ᠰᠠᠢ᠌ᠨ ᠣᠴᠢᠷ ᠪᠠ ᠮᠠᠭᠤ ᠣᠴᠢᠷ

ᠣᠷᠢᠳᠤ ᠳᠤ ᠨᠢᠭᠡ ᠣᠯᠤᠰ ᠤᠨ ᠸᠠᠩ ᠤᠨ ᠰᠠᠢ᠌ᠨ ᠨᠠᠢ᠌ᠵᠠ ᠨᠢ ᠠᠮᠢᠳᠤᠷᠠᠯ ᠤᠨ ᠳᠤᠮᠳᠠ ᠡᠭᠦᠰᠦᠭ᠍ᠰᠡᠨ ᠶᠠᠮᠠᠷᠪᠠ ᠨᠢᠭᠡᠨ ᠭᠡᠷᠡᠭ᠌ ᠣᠴᠢᠷ (ᠰᠠᠢ᠌ᠨ ᠴᠤ ᠪᠣᠯᠤᠭ᠂ ᠮᠠᠭᠤ ᠴᠤ ᠪᠣᠯᠤᠭ) ᠲ᠋ᠤ ᠳᠠᠷᠠ ᠭᠡᠵᠢᠶᠡᠳᠡ᠄ 《ᠡᠨᠡ ᠴᠢᠨᠢ ᠠᠰᠢᠭᠦᠢ ᠰᠠᠢ᠌ᠨ ᠣᠴᠢᠷ ᠰᠢᠳᠠ︕》 ᠭᠡᠵᠤ ᠶᠠᠷᠢᠳᠠᠭ ᠳᠠᠳᠬᠠᠯ ᠲᠡᠶ ᠭᠡᠨ᠎ᠡ᠃

ᠨᠢᠭᠡ ᠡᠳᠦᠷ᠂ ᠤᠯᠦᠰ ᠤᠨ ᠸᠠᠩ ᠦᠨᠦᠭᠢ ᠰᠠᠢ᠌ᠨ ᠨᠠᠢ᠌ᠵᠠ ᠲᠡᠶ ᠪᠠᠨ ᠴᠤᠭ ᠠᠩ ᠳᠤ ᠭᠠᠷᠪᠠ ᠭᠡᠨ᠎ᠡ᠃ ᠲ᠋ᠡᠷᠡ ᠸᠠᠩ ᠶᠢ ᠬᠠᠪᠰᠤᠷᠴᠤ ᠫᠣᠤ ᠳ᠋ᠤᠨᠢ ᠰᠤᠮᠤ ᠴᠡᠨᠡᠭᠯᠡᠭᠦ ᠪᠣᠶᠤ ᠣᠪᠣᠭ᠎ᠠ ᠬᠠᠷᠠᠭ᠎ᠠ ᠶᠢ ᠨᠢ ᠳᠠᠭᠠᠷᠠᠭᠤᠯᠵᠤ ᠥᠭ᠍ᠳᠡᠭ᠌ ᠪᠠᠢ᠌ᠵᠡᠢ᠂ ᠲ᠋ᠡᠭᠡᠵᠤ ᠪᠠᠢ᠌ᠰᠠᠭᠠᠷ ᠰᠠᠨᠠᠮᠰᠠᠷ ᠦᠭᠡᠶ ᠫᠣᠤ ᠠᠯᠳᠠᠵᠤ ᠠᠯᠳᠠᠰᠢ ᠭᠠᠷᠭᠠᠭᠰᠠᠨ ᠡᠴᠠ ᠣᠯᠤᠰ ᠤᠨ ᠸᠠᠩ ᠨᠢ ᠬᠠᠷᠢᠨ ᠦᠪᠡᠷ ᠤᠨ ᠡᠷᠡᠭᠡᠢ ᠬᠤᠷᠤᠭᠤ ᠪᠠᠨ ᠳᠠᠰᠤ ᠫᠣᠤᠳᠠᠭᠤᠯᠴᠢᠬᠠᠵᠠᠢ᠃

