠳᠤᠯᠭ᠎ᠠ ᠶᠢᠨ ᠡᠮᠦᠨ᠎ᠡ ᠭᠤᠷᠪᠠᠨ ᠨᠢᠳᠤᠷᠭ᠎ᠠ ᠣᠷᠳᠤ᠂ ᠬᠤᠶᠠᠷ ᠨᠢᠳᠤᠷᠭ᠎ᠠ ᠬᠠᠭᠠᠰ ᠦᠷᠭᠡᠨ᠂ ᠳᠠᠤᠯᠠᠢ ᠶᠢᠨ ᠭᠡᠪᠳᠡᠰᠢ ᠭᠢᠷᠢ ᠭᠦᠨ ᠬᠤᠩᠬᠤᠷ ᠭᠠᠵᠠᠷ ᠪᠠᠢ᠌ᠪᠠ᠃ ᠪᠠᠢ᠌ᠰᠢᠩ ᠭᠡᠷ ᠲᠤ ᠰᠠᠭᠤᠬᠤ ᠪᠣᠯᠤᠭᠰᠠᠨ ᠬᠤᠷᠴᠢᠨ ᠮᠤᠩᠭ᠋ᠤᠯᠴᠤᠳ ᠤᠨ ᠭᠤᠯᠤᠮᠳᠠ ᠶᠢ ᠣᠷᠤᠯᠠᠭᠰᠠᠨ ᠨᠢ ᠬᠤᠪᠣᠩ ᠪᠣᠯᠤᠨ᠎ᠠ᠃ ᠭᠡᠷ ᠤᠨ ᠡᠵᠡᠨ ᠡᠴᠡ ᠭᠠᠯ ᠤᠨ ᠪᠣᠷᠬᠠᠨ ᠶᠢᠡᠨ ᠣᠠᠴᠠᠯᠠᠨ ᠰᠢᠳᠤᠵᠤ ᠠᠰᠳᠠᠭᠠᠨ 《ᠭᠠᠯ ᠤᠨ ᠣᠷᠤ》 ᠊᠊᠊᠊᠊᠊᠊᠊᠊᠊᠊᠊᠊᠊᠊᠊᠊᠊᠊᠊᠊᠊᠊᠊᠊᠊᠊᠊᠊᠊《ᠬᠤᠪᠣᠩ》 (火盆 ᠭᠡᠰᠡᠨ ᠭᠢᠳᠠᠤᠨ ᠥᠭᠡ ᠡᠴᠡ ᠢᠷᠡᠭ᠍ᠰᠡᠨ ᠪᠣᠯᠤᠯᠳᠠᠢ) ᠭᠡᠵᠤ ᠳᠦᠭᠦᠭᠡᠢ ᠳᠠᠮᠤᠷ ᠶᠢᠡᠷ ᠭᠢᠭ᠍ᠰᠡᠨ ᠳᠤᠰᠬᠠᠢ ᠭᠠᠯ ᠤᠨ ᠳᠤᠭᠤᠭ᠎ᠠ ᠪᠠᠯᠠᠳᠴᠤ ᠡᠳᠦᠷ ᠰᠦᠨᠢ ᠦᠭᠡᠶ᠂ ᠡᠪᠦᠯ ᠵᠤᠨ ᠭᠡᠵᠤ ᠢᠯᠭᠠᠯ ᠦᠭᠡᠶ᠂ ᠦᠨᠢ ᠡᠭᠦᠷᠢᠳᠡ᠂ ᠦᠶ᠎ᠡ ᠶᠢᠨ ᠦᠶ᠎ᠡ ᠳᠤ ᠪᠠᠨ ᠣᠠᠳᠠᠷᠠᠰᠢ ᠦᠭᠡᠶ ᠭᠠᠯ ᠤᠨ ᠭᠦᠷᠦᠩᠭᠡ ᠪᠠᠨ ᠬᠠᠳᠠᠭᠠᠯᠠᠵᠤ ᠮᠠᠰᠢ ᠭᠦᠡᠳᠦᠳᠭᠡᠨ ᠡᠷᠭᠢᠯᠡᠨ ᠶᠠᠪᠣᠨ᠎ᠠ᠃ ᠭᠡᠷᠪᠡ ᠭᠡᠷ ᠤᠨ ᠡᠵᠡᠨ ᠤ ᠳᠡᠭᠦᠤ ᠪᠠᠷᠢ ᠪᠣᠶᠤ ᠭᠦᠤ ᠪᠠᠷᠢ ᠨᠢ ᠠᠰᠳᠠᠭᠠᠨ ᠠᠢ᠌ᠯ ᠡᠷᠦᠭᠡ ᠪᠣᠯᠵᠤ ᠰᠠᠯᠵᠤ ᠭᠠᠷᠬᠤ ᠳᠤ ᠭᠦᠷᠪᠠᠯ᠂ ᠶᠡᠭᠡ ᠭᠡᠷ ᠤᠨ ᠶᠢᠡᠨ ᠬᠤᠪᠣᠩ ᠲᠡᠶ ᠭᠠᠯ ᠡᠴᠡ ᠭᠦᠷᠦᠩᠭᠡ ᠠᠪᠴᠤ ᠰᠢᠨ᠎ᠠ ᠭᠡᠷ ᠤᠨ ᠶᠢᠡᠨ ᠭᠠᠯ ᠢ ᠭᠦᠭ᠍ᠵᠢᠭᠡᠵᠤ ᠭᠠᠯ ᠭᠤᠯᠤᠮᠳᠠ ᠵᠠᠯᠭᠠᠮᠵᠢᠯᠠᠭᠰᠠᠨ ᠶᠢᠡᠨ ᠢᠯᠡᠷᠡᠭᠦᠯᠳᠡᠭ᠌᠃ ᠡᠭᠦᠨ ᠳᠤ ᠠᠢ᠌ᠯ ᠠᠢ᠌ᠮᠠᠭ ᠤᠨ ᠠᠬ᠎ᠠ ᠳᠡᠭᠦᠤ᠂ ᠳᠦᠷᠤᠯ ᠰᠠᠳᠤᠨ ᠨᠢ 《ᠭᠠᠯ ᠲᠡᠶ ᠪᠤᠯᠭᠠᠨ᠎ᠠ》 ᠭᠡᠵᠤ ᠰᠢᠨ᠎ᠠ ᠳᠤᠭᠤᠭ᠎ᠠ ᠰᠢᠨᠠᠭ᠎ᠠ᠂ ᠠᠶᠠᠭ᠎ᠠ ᠰᠠᠪᠬ᠎ᠠ ᠵᠡᠷᠭᠡ ᠪᠠᠷ ᠪᠠᠯᠡᠭ᠌ ᠪᠣᠯᠭᠠᠨ ᠭᠦᠷᠭᠡᠵᠤ ᠭᠠᠯ ᠭᠤᠯᠤᠮᠳᠠ ᠶᠢ ᠨᠢ ᠭᠦᠭ᠍ᠵᠢᠭᠡᠨ᠂ ᠭᠡᠢ᠌ᠮᠦᠷᠢ ᠶᠢ ᠨᠢ ᠪᠣᠰᠬᠠᠵᠤ ᠪᠠᠢ᠌ᠨ᠎ᠠ ᠭᠡᠵᠤ ᠴᠤᠭᠯᠠᠷᠠᠨ ᠢᠷᠡᠭᠦ ᠳᠤ ᠰᠢᠨ᠎ᠠ ᠭᠡᠷ ᠤᠨ ᠡᠵᠡᠨ ᠨᠢ ᠰᠢᠷᠡᠭᠡ ᠪᠣᠳᠠᠭ᠎ᠠ ᠪᠡᠯᠡᠳᠭᠡᠨ ᠶᠡᠭᠡᠯ᠎ᠡ ᠭᠦᠡᠳᠦᠳᠭᠡᠨ ᠵᠤᠴᠢᠯᠠᠵᠤ ᠳᠠᠯᠠᠷᠬᠠᠯ ᠤᠨ ᠰᠡᠳᠬᠢᠯᠭᠡ ᠪᠠᠨ ᠢᠯᠡᠳᠭᠡᠳᠡᠭ᠌᠃

ᠨᠢᠭᠡ᠂ ᠭᠠᠯ ᠢ ᠰᠢᠳᠦᠭᠦ ᠶᠢᠨ ᠣᠴᠢᠷ

ᠭᠠᠯ ᠢ ᠰᠢᠳᠦᠭᠦ ᠪᠣᠯ ᠮᠤᠩᠭ᠋ᠤᠯᠴᠤᠳ ᠤᠨ ᠪᠠᠯᠠᠷᠯᠢᠭ ᠦᠶ᠎ᠡ ᠳᠤ ᠪᠣᠢ ᠪᠣᠯᠤᠭᠰᠠᠨ ᠣᠵᠠᠭᠤᠷ ᠰᠤᠶᠤᠯ ᠮᠦᠨ᠃ ᠭᠠᠯ ᠤᠨ ᠰᠤᠳᠤᠷ ᠲᠤ 《ᠤᠳᠬᠠᠨ ᠭᠠᠯᠢᠬᠠᠨ ᠡᠭᠡ》 ᠭᠡᠵᠤ ᠭᠠᠷᠳᠠᠭ ᠨᠢ ᠪᠠᠯᠠᠷ ᠡᠷᠳᠡᠨ ᠤ ᠡᠭᠡᠴᠢᠯᠡᠯ ᠤᠨ ᠣᠪᠣᠭ ᠳᠦᠷᠤᠯ ᠤᠨ ᠨᠡᠢ᠌ᠭᠡᠮ ᠤᠨ ᠦᠶ᠎ᠡ ᠶᠢᠨ ᠣᠢ᠌ᠯᠠᠭᠠᠭᠳᠠᠬᠤᠨ ᠤ ᠣᠯᠠᠮᠵᠢᠯᠠᠯ ᠪᠣᠯᠬᠤ ᠶᠤᠮ᠃ ᠭᠠᠯ ᠤᠨ ᠪᠠᠯᠭᠡᠳᠤ ᠰᠢᠠᠵᠢ ᠨᠢ ᠭᠦᠭ᠍ᠵᠢᠯ ᠪᠠᠳᠠᠷᠠᠯ᠂ ᠠᠷᠢᠭᠤᠳᠬᠠᠯ ᠰᠢᠨᠡᠳᠭᠡᠯ᠂ ᠦᠷᠠᠵᠢᠯ ᠲᠦᠯᠵᠢᠯ ᠴᠢᠨᠠᠷ ᠳᠡᠭᠡᠷ᠎ᠡ ᠢᠯᠠᠷᠠᠯ ᠶᠢᠡᠨ ᠣᠯᠵᠠᠢ᠃

《ᠤᠳ᠋》 ᠭᠡᠰᠡᠨ ᠥᠭᠡ ᠶᠢ ᠳᠦᠷᠺ ᠭᠠᠷᠤᠯ ᠲᠡᠶ ᠭᠠᠯ ᠭᠡᠰᠡᠨ ᠥᠭᠡ ᠭᠡᠵᠤ ᠡᠷᠳᠡᠮᠳᠡᠨ ᠮᠡᠷᠭᠡᠳ ᠳᠠᠢ᠌ᠯᠪᠣᠷᠢᠯᠠᠵᠠᠢ᠃ 《ᠣᠳ᠋ ᠪᠠ ᠭᠠᠯ》 ᠭᠡᠰᠡᠨ ᠥᠭᠡ ᠶᠢᠨ ᠳᠤᠤᠷ᠎ᠠ 《ᠬᠠᠨ》 ᠳᠠᠭᠠᠪᠣᠷᠢ ᠵᠠᠯᠭᠠᠵᠤ 《ᠤᠳᠬᠠᠨ ᠭᠠᠯᠡᠢ᠌ᠬᠠᠨ》 ᠭᠡᠭᠦ ᠥᠭᠡ ᠪᠦᠳᠦᠭᠡᠵᠤ᠂ ᠭᠠᠯ ᠢ ᠡᠮ᠎ᠡ ᠭᠦᠢᠰᠦᠳᠡᠨ ᠪᠣᠶᠤ ᠡᠭᠡ ᠶᠢᠨ ᠪᠦᠷᠢᠯᠸ᠎ᠡ ᠪᠣᠯᠭᠠᠭᠠᠤᠨ ᠠᠮᠢ ᠨᠠᠰᠤ ᠣᠯᠭᠤᠬᠤ᠂ ᠳᠦᠷᠦᠭᠦ ᠡᠰᠡᠨᠢᠭᠦ ᠶᠢ ᠦᠢᠯᠡᠳᠬᠦ ᠶᠢᠨ ᠡᠭᠢ ᠡᠭᠦᠰᠦᠯ 《ᠡᠳᠦᠭᠡᠨ ᠡᠭᠡ》 ᠪᠠᠷ ᠦᠵᠡᠵᠤ ᠰᠢᠳᠦᠳᠡᠭ᠌ ᠪᠣᠯᠵᠠᠢ᠃ ᠬᠤᠷᠴᠢᠨ ᠮᠤᠩᠭ᠋ᠤᠯᠴᠤᠳ ᠤᠨ ᠠᠮᠠᠨ ᠶᠠᠷᠢᠶᠠᠨ ᠳᠤ 《ᠡᠳᠦᠭᠡᠨ》 ᠊ᠢ 《ᠥᠳᠦᠭᠡᠨ》 ᠭᠡᠳᠡᠭ᠌᠃ ᠥᠭᠡᠷ᠎ᠡ ᠪᠠᠷ ᠭᠡᠯᠡᠪᠠᠯ ᠡᠮᠡᠭ᠍ᠳᠡᠢ ᠭᠦᠮᠤᠨ ᠤ ᠪᠠᠯᠭᠡ ᠶᠢᠨ ᠡᠷᠭᠡᠳᠡᠨ ᠢ 《ᠥᠳᠦᠭ᠌》 ᠭᠡᠳᠡᠭ᠌᠃ ᠮᠤᠩᠭ᠋ᠤᠯ ᠤᠨ ᠣᠯᠠᠩᠭᠢ ᠳᠤᠯᠭᠤᠷ ᠪᠢᠴᠢᠭ᠌ ᠲᠤ ᠴᠤ 《ᠡᠳᠦᠭᠡᠨ᠂ ᠥᠳᠦᠭᠡᠨ᠂ ᠶᠡᠭᠡᠰ ᠭᠠᠵᠡᠷ》 ᠭᠡᠵᠤ ᠭᠠᠷᠳᠠᠭ ᠨᠢ ᠪᠠᠯᠠᠷ ᠡᠷᠳᠡᠨ ᠤ ᠦᠶ᠎ᠡ ᠳᠤ ᠰᠢᠳᠤᠨ ᠪᠢᠰᠢᠷᠠᠵᠤ ᠪᠠᠢ᠌ᠭᠰᠠᠨ ᠡᠮᠡᠭ᠍ᠳᠡᠢ ᠭᠦᠮᠤᠨ ᠤ ᠪᠠᠯᠭᠡ ᠶᠢᠨ ᠡᠷᠭᠡᠳᠡᠨ 《ᠥᠳᠦᠭ᠌》 ᠲᠤ ᠬᠤᠯᠪᠣᠭᠳᠠᠨ᠎ᠠ᠃ ᠡᠭᠦᠨ ᠡᠴᠡ ᠦᠵᠡᠪᠠᠯ ᠭᠠᠯ ᠤᠨ ᠪᠣᠷᠬᠠᠨ ᠪᠣᠯ ᠦᠷᠠᠵᠢᠯ ᠲᠦᠯᠵᠢᠯ ᠤᠨ ᠴᠢᠳᠠᠪᠣᠷᠢ ᠲᠡᠶ ᠡᠮ᠎ᠡ ᠭᠦᠢᠰᠦᠳᠤ ᠭᠦᠮᠤᠨ ᠪᠠᠢ᠌ᠵᠤ ᠳᠠᠭᠠᠷᠠᠨ᠎ᠠ᠃ ᠭᠠᠯ ᠶᠢᠡᠨ ᠳᠠᠭᠢᠵᠤ ᠰᠢᠳᠤᠨ ᠪᠠᠢ᠌ᠭ᠎ᠠ ᠨᠢ ᠦᠪᠡᠷ ᠤᠨ ᠣᠭᠰᠠᠭ᠎ᠠ ᠠᠢ᠌ᠮᠠᠭ ᠤᠨ ᠶᠢᠡᠨ ᠭᠦᠮᠤᠨ ᠠᠮᠠ ᠶᠢᠨ ᠳᠤᠭ᠎ᠠ ᠶᠢ ᠣᠯᠠᠰᠢᠷᠠᠭᠤᠯᠤᠨ ᠰᠦᠷ ᠭᠦᠴᠤᠨ ᠶᠢᠡᠨ ᠨᠡᠮᠡᠭ᠍ᠳᠡᠭᠦᠯᠭᠦ ᠶᠢᠨ ᠰᠠᠨᠠᠭ᠎ᠠ ᠶᠡᠭᠡ ᠦᠳᠭᠡᠨ ᠪᠠᠢ᠌ᠨ᠎ᠠ᠃ ᠪᠠᠯᠠᠷᠰᠢᠤ ᠦᠶ᠎ᠡ ᠶᠢᠨ ᠭᠦᠮᠦᠰ ᠤᠨ ᠣᠪᠣᠭ ᠠᠢ᠌ᠮᠠᠭ ᠤᠨ ᠬᠤᠭᠤᠷᠤᠠᠳᠤᠭᠢ ᠡᠯ᠎ᠡ ᠵᠣᠢ᠌ᠯ ᠤᠨ ᠪᠣᠯᠢᠶᠠᠯᠳᠤᠭᠠᠨ ᠨᠢ ᠪᠦᠷ ᠭᠦᠮᠤᠨ ᠤ ᠭᠦᠴᠤᠨ ᠳᠤ ᠳᠦᠰᠢᠭᠯᠡᠭᠦ ᠪᠣᠯᠬᠤᠷ ᠭᠦᠴᠤᠨ ᠶᠢᠡᠨ ᠨᠡᠮᠡᠭ᠍ᠳᠡᠭᠦᠯᠦᠶ᠎ᠡ ᠭᠡᠪᠠᠯ ᠭᠦᠮᠤᠨ ᠣᠯᠠᠨ ᠪᠠᠢ᠌ᠬᠤ ᠭᠡᠷᠡᠭ᠍ᠳᠡᠢ᠂ ᠭᠦᠮᠤᠨ ᠣᠯᠠᠨ ᠪᠣᠯᠤᠶ᠎ᠠ ᠭᠡᠪᠠᠯ ᠦᠷᠠᠵᠢᠯ ᠰᠠᠢ᠌ᠳᠠᠢ ᠡᠮ᠎ᠡ ᠪᠠᠯᠭᠡ ᠪᠠᠢ᠌ᠬᠤ ᠭᠡᠷᠡᠭ᠍ᠳᠡᠢ᠃

ᠮᠤᠩᠭ᠋ᠤᠯ ᠦᠨᠳᠦᠰᠦᠳᠠᠨ ᠤ ᠡᠭᠦᠰᠦᠯ ᠭᠠᠷᠤᠯ ᠤᠨ ᠳᠤᠬᠠᠢ ᠶᠠᠷᠢᠭᠰᠠᠨ 《ᠡᠷᠭᠦᠨ᠎ᠡ ᠬᠤᠨ ᠤ ᠳᠤᠮᠤᠭ》 ①ᠲ᠋ᠤ᠄

᠁ ᠮᠤᠩᠭ᠋ᠤᠯ ᠤᠨ ᠣᠯᠠᠨ ᠠᠢ᠌ᠮᠠᠭ ᠣᠭᠰᠠᠭᠠᠳᠠᠨ ᠡᠷᠭᠦᠨ᠎ᠡ ᠬᠤᠨ ᠡᠴᠡ ᠰᠢᠬᠠᠴᠠᠯᠳᠤᠨ ᠭᠠᠷᠬᠤ ᠳᠤ ᠪᠠᠨ ᠬᠤᠩᠭᠢᠷᠠᠤᠨ ᠠᠢ᠌ᠮᠠᠭ ᠤᠨ ᠭᠦᠮᠦᠰ ᠪᠣᠰᠤᠳ ᠤᠨ ᠭᠠᠯ ᠵᠤᠤᠬ᠎ᠠ ᠶᠢ ᠭᠢᠰᠭᠢᠵᠤ ᠭᠠᠷᠴᠠᠢ᠃ ᠬᠤᠵᠢᠮ ᠨᠢ ᠬᠤᠩᠭᠢᠷᠠᠤᠨ ᠭᠦᠮᠦᠰ ᠠᠶᠤᠮᠰᠢᠭᠳᠤ ᠪᠠᠮ ᠡᠪᠡᠳᠴᠢᠨ᠎ᠡ ᠨᠡᠷᠪᠠᠭ᠍ᠳᠡᠭ᠍ᠰᠡᠨ ᠭᠡᠳᠡᠭ᠌᠃ ᠢᠩᠭᠢᠭᠡᠳ ᠡᠷᠳᠡᠨ ᠤ ᠮᠤᠩᠭ᠋ᠤᠯᠴᠤᠳ ᠭᠠᠯ ᠪᠣᠯ ᠷᠢᠳᠢ ᠰᠢᠳᠢ ᠲᠡᠶ ᠬᠠᠮᠤᠭ ᠤᠨ ᠠᠷᠢᠭᠤᠨ ᠶᠠᠭᠤᠮ᠎ᠠ ᠮᠦᠨ᠃ ᠭᠠᠯ ᠤᠨ ᠳᠡᠭᠡᠭᠦᠷ ᠠᠯᠬᠤᠵᠤ ᠭᠠᠯ ᠤᠨ ᠪᠣᠷᠬᠠᠨ ᠢ ᠠᠭᠤᠷᠯᠠᠭᠤᠯᠵᠤ ᠪᠣᠯᠬᠤ ᠦᠭᠡᠶ᠃ ᠬᠤᠩᠭᠢᠷᠠᠳᠴᠤᠳ ᠭᠠᠯ ᠢ ᠭᠦᠡᠳᠦᠳᠭᠡᠭ᠍ᠰᠡᠨ ᠦᠭᠡᠶ ᠪᠣᠯᠬᠤᠷ ᠭᠠᠯ ᠤᠨ ᠰᠠᠭᠢᠭᠤᠯᠰᠤᠨ ᠳᠤ ᠰᠢᠳᠭᠡᠭ᠍ᠳᠡᠯ᠎ᠡ ᠭᠡᠵᠤ ᠥᠵᠡᠳᠡᠭ᠌ ᠪᠣᠯᠵᠠᠢ᠃

ᠬᠤᠷᠴᠢᠨ ᠮᠤᠩᠭ᠋ᠤᠯᠴᠤᠳ ᠭᠠᠯ ᠭᠤᠯᠤᠮᠳᠠ ᠶᠢ ᠮᠠᠰᠢ ᠡᠷᠭᠢᠮᠯᠡᠨ ᠭᠦᠡᠳᠦᠳᠭᠡᠳᠡᠭ᠌᠃ ᠭᠠᠯ ᠭᠤᠯᠤᠮᠳᠠ ᠪᠠᠨ ᠵᠠᠯᠭᠠᠮᠵᠢᠯᠠᠬᠤ᠂ ᠭᠠᠯ ᠭᠤᠯᠤᠮᠳᠠ ᠪᠠᠨ ᠰᠠᠭᠢᠬᠤ᠂ ᠭᠠᠯ ᠭᠤᠯᠤᠮᠳᠠ ᠪᠠᠨ ᠮᠠᠠᠳᠤᠭᠤᠯᠬᠤ ᠭᠡᠵᠤ ᠦᠷ᠎ᠡ ᠦᠨᠳᠦᠰᠦ ᠵᠠᠯᠭᠠᠵᠤ᠂ ᠣᠳᠤᠮ ᠣᠭᠰᠠᠭ᠎ᠠ ᠰᠠᠢ᠌ᠵᠢᠷᠠᠬᠤ᠂ ᠡᠭᠦᠳᠡ ᠡᠷᠦᠭᠡ ᠭᠡᠷᠡᠯᠳᠦᠵᠤ᠂ ᠦᠶ᠎ᠡ ᠣᠯᠠᠷᠢᠨ ᠥᠭᠡᠳᠡᠯᠡᠭᠦ ᠶᠢᠨ ᠰᠠᠢ᠌ᠨ ᠰᠠᠢ᠌ᠬᠠᠨ ᠭᠦᠰᠡᠯ ᠮᠦᠷᠦᠭᠡᠳᠦᠯ ᠲᠡᠶ ᠪᠠᠢ᠌ᠳᠠᠭ᠃

