ᠬᠣᠢ᠌ᠳᠤ ᠮᠡᠷᠭᠡᠨ ᠳᠠᠮᠠᠨᠠ ᠶᠢᠨ ᠦᠯᠢᠭᠡᠷ

ᠡᠷᠳᠡ ᠣᠷᠢᠳᠤ ᠴᠠᠭ ᠲᠤ ᠭᠡᠨ᠎ᠡ

ᠡᠯᠦᠡᠴᠡ ᠬᠤᠯᠤᠠᠴᠠ ᠶᠢᠨ ᠦᠶ᠎ᠡ ᠳᠤ ᠭᠡᠨ᠎ᠡ

ᠡᠨᠡ ᠭᠠᠵᠠᠷ ᠡᠴᠡ ᠬᠤᠯᠠ ᠭᠡᠨ᠎ᠡ

ᠡᠭ᠍ᠴᠡ ᠬᠣᠢ᠌ᠳᠤ ᠵᠥᠭ᠌ ᠲᠤ ᠭᠡᠨ᠎ᠡ ︕

ᠨᠠᠷ᠎ᠠ ᠣᠰᠤ ᠦᠭᠡᠶ ᠨᠢᠭᠡᠨ ᠡᠪᠦᠭᠡᠨ ᠠᠮᠢᠳᠤᠷᠠᠵᠤ ᠪᠠᠢ᠌ᠭᠰᠠᠨ ᠭᠡᠨ᠎ᠡ᠃ ᠭᠦᠮᠤᠨ ᠠᠮᠢᠳᠠᠨ ᠡᠴᠡ ᠭᠡᠳᠦᠷᠡᠭ᠍ᠰᠡᠨ ᠰᠠᠴᠠᠨ ᠮᠡᠷᠭᠡᠨ ᠣᠬᠠᠭᠠᠨ ᠲᠡᠶ᠂ ᠦᠳᠡ ᠶᠢᠨ ᠵᠠᠮ ᠳᠤ ᠪᠣᠰᠬᠠᠭᠰᠠᠨ ᠳᠠᠪᠠᠨᠠ ᠶᠢᠨ ᠰᠦᠪᠡ ᠶᠢ ᠰᠠᠳᠠ ᠬᠠᠷᠪᠣᠳᠠᠭ ᠠᠶᠤᠮᠠᠷ ᠴᠠᠴᠠᠨ ᠬᠠᠷᠪᠣᠭᠠᠴᠢᠨ ᠪᠠᠢ᠌ᠭᠰᠠᠨ ᠪᠣᠯᠬᠤᠷ ᠬᠣᠢ᠌ᠳᠤ ᠮᠡᠷᠭᠡᠨ ᠳᠠᠮᠠᠨᠠ ᠭᠡᠵᠤ ᠠᠯᠳᠠᠷᠰᠢᠵᠠᠢ᠃ ᠳᠡᠭᠦᠨ ᠳᠤ ᠣᠯᠠᠨ ᠤ ᠳᠤᠮᠳᠠ ᠳᠡᠨᠡᠭ᠌ ᠳᠦᠷᠦᠭ᠍ᠰᠡᠨ ᠠᠷᠠᠪᠰᠠᠷ ᠭᠡᠭ᠍ᠴᠢ ᠭᠠᠭᠴᠠ ᠭᠦᠤ ᠲᠡᠶ᠂ ᠣᠷᠴᠢᠯᠠᠩ ᠳᠡᠭᠡᠷ᠎ᠡ ᠡᠴᠡ ᠣᠯᠳᠠᠰᠢ ᠦᠭᠡᠶ《ᠬᠠᠷ᠎ᠠ ᠭᠡᠯᠡᠨ ᠰᠤᠭᠰᠤᠷ》 ᠭᠡᠭ᠍ᠴᠢ ᠬᠤᠷᠳᠤᠨ ᠱᠠᠷ ᠲᠡᠶ ᠶᠤᠮ ᠪᠠᠢ᠌ᠵᠤ ᠭᠡᠨ᠎ᠡ᠃