ᠲ᠋ᠠᠷᠠ ᠣᠯᠤᠰ ᠤᠨ ᠸᠠᠩ ᠤᠨ ᠶᠢᠡᠨ ᠭᠠᠷ ᠤᠨ ᠰᠢᠷᠬ᠎ᠠ ᠶᠢ ᠥᠵᠡᠴᠢᠭᠡᠭᠡᠳ᠂ ᠪᠠᠰᠠᠯᠠ ᠡᠩ ᠤᠨ ᠪᠠᠢ᠌ᠳᠠᠯ ᠶᠢᠡᠷ᠄ 《ᠭᠦᠶ‍ᠢ᠂ ᠡᠨᠡ ᠴᠢᠨᠢ ᠬᠠᠷᠢᠨ ᠰᠠᠢ᠌ᠨ ᠣᠴᠢᠷ ᠰᠢᠳᠠ》 ᠭᠡᠵᠤ ᠭᠡᠯᠡᠭ᠍ᠰᠡᠨ ᠭᠡᠨ᠎ᠡ᠃

ᠡᠭᠦᠨ ᠳᠤ ᠣᠯᠤᠰ ᠤᠨ ᠸᠠᠩ ᠶᠡᠭᠡᠯ᠎ᠡ ᠠᠭᠤᠷᠰᠠᠨ᠄ 《ᠪᠢᠰᠢ᠂ ᠡᠨᠡ ᠶᠠᠭᠠᠭᠢᠭᠠᠤᠨ ᠰᠠᠢ᠌ᠨ ᠣᠴᠢᠷ ᠪᠣᠯᠴᠢᠬᠠᠭᠰᠠᠨ ᠶᠤᠮ》 ᠭᠡᠳ ᠣᠷᠳᠤᠨ ᠳᠠᠭᠠᠨ ᠬᠠᠷᠢᠩᠭ᠋ᠤᠳᠠ ᠦᠨᠦᠭᠢ ᠨᠠᠢ᠌ᠵᠠ ᠪᠠᠨ ᠭᠢᠠᠳᠠᠨ ᠳᠤ ᠬᠤᠷᠢᠴᠢᠬᠠᠵᠠᠢ᠃

ᠪᠠᠷᠤᠭ ᠨᠢᠭᠡ ᠵᠢᠯ ᠥᠩᠭᠡᠷᠡᠭ᠍ᠰᠡᠨ ᠤ ᠳᠡᠷᠠᠭ᠎ᠠ᠂ ᠨᠢᠭᠡ ᠣᠳᠠᠭ᠎ᠠ ᠣᠯᠤᠰ ᠤᠨ ᠸᠠᠩ ᠪᠠᠯᠠᠷ ᠣᠢ ᠳᠤ ᠠᠩ ᠭᠢᠵᠤ ᠶᠠᠪᠤᠭᠰᠠᠭᠠᠷ᠂ ᠥᠷᠭᠦᠯᠵᠢ ᠭᠦᠮᠤᠨ ᠤ ᠮᠢᠬ᠎ᠠ ᠪᠠᠷ ᠢᠳᠠᠰᠢ ᠭᠢᠳᠡᠭ᠌ ᠨᠢᠭᠡᠨ ᠠᠢ᠌ᠮᠠᠭ ᠪᠦᠯᠦᠭ᠌ ᠲᠤ ᠪᠠᠷᠢᠭᠳᠠᠪᠠ᠃ ᠲ᠋ᠡᠭᠡᠭᠡᠳ ᠳᠠᠳᠠᠨᠤᠰ ᠣᠯᠤᠰ ᠤᠨ ᠸᠠᠩ ᠢ ᠭᠦᠯᠢᠨ᠂ ᠤᠪᠤᠭ᠎ᠠ ᠲᠡᠶ ᠮᠤᠳᠤᠨ ᠲᠦᠯᠡᠰᠢᠨ ᠳᠡᠭᠡᠷ᠎ᠡ ᠵᠤᠭᠰᠤᠭᠠᠨ᠂ ᠶᠠᠭ ᠰᠢᠳᠠᠭᠠᠬᠤ ᠪᠠᠷ ᠪᠡᠯᠡᠳᠭᠡᠵᠤ ᠪᠠᠢ᠌ᠳᠠᠯ᠎ᠠ ᠭᠡᠨᠡᠳᠲᠡ ᠨᠢᠭᠡᠨ ᠭᠦᠮᠤᠨ ᠨᠢ ᠣᠯᠤᠰ ᠤᠨ ᠸᠠᠩ ᠤᠨ ᠡᠷᠡᠭᠡᠢ ᠬᠤᠷᠤᠭᠤ ᠪᠠᠢ᠌ᠬᠤ ᠦᠭᠡᠶ ᠶᠢ ᠣᠯᠵᠤ ᠬᠠᠷᠠᠪᠠ᠃ ᠣᠤᠯ ᠨᠢ ᠡᠳᠡᠨ ᠤ ᠠᠢ᠌ᠮᠠᠭ ᠪᠦᠯᠦᠭ᠌ ᠨᠢ ᠪᠠᠶ᠎ᠠ ᠮᠠᠬᠠᠪᠣᠤᠨ ᠡᠷᠡᠮᠳᠡᠭ᠌ ᠳᠤᠳᠠᠭᠤ ᠭᠦᠮᠤᠨ ᠢ ᠢᠳᠡᠳᠡᠭ᠌ ᠦᠭᠡᠶ ᠭᠡᠭᠦ ᠵᠠᠩᠰᠢᠯ ᠲᠡᠶ ᠪᠠᠢ᠌ᠵᠡᠢ᠃ ᠢᠩᠭᠢᠭᠡᠳ ᠳᠠᠳᠠ ᠣᠯᠤᠰ ᠤᠨ ᠸᠠᠩ ᠢ ᠢᠳᠡᠭ᠍ᠰᠡᠨ ᠦᠭᠡᠶ ᠪᠠᠷ ᠳᠠᠯᠪᠢᠭᠠᠤᠨ ᠶᠠᠪᠣᠭᠤᠯᠵᠠᠢ᠃