ᠡᠷᠳᠡᠨ ᠤ ᠮᠤᠩᠭ᠋ᠤᠯ ᠤᠨ ᠵᠠᠩᠰᠢᠯ ᠶᠢᠡᠷ ᠪᠣᠯ ᠳᠡᠭᠡᠳᠦᠰ ᠤᠨ ᠭᠠᠯ ᠭᠤᠯᠤᠮᠳᠠ ᠶᠢ ᠡᠴᠢᠭᠡ ᠡᠴᠡ ᠤᠳᠬᠤᠨ ᠭᠦᠤ ᠨᠢ ᠵᠠᠯᠭᠠᠮᠵᠢᠯᠠᠨ ᠰᠠᠭᠢᠨ᠎ᠠ᠃ ᠡᠨᠡ ᠭᠦ ᠵᠠᠩᠰᠢᠯ ᠨᠢ ᠴᠢᠩᠭᠢᠰ ᠤᠨ ᠶᠡᠭᠡ ᠮᠤᠩᠭ᠋ᠤᠯ ᠬᠠᠭᠠᠠᠳᠤ ᠣᠯᠤᠰ ᠪᠠᠢ᠌ᠭᠤᠯᠤᠭᠳᠠᠬᠤ ᠡᠴᠡ ᠬᠤᠯᠠ ᠡᠮᠦᠨ᠎ᠡ ᠨᠢᠭᠡᠨᠲᠡ ᠪᠣᠢ ᠪᠣᠯᠤᠭᠠᠤᠨ ᠪᠠᠢ᠌ᠭᠰᠠᠨ ᠪᠣᠯᠬᠤ ᠶᠢ ᠠᠯᠢ ᠣᠯᠠᠨ ᠳᠡᠦᠭᠡ ᠱᠠᠰᠳᠢᠷ ᠤᠨ ᠳᠡᠮᠳᠡᠭᠯᠡᠯ ᠤᠳ ᠭᠡᠷᠡᠴᠢᠯᠡᠵᠤ ᠪᠠᠢ᠌ᠨ᠎ᠠ᠃ ᠡᠷᠳᠡᠨ ᠤ ᠮᠤᠩᠭ᠋ᠤᠯᠴᠤᠳ ᠬᠠᠮᠤᠭ ᠪᠠᠭ᠎ᠠ ᠭᠦᠤ ᠪᠠᠨ 《ᠤᠳᠴᠢᠭᠢᠨ》 ᠭᠡᠵᠤ ᠨᠠᠷ᠎ᠠ ᠥᠭ᠍ᠳᠡᠭ᠌᠃ ᠡᠭᠦᠨ ᠳᠤ 《ᠤᠳ》 ᠭᠡᠳᠡᠭ᠌ ᠨᠢ 《ᠭᠠᠯ》 ᠭᠡᠭᠦ ᠤᠳᠬ᠎ᠠ ᠲᠡᠶ᠂ 《ᠴᠢᠭᠢᠨ ᠪᠣᠶᠤ ᠳᠢᠭᠢᠨ》 ᠭᠡᠳᠡᠭ᠌ ᠨᠢ 《ᠡᠵᠡᠨ》 ᠭᠡᠭᠦ ᠤᠳᠬ᠎ᠠ ᠲᠡᠶ᠂ ᠪᠦᠷ ᠴᠤ ᠳᠦᠷᠺ ᠭᠠᠷᠤᠯᠳᠠᠢ ᠥᠭᠡ ᠪᠣᠯᠤᠨ᠎ᠠ᠃ ᠳᠠᠷᠤᠢ 《ᠭᠠᠯ ᠤᠨ ᠡᠵᠡᠨ》᠂ 《ᠥᠪ ᠭᠦᠷᠦᠩᠭᠡ ᠶᠢᠨ ᠵᠠᠯᠭᠠᠮᠵᠢᠯᠠᠭᠴᠢ》᠂ 《ᠭᠠᠯ ᠭᠤᠯᠤᠮᠳᠠ ᠶᠢ ᠰᠠᠭᠢᠭᠴᠢ ᠭᠡᠷ ᠤᠨ ᠡᠵᠡᠨ》 ᠭᠡᠮᠡᠭᠦ ᠤᠳᠬ᠎ᠠ ᠲᠡᠶ ᠪᠣᠯᠠᠢ᠃ ᠵᠢᠱᠢᠶᠠᠯᠠᠪᠠᠯ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ 《ᠳᠦᠳᠦᠭᠡᠨ ᠤᠳᠴᠢᠭᠢᠨ》 ᠬᠠᠪᠣᠯ ᠬᠠᠭᠠᠨ ᠤ ᠪᠠᠭ᠎ᠠ ᠭᠦᠤ᠂ 《ᠠᠯᠳᠠᠨ ᠤᠳᠴᠢᠭᠢᠨ》 ᠬᠤᠳᠠᠯᠠ ᠬᠠᠭᠠᠨ ᠤ ᠪᠠᠭ᠎ᠠ ᠭᠦᠤ᠂ 《ᠳᠠᠷᠢᠳᠠᠢ ᠤᠳᠴᠢᠭᠢᠨ》 ᠪᠠᠷᠳᠠᠨ ᠪᠠᠭᠠᠳᠤᠷ ᠤᠨ ᠪᠠᠭ᠎ᠠ ᠭᠦᠤ᠂ ᠶ‍ᠢᠰᠦᠭᠡᠢ ᠪᠠᠭᠠᠳᠤᠷ ᠤᠨ ᠪᠠᠭ᠎ᠠ ᠳᠡᠭᠦᠤ᠂ ᠳᠠᠮᠤᠵᠢᠨ ᠤ ᠪᠠᠭ᠎ᠠ ᠠᠪᠠᠭ᠎ᠠ᠂ 《ᠳᠡᠮᠦᠭᠡ ᠤᠳᠴᠢᠭᠢᠨ》 ᠶ‍ᠢᠰᠦᠭᠡᠢ ᠪᠠᠭᠠᠳᠤᠷ ᠤᠨ ᠪᠠᠭ᠎ᠠ ᠭᠦᠤ᠂ ᠳᠠᠮᠤᠵᠢᠨ ᠤ ᠪᠠᠭ᠎ᠠ ᠳᠡᠭᠦᠤ᠁ ᠭᠡᠵᠤ ᠣᠯᠠᠨ ᠨᠠᠷᠠᠰ ᠳᠡᠮᠳᠡᠭᠯᠡᠭ᠍ᠳᠡᠳᠡᠭ᠌᠃ ᠴᠢᠩᠭᠢᠰ ᠬᠠᠭᠠᠨ ᠭᠦᠪᠠᠭᠦᠤᠨ ᠲᠤ ᠪᠠᠨ ᠬᠤᠪᠢ ᠬᠤᠪᠢᠯᠠᠵᠤ ᠦᠭ‍ᠭᠦ ᠳᠤ ᠪᠠᠨ ᠤᠳᠬᠤᠨ ᠭᠦᠪᠠᠭᠦᠨ ᠳᠤᠯᠤᠢ ᠳᠤ ᠭᠤᠤᠯ ᠤᠨ ᠣᠯᠤᠰ ᠶᠢᠡᠨ ᠳᠤᠰᠢᠶᠠᠵᠤ᠂ ᠭᠠᠯ ᠭᠤᠯᠤᠮᠳᠠ ᠪᠠᠨ ᠰᠠᠭᠢᠭᠤᠯᠤᠭᠰᠠᠨ ᠪᠠᠢ᠌ᠳᠠᠭ ᠨᠢ ᠪᠠᠰᠠ 《ᠨᠢᠭᠤᠴᠠ ᠳᠤᠪᠴᠢᠶᠠᠨ》 ᠳ᠋ᠤ ᠳᠡᠮᠳᠡᠭᠯᠡᠯ ᠲᠡᠶ᠃ ᠣᠳᠤ ᠬᠤᠷᠴᠢᠨ ᠮᠤᠩᠭ᠋ᠤᠯᠴᠤᠳ ᠲᠤ ᠬᠠᠮᠤᠭ ᠪᠠᠭ᠎ᠠ ᠭᠦᠤ ᠪᠠᠨ 《ᠤᠳᠭᠤᠨ》᠂ 《ᠤᠳᠭᠤᠡᠪᠠᠶᠡᠷ》᠂ 《ᠤᠳᠭᠤᠡᠪᠠᠭᠠᠳᠤᠷ》᠂ 《ᠤᠳᠭᠤᠡᠪᠢᠯᠢᠭ᠌》᠁ ᠭᠡᠵᠤ ᠨᠡᠷᠡᠯᠡᠳᠡᠭ᠌ ᠪᠠ ᠣᠯᠠᠨ ᠭᠡᠦᠭᠡᠨ ᠲᠡᠶ ᠪᠣᠯᠤᠭᠠᠤᠨ ᠭᠦᠤ ᠲᠡᠶ ᠪᠣᠯᠤᠶ᠎ᠠ ᠭᠡᠵᠤ ᠰᠠᠨᠠᠭᠰᠠᠨ ᠭᠦᠮᠤᠨ ᠪᠣᠶᠤ ᠪᠦᠷ ᠦᠬᠢᠨ ᠪᠣᠯᠤᠭᠠᠤᠨ ᠭᠦᠤ ᠠᠪᠣᠶ᠎ᠠ ᠭᠡᠵᠤ ᠰᠠᠨᠠᠭ᠎ᠠ ᠭᠦᠮᠤᠨ ᠪᠠᠰᠠ 《ᠤᠳᠭᠤᠡᠬᠤᠸᠡᠷ》 《ᠤᠳᠭᠤᠡᠴᠢᠮᠡᠭ᠌》 ᠭᠡᠭᠦ ᠨᠠᠷ᠎ᠠ ᠶᠢ ᠭᠡᠷᠡᠭᠯᠡᠳᠡᠭ᠌ ᠵᠠᠩᠰᠢᠯ ᠲᠡᠶ ᠪᠦᠭᠡᠳ ᠬᠠᠮᠤᠭ ᠪᠠᠭ᠎ᠠ ᠭᠦᠤ ᠳᠤ ᠪᠠᠨ ᠡᠭᠦᠳᠡ ᠡᠷᠦᠭᠡ ᠪᠠᠨ ᠮᠡᠳᠡᠭᠦᠯᠵᠤ᠂ ᠭᠤᠤᠯ ᠦᠪ ᠭᠦᠷᠦᠩᠭᠡ ᠪᠠᠨ ᠵᠠᠯᠭᠠᠮᠵᠢᠯᠠᠭᠤᠯᠵᠤ᠂ ᠭᠠᠯ ᠭᠤᠯᠤᠮᠳᠠ ᠪᠠᠨ ᠰᠠᠭᠢᠭᠤᠯᠳᠠᠭ᠃

《ᠮᠠᠠᠳᠤᠬᠠᠢ ᠰᠠᠴᠠᠨ ᠬᠠᠳᠤᠨ ᠤ ᠳᠤᠮᠤᠭ》 ᠳᠤ ᠬᠠᠪᠣᠳᠤ ᠬᠠᠰᠠᠷ ᠤᠨ ᠦᠷᠠᠳᠤᠰ᠂ ᠬᠤᠷᠴᠢᠨ ᠤ ᠦᠨᠡᠠᠪᠣᠯᠤᠳ ᠸᠠᠩ ᠬᠠᠭᠠᠨ ᠣᠷᠤ ᠰᠠᠭᠤᠵᠤ᠂ ᠬᠠᠮᠤᠭ ᠮᠤᠩᠭ᠋ᠤᠯ ᠢ ᠵᠠᠭᠢᠷᠠᠬᠤ ᠶᠢᠨ ᠲᠦᠯᠦᠭᠡ ᠮᠠᠠᠳᠤᠬᠠᠢ ᠰᠠᠴᠠᠨ ᠬᠠᠳᠤᠨ ᠳᠤ 《ᠭᠠᠯ ᠢ ᠴᠢᠨᠢ ᠴᠠᠭᠢᠵᠤ᠂ ᠨᠤᠳᠤᠭ ᠢ ᠴᠢᠨᠢ ᠵᠢᠭᠠᠵᠤ ᠥᠭ᠍ᠰᠤ》 ②ᠡᠷ᠎ᠡ ᠨᠥᠭᠦᠷ ᠴᠢᠨᠢ ᠪᠣᠯᠵᠤ᠂ ᠡᠵᠡᠨ ᠳᠦᠷᠤ ᠶᠢ ᠴᠢᠨᠢ ᠵᠠᠭᠢᠷᠴᠤ ᠦᠭ‍ᠭᠦᠶ᠎ᠡ ᠭᠡᠵᠤ ᠭᠡᠯᠡᠨ ᠥᠭ᠍ᠴᠡᠢ᠃ ᠭᠡᠳᠡᠯ᠎ᠡ ᠮᠠᠠᠳᠤᠬᠠᠢ ᠰᠠᠴᠠᠨ ᠬᠠᠳᠤᠨ ᠦᠪᠡᠷ ᠤᠨ ᠪᠠᠶ᠎ᠠ ᠶᠢᠨ ᠠᠮᠤᠷ ᠵᠢᠷᠭᠠᠯ ᠢ ᠠᠷᠤ ᠳᠤ ᠪᠠᠨ ᠳᠠᠪᠴᠢᠵᠤ᠂ ᠬᠠᠮᠤᠭ ᠮᠤᠩᠭ᠋ᠤᠯ ᠤᠨ ᠪᠦᠯᠭᠦᠮᠳᠡᠯ ᠨᠢᠭᠳᠠᠷᠠᠯ᠂ ᠨᠢᠭᠡᠳᠦᠯ ᠭᠦᠭ᠍ᠵᠢᠯ ᠤᠨ ᠡᠭᠦᠳᠡᠨ ᠡᠴᠡ ᠪᠣᠳᠤᠯᠭᠢᠯᠠᠵᠤ ᠴᠢᠩᠭᠢᠰ ᠤᠨ ᠠᠯᠳᠠᠨ ᠣᠷᠤᠭ ᠤᠨ ᠬᠣᠢ᠌ᠴᠢᠰ᠂ ᠪᠣᠯᠬᠤ ᠵᠢᠨᠤᠩ ᠪᠠᠶᠡᠡᠮᠦ᠋ᠩᠭᠡ ᠶᠢᠨ ᠳᠤᠯᠤᠭᠠᠬᠠᠨ ᠨᠠᠰᠤᠳᠠᠢ ᠦᠨᠦᠴᠢᠨ ᠭᠦᠪᠠᠭᠦᠨ ᠪᠠᠳᠦᠮᠦ᠋ᠩᠭᠡ ᠶᠢ 《ᠥᠭᠡᠭᠡᠭᠯᠡᠵᠤ》 ᠪᠦᠷᠭᠦᠭᠦᠯ ᠲᠡᠶ ᠳᠡᠷᠭᠡᠨ ᠳᠤ ᠰᠠᠭᠤᠯᠭᠠᠵᠤ ᠴᠢᠩᠭᠢᠰ ᠤᠨ ᠨᠢ᠋ᠮᠠᠨ ᠴᠠᠭᠠᠨ ᠣᠷᠳᠤᠨ ᠤ ᠡᠮᠦᠨ᠎ᠡ ᠰᠠᠭᠢᠯ ᠳᠤᠭᠳᠠᠭᠠᠨ ᠠᠮᠠᠨ ᠳᠠᠩᠭ᠋ᠠᠷᠢᠭ ᠥᠭ᠍ᠴᠤ᠂ ᠰᠠᠴᠤᠯᠢ ᠡᠷᠭᠦᠨ ᠦᠷ᠎ᠡ ᠶᠢᠨ ᠬᠤᠳᠤᠭ ᠭᠤᠶᠤᠨ᠄

ᠦᠷᠭᠡᠨ ᠶᠡᠭᠡ ᠡᠭᠦᠳᠡ ᠶᠢ ᠴᠢᠨᠤ ᠭᠦᠩᠭᠡᠨ ᠭᠡᠵᠤ

ᠦᠨᠳᠦᠷ ᠶᠡᠭᠡ ᠪᠣᠱᠤᠭ᠎ᠠ ᠶᠢ ᠴᠢᠨᠤ ᠪᠣᠭᠤᠨᠢ ᠭᠡᠵᠤ

ᠥᠭᠡᠷ᠎ᠡ ᠭᠦᠮᠤᠨ ᠳᠤ ᠡᠴᠢᠪᠠᠰᠤ

ᠥᠭᠡᠳᠡ ᠦᠭᠡᠶ ᠨᠠᠷ᠎ᠠ ᠨᠠᠳᠠ ᠬᠤᠴᠤᠷᠤᠮᠤᠢ

᠁ ᠁ ᠁

ᠪᠠᠯᠴᠢᠷ ᠦᠷ᠎ᠡ ᠶᠢ ᠴᠢᠨᠢ ᠪᠠᠭ᠎ᠠ ᠭᠡᠵᠤ

ᠪᠠᠰᠤᠵᠤ ᠳᠤᠷᠤᠮᠵᠢᠯᠠᠬᠤ ᠦᠭᠡᠶ ᠪᠢ

ᠪᠣᠯᠤᠳ ᠣᠩ ᠢ ᠶᠡᠭᠡ ᠭᠡᠵᠤ

ᠪᠣᠭᠳᠤᠯᠠᠭᠳᠠᠵᠤ ᠣᠴᠢᠬᠤ ᠦᠭᠡᠶ ᠪᠢ

᠁ ᠁ ᠁

ᠬᠠᠷᠠ ᠪᠠᠶ᠎ᠠ ᠪᠠᠨ ᠮᠠᠳᠠᠵᠤ ᠡᠴᠢᠪᠠᠰᠤ

ᠬᠨ ᠭᠤᠶ᠎ᠠ ᠡᠴᠡ ᠪᠠᠨ ᠬᠠᠭᠠᠴᠠᠰᠤ ᠪᠢ ᠭᠡᠵᠤ ᠠᠮᠠᠯᠠᠭᠠᠤᠨ ᠳᠠᠭᠢᠨ

᠁ ᠁ ᠁

ᠳᠤᠳᠤᠭᠠᠳᠤ ᠡᠩᠭᠡᠷ ᠲᠤᠷ ᠮᠢᠨᠢ

ᠳᠤᠯᠤᠭᠠᠨ ᠭᠦᠪᠠᠭᠦᠨ ᠳᠦᠷᠦᠭᠦᠯ᠃

ᠭᠠᠳᠠᠭᠠᠳᠤ ᠡᠩᠭᠡᠷ ᠲᠤᠷ ᠮᠢᠨᠢ

ᠭᠠᠭᠴᠠ ᠦᠬᠢᠨ ᠳᠦᠷᠦᠭᠦᠯ᠃

ᠳᠤᠤᠷᠠᠳᠤ ᠬᠠᠳᠤᠨ ᠨᠠᠳᠠ

ᠳᠤᠯᠤᠭᠠᠨ ᠨᠤᠭᠤᠨ ᠵᠠᠶᠠᠭᠠᠪᠠᠰᠤ

ᠳᠤᠯᠤᠭᠤᠯᠠ ᠳᠤᠷ ᠪᠣᠯᠤᠳ ᠨᠠᠷ᠎ᠠ ᠥᠭ᠍ᠴᠤ

ᠭᠠᠯ ᠭᠤᠯᠤᠮᠳᠠ ᠶᠢ ᠴᠢᠨᠢ ᠰᠠᠭᠢᠭᠤᠯᠤᠶ᠎ᠠ᠂

ᠭᠠᠵᠠᠷ ᠨᠤᠳᠤᠭ ᠢ ᠴᠢᠨᠢ ᠡᠵᠡᠯᠡᠭᠦᠯᠦᠶ᠎ᠡ ︕ ᠭᠡᠵᠤ ᠦᠷ᠎ᠡ ᠶᠢᠨ ᠬᠤᠳᠤᠭ ᠭᠤᠶᠤᠵᠤ᠂ ᠦᠨᠳᠦᠰᠦ ᠣᠭᠰᠠᠭ᠎ᠠ ᠶᠢ ᠨᠢ ᠵᠠᠯᠭᠠᠨ᠂ ᠬᠠᠭᠠᠨ ᠣᠷᠤ ᠶᠢ ᠨᠢ ᠡᠵᠡᠯᠡᠵᠤ᠂ ᠬᠠᠮᠤᠭ ᠮᠤᠩᠭ᠋ᠤᠯ ᠢ ᠵᠠᠭᠢᠷᠠᠭᠤᠯᠬᠤ ᠪᠠᠷ ᠳᠠᠩᠭ᠋ᠠᠷᠢᠭᠯᠠᠭᠠᠤᠨ ᠪᠠᠳᠦᠮᠦ᠋ᠩᠭᠡ ᠲᠡᠶ ᠣᠷᠤᠭᠯᠠᠵᠠᠢ᠃ ᠳᠡᠭᠡᠭᠡᠳ

《ᠰᠠᠢ᠌ᠨ ᠮᠠᠠᠳᠤᠬᠠᠢ ᠬᠠᠲ᠋ᠤᠨ ᠬᠠᠳᠤᠨ

ᠰᠠᠭᠠᠳᠠᠭ ᠠᠭᠰᠠᠵᠤ

ᠰᠠᠳᠠᠷᠠᠭᠰᠠᠨ ᠦᠰᠤᠨ ᠶᠢᠡᠨ ᠬᠤᠷᠢᠶᠠᠵᠤ᠂ ᠳᠦᠷᠪᠠᠨ ᠲᠦᠮᠡᠨ ᠤᠢ᠌ᠷᠠᠤᠨ ᠢ ᠳ᠋ᠠᠷᠤᠵᠤ᠂ ᠭᠡᠷ ᠮᠠᠯ ᠢ ᠳ᠋ᠤᠪᠳᠤᠯᠤᠨ᠂ ᠦᠨᠡᠰᠤᠨ ᠢ ᠢᠨᠤ ᠭᠡᠢ᠌ᠰ ᠭᠡᠪᠠᠢ᠃》 ③ᠡᠭᠦᠨ ᠳ᠋ᠠᠭᠢ 《ᠭᠠᠯ ᠭᠤᠯᠤᠮᠳᠠ》 ᠪᠣᠯ ᠳᠠᠷᠤᠢ ᠴᠢᠩᠭᠢᠰ ᠬᠠᠭᠠᠨ ᠤ ᠠᠯᠳᠠᠨ ᠣᠷᠤᠭ ᠤᠨ ᠣᠳᠤᠮ ᠣᠭᠰᠠᠭ᠎ᠠ ᠶᠢ ᠦᠶ᠎ᠡ ᠣᠯᠠᠷᠢᠨ ᠬᠠᠭᠠᠨ ᠣᠷᠤ ᠡᠵᠡᠯᠡᠵᠤ᠂ ᠬᠠᠮᠤᠭ ᠮᠤᠩᠭ᠋ᠤᠯ ᠶᠢᠡᠨ ᠵᠠᠭᠢᠷᠤᠨ᠂ ᠣᠯᠤᠰ ᠦᠨᠳᠦᠰᠦᠳᠠᠨ ᠶᠢᠡᠨ ᠭᠦᠭ᠍ᠵᠢᠭᠦᠯᠵᠤ ᠮᠠᠠᠳᠤᠭᠤᠯᠵᠤ ᠶᠠᠪᠣᠬᠤ ᠭᠡᠰᠡᠨ ᠠᠭᠤᠤ ᠰᠠᠨᠠᠭ᠎ᠠ᠂ ᠠᠤᠭ᠎ᠠ ᠪᠣᠳᠤᠯᠭ᠎ᠠ ᠶᠢ ᠳᠤᠰᠬᠠᠭᠰᠠᠨ ᠪᠠᠢ᠌ᠨ᠎ᠠ᠃ ᠳᠡᠭᠡᠭᠡᠳ ᠡᠩ ᠳᠡᠷᠢᠭᠦᠨ ᠳᠤ ᠴᠢᠩᠭᠢᠰ ᠤᠨ ᠠᠯᠳᠠᠨ ᠣᠷᠤᠭ ᠤᠨ ᠬᠠᠭᠠᠨ ᠣᠷᠤ ᠳᠤ ᠠᠶᠤᠯ ᠪᠣᠯᠵᠤ ᠪᠠᠢ᠌ᠭᠰᠠᠨ ᠭᠦᠴᠦᠷᠭᠡᠭ᠌ ᠳᠠᠢ᠌ᠰᠤᠨ ᠳᠦᠷᠪᠠᠨ ᠲᠦᠮᠡᠨ ᠤᠢ᠌ᠷᠠᠤᠨ ᠢ ᠰᠥᠨᠦᠭᠡᠵᠤ 《᠁ᠦᠨᠡᠰᠤᠨ ᠢ ᠢᠨᠤ ᠭᠡᠢ᠌ᠰ ᠭᠡᠪᠠᠢ᠃》 ᠭᠠᠯ ᠭᠤᠯᠤᠮᠳᠠ ᠶᠢ ᠨᠢ ᠬᠠᠷᠠᠯᠠᠭᠤᠯᠤᠭᠰᠠᠨ᠃ 《ᠮᠤᠩᠭ᠋ᠤᠯ ᠤᠨ ᠨᠢᠭᠤᠴᠠ ᠳᠤᠪᠴᠢᠶᠠᠨ》 §87.112.146.148 ᠳ᠋ᠤ 《ᠦᠨᠡᠰᠤ ᠪᠠᠷ ᠭᠡᠢ᠌ᠰᠭᠡᠭᠦ》 ᠭᠡᠭᠦ ᠥᠭᠡ ᠭᠠᠷᠳᠠᠭ ᠨᠢ ᠭᠦᠢᠰᠤ ᠳᠠᠮᠳᠠᠷᠢᠳᠠᠯ᠎ᠠ ᠭᠠᠯ ᠭᠤᠯᠤᠮᠳᠠ ᠶᠢ ᠨᠢ ᠳᠠᠰᠤᠯᠬᠤ ᠭᠡᠭᠦ ᠰᠠᠨᠠᠭ᠎ᠠ ᠲᠡᠶ ᠥᠭᠡ ᠪᠣᠯᠬᠤ ᠶᠤᠮ᠃ ᠳᠤᠬᠠᠢ᠌ᠯᠠᠪᠠᠯ᠂ 《ᠭᠤᠷᠪᠠᠨ ᠮᠡᠷᠭᠢᠳ ᠢ ᠣᠷᠤᠭ ᠤᠨ ᠣᠷᠤᠭ᠎ᠠ ᠭᠦᠷᠳᠡᠯ᠎ᠡ ᠦᠨᠡᠰᠤ ᠪᠠᠷ ᠭᠡᠢ᠌ᠰᠳᠡᠯ᠎ᠡ ᠥᠯᠢᠳᠭᠡᠪᠡ》 ᠭᠡᠵᠡᠢ᠃ ᠡᠢ᠌ᠮᠤ ᠡᠴᠡ ᠭᠠᠯ ᠢ ᠲᠤᠢ᠌ᠯ ᠤᠨ ᠡᠷᠭᠢᠮ ᠳᠡᠭᠡᠳᠤ ᠷᠢᠳ᠋ ᠰᠢᠳᠢ ᠲᠡᠶ ᠶᠠᠭᠤᠮ᠎ᠠ ᠪᠠᠷ ᠦᠵᠡᠵᠤ᠂ ᠠᠷᠢᠭᠤᠨ ᠴᠢᠨᠠᠷ ᠲᠡᠶ᠂ ᠢᠯᠴᠢ ᠪᠠ ᠭᠡᠷᠡᠯ ᠢ ᠠᠪᠴᠢᠷᠠᠭᠴᠢ ᠡᠳᠦᠭᠡᠨ ᠰᠠᠭᠢᠭᠤᠰᠤ ᠪᠣᠯᠭᠠᠵᠠᠢ᠃ ᠬᠤᠷᠴᠢᠨ ᠮᠤᠩᠭ᠋ᠤᠯᠴᠤᠳ ᠤᠨ ᠰᠡᠳᠭᠢᠭᠦᠢ ᠳᠤ ᠭᠠᠯ ᠪᠣᠯ ᠭᠦᠭ᠍ᠵᠢᠨ ᠪᠠᠳᠠᠷᠠᠵᠤ ᠲᠦᠯᠵᠢᠭᠦᠢ᠂ ᠦᠨᠢ ᠮᠥᠩᠭᠡ ᠣᠷᠤᠰᠢᠬᠤᠢ ᠶᠢᠨ ᠪᠠᠯᠭᠡ ᠳᠡᠮᠳᠡᠭ᠌ ᠪᠣᠯᠳᠠᠭ ᠪᠣᠯᠬᠤᠷ ᠦᠶ᠎ᠡ ᠵᠠᠯᠭᠠᠮᠵᠢᠯᠠᠬᠤ᠂ ᠥᠭᠡᠳᠡᠯᠡᠭᠦ ᠳᠡᠭ᠍ᠵᠢᠷᠡᠭᠦ ᠪᠣᠶᠤ ᠣᠭᠰᠠᠭ᠎ᠠ ᠳᠠᠰᠤᠷᠠᠬᠤ᠂ ᠥᠭᠡᠢ᠌ᠷᠡᠭᠦ ᠳᠤᠷᠣᠢ᠌ᠳᠠᠬᠤ ᠶᠢ ᠪᠦᠷ ᠭᠠᠯ ᠲᠡᠶ ᠬᠤᠯᠪᠣᠭᠳᠠᠭᠤᠯᠤᠨ ᠰᠡᠳᠭᠢᠳᠡᠭ᠌᠃ ᠳᠠᠷᠤᠢ ᠦᠷ᠎ᠡ ᠦᠨᠳᠦᠰᠦ ᠵᠠᠯᠭᠠᠮᠵᠢᠯᠠᠬᠤ ᠬᠡᠦᠬᠡᠳ ᠲᠡᠶ ᠪᠣᠯᠪᠠᠯ 《ᠭᠠᠯ ᠭᠤᠯᠤᠮᠳᠠ ᠪᠠᠨ ᠵᠠᠯᠭᠠᠯ᠎ᠠ》 ᠭᠡᠵᠤ ᠪᠠᠶᠠᠷᠯᠠᠨ ᠣᠮᠤᠭᠰᠢᠳᠠᠭ᠃ ᠡᠢ᠌ᠮᠤ ᠡᠴᠡ ᠤᠳᠬᠤᠨ ᠭᠦᠤ ᠪᠠᠨ 《ᠭᠤᠯᠤᠮᠳᠠ ᠶᠢᠨ ᠡᠵᠡᠨ》 ᠭᠡᠳᠡᠭ᠌᠃

ᠬᠤᠶᠠᠷ᠂ ᠭᠠᠯ ᠳᠠᠭᠢᠯᠭ᠎ᠠ ᠶᠢᠨ ᠶᠤᠰᠤᠨ

ᠬᠤᠷᠴᠢᠨ ᠮᠤᠩᠭ᠋ᠤᠯᠴᠤᠳ ᠤᠨ 《ᠭᠠᠯ ᠳᠠᠭᠢᠯᠭ᠎ᠠ ᠶᠢᠨ ᠶ‍ᠦᠰᠤᠨ》 ᠦᠨᠡᠨᠳᠡᠭᠡᠨ ᠪᠦᠭᠡ ᠶᠢᠨ ᠱᠠᠰᠢᠨ ᠡᠴᠡ ᠡᠭᠦᠰᠦᠯᠳᠡᠢ᠃ ᠭᠡᠳᠡᠯ᠎ᠡ 《ᠭᠠᠯ ᠳᠠᠭᠢᠯᠭ᠎ᠠ》 ᠶ᠋ᠢ ᠪᠠᠰᠠ ᠭᠠᠯ ᠤᠨ ᠪᠣᠷᠬᠠᠨ ᠶᠢᠡᠨ ᠳᠠᠭᠢᠨ᠎ᠠ ᠭᠡᠳᠡᠭ᠌ ᠶᠢᠡᠷ ᠦᠵᠡᠪᠠᠯ ᠴᠤᠯᠤ ᠪᠦᠭᠡ ᠶᠢᠨ ᠱᠠᠰᠢᠨ ᠤ ᠠᠵᠢᠯᠯᠠᠭ᠎ᠠ ᠪᠢᠰᠢ ᠮᠠᠳᠤ ᠰᠢᠷ᠎ᠠ ᠶᠢᠨ ᠱᠠᠰᠢᠨ ᠤ ᠥᠩᠭᠡ ᠪᠣᠳᠤᠭ ᠲᠡᠶ ᠪᠣᠯᠵᠠᠢ᠃ ᠪᠦᠭᠡ ᠶᠢᠨ ᠱᠠᠰᠢᠨ ᠪᠣᠯ ᠮᠤᠩᠭ᠋ᠤᠯᠴᠤᠳ ᠤᠨ ᠣᠤᠷ ᠱᠠᠰᠢᠨ ᠮᠦᠨ᠃ ᠣᠤᠯ ᠤᠨ ᠳᠠᠭᠢᠯᠭ᠎ᠠ ᠶᠢᠨ ᠡᠵᠡᠨ ᠤ 《ᠤᠳᠬᠤᠨ ᠦᠬᠢᠨ ᠳᠡᠭ᠍ᠷᠢ》 ᠪᠤᠯᠤᠨ᠎ᠠ᠃ ᠭᠧᠷᠮᠡᠨ ᠤ ᠮᠤᠩᠭ᠋ᠤᠯᠴᠢ ᠡᠷᠳᠡᠮᠳᠡᠨ ᠸ·ᠾᠢ᠌ᠰᠰᠢᠭ᠌ ᠪᠠᠭᠰᠢᠳᠠᠨ ᠤ ᠬᠤᠷᠴᠢᠨ ᠨᠤᠳᠤᠭ ᠡᠴᠡ ᠣᠯᠵᠤ ᠠᠪᠣᠭᠰᠠᠨ 《ᠭᠠᠯ ᠳᠡᠭ᠍ᠷᠢ ᠳᠠᠭᠢᠬᠤ ᠰᠤᠳᠤᠷ ᠣᠷᠤᠰᠢᠪᠠᠢ》 ᠳ᠋ᠤ