ᠭᠦᠤ ᠨᠢ ᠳᠠᠩᠴᠢ ᠳᠡᠨᠡᠭ᠌ ᠪᠣᠯᠬᠤᠷ ᠶᠠᠭᠠᠭᠢᠵᠤ ᠭᠦᠮᠤᠨ ᠪᠣᠯᠭᠠᠬᠤ᠂ ᠶᠠᠭᠠᠭᠢᠵᠤ ᠪᠠᠷᠢ ᠣᠯᠭᠤᠬᠤ ᠭᠡᠵᠤ ᠯᠠ ᠰᠠᠨᠠᠭ᠎ᠠ ᠵᠤᠪᠠᠨ ᠰᠠᠭᠤᠳᠠᠭ ᠪᠠᠢ᠌ᠵᠠᠢ᠃

ᠨᠢᠭᠡᠨ ᠡᠳᠦᠷ ᠭᠦᠤ ᠠᠷᠠᠪᠰᠠᠷ ᠶᠢᠡᠨ ᠳᠠᠭᠤᠳᠠᠵᠤ ᠢᠷᠡᠭᠡᠳ᠄

᠊᠊᠊᠊᠊᠊᠊᠊᠊᠊᠊᠊᠊᠊᠊ ᠠᠪᠣ ᠶᠢᠨ ᠪᠣᠢ ᠳᠤ ᠡᠯᠢᠭᠡᠨ ᠰᠠᠳᠤᠨ ᠶᠢᠡᠨ ᠳᠠᠨᠢᠳᠠᠭ᠂ ᠠᠭᠳᠠ ᠶᠢᠨ ᠪᠣᠢ ᠳᠤ ᠭᠠᠵᠠᠷ ᠣᠰᠤ ᠪᠠᠨ ᠥᠵᠡᠳᠡᠭ᠌᠃ ᠣᠳᠤ ᠭᠦᠤ ᠮᠢᠨᠢ