ᠸᠠᠩ ᠣᠷᠳᠤᠨ ᠳᠠᠭᠠᠨ ᠬᠠᠷᠢᠭᠰᠠᠨ ᠤ ᠳᠠᠷᠠᠭ᠎ᠠ᠂ ᠬᠤᠷᠤᠭᠤ ᠪᠠᠨ ᠳᠠᠰᠤᠯᠤᠭᠰᠠᠨ ᠣᠴᠢᠷ ᠢ ᠪᠣᠳᠤᠨ ᠪᠣᠳᠤᠨ᠂ ᠨᠠᠢ᠌ᠵᠠ ᠳᠠᠭᠠᠨ ᠣᠰᠤᠯᠳᠠᠭᠰᠠᠨ ᠳᠠᠭᠠᠨ ᠶᠡᠭᠡᠯ᠎ᠡ ᠬᠠᠷᠠᠮᠰᠠᠵᠠᠢ ᠭᠡᠨ᠎ᠡ᠃ ᠲ᠋ᠡᠭᠡᠭᠡᠳ ᠳᠠᠷᠠ ᠳᠠᠷᠣᠢ᠌ᠬᠠᠨ ᠭᠢᠠᠳᠠᠨ ᠳᠤ ᠣᠴᠢᠨ ᠰᠠᠢ᠌ᠨ ᠨᠠᠢ᠌ᠵᠠ ᠲᠡᠶ ᠪᠠᠨ ᠵᠤᠭᠤᠭᠳᠠᠭᠰᠠᠨ ᠪᠠᠢ᠌ᠯ᠎ᠠ᠃

ᠸᠠᠩ᠄ 《ᠴᠢᠨᠤ ᠭᠡᠯᠡᠭ᠍ᠰᠡᠨ ᠳᠠᠭᠠᠷᠠᠨ᠎ᠠ᠂ ᠪᠢ ᠳᠡᠭᠡᠷ᠎ᠡ ᠣᠳᠠᠭ᠎ᠠ ᠡᠷᠡᠭᠡᠢ ᠬᠤᠷᠤᠭᠤ ᠪᠠᠨ ᠳᠠᠰᠤᠯᠠᠭᠤᠯᠤᠭᠰᠠᠨ ᠴᠢᠨᠢ ᠬᠠᠷᠢᠨ ᠰᠠᠢ᠌ᠨ ᠣᠴᠢᠷ ᠪᠠᠢ᠌ᠵᠠᠢ ᠰᠢᠤ》 ᠭᠡᠵᠤ ᠨᠠᠢ᠌ᠵᠠ ᠳᠠᠭᠠᠨ ᠭᠡᠯᠡᠭ᠍ᠰᠡᠨ ᠭᠡᠨ᠎ᠡ᠃