ᠶ‍ᠢᠰᠦᠭᠡᠢ ᠪᠣᠭᠳᠠ ᠶᠢᠨ ᠴᠠᠭᠢᠭᠰᠠᠨ

ᠥᠭᠡᠯᠤᠨ ᠡᠭᠡ ᠶᠢᠨ ᠥᠯᠢᠶᠡᠭ᠍ᠰᠡᠨ

ᠬᠠᠷ᠎ᠠ ᠴᠢᠯᠠᠭᠤᠨ ᠡᠭᠡᠳᠤ

ᠬᠠᠳᠤᠨ ᠳᠠᠮᠤᠷ ᠡᠴᠢᠭᠡᠳᠤ

ᠤᠳᠬᠤᠨ ᠭᠠᠯᠢᠬᠠᠨ ᠮᠢᠨᠢ ᠭᠡᠵᠤ ᠰᠢᠯᠦᠭᠯᠡᠳᠡᠭ᠌ ᠪᠣᠶᠤ 《ᠤᠳᠬᠤᠨ ᠭᠠᠯ ᠡᠭᠡᠨ ᠮᠢᠨᠢ》 ᠭᠡᠵᠤ ᠳᠠᠭᠤᠳᠠᠳᠠᠭ᠃

ᠰᠡᠭᠦᠯᠡᠷ ᠮᠤᠩᠭ᠋ᠤᠯ ᠣᠷᠤᠨ ᠳᠤ ᠪᠣᠳ᠋ᠳ᠋ᡁᠨ ᠶᠢᠨ ᠱᠠᠰᠢᠨ ᠤ ᠨᠠᠪᠴᠢᠨ ᠳᠡᠯᠭᠡᠷᠡᠭᠦ ᠪᠠᠷ ᠳᠠᠮᠵᠢᠭᠠᠤᠨ ᠭᠠᠯ ᠳᠠᠭᠢᠯᠭ᠎ᠠ ᠶᠢᠨ ᠶᠤᠰᠤᠨ ᠨᠢ ᠳᠠᠩ ᠭᠠᠭᠴᠠ ᠪᠦᠭᠡ ᠮᠦᠷᠭᠦᠯ ᠤᠨ ᠨᠤᠮᠯᠠᠯ ᠶᠢᠡᠷ ᠣᠢ᠌ᠯᠠᠳᠴᠤ ᠪᠠᠢ᠌ᠭᠰᠠᠨ ᠡᠴᠡ ᠪᠠᠨ ᠬᠤᠪᠢᠰᠤᠭᠠᠤᠨ ᠰᠢᠷ᠎ᠠ ᠶᠢᠨ ᠱᠠᠰᠢᠨ ᠤ ᠰᠥᠰᠦᠭ᠌ ᠪᠢᠰᠢᠷᠠᠯ ᠤᠨ ᠠᠭᠤᠯᠭ᠎ᠠ ᠦᠣᠡᠭᠡᠷᠡᠵᠤ ᠢᠷᠠᠵᠠᠢ᠃ ᠭᠡᠳᠥᠢᠪᠠᠷ 《ᠭᠠᠯ ᠤᠨ ᠳᠠᠭᠢᠯᠭ᠎ᠠ》 ᠨᠢ 《ᠭᠠᠯ ᠤᠨ ᠪᠣᠷᠬᠠᠨ ᠤ ᠳᠠᠭᠢᠯᠭ᠎ᠠ》 ᠪᠣᠯᠵᠤ ᠨᠠᠷ᠎ᠠ ᠨᠢ ᠬᠤᠪᠢᠷᠠᠭᠰᠠᠨ ᠪᠣᠯᠪᠠᠴᠤ ᠮᠦᠨ ᠯᠠ 《ᠤᠳᠬᠤᠨ ᠦᠬᠢᠨ ᠳᠡᠭ᠍ᠷᠢ》 ᠶ᠋ᠢᠨ ᠳᠠᠭᠢᠯᠭ᠎ᠠ ᠪᠠᠷ ᠶᠢᠡᠨ ᠪᠠᠢ᠌ᠭᠰᠠᠭᠠᠷ ᠪᠢᠯᠠ᠃ ᠳᠡᠭᠡᠭᠦ ᠪᠠᠷ ᠶᠢᠡᠷ ᠲᠦᠪᠡᠳ ᠤᠨ ᠰᠦᠮ᠎ᠡ ᠭᠡᠢ᠌ᠳ ᠭᠠᠯ ᠳᠠᠭᠢᠳᠠᠭ ᠦᠭᠡᠶ᠂ ᠵᠥᠪᠭᠡᠨ ᠮᠤᠩᠭ᠋ᠤᠯ ᠣᠷᠤᠨ ᠤ ᠰᠦᠮ᠎ᠡ ᠭᠡᠢ᠌ᠳ ᠯᠠ ᠭᠠᠯ ᠳᠠᠭᠢᠳᠠᠭ ᠭᠡᠨ᠎ᠡ᠃ ᠳᠠᠮᠤᠵᠢᠨ ᠢ ᠬᠠᠮᠤᠭ ᠮᠤᠩᠭ᠋ᠤᠯ ᠠᠢ᠌ᠮᠠᠭ ᠤᠨ ᠬᠠᠭᠠᠨ ᠪᠣᠯᠬᠤ ᠶᠢ ᠵᠢᠭᠠᠷᠢᠨ ᠳᠡᠭ᠍ᠷᠢ ᠶᠢᠨ ᠵᠠᠭᠢᠶ᠎ᠠ ᠪᠠᠷ ᠬᠤᠷᠴᠢ ᠪᠦᠭᠡ ᠵᠦᠩᠨᠠᠯ᠎ᠠ ᠭᠡᠵᠤ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠳᠡᠮᠳᠡᠭᠯᠡᠭ᠍ᠰᠡᠨ ᠪᠠ ᠳᠠᠪ ᠳᠡᠭ᠍ᠷᠢ ᠪᠦᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠭᠡᠴᠤ ᠡᠴᠡ 《ᠴᠢᠩᠭᠢᠰ ᠬᠡᠭᠡᠨ》 ᠭᠡᠮᠡᠨ ᠨᠡᠷᠡᠯᠡᠭᠡᠳ ᠳᠠᠮᠤᠵᠢᠨ ᠤ ᠬᠠᠮᠤᠭ ᠮᠤᠩᠭ᠋ᠤᠯ ᠶᠢᠡᠨ ᠬᠤᠷᠢᠶᠠᠵᠤ ᠬᠠᠭᠠᠠᠳᠤ ᠳᠦᠷᠤ ᠶᠢ ᠪᠠᠢ᠌ᠭᠤᠯᠬᠤ ᠳᠤ ᠳᠤᠩ ᠴᠢᠬᠤᠯᠠ ᠨᠥᠯᠦᠭᠡ ᠥᠵᠡᠭᠦᠯᠦᠭ᠍ᠰᠡᠨ ᠪᠣᠯᠬᠤᠷ ᠳᠦᠷᠤ ᠱᠠᠰᠢᠨ ᠬᠤᠶᠠᠷ ᠢ ᠬᠠᠮᠳᠤ ᠳ᠋ᠤᠨᠢ ᠡᠷᠭᠡᠰᠢᠶᠡᠭ᠍ᠰᠡᠨ ᠬᠠᠮᠤᠭ ᠮᠤᠩᠭ᠋ᠤᠯᠴᠤᠳ ᠤᠨ ᠬᠠᠭᠠᠨ ᠭᠡᠮᠡᠨ ᠳᠤᠩᠬᠠᠭᠯᠠᠭᠰᠠᠨ ᠪᠠᠢ᠌ᠨ᠎ᠠ᠃ ᠬᠤᠷᠴᠢᠨ ᠪᠦᠭᠡ ᠶᠢᠨ ᠵᠤᠯ ᠶᠢᠡᠷ ᠥᠯᠡᠳᠡᠭ᠍ᠰᠡᠨ ᠨᠢ ᠬᠤᠷᠴᠢᠨ ᠰᠤᠶᠤᠯ ᠤᠨ ᠵᠠᠪᠰᠢᠶᠠᠨ ᠭᠡᠵᠤ ᠦᠵᠡᠯᠳᠠᠢ᠃ ᠪᠦᠭᠡ ᠶᠢᠨ ᠪᠠᠢ᠌ᠭᠠᠯᠢᠯᠢᠭ ᠰᠤᠶᠤᠯ ᠳᠤ ᠳᠠᠭᠤᠤ ᠭᠦᠭ᠍ᠵᠢᠮ᠂ ᠪᠦᠵᠢᠭ᠌ ᠳᠤᠭᠯᠠᠭᠠᠮ᠂ ᠵᠠᠩ ᠵᠠᠩᠰᠢᠯ᠂ ᠱᠠᠰᠢᠨ ᠰᠤᠷᠳᠠᠬᠤᠨ ᠤ ᠵᠡᠷᠭᠡ ᠶᠢᠨ ᠣᠯᠠᠨ ᠳᠠᠯ᠎ᠠ ᠪᠠᠢ᠌ᠬᠤ ᠪᠠᠷ ᠪᠠᠷᠠᠬᠤ ᠦᠭᠡᠶ ᠵᠠᠩ ᠵᠠᠩᠰᠢᠯ ᠤᠨ ᠳᠤᠳᠤᠷ᠎ᠠ ᠨᠢ ᠭᠠᠯ ᠢ ᠭᠦᠡᠳᠦᠳᠭᠡᠨ᠂ ᠭᠠᠯ ᠰᠢᠳᠦᠭᠦ ᠵᠠᠩ ᠵᠠᠩᠰᠢᠯ ᠨᠢ ᠮᠦᠨ ᠨᠢᠭᠡᠨ ᠴᠢᠬᠤᠯᠠ ᠨᠢᠭᠡᠨ ᠠᠭᠤᠯᠭ᠎ᠠ ᠪᠣᠯᠤᠨ᠎ᠠ᠃ ᠣᠴᠢᠷ ᠨᠢ ᠪᠦᠭᠡ ᠶᠢᠨ ᠱᠠᠰᠢᠨ ᠨᠢ ᠡᠴᠢᠭᠡ ᠳᠡᠭ᠍ᠷᠢ᠂ ᠡᠭᠡ ᠭᠠᠵᠠᠷ᠂ ᠠᠷᠢᠭᠤᠨ ᠭᠠᠯ ᠭᠡᠵᠤ 《ᠳᠡᠭ᠍ᠷᠢ᠂ ᠭᠠᠵᠠᠷ᠂ ᠭᠠᠯ》 ᠭᠤᠷᠪᠠ ᠶᠢ ᠭᠤᠤᠯ ᠰᠢᠳᠦᠭᠦ ᠶᠤᠮ᠃ ᠭᠠᠯ ᠤᠨ 《ᠳᠠᠭᠢᠯᠭ᠎ᠠ ᠶᠢᠨ ᠰᠤᠳᠤᠷ》 ᠲᠤ

ᠰᠦᠮᠪᠦᠷ ᠠᠭᠤᠯᠠ ᠶᠢ ᠳᠤᠪᠣ ᠳᠠᠳᠤᠢ ᠪᠠᠢ᠌ᠬᠤ ᠳᠤ

ᠰᠦᠨ ᠳᠠᠯᠠᠢ ᠶᠢ ᠱᠠᠯᠪᠠᠭ ᠳᠠᠳᠤᠢ ᠪᠠᠢ᠌ᠬᠤ ᠳᠤ

ᠬᠠᠭᠠᠨ ᠡᠴᠢᠭᠡ ᠶᠢᠨ ᠴᠠᠭᠢᠭᠰᠠᠨ

ᠬᠠᠳᠤᠨ ᠡᠭᠡ ᠶᠢᠨ ᠭᠦᠯᠢᠶᠡᠭ᠍ᠰᠡᠨ

ᠬᠠᠳᠠᠭᠤ ᠳᠠᠮᠤᠷ ᠡᠴᠢᠭᠡ ᠳᠤ

ᠬᠠᠢ᠌ᠷ ᠴᠢᠯᠠᠭᠤᠨ ᠡᠭᠡ ᠳᠤ

ᠬᠠᠢ᠌ᠯᠠᠰᠤ ᠶᠢᠨ ᠮᠤᠳᠤᠨ ᠠᠮᠢ ᠳᠤ

ᠬᠠᠳᠠᠭᠰᠠᠨ ᠠᠷᠭᠠᠯ ᠤᠨ ᠴᠤᠭ ᠲᠤ

ᠥᠭᠡᠭᠦ ᠳᠤᠰᠤᠨ ᠢᠳᠠᠰᠢ ᠳᠤ

ᠡᠪᠴᠢᠭᠦᠤ ᠰᠠᠮᠡᠵᠡᠨ ᠳᠠᠭᠢᠯᠭ᠎ᠠ ᠳᠤ

ᠭᠠᠯ ᠭᠠᠯᠠᠢ᠌ᠬᠠᠨ ᠡᠭᠡ ᠳᠡᠭᠡᠨ

ᠭᠠᠯ ᠪᠠᠳᠠᠷᠠᠭᠠᠬᠤ ᠰᠢᠷ᠎ᠠ ᠳᠤᠰᠤ

ᠱᠠᠷᠵᠠ ᠠᠷᠢᠭᠢ ᠪᠠᠨ ᠳᠤᠰᠤᠭᠠᠨᠠᠮ

ᠪᠣᠶᠠᠨ ᠭᠡᠰᠢᠭ᠌ ᠬᠤᠷᠤᠢ ︕ ᠬᠤᠷᠤᠢ ︕ ᠬᠤᠷᠤᠢ ︕ ᠭᠡᠵᠤ ᠭᠦᠪᠪᠦᠨ ᠳᠠᠪᠢᠨ ᠭᠦᠭ᠍ᠰᠡᠨ ᠪᠦᠵᠢᠭᠯᠡᠵᠤ᠂ ᠰᠢᠯᠦᠭᠯᠡᠨ ᠳᠠᠭᠤᠯᠠᠵᠤ 《ᠡᠳᠦᠷᠵᠢᠨ ᠰᠦᠨᠢᠵᠢᠨ ᠣᠠᠳᠠᠷᠠᠰᠢ ᠦᠭᠡᠶ᠂ ᠦᠶ᠎ᠡ ᠶᠢᠨ ᠦᠶ᠎ᠡ ᠳᠤ ᠪᠠᠨ ᠳᠠᠰᠤᠷᠠᠰᠢ ᠦᠭᠡᠶ》 ᠦᠷᠭᠦᠯᠵᠢᠯᠡᠨ ᠪᠠᠳᠠᠷᠠᠨ ᠡᠭᠦᠷᠢᠳᠡ ᠳᠦᠷᠠᠯᠵᠠᠵᠤ 《ᠭᠡᠷᠡᠯ ᠶᠢᠡᠷ ᠶᠢᠡᠨ ᠭᠡᠢ᠌ᠭᠦᠯᠵᠤ᠂ ᠭᠡᠭᠡᠨ ᠶᠢᠡᠷ ᠶᠢᠡᠨ ᠢᠪᠠᠭᠡᠵᠤ》 ᠪᠠᠢ᠌ᠳᠠᠭ ᠭᠡᠷᠡᠯ ᠭᠢᠯᠪᠠᠭ᠎ᠠ ᠶᠢᠨ ᠪᠠᠯᠭᠡ ᠳᠡᠮᠳᠡᠭ᠌᠂ ᠪᠣᠵᠠᠷ ᠪᠣᠷᠳᠠᠭ ᠢ ᠠᠷᠢᠯᠭᠠᠨ ᠰᠤᠶᠤᠷᠬᠠᠭᠴᠢ ᠠᠷᠢᠭᠤᠨ ᠴᠠᠪᠠᠷ ᠤᠨ ᠪᠠᠯᠭᠡ ᠳᠡᠮᠳᠡᠭ᠌᠂ ᠪᠣᠷᠤᠯᠠᠭᠤᠯᠤᠨ ᠴᠢᠨᠠᠵᠤ᠂ ᠪᠣᠯᠭᠠᠨ ᠢᠳᠡᠭᠦᠯᠳᠡᠭ᠌ ᠪᠣᠯᠪᠠᠰᠤᠨ ᠤ ᠪᠠᠯᠭᠡ ᠳᠡᠮᠳᠡᠭ᠌ ᠭᠡᠵᠤ ᠥᠵᠡᠳᠡᠭ᠌ ᠪᠦᠭᠡᠳ

ᠰᠢᠯᠢ ᠰᠠᠢ᠌ᠳᠤ ᠭᠦᠪᠠᠭᠦᠨ ᠲᠡᠶ ᠪᠣᠯᠭᠠᠬᠤ ᠴᠢ

ᠰᠢᠪᠠᠷᠭᠡᠯ ᠰᠠᠢ᠌ᠳᠤ ᠪᠠᠷᠢ ᠲᠡᠶ ᠪᠣᠯᠭᠠᠬᠤ ᠴᠢ

ᠰᠢᠯᠤᠭᠤᠨ ᠰᠠᠢ᠌ᠬᠠᠨ ᠦᠬᠢᠨ ᠲᠡᠶ ᠪᠣᠯᠭᠠᠬᠤ ᠴᠢ

᠁ ᠁ ᠁

ᠡᠩ ᠦᠭᠡᠶ ᠳᠤᠷᠭ᠎ᠠ ᠶᠢ ᠡᠰᠭᠡᠵᠤ

ᠡᠩᠭᠡᠷ ᠵᠠᠭᠠᠮ᠎ᠠ ᠶᠢ ᠵᠠᠯᠭᠠᠵᠤ

ᠡᠩᠭᠡ ᠮᠥᠩᠭᠡ ᠵᠢᠷᠭᠠᠬᠤ ᠪᠣᠯᠳᠤᠭᠠᠢ ︕ ᠭᠡᠵᠤ ᠦᠷ᠎ᠡ ᠬᠡᠦᠬᠡᠳ ᠡᠰᠡᠨ ᠮᠠᠠᠳᠤ᠂ ᠡᠷᠦᠭᠡ ᠭᠡᠷ ᠥᠭᠡᠳᠡ ᠡᠰᠡᠷᠡᠭ᠌ ᠪᠣᠯᠬᠤ ᠶᠢ ᠭᠦᠰᠡᠨ ᠭᠠᠯ ᠤᠨ ᠪᠣᠷᠬᠠᠨ ᠳᠤ ᠪᠠᠨ ᠳᠠᠭᠠᠳᠬᠠᠵᠤ ᠵᠠᠯᠪᠢᠷᠠᠵᠤ ᠪᠠᠢ᠌ᠳᠠᠭ᠃ ᠦᠨᠦᠳᠤᠷ ᠬᠤᠷᠴᠢᠨ ᠮᠤᠩᠭ᠋ᠤᠯᠴᠤᠳ ᠤᠨ 《ᠭᠠᠯ ᠤᠨ ᠳᠠᠭᠢᠯᠭ᠎ᠠ》 ᠳ᠋ᠤ ᠭᠠᠯ ᠢ ᠨᠤᠳᠤᠭ ᠣᠰᠤᠨ ᠤ ᠭᠡᠢ ᠳᠠᠷᠤᠯᠭ᠎ᠠ᠂ ᠣᠷᠤᠨ ᠰᠠᠭᠤᠴᠠ ᠶᠢᠨ ᠨᠠᠪᠳᠠᠭ ᠰᠠᠪᠳᠠᠭ ᠢ ᠪᠠᠶᠠᠰᠬᠠᠭᠴᠢ᠂ ᠡᠵᠡᠳ ᠳᠤᠭᠰᠢᠳ ᠢ ᠳᠠᠷᠤᠩᠭ᠋ᠣᠢ᠌ᠯᠠᠭᠴᠢ ᠭᠡᠵᠤ ᠥᠵᠡᠳᠡᠭ᠌᠃ ᠳᠠᠷᠬᠠᠨ ᠬᠤᠰᠢᠭᠤᠨ ᠤ ᠱᠸᠪᠠᠷᠳᠤ ᠪᠠᠯᠭᠠᠰᠤᠨ ᠤ ᠪᠦᠳᠦᠭᠦᠨ ᠮᠤᠳᠤᠨ ᠠᠢ᠌ᠯ ᠤᠨ ᠵᠠᠯᠠᠭᠤ ᠪᠦᠭᠡ ᠳᠡᠭ᠍ᠰᠢᠪᠠᠶᠡᠷ ᠡᠴᠡ

ᠡᠭᠦᠯᠡᠨ ᠽᠠᠠᠳᠠᠨ ᠮᠤᠳᠤ ᠶᠢ ᠭᠡᠡᠵᠡ ᠶᠠ

ᠡᠷᠦᠭᠡ ᠶᠢᠨ ᠳᠤᠮᠳᠠ ᠪᠠᠨ ᠭᠦᠭ᠍ᠵᠢᠭᠡᠶ᠎ᠡ ᠭᠡᠡᠵᠡ ᠶᠠ ︕

ᠡᠩᠭᠡ ᠶᠢᠨ ᠭᠠᠯ ᠤᠨ ᠣᠳᠤᠭ᠎ᠠ ᠪᠠᠷ ᠭᠡᠡᠵᠡ ᠶᠠ

ᠡᠵᠡᠳ ᠰᠠᠭᠢᠭᠤᠯᠰᠤᠨ ᠢ ᠪᠠᠭᠤᠯᠭᠠᠶ᠎ᠠ ᠭᠡᠡᠵᠡ ᠶᠠ ︕

᠁ ᠁ ᠁

ᠰᠠᠩᠭᠢᠭᠠᠤᠨ ᠭᠠᠷᠬᠤ ᠣᠳᠤᠭ᠎ᠠ ᠭᠡᠡᠵᠡ ᠶᠠ ︕

ᠰᠠᠭᠢᠭᠤᠯᠰᠤᠨ ᠡᠵᠡᠳ ᠢ ᠵᠠᠯᠠᠶ᠎ᠠ ᠭᠡᠡᠵᠡ ᠶᠠ ︕

ᠰᠠᠭᠤᠭᠰᠠᠨ ᠨᠤᠳᠤᠭ ᠣᠰᠤ ᠳᠤᠭᠰᠢᠷᠠᠵᠠᠢ ᠭᠡᠡᠵᠡ ᠶᠠ ︕

ᠰᠠᠭᠠᠤᠨ ᠦᠭᠡᠶ ᠰᠠᠢ᠌ᠨ ᠳᠠᠷᠤᠶ᠎ᠠ ᠭᠡᠡᠵᠡ ᠶᠠ ︕ ᠭᠡᠵᠤ ᠭᠦᠷᠢᠶᠡᠨ ᠳᠤᠮᠳᠠ ᠪᠠᠨ ᠭᠠᠯ ᠶᠢᠡᠨ ᠪᠣᠰᠬᠠᠵᠤ ᠳᠤᠭᠤᠷᠢᠨ ᠪᠦᠵᠢᠭᠯᠡᠵᠤ᠂ ᠳᠠᠯ᠎ᠠ ᠭᠡᠩᠭᠡᠷᠭᠡ ᠪᠠᠨ ᠳᠠᠯᠠᠳᠤᠨ ᠳᠠᠭᠤᠯᠠᠵᠤ ᠪᠦᠵᠢᠭᠯᠡᠵᠤ ᠪᠠᠢ᠌ᠪᠠ᠃ ᠡᠢ᠌ᠮᠦᠷᠭᠦ 《ᠭᠠᠯ ᠳᠠᠭᠢᠯᠭ᠎ᠠ》 ᠨᠢ ᠣᠯᠠᠩᠭᠢ ᠳᠤ ᠪᠠᠨ ᠰᠢᠨ᠎ᠠ ᠭᠡᠷ ᠪᠠᠷᠢᠵᠤ ᠨᠡᠭᠦᠵᠤ ᠣᠷᠤᠬᠤ ᠪᠣᠶᠤ ᠭᠡᠷ ᠪᠦᠯᠢ ᠶᠢᠨ ᠭᠦᠮᠦᠰ ᠡᠪᠡᠳᠴᠢᠨ ᠳᠠᠬᠤᠯ ᠭᠦᠷᠭᠦ ᠪᠠᠷ ᠨᠢ ᠭᠠᠵᠷ ᠣᠰᠤ ᠬᠠᠳᠠᠭᠤ ᠳᠤᠭᠰᠢᠨ ᠪᠠᠢ᠌ᠨ᠎ᠠ ᠭᠠᠯ ᠤᠨ ᠳᠠᠭᠢᠯᠭ᠎ᠠ ᠭᠢᠵᠤ ᠳᠠᠷᠤᠯᠭ᠎ᠠ ᠪᠣᠯᠭᠠᠳᠠᠭ᠃ ᠡᠭᠦᠳᠡ ᠡᠷᠦᠭᠡ ᠪᠠᠨ ᠥᠭᠡᠳᠡ ᠡᠰᠡᠷᠡᠭ᠌᠂ ᠭᠦᠮᠤᠨ ᠵᠤᠨ ᠡᠩᠭᠡ ᠠᠮᠤᠷ᠂ ᠬᠡᠦᠬᠡᠳ ᠪᠠᠭᠠᠴᠤᠳ ᠰᠦᠷ ᠭᠡᠷᠡᠯᠳᠡᠢ᠂ ᠵᠠᠯᠠᠭᠤ ᠡᠷᠡᠴᠦᠯ ᠭᠡᠢ ᠮᠤᠷᠢ ᠲᠡᠶ ᠪᠠᠢ᠌ᠯᠭᠠᠬᠤ ᠶᠢᠨ ᠳᠤᠰᠠᠳᠠ ᠬᠤᠨᠢ ᠥᠭᠡᠷ ᠨᠢᠳᠤᠯᠵᠤ᠂ ᠰᠢᠷᠡᠭᠡ ᠪᠣᠳᠠᠭ᠎ᠠ ᠪᠡᠯᠡᠳᠭᠡᠨ ᠭᠠᠯ ᠤᠨ ᠳᠠᠭᠢᠯᠭ᠎ᠠ ᠭᠢᠭᠡᠳ

ᠰᠠᠩ ᠤᠨ ᠣᠳᠤᠭᠠᠨ ᠦᠨᠦᠷ ᠲᠤ

ᠰᠠᠭᠢᠭᠤᠰᠤ ᠪᠦᠭᠦᠳᠡᠭᠡᠷ ᠪᠠᠭᠤᠬᠤ ᠦᠦ ︖

ᠮᠠᠠᠳᠤᠭᠠᠤᠨ ᠭᠠᠷᠬᠤ ᠭᠠᠯ ᠢ ᠶᠠ

ᠮᠠᠨ ᠤ ᠪᠦᠭᠦᠳᠡᠭᠡᠷ ᠡᠷᠭᠢᠭᠦᠯᠦᠶ᠎ᠡ

᠁ ᠁ ᠁

ᠪᠦᠭᠡ ᠶᠢᠨ ᠴᠤᠭᠯᠠᠭᠠᠨ ᠡ᠊ᠨᠳᠡ ᠶᠠ

ᠭᠡᠳᠤᠨ ᠥᠭᠡ ᠪᠠᠷ ᠶᠢᠡᠨ ᠵᠠᠯᠠᠴᠢᠬᠠᠶ᠎ᠠ ︕

ᠪᠣᠭᠤᠷᠤᠯ ᠭᠠᠯ ᠤᠨ ᠰᠠᠭᠢᠭᠤᠰᠤ ᠶᠠ

ᠭᠡᠰᠢᠭ᠌ ᠪᠣᠶᠠᠨ ᠶᠢᠡᠨ ᠭᠦᠷᠳᠡᠭᠡᠴᠢᠭᠡ ᠳ᠋ᠠ ︕ ᠭᠡᠵᠤ ᠣᠩᠭ᠋ᠤᠳ ᠰᠠᠭᠢᠭᠤᠰᠤ ᠪᠠᠨ ᠵᠠᠯᠠᠵᠤ ᠠᠯᠢᠪᠠ ᠪᠢᠯᠢᠭ᠌ ᠵᠢᠯᠤᠭᠤ ᠪᠠᠨ ᠭᠠᠯ ᠶᠢᠡᠷ ᠠᠷᠢᠭᠤᠳᠬᠠᠨ ᠪᠠᠢ᠌ᠳᠠᠭ᠃