ᠭᠠᠳᠠᠨ᠎ᠠ ᠳᠤᠳᠤᠨ᠎ᠠ ᠶᠠᠪᠣᠬᠤ ᠪᠣᠯᠵᠠᠢ

ᠭᠠᠵᠠᠷ ᠣᠰᠤ ᠥᠵᠡᠭᠦ ᠪᠣᠯᠵᠠᠢ

ᠭᠠᠯ ᠭᠤᠯᠤᠮᠳᠠ ᠮᠠᠨᠠᠬᠤ ᠪᠣᠯᠵᠠᠢ

ᠭᠠᠭᠴᠠ ᠠᠪᠣ ᠪᠠᠨ ᠳᠡᠵᠢᠭᠡᠭᠦ ᠪᠣᠯᠵᠠᠢ

ᠠᠪᠣ ᠨᠢ ᠴᠢᠮ᠎ᠠ ᠳᠤ ᠵᠠᠭᠤᠨ ᠬᠤᠴᠠ ᠦᠭ‍ᠭᠦᠶ᠎ᠡ᠂ ᠴᠢ ᠵᠥᠭᠯᠡᠭ᠍ᠰᠡᠨ ᠵᠥᠭ᠌ ᠲᠡᠭᠡᠨ ᠵᠠᠭᠤᠨ ᠬᠤᠨᠤᠭ ᠶᠠᠪᠣᠵᠤ ᠬᠤᠳᠠᠯᠳᠤᠭ᠎ᠠ ᠭᠢᠭᠡᠳ ᠢᠷ᠎ᠠ᠃ ᠳᠡᠭᠡᠭᠦ ᠳᠡᠭᠡᠨ ᠵᠠᠪᠠᠯ ᠵᠠᠭᠤᠨ ᠵᠣᠢ᠌ᠯ ᠤᠨ ᠪᠠᠷᠠᠭ᠎ᠠ ᠲᠡᠶ ᠬᠠᠷᠢᠵᠤ ᠢᠷᠡᠭᠦ ᠭᠡᠷᠡᠭ᠍ᠳᠡᠢ᠃ ᠣᠯᠵᠠ ᠣᠮᠤᠭ ᠲᠡᠶ ᠢᠷᠡᠳᠡᠭ᠌ ᠪᠣᠯ ᠱᠤᠷᠤᠯᠭ᠎ᠠ (ᠴᠢᠳᠠᠪᠣᠷᠢ ᠴᠢᠷᠮᠠᠢ᠌ᠯᠭ᠎ᠠ) ᠴᠢᠨᠢ ᠳᠠᠷᠠ᠂ ᠴᠢᠳᠠᠬᠤ ᠦᠭᠡᠶ ᠪᠠᠷ ᠳᠤᠷᠠᠵᠤ ᠦᠯᠪᠠᠷᠳᠡᠭ᠌ ᠪᠣᠯ ᠳ᠋ᠦ᠋ᠩᠵᠢᠭ᠌ (ᠬᠤᠭᠢ) ᠴᠢᠨᠢ ᠳᠠᠷᠠ ︕ ᠭᠡᠵᠤ ᠭᠡᠯᠡᠭᠡᠳ ᠣᠠᠳᠤᠤ ᠶᠠᠭᠤ ᠴᠤ ᠦᠭ‍ᠭᠦᠭ᠍ᠰᠡᠨ ᠦᠭᠡᠶ ᠪᠠᠷ ᠵᠠᠭᠤᠨ ᠬᠤᠴᠠ ᠳᠠᠭᠤᠯᠭᠠᠨ ᠶᠠᠪᠣᠭᠤᠯᠵᠠᠢ᠃