ᠲ᠋ᠠᠷᠠ ᠪᠠᠰᠠ ᠦᠪᠡᠷ ᠤᠨ ᠪᠠᠶ᠎ᠠ ᠳᠤᠨᠢ ᠣᠴᠠᠷᠠᠭᠰᠠᠨ ᠠᠶᠤᠮᠰᠢᠭᠳᠤ ᠠᠯᠢᠪᠠ ᠣᠴᠢᠷ ᠶᠢᠡᠨ ᠳᠤᠭᠠᠴᠠᠬᠤ ᠶᠢᠨ ᠳᠡᠭᠠᠤ᠄ 《ᠡᠩ᠂ ᠭᠡᠪᠠᠴᠤ ᠪᠢ ᠳᠠᠨ ᠢ ᠭᠢᠠᠳᠠᠨ ᠳᠤ ᠡᠢ᠌ᠮᠤ ᠣᠳᠠᠭᠠᠨ ᠰᠠᠭᠤᠯᠭᠠᠭᠰᠠᠨ ᠨᠢ ᠳᠤᠩ ᠡᠪ ᠦᠭᠡᠶ ᠪᠤᠯᠤᠯ᠎ᠡ᠂ ᠮᠡᠭᠦᠰ ᠪᠢ ᠳᠡᠨᠡᠭ᠌ ᠶᠠᠪᠣᠳᠠᠯ ᠭᠢᠵᠠᠢ》 ᠭᠡᠵᠤ ᠭᠡᠨ᠎ᠡ᠃

ᠲ᠋ᠡᠭᠡᠭᠦ ᠳᠤ ᠨᠠᠢ᠌ᠵᠠ ᠨᠢ ᠬᠠᠷᠢᠨ᠄ 《ᠥᠭᠡᠢ ᠰᠢᠤ᠂ ᠸᠠᠩ ᠭᠤᠸᠠᠢ ᠡᠨᠡ ᠴᠢᠨᠢ ᠪᠠᠰᠠ ᠰᠠᠢ᠌ᠨ ᠣᠴᠢᠷ ᠰᠢᠤ》 ᠭᠡᠰᠡᠨ ᠳᠤ ᠸᠠᠩ᠄ 《ᠴᠢᠨᠤ ᠡᠨᠡ ᠴᠢᠨᠢ ᠬᠠᠷᠢᠨ ᠶᠠᠮᠠᠷ ᠣᠬᠠᠭᠠᠨ ᠲᠡᠶ ᠶᠤᠮ ᠪᠣᠢ︖ ᠪᠢ ᠴᠢᠮᠢ᠋ᠢ ᠭᠢᠠᠳᠠᠨ ᠳᠤ ᠨᠢᠭᠡ ᠵᠢᠯ ᠰᠠᠭᠤᠯᠭᠠᠭᠰᠠᠨ ᠪᠠᠢ᠌ᠬᠤ ᠳᠤ ᠴᠢ ᠪᠠᠰᠠ ᠰᠠᠢ᠌ᠨ ᠣᠴᠢᠷ ᠭᠡᠳᠡᠭ᠌ ᠴᠢᠨᠢ︖》 ᠭᠡᠵᠤ ᠶᠡᠭᠡᠯ᠎ᠡ ᠭᠠᠢ᠌ᠬᠠᠵᠤ ᠭᠡᠨ᠎ᠡ᠃

ᠨᠠᠢ᠌ᠵᠠ ᠨᠢ᠄ 《ᠪᠢ ᠭᠡᠷᠪᠡ ᠭᠢᠠᠳᠠᠨ ᠳᠤ ᠰᠠᠭᠤᠭᠰᠠᠨ ᠦᠭᠡᠶ ᠶᠤᠮ ᠪᠣᠯ ᠮᠦᠨ ᠣᠤᠯ ᠤᠨ ᠠᠳᠠᠯᠢ ᠳᠠᠨ ᠢ ᠳᠠᠭᠠᠵᠤ ᠠᠩ ᠳᠤ ᠭᠠᠷᠬᠤ ᠪᠠᠢ᠌ᠬ᠎ᠠ᠂ ᠲ᠋ᠡᠭᠡᠪᠠᠯ ᠪᠢ ᠭᠡᠯᠡᠯᠭᠡᠨ ᠦᠭᠡᠶ ᠳᠠᠳᠠᠨ ᠤ ᠰᠠᠢ᠌ᠬᠠᠨ ᠢᠳᠠᠰᠢ ᠨᠢ ᠪᠣᠯᠬᠤ ᠪᠢᠰᠢᠤ》 ᠭᠡᠰᠡᠨ ᠭᠡᠨ᠎ᠡ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠬᠤᠰᠢᠭᠤ

ᠵᠤᠬᠢᠶᠠᠭᠴᠢ᠄ ᠬᠠ᠊·ᠴᠢᠮᠠᠤᠨ
ᠬᠠᠷᠢᠶ᠎ᠠ᠄ ᠥᠭᠥᠯᠡᠯᠭᠡ
ᠳᠠᠷᠤᠮ᠄ 5508
ᠴᠠᠭ᠄ 2010 ᠤᠨ ᠤ 02 ᠰᠠᠷ᠎ᠠ ᠶᠢᠨ 01