ᠭᠠᠯ ᠤᠨ ᠪᠣᠷᠬᠠᠨ ᠪᠣᠯ ᠬᠤᠷᠮᠤᠰᠳᠠ ᠳᠡᠭ᠍ᠷᠢ ᠶᠢᠨ ᠤᠳᠬᠤᠨ ᠭᠡᠦᠭᠡᠨ ᠨᠢ ᠪᠦᠭᠡᠳ ᠳᠡᠯᠡᠭᠡᠢ ᠶ‍ᠢᠷᠳᠢᠠᠴᠤ ᠶᠢᠨ ᠠᠮᠢᠳᠠᠨ ᠭᠤᠤᠯᠳᠠᠨ ᠤ ᠪᠣᠶᠠᠨ᠂ ᠨᠢᠭᠦᠯ ᠢ ᠰᠠᠯᠭᠠᠨ ᠭᠢᠨᠠᠭᠴᠢ ᠡᠭᠡ ᠳᠠᠭᠢᠨᠢᠰ ᠭᠡᠳᠡᠭ᠌᠃ ᠭᠠᠯ ᠤᠨ ᠪᠣᠷᠬᠠᠨ ᠵᠢᠯ ᠪᠦᠷᠢ ᠶᠢᠨ ᠭᠦᠭᠡᠭᠡ ᠰᠠᠷ᠎ᠠ ᠶᠢᠨ ᠬᠤᠷᠢᠨ ᠭᠤᠷᠪᠠᠨ ᠤ ᠰᠦᠨᠢ ᠡᠴᠡ ᠡᠭᠢᠯᠡᠵᠤ᠂ ᠶ‍ᠢᠷᠳᠢᠠᠴᠤ ᠶᠢᠨ ᠭᠦᠮᠦᠰ ᠤᠨ ᠥᠢᠯᠡᠳᠦᠭ᠍ᠰᠡᠨ ᠪᠣᠶᠠᠨ᠂ ᠭᠢᠭ᠍ᠰᠡᠨ ᠨᠢᠭᠦᠯ ᠭᠢᠯᠢᠠᠴᠠ ᠶᠢ ᠭᠢᠨᠠᠨ ᠪᠠᠢ᠌ᠴᠠᠭᠠᠵᠤ ᠬᠤᠷᠢᠨ ᠳᠦᠷᠪᠠᠨ ᠤ ᠦᠷᠯᠦᠭᠡ ᠡᠷᠳᠡ ᠳᠡᠭ᠍ᠷᠢ ᠳᠤ ᠭᠠᠷᠴᠤ ᠬᠤᠷᠮᠤᠰᠳᠠ ᠡᠴᠢᠭᠡ ᠳᠤ ᠪᠠᠨ ᠮᠡᠳᠡᠭᠦᠯᠦᠭᠡᠳ ᠰᠢᠨ᠎ᠠ ᠶᠢᠨ ᠨᠢᠭᠡᠨ ᠤ ᠦᠷᠯᠦᠭᠡ ᠪᠣᠴᠠᠨ ᠢᠷᠡᠳᠡᠭ᠌ ᠭᠡᠨ᠎ᠡ᠃ ᠡᠢ᠌ᠮᠤ ᠡᠴᠡ ᠬᠤᠷᠴᠢᠨ ᠮᠤᠩᠭ᠋ᠤᠯᠴᠤᠳ ᠬᠤᠷᠢᠨ ᠭᠤᠷᠪᠠᠨ ᠤ ᠡᠳᠦᠷ ᠨᠢ ᠭᠠᠯ ᠤᠨ ᠳᠤᠭᠤᠰᠤ ᠭᠦᠪᠢᠭᠦ ᠴᠡᠪᠠᠷᠯᠡᠭᠡ ᠭᠢᠵᠤ ᠭᠡᠷ ᠳᠡᠷᠭᠡ ᠪᠠᠨ ᠴᠠᠪᠠᠷᠯᠠᠨ᠂ ᠭᠦᠷᠢᠶ᠎ᠡ ᠬᠠᠰᠢᠶ᠎ᠠ ᠪᠠᠨ ᠱᠥᠭᠦᠷᠳᠡᠵᠤ᠂ ᠵᠤᠤᠬ᠎ᠠ ᠳᠤᠭᠤᠯᠭ᠎ᠠ ᠪᠠᠨ ᠰᠢᠪᠠᠨ᠂ ᠴᠤᠩᠬᠤ ᠡᠭᠦᠳᠡ ᠪᠠᠨ ᠵᠥᠯᠭᠦᠭᠡᠳ᠂ ᠬᠤᠪᠴᠠᠰᠤ ᠬᠤᠨᠠᠷ᠂ ᠭᠦᠡᠵᠢᠯᠡ ᠳᠡᠪᠢᠰᠭᠡᠷ᠂ ᠠᠪᠳᠠᠷ᠎ᠠ ᠬᠤᠷᠭᠤ᠂ ᠠᠶᠠᠭ᠎ᠠ ᠰᠢᠨᠠᠭ᠎ᠠ ᠳᠤ ᠭᠦᠷᠳᠡᠯ᠎ᠡ ᠭᠢᠯ ᠴᠢᠯ ᠣᠭᠢᠶᠠᠨ ᠴᠠᠪᠠᠷᠯᠠᠵᠤ ᠳᠠᠭᠢᠨ ᠳᠠᠮᠤᠷ ᠳᠤᠩᠹᠧᠨ ᠳᠤ ᠪᠠᠨ ᠬᠠᠢ᠌ᠯᠠᠰᠤᠨ ᠮᠤᠳᠤᠨ ᠬᠤᠵᠤᠤᠯ ᠰᠢᠳᠠᠭᠠᠵᠤ ᠭᠠᠵᠠᠷ ᠤᠨ ᠭᠤᠤᠯ ᠳᠤ ᠪᠠᠨ ᠳᠠᠯᠪᠢᠨ ᠭᠠᠯ ᠣᠳᠤᠭ᠎ᠠ ᠪᠠᠷ ᠭᠡᠷ ᠶᠢᠡᠨ ᠰᠠᠢ᠌ᠬᠠᠨ ᠠᠷᠢᠭᠤᠳᠬᠠᠨ ᠣᠳᠤᠳᠠᠭ᠃ ᠰᠦᠨᠢ ᠪᠣᠯᠵᠤ ᠣᠭᠳᠠᠷᠭᠤᠢ ᠳᠤ ᠣᠳᠤᠨ ᠮᠠᠴᠢᠳ ᠳᠦᠭᠡᠭ᠍ᠰᠡᠨ ᠤ ᠳᠠᠷᠠᠭ᠎ᠠ ᠬᠤᠨᠢᠨ ᠡᠪᠴᠢᠭᠦᠤ ᠭᠠᠷᠭᠠᠵᠤ 《ᠭᠠᠯ ᠤᠨ ᠳᠠᠭᠢᠯᠭ᠎ᠠ》 ᠪᠠᠨ ᠭᠢᠵᠤ᠂ ᠭᠠᠯ ᠤᠨ ᠪᠣᠷᠬᠠᠨ ᠶᠢᠡᠨ ᠪᠠᠶᠠᠰᠬᠠᠨ ᠦᠳᠡᠨ ᠮᠤᠷᠳᠠᠭᠤᠯᠳᠠᠭ ᠪᠢᠯᠠ᠃ ᠦᠨᠡᠨᠳᠡᠭᠡᠨ ᠪᠦᠭᠡ ᠶᠢᠨ ᠱᠠᠰᠢᠨ ᠶᠢᠡᠷ ᠪᠣᠯ ᠪᠦᠭᠦᠯᠢ ᠬᠤᠨᠢ ᠪᠠᠷ ᠳᠠᠭᠢᠳᠠᠭ ᠪᠠᠢ᠌ᠭᠰᠠᠨ᠃ ᠡᠪᠴᠢᠭᠦᠤ ᠪᠠᠷ ᠳᠠᠭᠢᠬᠤ ᠪᠣᠯᠤᠭᠰᠠᠨ ᠨᠢ ᠮᠦᠨ ᠰᠢᠷ᠎ᠠ ᠶᠢᠨ ᠱᠠᠰᠢᠨ ᠤ ᠨᠥᠯᠦᠭᠡᠯᠡᠯ ᠪᠣᠯᠬᠤ ᠶᠤᠮ᠃ 《ᠬᠠᠮᠤᠭ ᠮᠢᠬᠠᠨ ᠤ ᠳᠡᠪᠢᠰᠭᠡᠷ ᠡᠪᠴᠢᠭᠦᠤ》 ᠭᠡᠵᠤ ᠡᠪᠴᠢᠭᠦᠤ ᠪᠠᠷ ᠪᠦᠭᠦᠯᠢ ᠬᠤᠨᠢ ᠶᠢ ᠣᠷᠤᠯᠠᠭᠤᠯᠵᠠᠢ᠃ ᠬᠤᠨᠢᠨ ᠡᠪᠴᠢᠭᠦᠤ ᠭᠠᠷᠭᠠᠵᠤ ᠭᠠᠯ ᠳᠠᠭᠢᠳᠠᠭ ᠤᠨ ᠣᠴᠢᠷ ᠭᠡᠪᠠᠯ᠂ ᠮᠤᠩᠭ᠋ᠤᠯᠴᠤᠳ ᠶᠠᠷᠤᠨᠢ ᠭᠡᠦᠭᠡᠨ ᠶᠢᠡᠨ ᠬᠤᠨᠢᠨ ᠡᠪᠴᠢᠭᠦᠤ ᠪᠠᠷ ᠳᠠᠢ᠌ᠯᠠᠬᠤ ᠵᠠᠩᠰᠢᠯ ᠲᠡᠶ ᠪᠠᠢ᠌ᠳᠠᠭ᠃ ᠭᠠᠯ ᠤᠨ ᠪᠣᠷᠬᠠᠨ ᠨᠢ ᠮᠦᠨᠴᠤ ᠬᠤᠷᠮᠤᠰᠳᠠ ᠳᠡᠭ᠍ᠷᠢ ᠶᠢᠨ ᠭᠡᠦᠭᠡᠨ ᠳᠠᠭᠢᠨᠢ ᠪᠣᠯᠬᠤᠷ ᠭᠡᠦᠭᠡᠨ ᠭᠦᠮᠤᠨ ᠢ ᠳᠠᠢ᠌ᠯᠠᠳᠠᠭ ᠤᠨ ᠶᠤᠰᠤ ᠪᠠᠷ ᠢᠩᠭᠢᠵᠤ ᠭᠦᠡᠳᠦᠳᠭᠡᠨ ᠳᠠᠢ᠌ᠯᠠᠳᠠᠭ ᠤᠨ ᠣᠴᠢᠷ ᠡᠭᠦᠨ ᠳᠤ ᠪᠠᠢ᠌ᠨ᠎ᠠ᠃ ᠪᠠᠰᠠ ᠭᠠᠯ ᠤᠨ ᠪᠣᠳᠠᠭ᠎ᠠ ᠪᠡᠯᠡᠳᠭᠡᠭᠦ ᠭᠡᠷᠡᠭ᠍ᠳᠡᠢ᠃ ᠭᠠᠯ ᠤᠨ ᠪᠣᠳᠠᠭ᠎ᠠ ᠪᠠᠨ ᠬᠠᠭᠤᠷᠤᠭᠰᠠᠨ ᠠᠮᠤ ᠪᠠᠨ ᠰᠢᠷ᠎ᠠ ᠳᠤᠰᠤ ᠶᠢᠡᠷ ᠵᠢᠭᠤᠷᠠᠵᠤ ᠭᠢᠭᠦ ᠪᠣᠶᠤ ᠣᠯᠠᠩᠭᠢ ᠳᠤ ᠪᠠᠨ ᠰᠢᠯᠦᠭᠡᠢ ᠨᠠᠩᠭᠢ ᠪᠣᠳᠠᠭ᠎ᠠ ᠪᠠᠨ ᠡᠪᠴᠢᠭᠦᠤ ᠴᠢᠨᠠᠭᠰᠠᠨ ᠱᠦᠯᠦ ᠳᠤ ᠪᠠᠨ ᠠᠭᠰᠢᠭᠠᠵᠤ ᠴᠢᠨᠠᠭᠠᠤᠨ ᠳᠠᠭᠢᠯᠭ᠎ᠠ ᠳᠤ ᠭᠡᠷᠡᠭᠯᠡᠨ᠎ᠡ᠃ ᠨᠠᠩᠭᠢ ᠪᠣᠳᠠᠭ᠎ᠠ ᠪᠠᠷ ᠳᠠᠭᠢᠵᠤ ᠪᠠᠢ᠌ᠭ᠎ᠠ ᠨᠢ ᠦᠬᠢᠨ ᠭᠦᠮᠤᠨ ᠤ ᠬᠤᠩᠰᠢᠶᠠᠷ ᠮᠠᠭᠤ ᠭᠡᠨ᠎ᠡ᠃ ᠨᠠᠩᠭᠢ ᠪᠣᠳᠠᠭ᠎ᠠ ᠪᠠᠷ ᠳᠠᠭᠢᠵᠤ ᠠᠮᠠ ᠶᠢ ᠨᠢ ᠴᠠᠪᠠᠤᠳᠠᠴᠢᠬᠠᠬᠤ ᠪᠣᠯᠬᠤᠷ ᠳᠤᠤᠷ᠎ᠠ ᠶ‍ᠢᠷᠳᠢᠠᠴᠤ ᠶᠢᠨ ᠮᠠᠭᠤ ᠰᠠᠢ᠌ᠨ ᠣᠴᠢᠷ ᠢ ᠡᠴᠢᠭᠡ ᠳᠡᠭ᠍ᠷᠢ ᠬᠤᠷᠮᠤᠰᠳᠠ ᠳᠤ ᠪᠠᠨ ᠭᠡᠯᠡᠵᠤ ᠥᠭ᠍ᠴᠤ ᠳᠡᠢ᠌ᠯᠭᠦ ᠦᠭᠡᠶ ᠭᠡᠨ᠎ᠡ᠃

ᠣᠤᠯ ᠨᠢ ᠠᠢ᠌ᠯ ᠭᠡᠷ ᠤᠨ ᠭᠢᠨ ᠳᠤᠰᠬᠠᠢ ᠪᠦᠭᠡ ᠵᠠᠯᠠᠵᠤ ᠭᠠᠯ ᠤᠨ ᠳᠠᠭᠢᠯᠭ᠎ᠠ ᠶᠢ ᠡᠷᠭᠢᠯᠡᠭᠦᠯᠵᠤ ᠪᠠᠢ᠌ᠭᠰᠠᠨ ᠪᠣᠯ ᠬᠤᠵᠢᠮ ᠨᠢ ᠭᠠᠯ ᠤᠨ ᠯᠠᠮ᠎ᠠ ᠪᠠᠷ ᠣᠷᠤᠯᠠᠭᠤᠯᠵᠠᠢ᠃ ᠭᠠᠯ ᠤᠨ ᠯᠠᠮ᠎ᠠ ᠭᠡᠳᠡᠭ᠌ ᠨᠢ ᠮᠤᠩᠭ᠋ᠤᠯ ᠣᠷᠤᠨ ᠳᠤ ᠰᠢᠷ᠎ᠠ ᠶᠢᠨ ᠱᠠᠰᠢᠨ ᠣᠷᠤᠵᠤ ᠢᠷᠡᠭ᠍ᠰᠡᠨ ᠤ ᠰᠡᠭᠦᠯᠡᠷ ᠪᠣᠢ ᠪᠣᠯᠤᠭᠰᠠᠨ ᠭᠠᠯ ᠳᠠᠭᠢᠯᠭ᠎ᠠ ᠡᠷᠭᠢᠯᠡᠭ᠍ᠴᠢ ᠯᠠᠮ᠎ᠠ ᠪᠣᠯᠤᠨ᠎ᠠ᠃ ᠣᠳᠤ ᠪᠦᠷ ᠭᠠᠯ ᠳᠠᠭᠢᠯᠭ᠎ᠠ ᠳᠤ ᠪᠦᠭᠡ ᠯᠠᠮ᠎ᠠ ᠵᠠᠯᠠᠬᠤ ᠪᠠᠨ ᠪᠣᠯᠢᠵᠤ ᠠᠢ᠌ᠯ ᠠᠢ᠌ᠮᠠᠭ ᠤᠨ ᠪᠣᠶᠤ ᠣᠪᠣᠭ ᠣᠭᠰᠠᠭᠠᠳᠠᠨ ᠤ ᠳᠤᠳᠤᠷᠠᠭᠢ ᠠᠬᠠᠮᠠᠤᠨ ᠳᠤᠮᠤᠭᠠᠳᠠᠨ ᠶᠢᠡᠷ ᠶᠢᠡᠨ ᠡᠷᠭᠢᠯᠡᠭᠦᠯᠤᠨ ᠭᠢᠭᠦ ᠪᠣᠯᠵᠠᠢ᠃

ᠭᠤᠷᠪᠠ᠂ ᠬᠤᠪᠣᠩ ᠤᠨ ᠰᠤᠶᠤᠯ

《ᠬᠤᠪᠣᠩ ᠤᠨ ᠰᠤᠶᠤᠯ》 ᠨᠢ ᠬᠤᠷᠴᠢᠨ ᠮᠤᠩᠭ᠋ᠤᠯᠴᠤᠳ ᠤᠨ 《ᠭᠠᠯ ᠭᠤᠯᠤᠮᠳᠠ》 ᠶ᠋ᠢᠨ ᠦᠵᠡᠯ ᠤᠨ ᠭᠤᠤᠯ ᠢᠯᠡᠷᠡᠭᠦᠨ ᠣᠴᠢᠷ 《ᠭᠠᠯ ᠤᠨ ᠪᠣᠷᠬᠠᠨ ᠪᠠᠶᠠᠷᠯᠠᠪᠠᠯ ᠭᠠᠢ ᠳᠤᠳᠬᠠᠷ ᠠᠷᠢᠯᠤᠨ᠎ᠠ᠂ ᠭᠠᠯ ᠤᠨ ᠪᠣᠷᠬᠠᠨ ᠭᠢᠯᠢᠩᠨᠠᠪᠠᠯ ᠠᠶᠤᠯ ᠭᠠᠮᠰᠢᠭ ᠪᠤᠯᠤᠨ᠎ᠠ》 ᠭᠡᠵᠤ ᠰᠥᠰᠦᠭᠯᠡᠨ ᠭᠠᠯ ᠤᠨ ᠳᠤᠬᠠᠢ ᠭᠦᠡᠳᠦᠳᠭᠡᠯ ᠶᠤᠰᠤ ᠪᠠ ᠣᠯᠠᠨ ᠠᠷᠪᠢᠨ ᠴᠡᠭᠡᠷ ᠬᠤᠷᠢᠭ᠎ᠠ ᠲᠡᠶ ᠪᠠᠢ᠌ᠳᠠᠭ᠃ ᠵᠢᠱᠢᠶᠠᠯᠠᠪᠠᠯ 《ᠭᠠᠳᠠᠭᠰᠢ ᠶᠠᠪᠣᠬᠤ ᠭᠦᠮᠤᠨ ᠠᠮᠠ ᠪᠠᠨ ᠭᠢᠴᠢᠶᠠ᠂ ᠭᠡᠷ ᠲᠤ ᠰᠠᠭᠤᠬᠤ ᠭᠦᠮᠤᠨ ᠭᠠᠯ ᠶᠢᠡᠨ ᠭᠢᠴᠢᠶᠡ》 ④ ᠭᠡᠰᠡᠨ ᠰᠤᠷᠭᠠᠯ ᠥᠭᠡᠨ ᠡᠴᠡ ᠡᠷᠳᠡᠨ ᠤ ᠮᠤᠩᠭ᠋ᠤᠯᠴᠤᠳ ᠤᠨ ᠭᠠᠯ ᠭᠤᠯᠤᠮᠳᠠ ᠪᠠᠨ ᠣᠠᠳᠠᠷᠭᠠᠬᠤ ᠡᠴᠡ ᠭᠢᠴᠢᠶᠠᠵᠤ ᠭᠠᠯ ᠶᠢᠡᠨ ᠮᠠᠨᠠᠵᠤ ᠠᠮᠢᠳᠤᠷᠠᠵᠤ ᠪᠠᠢ᠌ᠭᠰᠠᠨ ᠦᠶ᠎ᠡ ᠡᠴᠡ ᠣᠯᠠᠮᠵᠢᠯᠠᠨ ᠢᠷᠡᠭ᠍ᠰᠡᠨ ᠬᠠᠭᠤᠴᠢᠨ ᠤ ᠰᠤᠷᠭᠠᠯ ᠥᠭᠡ ᠪᠣᠯᠬᠤ ᠨᠢ ᠳᠤᠳᠤᠷᠬᠠᠢ᠃ ᠡᠳᠦᠷ ᠤᠨ ᠭᠤᠷᠪᠠᠨ ᠴᠠᠭ ᠤᠨ ᠬᠤᠭᠤᠯᠠ ᠪᠠᠨ ᠪᠠᠯᠡᠳᠭᠦ ᠳᠤ ᠪᠠᠨ ᠵᠤᠤᠬ᠎ᠠ ᠶᠢᠨ ᠭᠠᠯ ᠶᠢᠡᠨ ᠮᠠᠯᠳᠠᠨ ᠠᠪᠴᠤ ᠬᠤᠪᠣᠩ ᠤᠨ ᠭᠠᠯ ᠳᠡᠭᠡᠷ᠎ᠡ ᠪᠠᠨ ᠨᠠᠮᠠᠵᠤ ᠴᠢᠩᠭ᠋᠎ᠠ ᠳᠠᠷᠤᠵᠤ ᠳᠠᠯᠪᠢᠳᠠᠭ᠃ ᠬᠤᠪᠣᠩ ᠶᠢᠡᠨ ᠰᠢᠭᠤᠳ ᠬᠠᠠᠵᠤᠨ ᠳᠡᠭᠡᠷ᠎ᠡ ᠪᠠᠨ ᠳᠠᠯᠪᠢᠬᠤ ᠶᠤᠮ ᠪᠢᠰᠢ᠂ ᠬᠠᠷᠢᠨ ᠬᠠᠠᠵᠤᠨ ᠳᠡᠭᠡᠷ᠎ᠡ ᠪᠠᠨ ᠪᠣᠶᠤ ᠬᠠᠠᠵᠤᠨ ᠤ ᠬᠠᠶᠠᠩ ᠤᠨ ᠤᠢ᠌ᠷᠠᠯᠴᠠᠭ᠎ᠠ ᠮᠤᠳᠤ ᠪᠠᠷ ᠪᠣᠶᠤ ᠳᠠᠮᠤᠷ ᠶᠢᠡᠷ ᠬᠤᠪᠣᠩ ᠤᠨ ᠳᠠᠯᠪᠢᠭᠤᠷ ᠵᠤᠬᠢᠶᠠᠵᠤ ᠬᠤᠪᠣᠩ ᠶᠢᠡᠨ ᠳᠠᠪ ᠳᠡᠭ᠍ᠰᠢᠭᠡᠨ ᠳᠠᠯᠪᠢᠨ᠎ᠠ᠃ ᠦᠭᠡᠶ ᠪᠣᠯ ᠭᠡᠰᠢᠭ᠌ ᠪᠣᠶᠠᠨ ᠵᠠᠢ᠌ᠯᠠᠨ᠎ᠠ᠃ ᠭᠠᠯ ᠶᠢᠡᠨ ᠵᠠᠷᠤᠬᠤ ᠦᠭᠡᠶ ᠦᠶ᠎ᠡ ᠳᠤ ᠦᠨᠡᠰᠤ ᠪᠠᠷ ᠪᠦᠷᠭᠦᠵᠤ ᠴᠢᠩᠭ᠋᠎ᠠ ᠳᠠᠷᠤᠵᠤ ᠳᠠᠯᠪᠢᠬᠤ ᠪᠦᠭᠡᠳ ᠪᠠᠰᠠ ᠭᠦᠭᠡ ᠳᠤᠭᠤᠰᠭ᠎ᠠ ᠪᠠᠷ ᠪᠠᠰᠠ ᠳᠠᠷᠤᠵᠤ ᠳᠠᠯᠪᠢᠪᠠᠯ ᠠᠷᠪᠠᠨ ᠭᠡᠳᠤᠨ ᠴᠠᠭ ᠴᠢᠨᠠᠭᠰᠢᠯᠠᠪᠠᠯ ᠨᠠᠩ ᠣᠷᠳᠤ ᠴᠠᠭ ᠲᠤ ᠣᠠᠳᠠᠷᠠᠬᠤ ᠦᠭᠡᠶ ᠪᠢᠯᠠ᠃ ᠭᠠᠯ ᠶᠢᠡᠨ ᠵᠠᠷᠤᠬᠤ ᠦᠶ᠎ᠡ ᠳᠤ ᠭᠠᠯ ᠤᠨ ᠬᠤᠰᠤᠭᠤᠷ ᠶᠢᠡᠷ ᠶᠢᠡᠨ ᠭᠠᠯ ᠤᠨ ᠦᠨᠡᠰᠤ ᠶᠢ ᠨᠢ ᠭᠦᠩᠭᠡᠭᠡᠨ ᠢᠷᠠᠵᠤ ᠣᠩᠭ᠋ᠤᠴᠠᠯᠠᠨ ᠮᠠᠯᠳᠠᠪᠠᠯ ᠭᠠᠯ ᠨᠢ ᠮᠠᠰᠢ ᠳᠦᠷᠭᠡᠨ ᠣᠯᠠᠢ᠌ᠵᠤ ᠰᠤᠷᠯᠠᠨ ᠵᠠᠷᠤᠬᠤ ᠳᠤ ᠮᠠᠰᠢ ᠳᠦᠭᠦᠮ ᠪᠠᠢ᠌ᠳᠠᠭ᠃ ᠣᠰᠤ ᠪᠣᠴᠠᠯᠭᠠᠬᠤ ᠪᠣᠶᠤ ᠮᠢᠬ᠎ᠠ ᠴᠢᠨᠠᠵᠤ ᠨᠤᠭᠤᠭ᠎ᠠ ᠪᠣᠯᠭᠤᠭᠠᠨ᠎ᠠ᠃ ᠬᠤᠪᠣᠩ ᠤᠨ ᠵᠥᠭᠡᠯᠡᠨ ᠭᠠᠯ ᠳᠡᠭᠡᠷ᠎ᠡ ᠪᠠᠨ ᠰᠢᠷᠤᠢ ᠶᠢᠨ ᠫᠧᠩᠰᠠ (砂锅) ᠳ᠋ᠤ ᠴᠢᠨᠠᠵᠤ ᠪᠣᠯᠭᠤᠭᠠᠭᠰᠠᠨ ᠮᠢᠬ᠎ᠠ ᠨᠤᠭᠤᠭ᠎ᠠ ᠣᠠᠴᠠ ᠶᠢᠨ ᠦᠨᠦᠷ ᠠᠮᠳᠠ ᠲᠡᠶ ᠪᠠᠢ᠌ᠳᠠᠭ ᠶᠤᠮ᠃ ᠨᠠᠮᠤᠷ ᠤᠨ ᠡᠭᠢᠨ ᠤ ᠦᠶ᠎ᠡ ᠳᠤ ᠰᠢᠨ᠎ᠠ ᠪᠠᠭᠤᠭᠰᠠᠨ ᠲᠦᠮᠦᠰᠦ ᠶᠢ ᠬᠤᠪᠣᠩ ᠤᠨ ᠭᠠᠯ ᠳᠤ ᠪᠠᠨ ᠪᠣᠯᠠᠵᠤ ᠳᠠᠯᠪᠢᠭᠠᠤᠨ ᠰᠢᠷᠠᠵᠤ ᠢᠳᠠᠨ᠎ᠠ᠃ ᠰᠠᠭᠠᠭ ᠤᠨ ᠭᠤᠯᠢᠷ ᠶᠢᠡᠨ ᠨᠤᠬᠤᠵᠤ ᠨᠥᠭᠡᠯᠡᠭᠡᠳ ᠳᠤᠳᠤᠷ᠎ᠠ ᠨᠢ ᠣᠯᠠᠭᠠᠨ ᠱᠠᠳᠠᠩ ᠪᠠᠭ᠎ᠠ ᠭᠢᠭᠡᠳ ᠮᠦᠨ ᠭᠠᠯ ᠳ᠋ᠤᠨᠢ ᠪᠣᠯᠠᠵᠤ ᠰᠢᠷᠠᠭᠠᠤᠨ ᠢᠳᠡᠭᠦ ᠨᠢ ᠳᠤᠬᠠᠢ ᠦᠶ᠎ᠡ ᠶᠢᠨ ᠨᠢᠭᠡᠨ ᠨᠤᠳᠤᠭ ᠤᠨ ᠭᠠᠷᠤᠯᠳᠠᠢ ᠠᠮᠳᠠᠳᠤ ᠢᠳᠡᠭᠡᠨ ᠪᠣᠯᠬᠤ ᠨᠢ ᠭᠠᠷᠴᠠᠭ᠎ᠠ ᠦᠭᠡᠶ᠃