ᠳᠡᠨᠡᠭ᠌ ᠭᠦᠤ ᠣᠷᠤᠭᠤ ᠴᠢᠷᠠᠢ᠌ᠯᠠᠨ ᠣᠰᠤᠨ ᠨᠢᠳᠤᠯᠠᠵᠤ᠂ ᠵᠠᠭᠤᠨ ᠬᠤᠴᠠ ᠶᠢᠨ ᠬᠣᠢ᠌ᠨ᠎ᠠ ᠡᠴᠡ ᠳᠠᠭᠠᠭᠠᠤᠨ ᠵᠥᠭ᠌ ᠴᠢᠭ᠌ ᠦᠭᠡᠶ ᠵᠠᠮ ᠳᠤ ᠵᠦᠪ ᠵᠥᠭᠡᠷ ᠭᠠᠷᠴᠤ ᠭᠡᠨ᠎ᠡ᠃ ᠵᠠᠭᠤᠨ ᠬᠤᠨᠤᠭ ᠤᠨ ᠵᠥᠭ᠌ ᠴᠢᠭ᠌ ᠦᠭᠡᠶ ᠠᠶᠠᠨ ᠰᠢᠤ᠂ ᠵᠠᠭᠤᠷ᠎ᠠ ᠬᠤᠨᠤᠭ ᠤᠨ ᠠᠢ᠌ᠯᠴᠢᠨ ᠤ ᠵᠠᠮ ᠪᠢᠰᠢ᠂ ᠵᠢᠷᠭᠤᠭᠠᠨ ᠠᠯᠬᠤᠮ ᠳ᠋ᠠᠭᠢ ᠬᠡᠦᠬᠡᠳ ᠤᠨ ᠳᠤᠭᠯᠠᠭᠠᠮ ᠪᠢᠰᠢ ︕ ᠶᠠᠪᠠᠭᠠᠨ ᠬᠤᠭᠤᠰᠤᠨ ᠶᠢᠡᠷ ᠪᠢ ᠶᠠᠭᠠᠭᠢᠵᠤ ᠶᠠᠪᠣᠵᠤ ᠢᠷᠡᠳᠡᠭ᠌ ᠪᠢᠯᠠ ︖ ᠭᠡᠵᠤ ᠪᠣᠳᠤᠨ ᠪᠣᠳᠤᠨ ᠭᠤᠮᠤᠳᠠᠵᠤ ᠣᠭᠢᠯᠠᠭᠠᠤᠨ ᠶᠠᠪᠣᠵᠤ ᠭᠡᠨ᠎ᠡ᠃ ᠳᠡᠭᠡᠵᠤ ᠪᠠᠢ᠌ᠳᠠᠯ᠎ᠠ ᠵᠠᠮ ᠳ᠋ᠤᠨᠢ ᠨᠠᠷᠠ ᠰᠠᠷᠠ ᠰᠢᠭ ᠰᠠᠢ᠌ᠬᠠᠨ ᠵᠢᠰᠤ ᠲᠡᠶ᠂ ᠨᠠᠪᠴᠢ ᠴᠡᠴᠡᠭ᠌ ᠰᠢᠭ᠌ ᠭᠡᠭᠡᠮᠰᠦᠭ᠌ ᠬᠤᠪᠴᠠᠰᠤ ᠲᠡᠶ᠂ ᠳᠤᠭᠠᠯᠠᠪᠠᠯ ᠨᠠᠰᠤ ᠰᠠᠴᠠᠭᠤ᠂ ᠳᠦᠭᠡᠯᠡᠪᠠᠯ ᠨᠢᠷᠤᠭᠤ ᠰᠠᠴᠠᠭᠤ ᠭᠦᠭᠡᠷᠦᠭᠦᠨ ᠪᠣᠷᠤ ᠭᠡᠦᠭᠡᠨ ᠬᠠᠷᠭᠤᠵᠤ ᠭᠡᠨ᠎ᠡ᠃ ᠳᠡᠭᠦᠨ ᠤ ᠣᠭᠢᠯᠠᠨ ᠶᠠᠪᠣᠬᠤ ᠶᠢ ᠨᠢ ᠭᠡᠦᠭᠡᠨ ᠥᠵᠡᠭᠡᠳ ᠶᠡᠭᠡ ᠰᠤᠨᠢᠷᠬᠠᠵᠤ᠄

᠊᠊᠊᠊᠊᠊᠊᠊᠊᠊᠊᠊᠊᠊᠊ ᠴᠢ ᠶᠠᠭᠤᠨ ᠳᠤ ᠣᠭᠢᠯᠠᠪᠠ ︖ ᠭᠡᠵᠤ ᠰᠤᠷᠠᠵᠤ ᠭᠡᠨ᠎ᠡ᠃ ᠠᠷᠠᠪᠰᠠᠷ ᠣᠴᠢᠷ ᠶᠠᠪᠣᠳᠠᠯ ᠶᠢᠡᠨ ᠭᠡᠯᠡᠵᠤ ᠦᠭ‍ᠭᠦ ᠳᠤ ᠭᠡᠦᠭᠡᠨ ᠡᠯᠡᠭᠯᠡᠨ ᠢᠨᠢᠶᠠᠵᠤ᠄

᠊᠊᠊᠊᠊᠊᠊᠊᠊᠊᠊᠊᠊᠊᠊ ᠡᠷ᠎ᠡ ᠭᠦᠮᠤᠨ ᠪᠢᠵᠠ ᠴᠢ᠂ ᠡᠷᠢᠶᠡᠨ ᠨᠢᠳᠤᠨ ᠤ ᠨᠢᠯᠪᠣᠰᠤ ᠴᠢᠨᠢ ᠶᠠᠮᠠᠷ ᠭᠡᠷᠡᠭ᠌ ᠦᠭᠡᠶ ᠶᠠᠭᠤᠮᠠᠨ ᠳᠤ ᠭᠤᠭᠤᠵᠢᠳᠠᠭ ᠪᠣᠢ ︖ ᠭᠡᠵᠤ ᠭᠡᠯᠡᠵᠤ ᠭᠡᠨ᠎ᠡ᠃ ᠠᠷᠠᠪᠰᠠᠷ ᠣᠯᠠᠮ ᠣᠭᠢᠯᠠᠵᠤ᠄