ᠬᠤᠷᠴᠢᠨ ᠮᠤᠩᠭ᠋ᠤᠯᠴᠤᠳ ᠤᠨ ᠭᠠᠯ ᠤᠨ ᠳᠠᠭᠢᠯᠭ᠎ᠠ ᠨᠢ ᠪᠦᠷ ᠬᠤᠪᠣᠩ ᠳᠡᠭᠡᠷ᠎ᠡ ᠪᠠᠨ ᠶᠠᠪᠣᠭᠳᠠᠳᠠᠭ᠃ ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ᠪᠣᠯᠤᠭᠰᠠᠭᠠᠷ ᠭᠠᠯ ᠤᠨ ᠳᠠᠭᠢᠯᠭ᠎ᠠ ᠭᠢᠭᠦ ᠨᠢ ᠨᠢᠭᠡᠨ ᠶᠡᠭᠡ ᠥᠪᠠᠳᠡᠭ᠍ᠰᠢ ᠶᠤᠰᠤᠯᠠᠯ ᠪᠣᠯᠬᠤ ᠶᠤᠮ᠃ ᠬᠠᠭᠤᠷᠠᠢ ᠮᠤᠳᠤᠨ ᠰᠠᠯᠠᠭ᠎ᠠ ᠪᠠᠨ ᠬᠤᠪᠣᠩ ᠤᠨ ᠳᠡᠭᠡᠷ᠎ᠡ ᠪᠠᠨ ᠭᠤᠷᠪᠠᠯᠵᠢᠯᠠᠨ ᠳᠠᠯᠪᠢᠵᠤ᠂ ᠳᠠᠭᠢᠨ ᠪᠣᠷᠭᠠᠰᠤ ᠶᠢ ᠳᠤᠮᠳᠠᠭᠤᠷ ᠨᠢ ᠬᠠᠭᠠᠯᠵᠤ ᠳᠠᠪᠤᠨ ᠥᠩᠭᠡ ᠶᠢᠨ ᠪᠦᠰ ᠢ ᠬᠠᠪᠴᠢᠭᠤᠯᠤᠨ ᠬᠠᠭᠤᠷᠠᠢ ᠮᠤᠳᠤᠨ ᠳᠤᠮᠳᠠ ᠪᠠᠨ ᠳᠠᠯᠪᠢᠵᠤ ᠰᠢᠳᠠᠭᠠᠨ᠎ᠠ᠃ ᠳᠡᠭᠡᠭᠡᠳ ᠴᠢᠨᠠᠭᠰᠠᠨ ᠬᠤᠨᠢ ᠶᠢᠨ ᠡᠪᠴᠢᠭᠦᠨ ᠡᠴᠡ ᠪᠠᠨ ᠳᠡᠭᠡᠵᠢ ᠶᠢ ᠨᠢ ᠠᠪᠴᠤ ᠭᠠᠯ ᠳᠤ ᠪᠠᠨ ᠰᠢᠳᠠᠭᠠᠨ᠂ ᠭᠡᠷ ᠤᠨ ᠡᠵᠡᠨ ᠨᠢ 《ᠠᠬᠠᠮᠠᠤᠨ ᠨᠠᠰᠤᠳᠠᠨ ᠮᠢᠨᠢ ᠡᠷᠡᠭᠦᠯ ᠴᠢᠭᠢᠷᠠᠭ᠂ ᠠᠩᠭ᠋᠎ᠠ ᠬᠡᠦᠬᠡᠳ ᠮᠢᠨᠢ ᠳᠡᠭ᠍ᠵᠢᠨ ᠴᠤᠪᠣᠭᠤ᠂ ᠠᠰ ᠤᠨ ᠠᠮᠢᠳᠤᠷᠠᠯ ᠮᠢᠨᠢ ᠥᠭᠡᠳᠡ ᠡᠰᠡᠷᠡᠭ᠌᠂ ᠠᠳᠤᠭᠤ ᠮᠠᠯ ᠮᠢᠨᠢ ᠦᠷᠠᠵᠢᠯ ᠰᠠᠢ᠌ᠳᠠᠢ᠁》 ᠠᠯᠢᠪᠠ ᠪᠦᠭᠦᠨ ᠰᠠᠢ᠌ᠨ ᠰᠠᠢ᠌ᠬᠠᠨ ᠪᠣᠶᠠᠨ ᠭᠡᠰᠢᠭ᠌ ᠢ ᠰᠤᠶᠤᠷᠬᠠᠨ ᠬᠠᠢ᠌ᠷᠠᠯᠠᠬᠤ ᠶᠢ ᠭᠦᠰᠡᠮᠵᠢᠯᠡᠨ ᠭᠤᠶᠤᠵᠤ 《ᠬᠤᠷᠤᠢ᠂ ᠬᠤᠷᠤᠢ᠂ ᠬᠤᠷᠤᠢ ︕》 ᠭᠡᠵᠤ ᠨᠠᠮᠠᠠᠴᠢᠯᠠᠨ ᠳᠠᠭᠠᠳᠬᠠᠵᠤ᠂ ᠥᠳᠡᠯᠦᠭ᠍ᠰᠡᠨ ᠵᠠᠯᠠᠭᠤ ᠪᠦᠭᠦᠳᠡ ᠣᠯᠠᠨ ᠶᠢᠡᠷ ᠶᠢᠡᠨ ᠬᠤᠪᠣᠩ ᠶᠢᠡᠨ ᠳᠤᠭᠤᠷᠢᠨ ᠰᠥᠭᠦᠳᠤᠨ ᠮᠦᠷᠭᠦᠨ᠎ᠡ᠃ ᠦᠷᠯᠦᠭᠡ ᠪᠦᠷᠢ ᠬᠤᠪᠣᠩ ᠤᠨ ᠭᠠᠯ ᠳᠤ ᠪᠠᠨ ᠭᠠᠯ ᠤᠨ ᠪᠣᠳᠠᠭ᠎ᠠ ᠡᠷᠭᠦᠳᠡᠭ᠌ ᠵᠠᠩᠰᠢᠯ ᠲᠡᠶ᠃ ᠭᠠᠯ ᠤᠨ ᠪᠣᠳᠠᠭ᠎ᠠ ᠶᠢ ᠬᠠᠭᠤᠷᠤᠭᠰᠠᠨ ᠠᠮᠤ ᠶᠢ ᠰᠢᠭᠢᠷ ᠰᠢᠷ᠎ᠠ ᠳᠤᠰᠤ ᠲᠡᠶ ᠵᠢᠭᠤᠷᠠᠵᠤ ᠴᠠᠷᠴᠠᠭᠠᠵᠤ ᠭᠢᠳᠡᠭ᠌᠃

ᠬᠤᠪᠣᠩ ᠲᠡᠶ ᠭᠠᠯ ᠴᠡᠭᠡᠷ ᠶᠤᠰᠤᠨ ᠪᠠᠰᠠ ᠪᠠᠭ᠎ᠠ ᠪᠣᠰᠤ ᠪᠠᠢ᠌ᠳᠠᠭ᠃ ᠬᠤᠪᠣᠩ ᠶᠢᠡᠨ ᠳᠠᠪ ᠳᠡᠭ᠍ᠰᠢ ᠳᠤᠯᠵᠤ ᠳᠠᠯᠪᠢᠨ᠎ᠠ᠃ ᠦᠭᠡᠶ ᠪᠣᠯ ᠪᠣᠶᠠᠨ ᠭᠡᠰᠢᠭ᠌ ᠵᠠᠢ᠌ᠯᠠᠨ᠎ᠠ᠃ ᠬᠤᠪᠣᠩ ᠲᠡᠶ ᠭᠠᠯ ᠳᠤ ᠰᠤᠩᠭᠢᠨ᠎ᠠ ᠰᠠᠷᠢᠮᠰᠠᠭ ᠤᠨ ᠬᠠᠯᠢᠰᠤ ᠶᠢ ᠣᠷᠤᠭᠤᠯᠵᠤ ᠪᠣᠯᠬᠤ ᠦᠭᠡᠶ᠃ ᠳᠤᠯᠤᠭᠠᠢ ᠳᠤ ᠶᠠᠭᠤᠮ᠎ᠠ ᠭᠠᠷᠴᠤ ᠬᠤᠵᠢᠭᠠᠷ ᠪᠣᠯᠤᠨ᠎ᠠ᠂ ᠨᠢᠳᠤ ᠡᠪᠠᠳᠦᠨ᠎ᠡ᠂ ᠬᠠᠳᠠᠭᠢ ᠭᠠᠷᠤᠨ᠎ᠠ᠃ ᠬᠡᠦᠬᠡᠳ ᠬᠤᠪᠣᠩ ᠲᠡᠶ ᠭᠠᠯ ᠶᠢᠡᠷ ᠨᠠᠭᠠᠳᠴᠤ ᠪᠣᠯᠬᠤ ᠦᠭᠡᠶ ᠮᠠᠯ ᠬᠤᠯᠠᠳᠤᠨ᠎ᠠ ᠭᠡᠭᠦ᠃ ᠬᠤᠪᠣᠩ ᠲᠡᠶ ᠭᠠᠯ ᠤᠨ ᠣᠷᠤᠢ ᠶᠢ ᠢᠷ ᠲᠡᠶ᠂ ᠥᠵᠦᠭᠦᠷ ᠲᠡᠶ ᠳᠡᠮᠦᠷᠯᠢᠭ᠌ ᠶᠢᠡᠷ ᠴᠢᠴᠢᠯᠠᠵᠤ ᠪᠣᠯᠬᠤ ᠦᠭᠡᠶ ᠭᠠᠯ ᠤᠨ ᠪᠣᠷᠬᠠᠨ ᠠᠭᠤᠷᠯᠠᠨ᠎ᠠ ᠭᠡᠭᠦ᠃ ᠬᠤᠪᠣᠩ ᠲᠡᠶ ᠭᠠᠯ ᠤᠨ ᠣᠷᠤᠢ ᠳᠡᠭᠡᠷ᠎ᠡ ᠶᠠᠮᠠᠷᠪᠠ ᠶᠠᠭᠤᠮ᠎ᠠ ᠶᠢ ᠳᠠᠯᠪᠢᠵᠤ ᠪᠣᠯᠬᠤ ᠦᠭᠡᠶ ᠡᠭᠦᠳᠡ ᠡᠷᠦᠭᠡ ᠳᠤᠷᠣᠢ᠌ᠳᠠᠨ᠎ᠠ ᠭᠡᠭᠦ᠃ ᠭᠠᠯ ᠤᠨ ᠦᠨᠡᠰᠤ ᠪᠠᠨ ᠬᠤᠭ ᠨᠤᠪᠰᠢ ᠲᠡᠶ ᠨᠡᠢ᠌ᠯᠡᠭᠦᠯᠳᠡᠭ᠌ ᠦᠭᠡᠶ ᠪᠦᠭᠡᠳ ᠬᠠᠮᠢᠶ᠎ᠠ ᠨᠠᠮᠢᠶ᠎ᠠ ᠦᠭᠡᠶ ᠬᠠᠶᠠᠵᠤ ᠭᠢᠰᠭᠢᠯᠡᠳᠡᠭ᠌ ᠦᠭᠡᠶ᠂ ᠭᠡᠢ᠌ᠰᠭᠡᠵᠤ ᠪᠣᠳᠠᠷᠠᠭᠤᠯᠳᠠᠭ ᠦᠭᠡᠶ ᠭᠡᠰᠢᠭ᠌ ᠪᠣᠶᠠᠨ ᠶᠢᠡᠨ ᠪᠠᠷᠠᠭᠠᠵᠤ ᠪᠠᠢ᠌ᠭ᠎ᠠ ᠭᠡᠭᠦ᠃ ᠬᠤᠷᠴᠢᠨ ᠬᠡᠦᠬᠡᠳ ᠤᠨ ᠣᠨᠢᠰᠤᠭ᠎ᠠ ᠳᠤ 《ᠭᠦᠭᠡ ᠪᠣᠬ᠎ᠠ ᠭᠡᠪᠳᠡᠭ᠍ᠰᠡᠭᠡᠷ ᠪᠠᠢ᠌ᠭᠠᠤᠨ ᠳᠠᠷᠭᠤᠯᠠᠳᠠᠭ》 ᠪᠠᠢ᠌ᠳᠠᠭ ᠨᠢ ᠠᠢ᠌ᠯ ᠠᠢ᠌ᠯ ᠤᠨ ᠭᠡᠷ ᠤᠨ ᠪᠠᠷᠠᠭᠤᠨ ᠡᠮᠦᠨ᠎ᠡ ᠪᠠᠨ ᠨᠢᠭᠡᠯᠡ ᠭᠠᠵᠠᠷ ᠲᠤ ᠦᠨᠡᠰᠤ ᠪᠠᠨ ᠠᠰᠬᠠᠵᠤ ᠠᠰᠬᠠᠭᠰᠠᠭᠠᠷ ᠳᠤᠮᠤ ᠪᠣᠯᠳᠠᠭ ᠪᠦᠭᠡᠳ ᠦᠨᠡᠰᠤᠨ ᠣᠪᠣᠭᠠᠨ ᠤ ᠶᠡᠭᠡ ᠪᠠᠭ᠎ᠠ ᠪᠠᠷ ᠡᠨᠡ ᠠᠢ᠌ᠯ ᠡᠷᠦᠭᠡ ᠶᠢᠨ ᠪᠠᠶᠠᠨ ᠭᠦᠴᠦᠷᠭᠡᠭ᠌ ᠤᠨ ᠭᠡᠮᠵᠢᠶ᠎ᠡ ᠶᠠᠮᠠᠷ ᠵᠡᠷᠭᠡ ᠭᠡᠰᠡᠨ ᠢ ᠦᠵᠡᠵᠤ ᠭᠠᠷᠤᠨ᠎ᠠ ᠭᠡᠳᠡᠭ᠌᠃ ᠬᠤᠪᠣᠩ ᠲᠡᠶ ᠭᠠᠯ ᠳᠡᠭᠡᠷ᠎ᠡ ᠣᠰᠤ ᠰᠥ᠋ ᠵᠡᠷᠭᠡ ᠶᠢ ᠰᠦᠷᠴᠢᠵᠤ ᠪᠣᠯᠬᠤ ᠦᠭᠡᠶ ᠪᠦᠭᠡᠳ ᠨᠢᠯᠪᠣᠵᠤ ᠨᠠᠩ ᠪᠣᠯᠬᠤ ᠦᠭᠡᠶ᠃ 《ᠬᠤᠷᠢᠶᠠᠩᠭ᠋ᠤᠢ ᠠᠯᠳᠠᠨ ᠳᠤᠪᠴᠢ》᠂ 《ᠪᠣᠯᠤᠷ ᠡᠷᠢᠭᠡ》 ᠵᠡᠷᠭᠡ ᠶᠢᠨ ᠰᠤᠷᠪᠣᠯᠵᠢ ᠪᠢᠴᠢᠭ᠌ ᠲᠤ ᠦᠵᠡᠪᠠᠯ ᠤᠢ᠌ᠷᠠᠤᠨ ᠤᠨ ᠡᠰᠡᠨ ᠳᠠᠢ᠌ᠱᠢ ᠡᠴᠡ ᠳᠠᠢ᠌ᠰᠦᠩ ᠬᠠᠭᠠᠨ ᠳᠤᠭᠳᠤᠪᠣᠬ᠎ᠠ ᠪᠠ ᠳᠡᠭᠦᠨ ᠤ ᠳᠡᠭᠦᠤ ᠠᠭᠪᠠᠷᠵᠢᠨ ᠵᠢᠨᠤᠩ ᠬᠤᠶᠠᠭᠤᠯᠠ ᠶᠢᠨ ᠬᠤᠭᠤᠷᠤᠠᠳᠤ ᠬᠤᠪ ᠵᠢᠪ ᠲᠡᠶ ᠥᠭᠡ ᠵᠥᠭᠡᠭᠡᠵᠤ ᠠᠭᠪᠠᠷᠵᠢᠨ ᠵᠢᠨᠤᠩ ᠲᠡᠶ ᠰᠥᠯᠪᠠᠭᠡᠯᠳᠤᠨ ᠴᠡᠷᠢᠭ᠌ ᠵᠠᠰᠠᠵᠤ ᠳᠠᠢ᠌ᠰᠦᠩ ᠬᠠᠭᠠᠨ ᠢ ᠳᠠᠢ᠌ᠯᠠᠬᠤ ᠳᠤ ᠳᠠᠢ᠌ᠰᠦᠩ ᠬᠠᠭᠠᠨ ᠳᠠᠷᠤᠭᠳᠠᠵᠤ ᠭᠡᠷᠦᠯᠤᠨ ᠳᠤ ᠳᠤᠳᠠᠭᠠᠨ ᠣᠴᠢᠭᠠᠤᠨ ᠭᠤᠷᠯᠤᠰ ᠤᠨ ᠴᠠᠪᠳᠠᠨ ᠨᠠᠷᠠᠳᠤ ᠭᠦᠮᠤᠨ ᠳᠤ ᠬᠤᠷᠤᠭᠠᠭᠳᠠᠪᠠ᠃ 《ᠭᠠᠯ ᠳᠠᠭᠠᠨ ᠣᠰᠤᠨ ᠴᠢᠳᠬᠤᠭᠰᠠᠨ ᠠᠭᠪᠠᠷᠵᠢ ᠭᠡᠵᠢᠶ᠎ᠡ ᠪᠢᠳᠠᠨ ᠤ ᠨᠠᠷ᠎ᠠ ᠵᠢᠰᠤᠨ ᠢ ᠰᠠᠨᠠᠵᠤ ᠳᠤᠰᠤᠨ ᠴᠢᠳᠬᠤᠨᠠᠮ ︕》 ⑤ ᠭᠡᠳ ᠡᠰᠡᠨ ᠳᠠᠢ᠌ᠱᠢ ᠠᠭᠪᠠᠷᠵᠢᠨ ᠵᠢᠨᠤᠩ ᠢ ᠬᠠᠭᠠᠨ ᠣᠷᠤ ᠰᠠᠭᠤᠯᠭᠠᠭᠰᠠᠨ ᠦᠭᠡᠶ᠂ ᠤᠢ᠌ᠷᠠᠤᠨ ᠦᠪᠡᠷ ᠵᠠᠭᠤᠷᠠᠪᠠᠨ ᠴᠢᠭᠤᠯᠵᠤ 《ᠦᠪᠡᠷ ᠤᠨ ᠳᠦᠷᠤᠯ ᠶᠢᠡᠨ ᠡᠰᠡ ᠰᠠᠨᠠᠭᠰᠠᠨ ᠭᠦᠮᠤᠨ ᠮᠠᠨ ᠤ ᠳᠦᠷᠤᠯ ᠢ ᠰᠠᠨᠠᠮᠤ᠂ ᠦᠪᠡᠷᠤᠨ ᠳᠦᠷᠤ ᠪᠠᠨ ᠡᠰᠡ ᠰᠠᠨᠠᠭᠰᠠᠨ ᠭᠦᠮᠤᠨ ᠮᠠᠨ ᠤ ᠳᠦᠷᠤ ᠶᠢ ᠰᠠᠨᠠᠮᠤ᠂ ᠦᠪᠡᠷᠤᠨ ᠨᠠᠷ᠎ᠠ ᠪᠠᠨ ᠡᠰᠡ ᠰᠠᠨᠠᠭᠰᠠᠨ ᠭᠦᠮᠤᠨ ᠮᠠᠨ ᠤ ᠨᠠᠷ᠎ᠠ ᠶᠢ ᠰᠠᠨᠠᠮᠤ᠂ ᠦᠪᠡᠷᠤᠨ ᠭᠠᠯ ᠳᠤᠷ ᠶᠢᠡᠨ ᠰᠠᠢ᠌ᠳᠤ ᠵᠢᠨᠤᠩ ᠪᠤᠶᠤ》 ⑥ ᠭᠡᠵᠤ ᠭᠡᠯᠡᠯᠴᠡᠭᠡᠳ ᠠᠭᠪᠠᠷᠵᠢᠨ ᠵᠢᠨᠤᠩ ᠢ ᠭᠤᠴᠢᠨ ᠭᠤᠷᠪᠠᠨ ᠦᠷᠪᠠᠯᠭᠡᠳᠡᠨ᠂ ᠳᠦᠴᠢᠨ ᠳᠦᠷᠪᠠᠨ ᠣᠳᠤᠭᠠᠳᠠᠨ᠂ ᠵᠢᠷᠠᠨ ᠨᠢᠭᠡᠨ ᠭᠢᠭᠢᠷᠢᠳᠠᠨ ᠲᠡᠶ ᠨᠢ ᠪᠦᠷ ᠠᠯᠠᠪᠠ ⑦᠃ ᠡᠭᠦᠨ ᠳᠤ ᠶᠠᠷᠢᠭᠰᠠᠨ 《ᠭᠠᠯ ᠳᠠᠭᠠᠨ ᠣᠰᠤᠨ ᠴᠢᠳᠬᠤᠭᠰᠠᠨ ᠠᠭᠪᠠᠷᠵᠢ᠁》 ᠭᠡᠭᠦ ᠡᠴᠡ ᠦᠵᠡᠪᠠᠯ ᠠᠭᠪᠠᠷᠵᠢᠨ ᠵᠢᠨᠤᠩ ᠤᠨ ᠦᠪᠡᠷ ᠤᠨ ᠭᠠᠯ ᠭᠤᠯᠤᠮᠳᠠ ᠳᠤ ᠪᠠᠨ ᠣᠰᠤᠨ ᠭᠢᠵᠤ ᠰᠥᠨᠦᠭᠡᠭ᠍ᠰᠡᠨ ᠭᠡᠵᠤ ᠡᠯᠡᠭᠯᠡᠨ ᠰᠢᠭᠦᠮᠵᠢᠯᠡᠵᠤ᠂ ᠢᠳᠡᠭᠡᠵᠤ ᠪᠣᠯᠬᠤ ᠦᠭᠡᠶ ᠭᠦᠮᠤᠨ ᠭᠡᠵᠤ ᠭᠤᠯᠤᠵᠤ ᠪᠠᠢ᠌ᠭ᠎ᠠ ᠨᠢ ᠢᠯᠡᠭᠡᠨ ᠪᠠᠢ᠌ᠨ᠎ᠠ᠃ ᠭᠠᠯ ᠳᠠᠭᠢᠯᠭ᠎ᠠ ᠶᠢᠨ ᠭᠤᠤᠯ ᠰᠠᠨᠠᠭ᠎ᠠ ᠨᠢ ᠪᠦᠷ ᠯᠠ ᠭᠤᠯᠤᠮᠳᠠ ᠶᠢᠨ ᠵᠠᠯᠭᠠᠮᠵᠢᠯᠠᠭᠴᠢ ᠲᠡᠶ ᠪᠣᠯᠬᠤ ᠶᠢᠨ ᠲᠦᠯᠦᠭᠡ ᠪᠣᠯᠬᠤᠷ ᠭᠠᠯ ᠤᠨ ᠪᠣᠷᠬᠠᠨ ᠨᠢ ᠦᠷᠡᠵᠢᠭᠦᠯᠵᠤ ᠦᠰᠭᠡᠭᠦ ᠴᠢᠳᠠᠪᠣᠷᠢ ᠲᠡᠶ ᠡᠮ᠎ᠡ ᠭᠦᠢᠰᠦᠳᠡᠢ ᠰᠠᠭᠢᠭᠤᠯᠰᠤᠨ ᠪᠠᠢ᠌ᠵᠤ ᠳᠠᠭᠠᠷᠠᠨ᠎ᠠ᠃ ᠳᠠᠷᠤᠢ ᠭᠠᠯ ᠤᠨ ᠳᠠᠭᠢᠯᠭ᠎ᠠ ᠳᠤ ᠭᠠᠷᠳᠠᠭ 《ᠭᠠᠯᠢᠬᠠᠨ ᠡᠭᠡ》 ᠪᠤᠯᠤᠨ᠎ᠠ᠃ 《ᠭᠠᠯᠢᠬᠠᠨ ᠡᠭᠡ》 ᠶ᠋ᠢ ᠳᠠᠭᠢᠵᠤ ᠦᠷ᠎ᠡ ᠬᠡᠦᠬᠡᠳ ᠵᠠᠶᠠᠭᠠᠯᠭᠠᠵᠤ ᠦᠨᠳᠦᠰᠦ ᠣᠭᠰᠠᠭ᠎ᠠ ᠪᠠᠨ ᠦᠷᠭᠦᠯᠵᠢᠯᠡᠭᠦᠯᠭᠦ ᠨᠢ ᠭᠠᠯ ᠭᠤᠯᠤᠮᠳᠠ ᠪᠠᠨ ᠵᠠᠯᠭᠠᠵᠤ ᠪᠠᠢ᠌ᠨ᠎ᠠ ᠭᠡᠵᠤ ᠥᠵᠡᠳᠡᠭ᠌᠃ 《ᠠᠯᠳᠠᠨ ᠣᠷᠳᠤᠨ ᠤ ᠭᠤᠯᠤᠮᠳᠠ ᠶᠢᠨ ᠪᠠᠭ᠎ᠠ ᠦᠴᠢᠭ᠌》 ᠲᠤ

《ᠬᠠᠳᠠᠨ ᠳᠠᠮᠤᠷ ᠡᠴᠢᠭᠡᠳᠤ

ᠬᠠᠢ᠌ᠯᠠᠰᠤᠨ ᠡᠪᠠᠰᠤᠨ ᠣᠮᠠᠢ᠌ᠳᠤ》

《ᠰᠢᠷ᠎ᠠ ᠭᠢᠯᠠᠭᠠᠨ᠎ᠠ ᠠᠮᠢᠳᠤ

ᠰᠢᠷᠠᠬᠠᠯᠵᠢᠬᠠᠨ ᠡᠪᠠᠰᠤᠨ ᠤᠮᠡᠢ᠌ᠳᠤ》 ᠭᠡᠵᠤ ᠦᠴᠢᠳᠡᠭ᠌ ᠨᠢ ᠬᠠᠢ᠌ᠯᠠᠰᠤ ᠪᠣᠯ ᠦᠷ᠎ᠡ ᠠᠷᠪᠢᠨ᠂ ᠭᠢᠯᠠᠭᠠᠨ᠎ᠠ ᠪᠣᠯ ᠭᠠᠯ ᠢ ᠬᠤᠷᠳᠤᠨ ᠦᠷᠪᠢᠰᠦᠭᠦᠯᠤᠨ ᠪᠠᠳᠠᠷᠠᠭᠠᠭᠴᠢ ᠴᠢᠨᠠᠷᠳᠠᠢ᠃ 《ᠡᠦᠮᠡᠢ》 ᠭᠡᠳᠡᠭ᠌ ᠨᠢ ᠡᠮ᠎ᠡ ᠭᠦᠢᠰᠦᠳᠡᠨ ᠤ ᠪᠠᠯᠭᠡ ᠶᠢᠨ ᠡᠷᠭᠡᠳᠡᠨ ᠮᠦᠨ᠃ ᠡᠢ᠌ᠮᠤ ᠡᠴᠡ ᠭᠠᠯ ᠤᠨ ᠳᠠᠭᠢᠯᠭ᠎ᠠ ᠳᠤ ᠬᠠᠢ᠌ᠯᠠᠰᠤ ᠭᠢᠯᠠᠭᠠᠨ᠎ᠠ ᠬᠤᠶᠠᠷ ᠢ ᠭᠦᠡᠳᠦᠳᠭᠡᠨ ᠭᠡᠷᠡᠭᠯᠡᠵᠤ ᠦᠷ᠎ᠡ ᠬᠡᠦᠬᠡᠳ ᠲᠡᠶ ᠪᠣᠯᠬᠤ ᠳᠤ ᠪᠠᠯᠭᠡ ᠲᠡᠶ ᠭᠡᠵᠤ ᠥᠵᠡᠳᠡᠭ᠌᠃

ᠳᠦᠷᠪᠠ᠂ ᠠᠷᠢᠭᠤᠨ ᠭᠠᠯ

ᠬᠤᠷᠴᠢᠨ ᠮᠤᠩᠭ᠋ᠤᠯᠴᠤᠳ ᠭᠠᠯ ᠢ ᠠᠷᠢᠭᠤᠨ ᠳᠠᠷᠬᠠᠨ ᠶᠢᠡᠷ ᠳᠡᠭᠡᠳᠦᠯᠡᠵᠤ᠂ ᠭᠠᠯ ᠪᠣᠵᠠᠷᠳᠠᠪᠠᠯ ᠭᠦᠩᠭᠡᠨ ᠳᠤ ᠪᠠᠨ ᠮᠠᠯ ᠣᠨᠤᠭ᠎ᠠ ᠰᠣᠢ᠌ᠤᠠᠴᠤ ᠪᠣᠶᠠᠨ ᠭᠡᠰᠢᠭ᠌ ᠵᠠᠢ᠌ᠯᠠᠨ᠂ ᠭᠦᠡᠳᠤ ᠪᠣᠯ ᠣᠭ ᠦᠨᠳᠦᠰᠦ ᠳᠠᠰᠤᠷᠠᠨ ᠭᠠᠯ ᠭᠤᠯᠤᠮᠳᠠ ᠬᠠᠷᠠᠯᠠᠨ᠎ᠠ ᠭᠡᠵᠤ ᠥᠵᠡᠭᠦ ᠪᠦᠭᠡᠳ ᠪᠠᠰᠠ ᠭᠠᠯ ᠢ ᠭᠡᠷᠡᠭᠯᠡᠵᠤ ᠪᠣᠵᠠᠷ ᠪᠣᠷᠳᠤᠭ ᠶᠠᠭᠤᠮ᠎ᠠ ᠶᠢ ᠳᠤᠮᠨᠠᠨ ᠠᠷᠢᠭᠤᠳᠭᠠᠳᠠᠭ᠃ ᠭᠠᠯ ᠶᠢᠡᠷ ᠰᠠᠩ ᠠᠷᠢᠭᠤᠳᠬᠠᠯ ᠳᠠᠯᠪᠢᠳᠠᠭ ᠨᠢ ᠮᠦᠨ ᠭᠠᠯ ᠢ ᠠᠷᠢᠭᠤᠨ ᠴᠢᠨᠠᠷ ᠲᠡᠶ᠂ ᠠᠷᠢᠭᠤᠳᠬᠠᠯ ᠤᠨ ᠰᠢᠳᠢ ᠲᠡᠶ ᠭᠡᠵᠤ ᠪᠢᠰᠢᠷᠠᠨ ᠰᠢᠳᠦᠳᠡᠭ᠌ ᠲᠤ ᠬᠤᠯᠪᠣᠭᠳᠠᠨ᠎ᠠ᠃ ᠮᠤᠩᠭ᠋ᠤᠯᠴᠤᠳ ᠣᠵᠠᠭᠤᠷ ᠦᠶ᠎ᠡ ᠡᠴᠡ ᠭᠠᠯ ᠤᠨ ᠠᠷᠢᠭᠤᠳᠬᠠᠯ ᠢ ᠡᠳᠦᠷ ᠳᠤᠳᠤᠮ ᠤᠨ ᠠᠮᠢᠳᠤᠷᠠᠯ ᠠᠬᠤᠢ ᠡᠴᠡ ᠠᠪᠣᠭᠠᠤᠨ ᠣᠯᠤᠰ ᠦᠨᠳᠦᠰᠦᠳᠠᠨ ᠤ ᠬᠤᠭᠤᠷᠤᠠᠳᠤᠭᠢ ᠭᠠᠳᠠᠭᠠᠳᠤ ᠬᠠᠷᠢᠯᠴᠠᠭᠠᠨ ᠳᠤ ᠭᠦᠷᠳᠡᠯᠡᠭᠢ ᠶᠡᠭᠡ ᠪᠠᠭ᠎ᠠ ᠣᠢ᠌ᠯᠠ ᠠᠵᠢᠯᠯᠠᠭᠠᠨ ᠳᠡᠭᠡᠷ᠎ᠡ ᠨᠠᠢ᠌ᠳᠠᠮ ᠭᠡᠷᠡᠭᠯᠡᠭ᠍ᠰᠡᠭᠡᠷ ᠢᠷᠡᠭ᠍ᠰᠡᠨ ᠪᠠᠢ᠌ᠵᠠᠢ᠃ ᠬᠤᠷᠴᠢᠨ ᠮᠤᠩᠭ᠋ᠤᠯᠴᠤᠳ ᠨᠢᠯᠬ᠎ᠠ ᠬᠡᠦᠬᠡᠳ ᠶᠢᠡᠨ ᠥᠯᠦᠭᠡᠢ᠌ᠳᠡᠭᠦ ᠳᠤ ᠪᠠᠨ ᠥᠯᠦᠭᠡᠢ ᠪᠠᠨ ᠣᠷᠢᠳᠠᠪᠠᠷ ᠭᠦᠵᠢ ᠶᠢᠨ ᠭᠠᠯ ᠠᠷᠢᠭᠤᠯᠠᠵᠤ ᠠᠪᠳᠠᠭ ᠵᠠᠩᠰᠢᠯ ᠲᠡᠶ᠃ ᠣᠷᠤᠢ ᠪᠦᠷᠦᠢ ᠭᠠᠳᠠᠨ᠎ᠠ ᠡᠴᠡ ᠭᠦᠮᠤᠨ ᠬᠠᠷ᠎ᠠ ᠭᠡᠷ ᠳᠤᠨᠢ ᠢᠷᠠᠪᠠᠯ ᠥᠭᠡᠳᠡ ᠡᠴᠡ ᠨᠢ ᠭᠠᠯ ᠬᠠᠶᠠᠳᠠᠭ ᠵᠠᠩᠰᠢᠯ ᠨᠢ ᠣᠳᠤ ᠴᠣᠢ᠌ᠳᠠᠩ ᠳᠠᠯᠪᠢᠬᠤ ᠪᠠᠷ ᠣᠷᠤᠯᠠᠭᠳᠠᠵᠠᠢ᠃ 《ᠫᠠᠯᠠᠨ ᠺᠠᠷᠪᠢᠨ᠂ ᠸᠢᠯᠢᠶᠠᠮ ᠷᠥᠪᠷᠥᠭ᠌ ᠤᠨ ᠮᠤᠩᠭ᠋ᠤᠯ ᠳᠤ ᠵᠢᠭᠤᠯᠴᠢᠯᠠᠭᠰᠠᠨ ᠳᠡᠮᠳᠡᠭᠯᠡᠯ》 ᠳ᠋ᠤ 《ᠳᠦᠭᠦᠮᠴᠢᠯᠡᠭᠡᠳ ᠭᠡᠯᠡᠪᠠᠯ ᠶᠠᠭᠤᠮ᠎ᠠ ᠪᠦᠭᠦᠨ ᠢ ᠭᠠᠯ ᠳᠤ ᠠᠷᠢᠭᠤᠳᠬᠠᠳᠠᠭ ᠶᠤᠮ ᠭᠡᠵᠤ ᠳᠠᠳᠠᠨᠠᠷ ᠢᠳᠡᠭᠡᠳᠡᠭ᠌ ᠪᠠᠢ᠌ᠨ᠎ᠠ᠃ ᠳᠠᠢ᠌ᠮᠤ ᠣᠴᠢᠷ ᠡᠴᠡ ᠡᠯᠴᠢᠨ ᠰᠠᠢ᠌ᠳ᠂ ᠨᠤᠶᠠᠤᠨ ᠲᠦᠰᠢᠮᠠᠤᠨ ᠪᠣᠶᠤ ᠥᠭᠡᠷ᠎ᠡ ᠶᠠᠮᠠᠷ ᠴᠤ ᠭᠦᠮᠤᠨ ᠪᠣᠯᠳᠤᠭᠠᠢ᠂ ᠳᠠᠳᠠᠨᠠᠷ ᠡᠴᠡ ᠳᠠᠠᠳᠠ ᠭᠦᠷᠴᠤ ᠣᠴᠢᠪᠠᠯ᠂ ᠳᠠᠳᠠᠨᠠᠷ ᠤᠨ ᠦᠪᠡᠷᠰᠠᠤᠨ ᠤᠨ ᠪᠠᠶ᠎ᠠ ᠭᠢᠭᠡᠳ ᠳᠠᠳᠠᠨᠠᠷ ᠲᠤ ᠪᠠᠯᠭᠡ ᠰᠠᠯᠳᠠ ᠡᠷᠭᠦᠨ ᠪᠠᠷᠢᠭᠰᠠᠤᠨ ᠢ ᠴᠦᠮ ᠬᠤᠶᠠᠷ ᠭᠡᠰᠡᠭ᠌ ᠭᠠᠯ ᠤᠨ ᠳᠤᠮᠳᠠᠭᠤᠷ ᠶᠠᠪᠣᠭᠤᠯᠤᠨ ᠭᠠᠯ ᠤᠨ ᠠᠷᠢᠭᠤᠳᠬᠠᠯ ᠭᠢᠵᠤ᠂ ᠳᠠᠳᠠᠨᠠᠷ ᠶᠠᠮᠠᠷ ᠨᠢᠭᠡᠨ ᠬᠤᠤᠷ᠎ᠠ ᠭᠦᠨᠦᠭᠡᠯ ᠠᠪᠴᠢᠷᠠᠵᠤ ᠠᠶᠤᠯ ᠭᠠᠮᠰᠢᠭ ᠪᠣᠯᠬᠤ ᠡᠴᠡ ᠰᠡᠷᠡᠮᠵᠢᠯᠡᠳᠡᠭ᠌ ᠪᠠᠢ᠌ᠨ᠎ᠡ》 ᠭᠡᠵᠤ ᠳᠡᠮᠳᠡᠭᠯᠡᠵᠡᠢ᠃ ᠪᠦᠭᠡ ᠶᠢᠨ ᠱᠠᠰᠢᠨ ᠤ ᠥᠵᠡᠭᠦ ᠪᠠᠷ ᠠᠯᠢᠪᠠ ᠡᠪᠡᠳᠴᠢᠨ ᠡᠮᠭᠡᠭ᠌᠂ ᠭᠠᠢ ᠭᠠᠮᠰᠢᠭ᠂ ᠠᠶᠤᠯ ᠵᠤᠪᠠᠯᠠᠩ ᠨᠢ ᠴᠦᠮ ᠪᠣᠵᠠᠷᠳᠠᠯ ᠡᠴᠡ ᠪᠣᠯᠵᠤ ᠠᠳᠠ ᠴᠢᠳᠭᠦᠷ ᠨᠠᠭᠠᠯᠳᠤᠭᠰᠠᠨ ᠪᠠ ᠣᠷᠤᠰᠢᠵᠤ ᠳᠣᠢ᠌ᠤᠠᠴᠤ ᠪᠠᠢ᠌ᠬᠤ ᠡᠴᠡ ᠰᠢᠯᠳᠠᠭᠠᠯᠠᠵᠠᠢ ᠭᠡᠵᠤ ᠥᠵᠡᠳᠡᠭ᠌᠃ ᠳᠤᠯᠤᠭᠠᠢ ᠪᠣᠵᠠᠷᠳᠠᠪᠠᠯ ᠭᠡᠢ ᠮᠤᠷᠢ ᠭᠡᠪᠳᠡᠵᠤ ᠴᠢᠨᠠᠭᠰᠢᠯᠠᠨ ᠡᠷᠭᠢᠭᠦᠤ ᠮᠤᠩᠬᠠᠭ ᠪᠣᠯᠤᠨ᠎ᠠ᠃ ᠭᠠᠷ ᠪᠣᠵᠠᠷᠳᠠᠪᠠᠯ ᠭᠠᠷᠤᠵᠠ ᠨᠢ ᠶᠡᠭᠡᠳᠡᠵᠤ ᠣᠯᠵᠠ ᠨᠢ ᠪᠠᠭᠠᠳᠠᠨ᠎ᠠ᠃ ᠡᠮᠡᠭ᠍ᠳᠡᠢ ᠭᠦᠮᠤᠨ ᠪᠣᠵᠠᠷᠳᠠᠪᠠᠯ ᠬᠡᠦᠬᠡᠳ ᠭᠠᠷᠬᠤ ᠦᠭᠡᠶ ᠡᠪᠡᠳᠴᠢᠨ ᠲᠡᠶ ᠪᠣᠯᠤᠨ᠎ᠠ ᠭᠡᠳᠡᠭ᠌᠃ ᠬᠤᠷᠴᠢᠨ ᠮᠤᠩᠭ᠋ᠤᠯᠴᠤᠳ ᠤᠨ ᠣᠢ᠌ᠯᠠᠭᠠᠭᠳᠠᠬᠤᠨ ᠳᠤ ᠭᠠᠯ ᠪᠣᠯ ᠠᠯᠢᠪᠠ ᠶᠢ ᠠᠷᠢᠭᠤᠳᠬᠠᠬᠤ ᠷᠢᠳᠢ ᠰᠢᠳᠢ ᠲᠡᠶ ᠶᠠᠭᠤᠮ᠎ᠠ ᠮᠦᠨ ᠭᠡᠭᠦ ᠳᠤᠯᠠ ᠠᠯᠢᠪᠠ ᠪᠣᠳᠠᠰ ᠤᠨ ᠪᠣᠵᠠᠷᠳᠠᠯ ᠢ ᠪᠦᠷ ᠭᠠᠯ ᠶᠢᠡᠷ ᠠᠷᠢᠭᠤᠳᠬᠠᠳᠠᠭ᠃ ᠡᠢ᠌ᠮᠤ ᠡᠴᠡ ᠭᠠᠯ ᠤᠨ ᠪᠣᠵᠠᠷᠳᠠᠬᠤ ᠶᠢ ᠨᠠᠩ ᠢᠯᠡᠭᠦᠤ ᠭᠢᠴᠢᠶᠠᠨ ᠰᠡᠷᠡᠮᠵᠢᠯᠡᠳᠡᠭ᠌ ᠨᠢ ᠬᠤᠵᠢᠳ ᠳᠤᠷᠠᠳᠬᠤ ᠭᠠᠯ ᠤᠨ ᠴᠡᠭᠡᠷ ᠲᠤ ᠢᠯᠠᠷᠠᠨ᠎ᠠ᠃ ᠭᠡᠷᠪᠡ ᠭᠠᠯ ᠪᠣᠵᠠᠷᠳᠠᠪᠠᠯ ᠭᠦᠩᠭᠡ ᠶᠢᠨ ᠶᠢᠠᠨ ᠮᠠᠯ ᠣᠨᠤᠭ᠎ᠠ ᠰᠣᠢ᠌ᠤᠠᠴᠤ ᠪᠣᠶᠠᠨ ᠭᠡᠰᠢᠭ᠌ ᠵᠠᠢ᠌ᠯᠠᠨ᠂ ᠭᠦᠡᠳᠤ ᠪᠣᠯᠪᠠᠯ ᠣᠭ ᠦᠨᠳᠦᠰᠦ ᠳᠠᠰᠤᠷᠠᠨ ᠭᠠᠯ ᠭᠤᠯᠤᠮᠳᠠ ᠬᠠᠷᠠᠯᠠᠬᠤ ᠠᠶᠤᠯᠳᠠᠢ ᠭᠡᠳᠡᠭ᠌᠃

ᠭᠠᠯ ᠶᠢᠡᠷ ᠪᠠᠰᠠ ᠡᠮ ᠡᠮᠨᠡᠯᠭᠡ ᠶᠢᠨ ᠰᠢᠠᠵᠢ ᠲᠡᠶ ᠳᠤᠮ ᠭᠢᠳᠡᠭ᠌᠃ 《ᠮᠤᠩᠭ᠋ᠤᠯ ᠤᠨ ᠨᠢᠭᠤᠴᠠ ᠳᠤᠪᠴᠢᠶᠠᠨ》 §173 ᠳ᠋ᠤ ᠴᠢᠩᠭᠢᠰ ᠬᠠᠭᠠᠨ ᠥᠭᠡᠳᠡᠢ ᠶᠢᠨ ᠰᠢᠷᠬᠠᠳᠤᠭᠰᠠᠨ ᠢ ᠥᠵᠡᠭᠡᠳ ᠵᠢᠷᠦᠭᠡ ᠰᠢᠮᠰᠢᠷᠠᠵᠤ᠂ ᠨᠢᠳᠤᠨ ᠡᠴᠡ ᠪᠠᠨ ᠨᠢᠯᠪᠣᠰᠤᠨ ᠣᠨᠠᠭᠠᠵᠤ 《ᠳᠠᠷᠤᠢ ᠭᠠᠯ ᠲᠦᠯᠡᠭᠦᠯᠵᠤ ᠰᠢᠷᠬ᠎ᠠ ᠶᠢ ᠬᠠᠭᠠᠷᠢᠵᠤ᠁》 ᠭᠡᠵᠤ ᠭᠠᠷᠳᠠᠭ ᠡᠴᠡ ᠭᠠᠯ ᠶᠢᠡᠷ ᠰᠢᠷᠬ᠎ᠠ ᠶᠢ ᠬᠠᠭᠠᠷᠢᠵᠤ ᠴᠢᠰᠤ ᠶᠢ ᠵᠤᠭᠰᠤᠭᠠᠬᠤ ᠪᠣᠶᠤ ᠬᠤᠤᠷ ᠢ ᠨᠢ ᠠᠷᠢᠯᠭᠠᠳᠠᠭ ᠪᠠᠢ᠌ᠵᠠᠢ᠃ ᠣᠳᠤ ᠶᠢᠨ ᠬᠤᠷᠴᠢᠠᠴᠤᠳ ᠮᠦᠨ ᠭᠠᠯ ᠶᠢᠡᠷ ᠰᠢᠷᠬ᠎ᠠ ᠵᠠᠰᠠᠬᠤ ᠠᠷᠭ᠎ᠠ ᠶᠢ ᠨᠠᠢ᠌ᠳᠠᠮ ᠭᠡᠷᠡᠭᠯᠡᠵᠤ ᠪᠠᠢ᠌ᠳᠠᠭ᠃ ᠪᠠᠭ᠎ᠠ ᠰᠠᠭ᠎ᠠ ᠰᠢᠷᠬ᠎ᠠ ᠪᠣᠯ ᠭᠦᠪᠦᠩ ᠢ ᠰᠢᠳᠠᠭᠠᠭᠠᠤᠨ ᠰᠢᠷᠬᠠᠨ ᠤ ᠳᠡᠭᠡᠷ᠎ᠡ ᠪᠠᠨ ᠳᠠᠷᠤᠪᠠᠯ ᠴᠢᠰᠤ ᠶᠢ ᠵᠤᠭᠰᠤᠭᠠᠵᠤ᠂ ᠬᠤᠤᠷ ᠭᠡᠮ ᠶᠢ ᠨᠢ ᠠᠷᠢᠯᠭᠠᠳᠠᠭ᠃ ᠮᠠᠯ ᠭᠠᠬᠠᠢ ᠶᠢᠨ ᠪᠦᠭᠡᠷ᠎ᠡ ᠠᠪᠬᠤ ᠳᠤ ᠪᠠᠨ ᠪᠦᠷ ᠭᠢᠳᠤᠭ᠎ᠠ ᠪᠠᠨ ᠭᠠᠯ ᠳᠤ ᠬᠣᠢ᠌ᠯᠠᠬᠤ ᠪᠦᠭᠡᠳ ᠠᠪᠣᠭᠰᠠᠨ ᠤ ᠳᠠᠷᠠᠭ᠎ᠠ ᠠᠷᠭᠠᠯ ᠤᠨ ᠭᠠᠯ ᠶᠢᠡᠷ ᠭᠢᠳᠤᠭ᠎ᠠ ᠶᠢᠨ ᠰᠢᠷᠬ᠎ᠠ ᠶᠢᠨ ᠠᠮᠠᠰᠠᠷ ᠢ ᠳᠤᠮᠨᠠᠳᠠᠭ ᠶᠤᠰᠤᠳᠠᠢ᠃ ᠢᠩᠭᠢᠪᠠᠯ ᠰᠢᠷᠬ᠎ᠠ ᠨᠢ ᠭᠡᠮᠳᠦᠭᠦ ᠦᠭᠡᠶ ᠪᠦᠭᠡᠳ ᠳᠦᠷᠭᠡᠨ ᠡᠳᠡᠭᠡᠷᠡᠳᠡᠭ᠌᠃ ᠭᠡᠷᠪᠡ ᠳᠠᠯᠤᠨ ᠤ ᠭᠡᠰᠡᠭ᠌ ᠤᠨ ᠪᠣᠭᠤᠮ᠎ᠠ ᠶᠠᠷ᠎ᠠ ᠪᠣᠶᠤ ᠭᠦᠭᠦᠨ ᠪᠣᠯᠴᠢᠷᠬᠠᠢ ᠶᠢᠨ ᠦᠮᠠᠨ ᠬᠠᠪᠣᠳᠠᠷ ᠮᠠᠳᠤ ᠶᠢᠨ ᠭᠦᠡᠳᠤ ᠭᠦᠴᠢᠷ᠂ ᠡᠪᠡᠳᠴᠢᠯᠡᠭ᠍ᠰᠡᠨ ᠭᠡᠪᠴᠢᠶ᠎ᠡ ᠨᠢ ᠶᠡᠭᠡ ᠪᠠᠢ᠌ᠪᠠᠯ ᠭᠦᠪᠦᠩ ᠶᠢᠡᠨ ᠬᠤᠷᠤᠭᠤᠨ ᠥᠡᠳᠡᠭᠡ ᠶᠢᠨ ᠭᠢᠷᠢ ᠪᠠᠮᠪᠠᠷ ᠵᠤᠬᠢᠶᠠᠵᠤ ᠮᠠᠭᠠᠵᠢ ᠶᠢᠨ ᠳᠤᠰᠤᠨ ᠳᠤ ᠳᠦᠷᠤᠵᠤ ᠨᠤᠴᠤᠭᠠᠭᠠᠤᠨ ᠡᠪᠡᠳᠴᠢᠯᠡᠭ᠍ᠰᠡᠨ ᠭᠡᠰᠡᠭ᠌ ᠢ ᠳᠦᠭᠡᠨᠡᠳᠡᠭ᠌᠂ ᠡᠭᠦᠨ ᠢ ᠭᠠᠯ ᠪᠠᠮᠪᠠᠷ ᠤᠨ ᠳᠦᠭᠡᠨᠡᠯᠭᠡ ᠭᠡᠳᠡᠭ᠌᠃ ᠬᠤᠷᠴᠢᠨ ᠮᠤᠩᠭ᠋ᠤᠯᠴᠤᠳ ᠭᠠᠯ ᠰᠤᠷᠤᠭᠤᠯ ᠤᠨ ᠡᠮᠨᠡᠯ ᠵᠠᠰᠠᠯᠭ᠎ᠠ ᠶᠡᠭᠡ ᠭᠡᠷᠡᠭᠯᠳᠡᠭ᠌᠃ ᠳᠠᠭᠰᠢᠭᠤᠷ᠂ ᠳᠤᠯᠤᠭᠠᠢ ᠡᠪᠡᠳᠭᠦ᠂ ᠭᠦᠯ ᠨᠢᠷᠤᠭᠤ ᠡᠪᠡᠳᠭᠦ᠂ ᠬᠤᠳᠤᠭᠠᠳᠤ ᠭᠡᠳᠡᠰᠤᠨ ᠤ ᠭᠦᠢᠳᠡᠨ ᠭᠡᠢ᠂ ᠪᠣᠯᠴᠢᠩ ᠣᠷᠪᠠᠬᠤ᠂ ᠰᠠᠷ᠎ᠠ ᠶᠢᠨ ᠊ᠭ᠍‍ᠬᠢᠷ ᠤᠨ ᠡᠪᠠᠳᠦᠯᠳᠡ᠂ ᠬᠡᠦᠬᠡᠳ ᠤᠨ ᠰᠢᠭᠡᠷᠡᠩ ᠵᠡᠷᠭᠡ ᠡᠪᠡᠳᠴᠢᠨ ᠳᠤ ᠭᠠᠯ ᠰᠤᠷᠤᠭᠤᠯ ᠤᠨ ᠵᠠᠰᠠᠯᠭ᠎ᠠ ᠶᠢ ᠭᠡᠷᠡᠭᠯᠡᠨ᠎ᠡ᠃ ᠭᠠᠯ ᠰᠤᠷᠤᠭᠤᠯ ᠳᠠᠯᠪᠢᠬᠤ ᠳᠤ ᠪᠠᠨ ᠰᠤᠷᠤᠭᠤᠯ ᠤᠨ ᠯᠤᠩᠬᠤᠨ ᠳᠤᠳᠤᠷ᠎ᠠ ᠪᠠᠨ ᠴᠠᠭᠠᠰᠤ ᠪᠣᠶᠤ ᠭᠦᠪᠦᠩ ᠳᠤ ᠭᠠᠯ ᠵᠤᠯᠭᠠᠭᠤᠯᠤᠨ ᠭᠢᠵᠤ ᠡᠪᠡᠳᠴᠢᠨ ᠤ ᠵᠠᠰᠠᠯᠭ᠎ᠠ ᠶᠢᠨ ᠭᠠᠵᠠᠷ ᠲᠤ ᠰᠤᠷᠤᠭᠤᠯᠳᠤᠨ᠎ᠠ᠃

ᠶᠠᠮᠠᠷ ᠨᠢᠭᠡᠨ ᠰᠢᠯᠳᠠᠭᠠᠨ ᠶᠢᠡᠷ ᠪᠣᠵᠠᠷᠳᠠᠯ᠎ᠠ ᠭᠡᠵᠤ ᠥᠵᠡᠭ᠍ᠰᠡᠨ ᠶᠠᠭᠤᠮ᠎ᠠ ᠪᠠᠨ ᠡᠷᠭᠡᠪᠰᠢ ᠭᠠᠯ ᠶᠢᠡᠷ ᠠᠷᠢᠭᠤᠳᠬᠠᠵᠤ ᠠᠪᠳᠠᠭ ᠶᠤᠰᠤᠳᠠᠢ᠃ ᠯᠠᠢ᠌ᠴᠢᠩ ᠤᠨ ᠵᠠᠷᠤᠬᠤ ᠰᠠᠶᠠᠭ ᠶᠢᠡᠨ ᠴᠤ ᠭᠠᠯ ᠶᠢᠡᠷ ᠠᠷᠢᠭᠤᠳᠬᠠᠳᠠᠭ ᠪᠠᠢ᠌ᠯ᠎ᠠ᠃ ᠳᠠᠷᠤᠢ ᠰᠢᠷ᠎ᠠ ᠴᠠᠭᠠᠰᠤᠨ ᠳᠡᠭᠡᠷ᠎ᠡ ᠪᠠᠭᠡ ᠪᠠᠷ ᠪᠣᠶᠤ ᠵᠤᠢᠱᠠ ᠪᠠᠷ ᠳᠠᠷᠨᠢ ᠶᠢᠨ ᠦᠰᠦᠭ᠌ ᠪᠢᠴᠢᠭᠡᠳ ᠪᠦᠭᠡᠮᠯᠡᠵᠤ ᠵᠤᠬᠢᠶᠠᠭᠰᠠᠨ 《ᠰᠠᠶᠠᠭ》 ᠶ᠋ᠢᠡᠨ ᠭᠠᠯ ᠶᠢᠡᠷ ᠰᠢᠳᠠᠭᠠᠵᠤ ᠠᠷᠢᠭᠤᠳᠬᠠᠭᠰᠠᠨ ᠤ ᠰᠡᠭᠦᠯᠡᠷ ᠯᠠᠢ᠌ᠴᠢᠩ ᠤᠨ ᠰᠠᠶᠠᠭ ᠨᠠᠩ ᠷᠢᠳᠢ ᠰᠢᠳᠢ ᠲᠡᠶ ᠪᠣᠯᠤᠯ᠎ᠠ ᠭᠡᠵᠤ ᠥᠵᠡᠳᠡᠭ᠌᠃ ᠭᠦᠮᠤᠨ ᠳᠤᠯᠤᠭᠠᠢ ᠳᠡᠭᠡᠭᠦᠷ ᠶᠢᠡᠨ ᠡᠯᠳᠡᠪ ᠡᠰᠡᠨ ᠮᠠᠭᠤ ᠰᠠᠢ᠌ᠨ ᠶᠠᠭᠤᠮ᠎ᠠ ᠶᠢ ᠭᠠᠷᠭᠠᠳᠠᠭ ᠦᠭᠡᠶ ᠶᠤᠮ᠃ ᠭᠡᠷᠪᠡ ᠮᠠᠯᠠᠭᠠᠢ ᠳᠤᠯᠤᠭᠠᠢ ᠪᠣᠵᠠᠷᠳᠠᠯ᠎ᠠ ᠭᠡᠵᠤ ᠦᠵᠡᠪᠠᠯ ᠮᠠᠯᠠᠭᠠᠢ ᠳᠤᠯᠤᠭᠠᠢ ᠪᠠᠨ ᠦᠣᠠᠳᠤᠷ ᠳᠦᠷᠭᠡᠨ ᠭᠠᠯ ᠶᠢᠡᠷ ᠭᠤᠯᠢᠶᠠᠨ ᠠᠷᠢᠭᠤᠳᠬᠠᠵᠤ ᠳᠤᠮ ᠭᠢᠵᠤ ᠠᠪᠬᠤ ᠶᠤᠰᠤᠳᠠᠢ᠃ ᠡᠪᠡᠳᠴᠢᠨ ᠲᠡᠶ ᠭᠦᠮᠤᠨ ᠳᠤ ᠠᠳᠠ ᠴᠢᠳᠭᠦᠷ ᠨᠠᠭᠠᠯᠳᠤᠵᠤ ᠪᠣᠵᠠᠷᠳᠠᠯ᠎ᠠ ᠭᠡᠵᠤ ᠥᠵᠡᠭ᠍ᠰᠡᠨ ᠦᠶ᠎ᠡ ᠳᠤ ᠣᠰᠤ ᠭᠡᠭᠡᠵᠤ ᠦᠭ‍ᠭᠦᠭᠡᠳ ᠴᠠᠭᠠᠰᠤᠨ ᠭᠦᠮᠤᠨ ᠬᠠᠢ᠌ᠴᠢᠯᠠᠵᠤ ᠵᠤᠯᠢᠭ ᠪᠣᠯᠭᠠᠭᠠᠤᠨ ᠡᠪᠡᠳᠴᠢᠳᠡᠨ ᠤ ᠳᠠᠷ᠎ᠠ ᠶᠢᠨ ᠳᠤᠤᠷ᠎ᠠ ᠨᠢᠭᠡ ᠬᠤᠨᠤᠭᠤᠯᠬᠤ ᠪᠣᠶᠤ ᠭᠡᠰᠡᠭ᠌ ᠣᠳᠠᠭᠠᠤᠨ ᠦᠨᠦᠭᠢ ᠣᠰᠤ ᠪᠠᠨ ᠭᠡᠭᠡᠭᠦ ᠶᠢᠨ ᠳᠠᠭᠠᠤ ᠴᠠᠭᠠᠰᠤᠨ ᠭᠦᠮᠤᠨ ᠶᠢᠡᠨ ᠭᠤᠷᠪᠠᠨ ᠵᠠᠮ ᠤᠨ ᠠᠭᠤᠯᠵᠠᠷ ᠲᠤ ᠰᠢᠳᠠᠭᠠᠳᠠᠭ᠃ ᠵᠤᠯᠢᠭ ᠭᠠᠷᠭᠠᠭᠰᠠᠨ ᠭᠦᠮᠤᠨ ᠶᠢᠡᠨ ᠪᠣᠴᠠᠵᠤ ᠢᠷᠡᠭᠦ ᠢᠷᠡᠭᠦ ᠳᠤ ᠡᠭᠦᠳᠡᠨ ᠭᠠᠳᠠᠨ᠎ᠠ ᠪᠠᠨ ᠭᠠᠯ ᠶᠢᠡᠷ ᠠᠷᠢᠭᠤᠳᠬᠠᠵᠤ ᠠᠪᠣᠨ᠎ᠠ᠃

ᠬᠤᠷᠴᠢᠨ ᠮᠤᠩᠭ᠋ᠤᠯᠴᠤᠳ ᠤᠨ ᠠᠷᠢᠭᠤᠳᠬᠠᠯ ᠤᠨ ᠶᠤᠰᠤᠨ ᠳᠤ ᠭᠠᠯ ᠤᠨ ᠠᠷᠢᠭᠤᠳᠬᠠᠯ ᠭᠢᠭᠦ ᠨᠢ ᠭᠤᠤᠯ ᠪᠣᠯᠬᠤ ᠡᠴᠡ ᠭᠠᠳᠠᠨ᠎ᠠ ᠪᠠᠰᠠ ᠰᠠᠩ ᠤᠨ ᠠᠷᠢᠭᠤᠳᠬᠠᠯ᠂ ᠷᠠᠰᠢᠶᠠᠨ ᠠᠷᠢᠭᠤᠳᠬᠠᠯ ᠪᠠ ᠠᠷᠠᠵᠠ ᠶᠢᠨ ᠠᠷᠢᠭᠤᠳᠬᠠᠯ ᠭᠢᠭᠦ ᠵᠡᠷᠭᠡ ᠶᠤᠰᠤ ᠪᠠᠢ᠌ᠵᠤ ᠵᠠᠷᠢᠮ ᠦᠶ᠎ᠡ ᠳᠤ ᠠᠰ ᠠᠰ ᠶᠢᠡᠷ ᠨᠢ ᠭᠢᠭᠦ ᠪᠣᠶᠤ ᠪᠠᠰᠠ ᠵᠠᠷᠢᠮ ᠳᠤ ᠪᠠᠨ ᠳᠦᠷᠪᠠᠭᠦᠯᠡ ᠶᠢ ᠬᠠᠮᠳᠤ ᠳ᠋ᠤᠨᠢ ᠭᠢᠭᠦ ᠴᠤ ᠶᠤᠰᠤ ᠪᠠᠢ᠌ᠳᠠᠭ᠃ ᠰᠠᠩ ᠤᠨ ᠠᠷᠢᠭᠤᠳᠬᠠᠯ ᠨᠢ ᠭᠡᠷᠡᠭ᠌ ᠳᠡᠭᠡᠷ᠎ᠡ ᠪᠠᠨ ᠭᠠᠯ ᠠᠷᠢᠭᠤᠳᠬᠠᠯ ᠲᠡᠶ ᠪᠠᠨ ᠲᠦᠰᠳᠠᠢ ᠪᠠᠢ᠌ᠳᠠᠭ᠃ ᠳᠠᠷᠤᠢ ᠠᠷᠴᠠ᠂ ᠽᠠᠠᠳᠠᠨ᠂ ᠴᠢᠪᠠᠭ᠎ᠠ ᠵᠡᠷᠭᠡ ᠶᠢᠨ ᠦᠨᠦᠷᠳᠠᠨ ᠪᠣᠳᠠᠰ ᠢ ᠬᠠᠳᠠᠭᠠᠵᠤ ᠨᠤᠠᠳᠤᠭᠯᠠᠭᠠᠤᠨ ᠱᠡᠡᠭᠯᠤ ᠳᠤ ᠭᠢᠵᠤ ᠰᠢᠳᠠᠭᠠᠨ ᠣᠳᠠᠭ᠎ᠠ ᠪᠠᠷ ᠨᠢ ᠠᠷᠢᠭᠤᠳᠬᠠᠬᠤ ᠶᠠᠪᠣᠳᠠᠯ ᠪᠣᠯᠤᠨ᠎ᠠ᠃

ᠬᠤᠷᠴᠢᠨ ᠪᠦᠭᠡ ᠯᠠᠢ᠌ᠴᠢᠩ ᠨᠡᠷ ᠭᠦᠷᠳᠡᠮ ᠪᠠᠭᠤᠬᠤ ᠳᠤ ᠪᠠᠨ ᠡᠩ ᠳᠡᠷᠢᠭᠦᠨ ᠳᠤ ᠭᠦᠵᠢ ᠠᠰᠠᠭᠠᠵᠤ ᠦᠪᠡᠷ ᠤᠨ ᠪᠠᠶ᠎ᠠ ᠪᠠ ᠵᠠᠷᠤᠳᠠᠯ ᠪᠠᠷᠢᠳᠠᠯ᠂ ᠵᠡᠪᠰᠡᠭ᠌ ᠳᠤᠨᠤᠭᠯᠠᠯ ᠶᠢᠡᠨ ᠭᠤᠯᠢᠶᠠᠵᠤ ᠪᠠᠷᠠᠪᠠᠯ ᠳᠠᠭᠢᠨ ᠭᠡᠷ ᠤᠨ ᠭᠠᠳᠠᠭᠤᠷ ᠳᠤᠳᠤᠭᠤᠷ᠂ ᠭᠦᠷᠢᠶ᠎ᠡ ᠬᠠᠰᠢᠶ᠎ᠠ᠂ ᠡᠭᠦᠳᠡ ᠴᠤᠩᠬᠤ᠂ ᠥᠡᠴᠦᠭ᠌ ᠪᠣᠯᠤᠩ ᠥᠯᠡᠳᠡᠭᠡᠯ ᠦᠭᠡᠶ ᠭᠤᠯᠢᠶᠠᠵᠤ ᠣᠷᠴᠢᠨ ᠳᠤᠭᠤᠷᠢᠨ ᠶᠢᠡᠨ ᠠᠷᠢᠭᠤᠳᠬᠠᠨ᠎ᠠ᠃ ᠶᠡᠭᠡ ᠶᠡᠭᠡ ᠳᠠᠭᠢᠯᠭ᠎ᠠ ᠳᠤ ᠪᠣᠯ ᠳᠡᠭ᠍ᠷᠢ ᠶᠢᠨ ᠰᠠᠭᠢᠭᠤᠰᠤ᠂ ᠭᠠᠵᠠᠷ ᠤᠨ ᠡᠵᠡᠳ ᠲᠤ ᠭᠦᠷᠳᠡᠯ᠎ᠡ ᠪᠦᠷ ᠭᠤᠯᠢᠶᠠᠵᠤ ᠠᠷᠢᠭᠤᠯᠠᠬᠤ ᠪᠦᠭᠡᠳ ᠳᠠᠭᠢᠯ ᠳᠠᠪᠢᠭ ᠲᠤ ᠣᠷᠤᠬᠤ ᠢᠳᠡᠭᠡᠨ ᠣᠮᠳᠠᠭᠠᠨ ᠶᠢᠡᠨ ᠴᠤ ᠭᠤᠯᠢᠶᠠᠨ ᠠᠷᠢᠭᠤᠳᠬᠠᠨ᠎ᠠ᠃ ᠬᠤᠷᠴᠢᠨ ᠤ ᠴᠠᠭᠠᠨ ᠵᠥᠭ᠌ ᠤᠨ ᠪᠦᠭᠡ ᠪᠣᠯ ᠪᠣᠷᠬᠠᠨ ᠶᠢᠡᠨ ᠪᠠᠰᠠ ᠭᠤᠯᠢᠶᠠᠨ ᠠᠷᠢᠭᠤᠳᠬᠠᠳᠠᠭ᠃

ᠣᠷᠤᠰᠢᠭᠤᠯᠭ᠎ᠠ ᠳᠤ ᠭᠠᠯ ᠠᠷᠢᠭᠤᠳᠬᠠᠯ ᠭᠢᠭᠦ ᠨᠢ ᠬᠤᠷᠴᠢᠨ ᠨᠤᠳᠤᠭ ᠲᠤ ᠨᠠᠩ ᠨᠠᠢ᠌ᠳᠠᠮ ᠤᠨ ᠰᠢᠠᠵᠢ ᠲᠡᠶ ᠪᠠᠢ᠌ᠳᠠᠭ᠃ ᠭᠦᠮᠤᠨ ᠨᠢ ᠠᠮᠢ ᠳᠠᠯᠪᠢᠬᠤ ᠲᠡᠶ ᠵᠡᠷᠭᠡ ᠭᠦᠵᠢ ᠠᠰᠠᠭᠠᠵᠤ ᠭᠡᠷ ᠳᠡᠷᠭᠡ ᠪᠠᠨ ᠠᠷᠢᠭᠤᠯᠠᠨ᠎ᠠ᠃ ᠳᠠᠯᠠᠢ᠌ᠴᠢ ᠶᠢ ᠠᠪᠣᠭᠠᠤᠨ ᠭᠠᠷᠬᠤ ᠶᠢᠨ ᠦᠶ᠎ᠡ ᠡᠭᠦᠳᠡᠨ ᠳᠡᠭᠡᠷ᠎ᠡ ᠪᠠᠨ ᠭᠠᠯ ᠨᠤᠴᠤᠭᠠᠬᠤ ᠪᠦᠭᠡᠳ ᠭᠡᠨ ᠤ ᠡᠭᠦᠳᠡᠨ ᠡᠮᠦᠨᠡᠭᠦᠷ ᠨᠢ ᠭᠠᠷᠪᠠᠯ ᠳᠠᠷᠠ ᠭᠡᠷ ᠤᠨ ᠭᠢᠨ ᠭᠡᠷ ᠳᠡᠷᠭᠡ ᠭᠦᠷᠢᠶ᠎ᠡ ᠬᠠᠰᠢᠶ᠎ᠠ ᠪᠠᠨ ᠪᠣᠵᠠᠷᠳᠠᠭᠤᠯᠬᠤ ᠦᠭᠡᠶ ᠶᠢᠨ ᠲᠦᠯᠦᠭᠡ ᠡᠭᠦᠳᠡᠨ ᠳᠤ ᠪᠠᠨ ᠭᠠᠯ ᠭᠠᠷᠭᠠᠵᠤ ᠠᠷᠢᠭᠤᠯᠠᠨ᠎ᠠ᠃ ᠭᠡᠭᠦᠷ ᠳᠠᠯᠪᠢᠬᠤ ᠭᠠᠵᠠᠷ ᠢ ᠪᠠᠰᠠ ᠭᠦᠵᠢ ᠪᠠᠷᠢᠵᠤ ᠠᠷᠢᠭᠤᠳᠬᠠᠭᠠᠤᠨ ᠣᠷᠤᠰᠢᠭᠤᠯᠭ᠎ᠠ ᠡᠴᠡ ᠪᠣᠴᠠᠵᠤ ᠢᠷᠡᠭ᠍ᠰᠡᠳ ᠵᠢᠴᠢ ᠵᠠᠷᠤᠳᠠᠯ ᠪᠠᠷᠢᠳᠠᠯ ᠤᠨ ᠵᠣᠢ᠌ᠯ ᠢ ᠪᠦᠷ ᠭᠠᠯ ᠶᠢᠡᠷ ᠠᠷᠢᠭᠤᠳᠬᠠᠨ᠎ᠠ᠃ ᠳᠠᠷᠤᠢ ᠡᠭᠦᠳᠡᠨ ᠳᠤ ᠪᠠᠨ ᠣᠪᠣᠭ᠎ᠠ ᠭᠠᠯ ᠭᠠᠷᠭᠠᠵᠤ ᠪᠠᠰᠠ ᠲᠦᠩᠹᠧᠨ ᠲᠡᠶ ᠣᠰᠤ᠂ ᠯᠤᠩᠬᠤ ᠲᠡᠶ ᠠᠷᠢᠭᠢ ᠵᠡᠷᠭᠡ ᠶᠢ ᠪᠠᠯᠡᠭᠡᠨ ᠳᠠᠯᠪᠢᠵᠤ ᠦᠭ‍ᠭᠦ ᠳᠤ ᠦᠪᠡᠷ ᠦᠪᠡᠷ ᠶᠢᠡᠨ ᠪᠠᠶ᠎ᠠ ᠪᠠᠨ ᠠᠷᠢᠭᠤᠳᠬᠠᠨ᠎ᠠ᠃ ᠥᠩᠭᠡᠷᠡᠭ᠍ᠰᠡᠨ ᠳᠤ ᠮᠠᠭᠤ ᠡᠪᠡᠳᠴᠢᠨ ᠶᠢᠡᠷ ᠥᠭᠦᠭ᠍ᠰᠡᠨ ᠭᠦᠮᠤᠨ ᠢ ᠭᠠᠯ ᠣᠷᠤᠰᠢᠭᠤᠯᠭ᠎ᠠ ᠭᠢᠵᠤ ᠠᠷᠢᠭᠤᠳᠬᠠᠭᠰᠠᠨ ᠰᠠᠨᠠᠭ᠎ᠠ ᠪᠠᠨ ᠢᠯᠡᠳᠭᠡᠵᠤ ᠳᠠᠷᠠᠭ᠎ᠠ ᠳᠦᠷᠤᠯ ᠳᠤ ᠪᠠᠨ ᠡᠪᠡᠳᠴᠢᠨ ᠡᠮᠭᠡᠭ᠌ ᠦᠭᠡᠶ ᠭᠦᠮᠤᠨ ᠪᠣᠯᠵᠤ ᠳᠦᠷᠦᠭᠦ ᠶᠢ ᠪᠠᠯᠭᠡᠳᠡᠵᠤ ᠪᠠᠢ᠌ᠳᠠᠭ᠂

ᠳᠠᠪᠣ᠂ ᠭᠠᠯ ᠤᠨ ᠴᠡᠭᠡᠷ

ᠴᠢᠩᠭᠢᠰ ᠤᠨ 《ᠵᠠᠰᠠᠭ ᠤᠨ ᠶᠡᠭᠡ ᠳᠤᠯᠢ》 ᠳ᠋ᠤ ᠮᠤᠩᠭ᠋ᠤᠯᠴᠤᠳ ᠲᠤ ᠳᠦᠷᠢᠮ ᠶᠤᠰᠤᠨ ᠤ ᠳᠠᠯ᠎ᠠ ᠪᠠᠷ ᠵᠢᠭᠠᠬᠤ ᠳᠤ ᠪᠠᠨ 《ᠭᠠᠯ ᠭᠤᠯᠤᠮᠳᠠ ᠳᠡᠭᠡᠭᠦᠷ ᠠᠯᠬᠤᠨ ᠭᠠᠷᠬᠤ ᠶᠢ ᠴᠠᠭᠠᠵᠠᠯᠠᠨ᠎ᠠ》᠂ 《ᠦᠨᠡᠰᠤᠨ ᠳᠤ ᠰᠢᠭᠡᠭ᠍ᠰᠡᠳ ᠢ ᠠᠯᠠᠬᠤ ᠶᠠᠯ᠎ᠠ ᠪᠠᠷ ᠰᠢᠳᠭᠡᠮᠦᠢ》 ᠭᠡᠵᠤ ᠳᠤᠭᠳᠠᠭᠠᠭᠰᠠᠨ ᠪᠠᠢ᠌ᠳᠠᠭ᠃ ᠣᠳᠤ ᠬᠤᠷᠴᠢᠨ ᠮᠤᠩᠭ᠋ᠤᠯᠴᠤᠳ ᠤᠨ ᠠᠮᠢᠳᠤᠷᠠᠯ ᠠᠬᠤᠢ᠂ ᠵᠠᠩ ᠵᠠᠩᠰᠢᠯ ᠳᠤ ᠡᠨᠡ ᠭᠦ ᠴᠡᠭᠡᠷᠯᠡᠯ ᠶᠤᠰᠤᠨ ᠮᠠᠰᠢ ᠪᠦᠷᠢᠨ ᠪᠦᠳᠤᠨ ᠶᠢᠡᠷ ᠵᠠᠯᠭᠠᠮᠵᠢᠯᠠᠯᠠᠭᠳᠠᠨ ᠬᠠᠳᠠᠭᠠᠯᠠᠭᠳᠠᠵᠠᠢ᠃ ᠳᠤᠬᠠᠢ᠌ᠯᠠᠪᠠᠯ᠂ ᠳᠤᠤᠷ᠎ᠠ ᠣᠨᠠᠭᠰᠠᠨ ᠭᠠᠯ ᠤᠨ ᠣᠴᠢ ᠶᠢ ᠭᠦᠯ ᠶᠢᠡᠷ ᠭᠢᠰᠭᠢᠵᠤ ᠣᠠᠳᠠᠷᠭᠠᠵᠤ ᠪᠣᠯᠬᠤ ᠦᠭᠡᠶ ᠭᠦᠯ ᠤᠨ ᠬᠠᠭᠤᠴᠢᠨ ᠡᠪᠡᠳᠴᠢᠨ ᠲᠡᠶ ᠪᠣᠯᠤᠨ᠎ᠠ ᠭᠡᠳᠡᠭ᠌᠃ ᠭᠠᠯ ᠤᠨ ᠦᠨᠡᠰᠤ ᠪᠠᠨ ᠪᠣᠰᠤᠳ ᠬᠤᠭ ᠨᠤᠪᠰᠢ ᠲᠡᠶ ᠬᠠᠮᠳᠤ ᠡᠷᠦᠢ ᠬᠤᠷᠤᠢ ᠦᠭᠡᠶ ᠬᠠᠶᠠᠳᠠᠭ ᠦᠭᠡᠶ ᠭᠠᠯ ᠤᠨ ᠪᠣᠷᠬᠠᠨ ᠠᠭᠤᠷᠯᠠᠨ᠎ᠠ ᠭᠡᠳᠡᠭ᠌᠃ ᠡᠷᠭᠡᠪᠰᠢ ᠡᠷᠦᠭᠡ ᠭᠡᠷ ᠤᠨ ᠶᠢᠡᠨ ᠭᠠᠯ ᠭᠤᠤᠯᠯᠠᠬᠤ ᠳᠠᠯ᠎ᠠ ᠪᠠᠷᠠᠭᠤᠨ ᠡᠮᠦᠨ᠎ᠡ ᠳᠠᠯ᠎ᠠ ᠳᠤ ᠠᠰᠬᠠᠨ᠎ᠠ᠃ ᠦᠨᠡᠰᠤ ᠪᠠᠨ ᠬᠠᠶᠠᠬᠤ ᠵᠠᠮ ᠵᠠᠭᠤᠷ᠎ᠠ ᠪᠠᠨ ᠭᠤᠭᠤᠵᠢᠭᠤᠯᠵᠤ ᠰᠠᠳᠠᠷᠠᠭᠤᠯᠵᠤ ᠪᠣᠯᠬᠤ ᠦᠭᠡᠶ ᠭᠡᠰᠢᠭ᠌ ᠪᠣᠶᠠᠨ ᠵᠠᠢ᠌ᠯᠠᠨ᠎ᠠ ᠭᠡᠭᠦ᠃ ᠬᠡᠦᠬᠡᠳ ᠦᠨᠡᠰᠤᠨ ᠣᠪᠣᠭᠠᠨ ᠳᠡᠭᠡᠷ᠎ᠡ ᠨᠠᠭᠠᠳᠬᠤ ᠦᠭᠡᠶ ᠭᠡᠢ ᠮᠤᠷᠢ ᠭᠡᠪᠳᠡᠨ᠎ᠡ ᠭᠡᠭᠦ᠃ 《ᠭᠦᠭᠡ ᠪᠣᠬ᠎ᠠ ᠭᠡᠪᠳᠡᠭ᠍ᠰᠡᠭᠡᠷ ᠪᠠᠢ᠌ᠭᠠᠤᠨ ᠳᠠᠷᠭᠤᠯᠡᠳᠠᠭ》 ᠭᠡᠵᠤ ᠦᠨᠡᠰᠤᠨ ᠣᠪᠣᠭᠠᠨ ᠤ ᠶᠡᠭᠡ ᠪᠠᠭ᠎ᠠ ᠪᠠᠷ ᠳᠤᠰ ᠠᠢ᠌ᠯ ᠡᠷᠦᠭᠡ ᠶᠢᠨ ᠠᠳᠠᠯ ᠣᠠᠳᠤᠷᠤᠯᠭ᠎ᠠ ᠶᠢᠨ ᠶᠠᠮᠠᠷ ᠵᠡᠷᠭᠡ ᠪᠣᠯᠬᠤ ᠶᠢ ᠭᠠᠳᠠᠷᠯᠠᠴᠢᠬᠠᠨ᠎ᠠ ᠭᠡᠨ᠎ᠡ᠃ ᠡᠭᠦᠨ ᠡᠴᠡ ᠦᠵᠡᠪᠠᠯ ᠬᠤᠷᠴᠢᠨ ᠮᠤᠩᠭ᠋ᠤᠯᠴᠤᠳ ᠤᠨ ᠦᠵᠡᠯᠳᠠ ᠳᠤ ᠦᠨᠡᠰᠤ ᠨᠢ ᠮᠦᠨ ᠭᠠᠯ ᠲᠡᠶ ᠠᠳᠠᠯᠢ ᠪᠠᠢ᠌ᠷᠢ ᠰᠠᠭᠤᠷᠢ ᠲᠡᠶ ᠪᠣᠯᠬᠤ ᠨᠢ ᠳᠠᠮᠵᠢᠭ ᠦᠭᠡᠶ᠃ ᠭᠠᠯ ᠤᠨ ᠳᠡᠭᠡᠷ᠎ᠡ ᠣᠰᠤ ᠰᠥ᠋ ᠮᠠᠳᠤ ᠶᠢᠨ ᠰᠢᠩᠭᠡᠨ ᠪᠠᠶᠠᠳᠤ ᠶᠠᠭᠤᠮ᠎ᠠ ᠰᠦᠷᠴᠢᠵᠤ ᠪᠣᠯᠬᠤ ᠦᠭᠡᠶ ᠭᠠᠯ ᠤᠨ ᠰᠦᠷ ᠭᠡᠷᠡᠯ ᠪᠠᠭᠤᠷᠠᠨ᠎ᠠ ᠭᠡᠭᠦ᠃ ᠭᠠᠯ ᠤᠨ ᠳᠡᠭᠡᠭᠦᠷ ᠣᠯᠠᠭᠠᠨ ᠪᠦᠰ ᠡᠷᠭᠢᠭᠦᠯᠵᠤ ᠪᠣᠯᠬᠤ ᠦᠭᠡᠶ ᠭᠡᠷ ᠪᠦᠯᠢ ᠶᠠᠷᠭᠢᠶᠠᠨ ᠰᠢᠷᠭᠢᠶᠠᠨ ᠲᠡᠶ ᠪᠣᠯᠤᠨ᠎ᠠ ᠭᠡᠭᠦ᠃ ᠭᠠᠯ ᠳᠤ ᠪᠠᠨ ᠰᠤᠩᠭᠢᠨ᠎ᠠ᠂ ᠰᠠᠷᠢᠮᠰᠠᠭ ᠵᠡᠷᠭᠡ ᠦᠨᠦᠷ ᠮᠠᠭᠤᠳᠠᠨ ᠪᠣᠳᠠᠰ ᠪᠣᠶᠤ ᠭᠠᠬᠠᠢ ᠨᠤᠬᠠᠢ ᠶᠢᠨ ᠪᠠᠭᠠᠰᠤ ᠵᠡᠷᠭᠡ ᠪᠣᠵᠠᠷ ᠶᠠᠭᠤᠮ᠎ᠠ ᠶᠢ ᠭᠠᠯ ᠳᠤ ᠣᠷᠤᠭᠤᠯᠵᠤ ᠪᠣᠯᠬᠤ ᠦᠭᠡᠶ ᠭᠠᠯ ᠤᠨ ᠪᠣᠷᠬᠠᠨ ᠠᠭᠤᠷᠰᠠᠵᠤ᠂ ᠭᠡᠰᠢᠭ᠌ ᠪᠣᠶᠠᠨ ᠵᠠᠢ᠌ᠯᠠᠨ᠎ᠠ᠃ ᠭᠠᠯ ᠤᠨ ᠳᠠᠭᠢᠯᠭ᠎ᠠ ᠳᠤ ᠬᠠᠷᠢ ᠣᠪᠣᠭ ᠭᠦᠮᠤᠨ ᠢ ᠣᠷᠤᠯᠴᠠᠭᠤᠯᠳᠠᠭ ᠦᠭᠡᠶ᠃ ᠣᠠᠴᠠᠭᠠᠢ᠌ᠯᠠᠨ ᠵᠢᠭᠡ ᠭᠦᠮᠤᠨ ᠢ ᠨᠠᠭᠠᠴᠤ ᠶᠢᠨ ᠭᠠᠯ ᠳᠠᠭᠢᠯᠭ᠎ᠠ ᠳᠤ ᠤᠢ᠌ᠷᠠᠳᠤᠭᠤᠯᠵᠤ ᠪᠣᠯᠬᠤ ᠦᠭᠡᠶ᠂ ᠭᠠᠯ ᠳᠠᠭᠢᠯᠭ᠎ᠠ ᠨᠢ ᠪᠣᠶᠠᠨ ᠭᠡᠰᠢᠭ᠌ ᠤᠨ ᠳᠠᠯᠠᠯᠭ᠎ᠠ ᠮᠦᠨ᠂ ᠵᠢᠭᠡ ᠭᠦᠮᠤᠨ ᠪᠣᠯ ᠨᠠᠭᠠᠴᠤ ᠲᠡᠶ ᠬᠠᠮᠤᠭ ᠤᠨ ᠳᠤᠳᠤᠨᠤᠰᠤᠭ ᠪᠣᠯᠬᠤᠷ ᠨᠠᠭᠠᠴᠤ ᠶᠢᠨ ᠪᠣᠶᠠᠨ ᠭᠡᠰᠢᠭ᠌ ᠢ ᠠᠪᠠᠴᠢᠨ᠎ᠠ ᠭᠡᠭᠦ᠃ ᠬᠤᠪᠣᠩ ᠤᠨ ᠭᠠᠯ ᠤᠨ ᠣᠷᠤᠢ ᠳᠡᠭᠡᠷ᠎ᠡ ᠡᠴᠡ ᠬᠠᠭᠠᠯᠬᠤ᠂ ᠭᠠᠯ ᠳᠤ ᠭᠦᠯ ᠶᠢᠡᠨ ᠡᠭᠡᠭᠡᠭᠦ᠂ ᠬᠤᠪᠣᠩ ᠤᠨ ᠳᠡᠭᠡᠭᠦᠷ ᠭᠢᠳᠤᠭ᠎ᠠ ᠪᠣᠤᠳᠤᠤ ᠡᠷᠭᠢᠭᠦᠯᠭᠦ᠂ ᠬᠤᠪᠣᠩ ᠳᠤ ᠳᠠᠪᠣᠰᠤ ᠣᠷᠤᠭᠤᠯᠬᠤ᠂ ᠣᠰᠤ ᠠᠰᠬᠠᠬᠤ ᠵᠡᠷᠭᠡ ᠨᠢ ᠪᠦᠷ ᠭᠠᠯ ᠤᠨ ᠪᠣᠷᠬᠠᠨ ᠢ ᠭᠦᠡᠳᠦᠯᠡᠭ᠍ᠰᠡᠨ ᠦᠭᠡᠶ ᠠᠵᠢᠯᠯᠠᠭ᠎ᠠ ᠪᠣᠯᠬᠤ ᠭᠡᠵᠤ ᠥᠵᠡᠳᠡᠭ᠌ ᠪᠣᠯᠬᠤᠷ ᠳᠠᠰᠤ ᠴᠡᠭᠡᠷᠯᠡᠨ᠎ᠡ᠃ ᠬᠤᠪᠣᠩ ᠤᠨ ᠭᠠᠯ ᠳᠡᠭᠡᠷ᠎ᠡ ᠬᠡᠦᠬᠡᠳ ᠥᠯᠦᠭᠡᠢ᠌ᠳᠡᠭᠦ ᠰᠢᠷᠤᠢ ᠪᠠᠨ ᠬᠠᠯᠠᠭᠠᠬᠤ ᠳᠤ ᠪᠠᠨ ᠭᠠᠯ ᠳᠤ ᠰᠢᠷᠤᠢ ᠪᠠᠨ ᠣᠷᠤᠭᠤᠯᠵᠤ ᠪᠣᠯᠬᠤ ᠦᠭᠡᠶ ᠬᠡᠦᠬᠡᠳ ᠤᠨ ᠨᠢᠳᠤ ᠡᠪᠠᠳᠦᠨ᠎ᠡ ᠭᠡᠭᠦ᠃ ᠵᠤᠤᠬ᠎ᠠ ᠳᠤᠯᠭ᠎ᠠ ᠳᠡᠭᠡᠷ᠎ᠡ ᠭᠦᠯ ᠶᠢᠡᠨ ᠳᠠᠯᠪᠢᠵᠤ ᠪᠣᠯᠬᠤ ᠦᠭᠡᠶ᠃ ᠬᠤᠪᠣᠩ ᠤᠨ ᠭᠠᠯ ᠶᠢᠡᠨ ᠭᠦᠷᠦᠩᠭᠡ ᠦᠭᠡᠶ ᠪᠣᠯᠳᠠᠯ᠎ᠠ ᠣᠠᠳᠠᠷᠠᠭᠠᠬᠤ ᠶᠢ ᠴᠡᠭᠡᠷᠯᠡᠨ᠎ᠡ ᠭᠠᠯ ᠭᠤᠯᠤᠮᠳᠠ ᠪᠠᠨ ᠳᠠᠰᠤᠯᠠᠭᠰᠠᠨ ᠭᠡᠷᠡᠭ᠌ ᠪᠣᠯᠬᠤ᠃ ᠭᠠᠯ ᠤᠨ ᠰᠢᠯᠡᠭᠡᠪᠦᠷ ᠶᠢᠡᠷ ᠮᠠᠯ ᠣᠨᠤᠭ᠎ᠠ ᠶᠢ ᠴᠤᠭᠢᠵᠤ ᠪᠣᠯᠬᠤ ᠦᠭᠡᠶ ᠮᠠᠯ ᠤᠨ ᠭᠡᠰᠢᠭ᠌ ᠵᠠᠢ᠌ᠯᠠᠨ᠎ᠠ ᠭᠡᠭᠦ᠃ ᠪᠣᠰᠤᠳ ᠠᠢ᠌ᠯ ᠭᠡᠷ ᠲᠤ ᠣᠷᠤᠬᠤ ᠳᠤ ᠪᠠᠨ ᠭᠡᠷ ᠤᠨ ᠡᠵᠡᠨ ᠤ ᠵᠦᠪᠰᠢᠶᠠᠷᠠᠯ ᠦᠭᠡᠶ ᠪᠠᠷ ᠡᠮᠦᠨ᠎ᠡ ᠬᠠᠠᠵᠤᠨ ᠤ ᠪᠠᠷᠠᠭᠤᠨ ᠳᠤᠯᠤᠭᠠᠢ ᠳᠤ ᠰᠠᠭᠤᠵᠤ ᠪᠣᠯᠬᠤ ᠦᠭᠡᠶ᠃ ᠭᠠᠯ ᠭᠤᠤᠯᠯᠠᠬᠤ ᠳᠡᠭᠡᠷ᠎ᠡ ᠳᠠᠯ᠎ᠠ ᠳᠤ ᠡᠩ ᠤᠨ ᠵᠤᠴᠢᠨ ᠳᠤᠷ᠎ᠠ ᠪᠠᠷ ᠰᠠᠭᠤᠪᠠᠯ ᠭᠡᠷ ᠤᠨ ᠡᠵᠡᠨ ᠢ ᠳᠤᠷᠤᠮᠵᠢᠯᠠᠭᠰᠠᠨ ᠪᠣᠯᠵᠤ ᠥᠵᠡᠭ᠍ᠳᠡᠳᠡᠭ᠌᠃ ᠡᠢ᠌ᠮᠤ ᠡᠴᠡ ᠬᠤᠷᠴᠢᠨ ᠳᠤ ᠭᠡᠷ ᠲᠤ ᠢᠷᠡᠭ᠍ᠰᠡᠨ ᠵᠤᠴᠢᠨ ᠢ ᠣᠷᠢᠳᠠᠪᠠᠷ 《ᠳᠠᠢ᠌ᠵᠢ ᠦᠦ ︖ ᠬᠠᠷᠠᠴᠤ ᠦᠦ ︖》 ᠭᠡᠵᠤ ᠠᠰᠠᠭᠤᠭᠠᠤᠨ ᠭᠡᠷᠪᠡ ᠳᠠᠢ᠌ᠵᠢ ᠪᠣᠯ ᠡᠮᠦᠨ᠎ᠡ ᠬᠠᠠᠵᠤᠨ ᠤ ᠪᠠᠷᠠᠭᠤᠨ ᠳᠤᠯᠤᠭᠠᠢ ᠳᠤ ᠵᠠᠯᠠᠵᠤ ᠰᠠᠭᠤᠯᠭᠠᠨ᠂ ᠬᠠᠷᠠᠴᠤ ᠪᠣᠯ ᠬᠣᠢ᠌ᠳᠤ ᠬᠠᠠᠵᠤᠨ ᠳᠤ ᠣᠷᠤ ᠵᠢᠭᠠᠳᠠᠭ ᠶᠤᠮ᠃ ᠡᠢ᠌ᠮᠦᠷᠭᠦ ᠵᠠᠩ ᠵᠠᠩᠰᠢᠯ ᠶᠤᠰᠤ ᠰᠤᠷᠳᠠᠬᠤᠨ ᠨᠢ ᠪᠦᠷ ᠳᠡᠦᠭᠡ ᠶᠢᠨ ᠡᠭᠦᠰᠦᠯ ᠲᠡᠶ ᠪᠦᠭᠡᠳ ᠦᠨᠦᠳᠤᠷ ᠤᠨ ᠭᠦᠭ᠍ᠵᠢᠯᠳᠡ ᠲᠡᠶ ᠪᠠᠢ᠌ᠵᠤ ᠬᠤᠷᠴᠢᠨ ᠮᠤᠩᠭ᠋ᠤᠯᠴᠤᠳ ᠤᠨ ᠰᠤᠶᠤᠯ ᠳᠡᠦᠭᠡ᠂ ᠵᠠᠩ ᠵᠠᠩᠰᠢᠯ᠂ ᠠᠵᠤ ᠠᠮᠢᠳᠤᠷᠠᠯ᠂ ᠶᠤᠰᠤ ᠰᠤᠷᠳᠠᠬᠤᠨ᠂ ᠱᠠᠰᠢᠨ ᠰᠢᠳᠦᠯᠭᠡ ᠵᠡᠷᠭᠡ ᠣᠯᠠᠨ ᠳᠠᠯ᠎ᠠ ᠶᠢᠨ ᠠᠭᠤᠯᠭ᠎ᠠ ᠪᠠᠭᠳᠠᠭᠠᠭᠳᠠᠵᠤ ᠪᠠᠢ᠌ᠭ᠎ᠠ ᠪᠠ ᠢᠷᠡᠭᠡᠳᠦᠢ ᠶᠢᠨ ᠰᠠᠢ᠌ᠨ ᠰᠠᠢ᠌ᠬᠠᠨ ᠭᠦᠰᠡᠯ ᠮᠦᠷᠦᠭᠡᠳᠦᠯ ᠤᠨ ᠰᠡᠳᠬᠢᠯᠭᠡ ᠴᠤ ᠭᠦᠨ ᠠᠬᠤᠯᠤᠭᠳᠠᠵᠤ ᠪᠣᠢ᠃ ᠬᠤᠷᠴᠢᠨ ᠮᠤᠩᠭ᠋ᠤᠯᠴᠤᠳ ᠭᠠᠯ ᠢ ᠲᠤᠢ᠌ᠯ ᠶᠢᠡᠷ ᠢᠳᠡᠭᠡᠨ ᠪᠢᠰᠢᠷᠠᠵᠤ ᠰᠢᠳᠦᠳᠡᠭ᠌ ᠪᠦᠭᠡᠳ ᠪᠠᠰᠠ ᠭᠠᠯ ᠪᠣᠯ ᠭᠡᠢ᠌ᠮᠦᠷᠢ᠂ ᠰᠥᠭ᠌ ᠰᠦᠯᠳᠡ ᠶᠢᠨ ᠪᠠᠯᠭᠡ ᠳᠡᠮᠳᠡᠭ᠌᠂ ᠠᠷᠢᠭᠤᠨ ᠴᠠᠪᠠᠷ ᠤᠨ ᠪᠠᠯᠭᠡ ᠳᠡᠮᠳᠡᠭ᠌᠂ ᠪᠦᠯᠭᠦᠮᠳᠡᠯ ᠨᠢᠭᠳᠠᠷᠠᠯ ᠤᠨ ᠪᠠᠯᠭᠡ ᠳᠡᠮᠳᠡᠭ᠌ ᠭᠡᠵᠤ ᠥᠵᠡᠳᠡᠭ᠌ ᠨᠢ ᠳᠠᠳᠠᠨ ᠤ ᠠᠮᠢᠳᠤᠷᠠᠯ ᠤᠨ ᠳᠤᠮᠳᠠᠭᠢ ᠵᠠᠷᠢᠮ ᠵᠠᠩ ᠵᠠᠩᠰᠢᠯ ᠳ᠋ᠤᠨᠢ ᠢᠯᠠᠷᠠᠵᠤ ᠪᠠᠢ᠌ᠳᠠᠭ᠃ ᠳᠤᠬᠠᠢ᠌ᠯᠠᠪᠠᠯ᠂ ᠭᠠᠳᠠᠭᠰᠢ ᠭᠠᠷᠬᠤ ᠭᠦᠮᠤᠨ ᠡᠰᠡᠭᠦᠯ᠎ᠡ ᠴᠡᠷᠢᠭ᠌ ᠲᠤ ᠶᠠᠪᠣᠬᠤ ᠭᠦᠮᠤᠨ᠂ ᠨᠠᠩ ᠢᠯᠠᠩᠭ᠋ᠤᠶ᠎ᠠ ᠰᠦᠨᠢ ᠣᠷᠤᠢ ᠭᠡᠭᠡᠷ᠎ᠡ ᠭᠠᠳᠠᠨ᠎ᠠ ᠡᠷᠢᠯ ᠰᠤᠷᠠᠭ ᠶᠢᠡᠷ ᠶᠠᠪᠣᠬᠤ ᠭᠦᠮᠤᠨ ᠡᠷᠭᠡᠪᠰᠢ ᠭᠠᠯ ᠴᠣᠢ᠌ᠳᠠᠩ ᠶᠢᠡᠨ ᠠᠪᠴᠤ ᠶᠠᠪᠣᠬᠤ ᠶᠢ ᠭᠢᠴᠢᠶᠡᠳᠡᠭ᠌᠃ ᠳᠠᠷᠤᠢ ᠭᠠᠯ ᠪᠠᠢ᠌ᠪᠠᠯ ᠭᠠᠯ ᠤᠨ ᠪᠣᠷᠬᠠᠨ ᠪᠠᠢ᠌ᠨ᠎ᠠ᠂ ᠭᠠᠯ ᠤᠨ ᠪᠣᠷᠬᠠᠨ ᠪᠠᠢ᠌ᠪᠠᠯ ᠭᠠᠢ ᠪᠠᠷᠴᠢᠳ ᠵᠠᠢ᠌ᠯᠠᠨ᠎ᠠ ᠭᠡᠵᠤ ᠥᠵᠡᠳᠡᠭ᠌᠃ ᠡᠨᠡ ᠮᠠᠳᠤ ᠪᠠᠷ ᠭᠠᠯ ᠶᠢᠡᠷ ᠥᠮᠦᠭ᠌ ᠳᠦᠰᠢᠭ᠌ ᠪᠣᠯᠭᠠᠵᠤ ᠠᠯᠢᠪᠠ ᠰᠠᠢ᠌ᠨ ᠰᠠᠢ᠌ᠬᠠᠨ ᠶᠢᠡᠨ ᠭᠠᠯ ᠤᠨ ᠪᠣᠷᠬᠠᠨ ᠳᠤ ᠪᠠᠨ ᠳᠠᠭᠠᠳᠬᠠᠵᠤ ᠪᠠᠢ᠌ᠳᠠᠭ ᠨᠢ ᠮᠦᠨ ᠴᠤ ᠡᠷᠳᠡᠨ ᠤ ᠮᠤᠩᠭ᠋ᠤᠯᠴᠤᠳ ᠤᠨ ᠭᠠᠯ ᠢ ᠠᠰᠢᠭᠯᠠᠵᠤ ᠵᠡᠷᠯᠢᠭ᠌ ᠠᠷᠢᠶᠠᠳᠠᠨ ᠡᠴᠡ ᠰᠡᠷᠭᠡᠢ᠌ᠯᠡᠵᠤ ᠪᠠᠢ᠌ᠭᠰᠠᠨ ᠲᠡᠶ ᠰᠢᠭᠤᠳ ᠬᠤᠯᠪᠣᠭᠳᠠᠨ᠎ᠠ᠃ ᠰᠢᠨ᠎ᠠ ᠪᠠᠷᠢ ᠭᠦᠷᠭᠡᠭᠦ ᠳᠡᠷᠭᠡ ᠨᠢ ᠭᠦᠷᠭᠡᠨ ᠤ ᠭᠡᠷ ᠤᠨ ᠪᠠᠷᠠᠭᠤᠨ ᠳᠠᠯ᠎ᠠ ᠪᠠᠷ ᠣᠷᠤᠵᠤ ᠪᠠᠭᠤᠬᠤ ᠶᠢ ᠡᠷᠡᠰ ᠴᠡᠭᠡᠷᠯᠡᠨ᠎ᠡ᠃ ᠪᠦᠭᠡ ᠮᠦᠷᠭᠦᠯ ᠤᠨ ᠱᠠᠰᠢᠨ ᠤ ᠶᠤᠰᠤ ᠪᠠᠷ ᠪᠠᠷᠠᠭᠤᠨ ᠳᠠᠯ᠎ᠠ ᠪᠣᠯ ᠭᠠᠯ ᠭᠤᠤᠯᠠᠬᠤ ᠳᠡᠭᠡᠳᠤ ᠳᠠᠯ᠎ᠠ ᠮᠦᠨ᠃ ᠭᠠᠯ ᠤᠨ ᠣᠷᠤᠨ᠂ ᠭᠠᠯ ᠭᠤᠯᠤᠮᠳᠠ ᠶᠢᠨ ᠣᠷᠤᠨ ᠪᠣᠯᠤᠨ᠎ᠠ᠃ ᠭᠡᠷᠪᠡ ᠦᠬᠢᠨ ᠭᠦᠷᠭᠡᠭᠦ ᠳᠡᠷᠭᠡ ᠭᠦᠷᠭᠡᠨ ᠤ ᠭᠡᠷ ᠤᠨ ᠪᠠᠷᠠᠭᠤᠨ ᠳᠠᠯ᠎ᠠ ᠪᠠᠷ ᠣᠷᠤᠭᠰᠠᠭᠠᠷ ᠭᠦᠷᠭᠡᠨ ᠤ ᠭᠡᠷ ᠤᠨ ᠰᠦᠷ ᠰᠦᠯᠳᠡ ᠨᠢ ᠳᠠᠷᠤᠭᠳᠠᠨ᠂ ᠭᠡᠢ ᠮᠤᠷᠢ ᠨᠢ ᠭᠡᠪᠳᠡᠵᠤ᠂ ᠠᠮᠢᠳᠤᠷᠠᠯ ᠳ᠋ᠤᠨᠢ ᠥᠭᠡᠳᠡ ᠦᠭᠡᠶ ᠭᠡᠵᠤ ᠥᠵᠡᠳᠡᠭ᠌᠃ ᠣᠯᠠᠨ ᠶᠢᠡᠷ ᠭᠠᠳᠠᠭᠰᠢ ᠠᠷᠠᠵᠢᠶ᠎ᠠ ᠮᠠᠢ᠌ᠮᠠᠢ ᠭᠢᠭᠦ ᠪᠠᠷ ᠶᠠᠪᠣᠬᠤ ᠪᠣᠶᠤ ᠭᠡᠭᠡᠷ᠎ᠡ ᠭᠠᠳᠠᠨ᠎ᠠ ᠠᠩ ᠠᠪᠠ ᠭᠢᠭᠦ ᠦᠶ᠎ᠡ ᠳᠤ ᠪᠦᠭᠦᠳᠡ ᠶᠢᠨ ᠳᠤᠮᠳᠠ ᠡᠴᠡ ᠬᠠᠮᠤᠭ ᠤᠨ ᠢᠳᠡᠭᠡᠯ ᠭᠦᠡᠳᠦᠳᠡᠢ ᠨᠢᠭᠡ ᠪᠠᠨ ᠰᠤᠩᠭ᠋ᠤᠵᠤ ᠳᠦᠷᠦᠭᠦᠤ ᠪᠣᠯᠭᠠᠳᠠᠭ ᠶᠢᠡᠨ ᠭᠠᠯ ᠤᠨ ᠠᠬ᠎ᠠ ᠭᠡᠳᠡᠭ᠌᠃ ᠳᠠᠷᠤᠢ ᠡᠨᠡᠭᠦ ᠨᠢᠭᠡ ᠪᠦᠯᠦᠭ᠌ ᠭᠦᠮᠦᠰ ᠶᠢᠡᠨ ᠨᠢᠭᠡ ᠪᠣᠳᠠ ᠭᠠᠯ ᠰᠢᠭ ᠦᠵᠡᠵᠤ ᠭᠠᠯ ᠤᠨ ᠠᠬ᠎ᠠ ᠶᠢᠨ ᠶᠢᠡᠨ ᠣᠳᠤᠷᠢᠳᠤᠯᠭ᠎ᠠ ᠶᠢᠨ ᠳᠤᠤᠷ᠎ᠠ ᠭᠡᠵᠢᠶᠡᠳᠡ ᠬᠠᠭᠠᠴᠠᠵᠤ ᠰᠠᠯᠤᠰᠢ ᠦᠭᠡᠶ ᠭᠠᠯ ᠮᠠᠳᠤ ᠭᠦᠭ᠍ᠵᠢᠨ ᠪᠠᠳᠠᠷᠠᠩᠭ᠋ᠤᠢ᠂ ᠪᠠᠳᠤ ᠪᠦᠯᠭᠦᠮᠳᠡᠯ ᠲᠡᠶ ᠪᠠᠢ᠌ᠵᠤ᠂ ᠳᠤᠤᠭᠠᠷᠪᠠᠯ ᠳᠠᠭᠤ ᠨᠢᠭᠡᠳᠡᠢ᠂ ᠳᠤᠭᠳᠠᠷᠪᠠᠯ ᠭᠦᠴᠤ ᠨᠢᠭᠡᠳᠡᠢ᠂ ᠠᠷᠠᠯᠵᠢᠶ᠎ᠠ ᠮᠠᠢ᠌ᠮᠠᠢ ᠣᠷᠤᠭᠰᠢᠳᠠᠢ᠂ ᠠᠩ ᠠᠪᠠ ᠣᠯᠵᠠ ᠲᠡᠶ ᠪᠣᠯᠬᠤ ᠶᠢ ᠵᠦᠩᠨᠠᠵᠤ ᠪᠠᠢ᠌ᠳᠠᠭ ᠣᠴᠢᠷᠳᠠᠢ᠃ ᠳᠡᠭᠡᠭᠦ ᠪᠠᠷ ᠶᠢᠡᠨ ᠬᠤᠷᠴᠢᠨ ᠮᠤᠩᠭ᠋ᠤᠯᠴᠤᠳ ᠤᠨ ᠬᠡᠦᠬᠡᠳ ᠤᠨ ᠳᠠᠭᠤᠨ ᠳᠤ ᠴᠤ

ᠭᠦᠭ᠍ᠵᠢ ᠭᠦᠭ᠍ᠵᠢ

ᠭᠦᠭ᠍ᠵᠢ

ᠭᠦᠭᠡ ᠢᠮᠠᠭ᠎ᠠ

ᠠᠯᠠᠵᠤ ᠦᠭ‍ᠭᠦᠶ᠎ᠡ᠃

ᠨᠤᠴᠤ ᠨᠤᠴᠤ

ᠨᠤᠴᠤ

ᠨᠤᠭᠤᠭᠠᠨ ᠢᠮᠠᠭ᠎ᠠ

ᠠᠯᠠᠵᠤ ᠦᠭ‍ᠭᠦᠶ᠎ᠡ᠃

ᠪᠠᠳᠠᠷᠠ ᠪᠠᠳᠠᠷᠠ

ᠪᠠᠳᠠᠷᠠ

ᠪᠠᠳᠢᠷ ᠤᠨ ᠳᠤᠰᠤ

ᠡᠷᠭᠦᠶ᠎ᠡ ᠭᠡᠵᠤ ᠭᠠᠯ ᠭᠦᠭ᠍ᠵᠢᠭᠡᠭᠦ ᠪᠠᠷ ᠳᠠᠭᠤᠯᠠᠵᠤ ᠪᠠᠢ᠌ᠳᠠᠭ ᠡᠴᠡ ᠬᠤᠷᠴᠢᠨ ᠮᠤᠩᠭ᠋ᠤᠯᠴᠤᠳ ᠤᠨ ᠭᠠᠯ ᠶᠢᠡᠨ ᠰᠢᠳᠤᠵᠤ᠂ ᠭᠠᠯ ᠶᠢᠡᠨ ᠳᠠᠭᠢᠵᠤ᠂ ᠭᠠᠯ ᠶᠢᠡᠨ ᠮᠠᠨᠠᠨ ᠭᠡᠵᠢᠶᠡᠳᠡ ᠣᠠᠳᠠᠷᠠᠰᠢ ᠦᠭᠡᠶ᠂ ᠭᠡᠮᠵᠢᠶᠡᠯᠡᠰᠢ ᠦᠭᠡᠶ ᠭᠦᠭ᠍ᠵᠢᠯ ᠪᠠᠳᠠᠷᠠᠯ ᠲᠡᠶ ᠪᠣᠯᠬᠤ ᠶᠢᠨ ᠰᠠᠨᠠᠭ᠎ᠠ ᠪᠠᠨ ᠢᠯᠡᠳᠭᠡᠵᠤ ᠪᠠᠢ᠌ᠳᠠᠭ᠃

ᠬᠤᠷᠴᠢᠨ ᠮᠤᠩᠭ᠋ᠤᠯᠴᠤᠳ ᠤᠨ 《ᠬᠤᠪᠣᠩ ᠭᠠᠯ ᠤᠨ ᠰᠤᠶᠤᠯ》 ᠪᠣᠯ ᠪᠦᠭᠦᠢᠯᠡ ᠮᠤᠩᠭ᠋ᠤᠯᠴᠤᠳ ᠤᠨ ᠣᠵᠠᠭᠤᠷ ᠰᠤᠶᠤᠯ ᠶᠢᠡᠨ ᠬᠠᠳᠠᠭᠠᠯᠠᠭᠰᠠᠨ ᠮᠦᠷ ᠣᠯᠪᠠᠭ᠎ᠠ ᠪᠣᠯᠬᠤ ᠪᠦᠭᠡᠳ ᠬᠤᠷᠴᠢᠨ ᠦᠪᠡᠷᠮᠢᠴᠠ ᠰᠤᠶᠤᠯ ᠤᠨ ᠳᠤᠳᠤᠷᠠᠭᠢ ᠨᠢᠭᠡᠨ ᠴᠢᠬᠤᠯᠠ ᠠᠭᠤᠯᠭ᠎ᠠ ᠪᠣᠯᠬᠤ ᠪᠦᠭᠡᠳ ᠭᠦᠮᠤᠨ ᠳᠦᠷᠤᠯᠭᠢᠳᠠᠨ ᠤ ᠰᠤᠶᠤᠯ ᠳᠤ ᠴᠤ ᠵᠤᠭᠢᠬᠤ ᠪᠠᠢ᠌ᠷᠢ ᠰᠠᠭᠤᠷᠢ ᠶᠢ ᠡᠵᠡᠯᠡᠵᠤ᠂ ᠪᠣᠷᠬᠠᠨ ᠱᠠᠰᠢᠨ ᠤ ᠰᠤᠶᠤᠯ ᠵᠢᠴᠢ ᠳᠠᠷᠢᠶᠠᠯᠠᠬᠤ ᠰᠤᠶᠤᠯ ᠤᠨ ᠨᠥᠯᠦᠭᠡ ᠶᠢ ᠦᠨᠢ ᠣᠳᠠᠭᠠᠨ ᠭᠦᠷᠳᠡᠭ᠍ᠰᠡᠨ ᠪᠣᠯᠪᠠᠴᠤ ᠦᠪᠡᠷ ᠤᠨ ᠦᠨᠳᠦᠰᠦᠳᠠᠨ ᠤ ᠣᠵᠠᠭᠤᠷ ᠳᠡᠦᠭᠡ ᠶᠢᠨ ᠰᠢᠯᠢᠳᠡᠭ᠌ ᠰᠠᠢ᠌ᠨ ᠰᠤᠶᠤᠯ ᠤᠨ ᠦᠪ ᠭᠦᠷᠦᠩᠭᠡ ᠪᠠᠨ ᠭᠡᠭᠡᠵᠤ ᠣᠷᠭᠢᠭᠳᠠᠭᠤᠯᠤᠯ ᠦᠭᠡᠶ ᠵᠠᠯᠭᠠᠮᠵᠢᠯᠠᠵᠤ᠂ ᠬᠠᠳᠠᠭᠠᠯᠠᠵᠤ᠂ ᠭᠦᠭ᠍ᠵᠢᠭᠦᠯᠵᠤ ᠶᠠᠪᠣᠭᠰᠠᠨ ᠨᠢ ᠳᠡᠯᠡᠭᠡᠢ ᠶᠢᠨ ᠰᠤᠶᠤᠯ ᠳᠡᠦᠭᠡᠨ ᠶᠢᠨ ᠰᠤᠳᠤᠯᠤᠯᠭᠠᠨ ᠤ ᠣᠢ᠌ᠯᠠᠰ ᠲᠤ ᠥᠯᠡᠳᠡᠭᠡᠵᠤ ᠦᠭ‍ᠭᠦᠭ᠍ᠰᠡᠨ ᠬᠤᠪᠣᠷ ᠨᠠᠠᠳᠢᠨ ᠨᠠᠮᠠᠷᠢ ᠬᠠᠠᠳᠢᠪ ᠭᠡᠵᠤ ᠦᠵᠡᠯᠳᠠᠢ᠃


ᠠᠰᠢᠭᠯᠠᠭᠰᠠᠨ ᠮᠠᠲ᠋ᠸᠷᠢᠶᠠᠯ

1. ᠴ·ᠳᠠᠮᠳᠢᠠᠰᠤᠷᠤᠩ 《ᠮᠤᠩᠭ᠋ᠤᠯ ᠣᠷᠠᠨ ᠵᠤᠬᠢᠶᠠᠯ ᠤᠨ ᠳᠡᠭᠡᠵᠢ ᠵᠠᠭᠤᠨ ᠪᠢᠯᠢᠭ᠌ ᠣᠷᠤᠰᠢᠪᠠᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1980 ᠣᠨ᠃

2. 《ᠫᠠᠯᠠᠨ ᠺᠠᠷᠪᠢᠨ᠂ ᠸᠢᠯᠢᠶᠠᠮ ᠷᠥᠪᠷᠥᠭ᠌ ᠤᠨ ᠮᠤᠩᠭ᠋ᠤᠯ ᠳᠤ ᠵᠢᠭᠤᠯᠴᠢᠯᠠᠭᠰᠠᠨ ᠳᠡᠮᠳᠡᠭᠯᠡᠯ》᠂ ᠭᠡᠷᠡᠯᠴᠤᠭᠳᠤ ᠮᠤᠩᠭ᠋ᠤᠯᠴᠢᠯᠠᠪᠠ᠃ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1983 ᠣᠨ᠃

3. ᠸ·ᠾᠧᠢ᠌ᠰᠰᠢᠩ 《ᠮᠤᠩᠭ᠋ᠤᠯ ᠤᠨ ᠱᠠᠰᠢᠨ ᠰᠤᠷᠳᠠᠬᠤᠨ》᠂ ᠳᠢᠶᠠᠠᠵᠢᠨ ᠤ ᠡᠷᠳᠡᠨ ᠤ ᠭᠡᠪᠯᠡᠯ ᠤᠨ ᠭᠠᠵᠠᠷ᠃ 1989 ᠣᠨ᠃

4. ᠰᠠᠮᠫᠢᠯᠨᠤᠷᠪᠣ 《ᠮᠤᠩᠭ᠋ᠤᠯ ᠤᠨ ᠵᠠᠩ ᠠᠭᠠᠯᠢ ᠶᠢᠨ ᠳᠣᠢ᠌ᠮᠤ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ᠂ 1990 ᠣᠨ᠃

5. ᠪᠠ᠊·ᠪᠠᠭᠠᠨ᠎ᠠ ᠶᠢᠨ ᠳᠠᠢ᠌ᠯᠪᠣᠷᠢᠯᠠᠭᠰᠠᠨ 《ᠠᠰᠠᠷᠠᠭᠴᠢ ᠨᠠᠷᠠᠳᠤ ᠶᠢᠨ ᠳᠡᠦᠭᠡ》᠂ ᠥᠡᠳᠦᠰᠦᠳᠡᠨ ᠤ ᠭᠡᠪᠯᠡᠯ ᠤᠨ ᠬᠤᠷᠢᠶ᠎ᠠ᠂ 1984 ᠣᠨ᠃

6. ᠭᠦᠭᠡ᠊ᠦ᠌ᠡᠳᠦᠷ ᠤᠨ ᠬᠠᠷᠭᠤᠭᠤᠯᠤᠭᠰᠠᠨ ᠷᠠᠰᠢᠫᠣᠩᠰᠤᠭ ᠤᠨ 《ᠪᠣᠯᠤᠷ ᠡᠷᠢᠭᠡ》᠂ ᠥᠪᠦᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1985 ᠣᠨ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7342
ᠴᠠᠭ᠄ 2012 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