᠊᠊᠊᠊᠊᠊᠊᠊᠊᠊᠊᠊᠊᠊᠊ ᠶᠠᠪᠠᠭᠠᠨ ᠭᠦᠮᠤᠨ ᠤ ᠵᠤᠪᠠᠯᠠᠩ ᠢ ᠮᠤᠷᠢᠳᠠᠢ ᠭᠦᠮᠤᠨ ᠮᠡᠳᠡᠭᠦ ᠦᠭᠡᠶ ᠨᠢ ᠵᠦᠪ ᠣᠭᠤᠳᠤᠨ᠎ᠠ ᠶᠢᠨ ᠥᠭᠦᠯ ᠮᠤᠤᠷ ᠤᠨ ᠨᠠᠭᠠᠳᠤᠮ ᠪᠣᠯᠳᠠᠭ ᠨᠢ ᠴᠤ ᠦᠨᠡᠨ᠃ ᠪᠢ ᠵᠠᠭᠤᠨ ᠵᠣᠢ᠌ᠯ ᠤᠨ ᠬᠤᠳᠠᠯᠳᠤᠭ᠎ᠠ ᠭᠢᠭᠡᠳ ᠪᠣᠴᠠᠬᠤ ᠶᠢ ᠪᠠᠢ᠌ᠳᠤᠭᠠᠢ ᠵᠢᠷᠭᠤᠭᠠᠨ ᠡᠳᠦᠷ ᠤᠨ ᠨᠠᠷᠠ ᠶᠢ ᠴᠤ ᠦᠵᠡᠵᠤ ᠴᠢᠳᠠᠯ ᠦᠭᠡᠶ ᠪᠠᠷ ᠵᠠᠭᠤᠷ᠎ᠠ ᠵᠠᠮ ᠳᠠᠭᠠᠨ ᠥᠭᠦᠵᠤ ᠵᠢᠯᠢ᠌ᠭᠦ ᠭᠡᠵᠤ ᠪᠠᠢ᠌ᠬᠤ ᠳᠤ ᠴᠢ ᠢᠨᠢᠶᠡᠳᠡᠭ᠌ ᠨᠢ ᠶᠠᠭᠤ ᠪᠣᠢ ︖ ᠭᠡᠵᠤ ᠭᠡᠨ᠎ᠡ᠃ ᠭᠡᠦᠭᠡᠨ ᠴᠤ ᠣᠯᠠᠮ ᠢᠨᠢᠶᠠᠵᠤ᠄

᠊᠊᠊᠊᠊᠊᠊᠊᠊᠊᠊᠊᠊᠊᠊ ᠴᠢ ᠶᠠᠮᠠᠷ ᠭᠡᠷᠡᠭ᠌ ᠦᠭᠡᠶ ᠶᠠᠭᠤᠮᠠᠨ ᠳᠤ ᠣᠭᠢᠯᠠᠳᠠᠭ ᠭᠦᠮᠤᠨ ᠪᠣᠢ ︖ ᠴᠠᠰᠢ ᠪᠠᠨ ᠣᠬᠤᠴᠢᠯᠠᠵᠤ ᠪᠣᠳᠤᠳᠠᠭ ᠦᠭᠡᠶ᠂ ᠣᠬᠠᠭ᠎ᠠ ᠴᠢᠨᠢ ᠣᠭᠤᠴᠠ ᠳᠠᠭᠠᠨ ᠣᠷᠤᠪᠠᠤ ︖ ᠰᠦᠨᠠᠰᠤ ᠴᠢᠨᠢ ᠰᠡᠭᠦᠵᠢ ᠳᠡᠭᠡᠨ ᠰᠢᠩᠭᠡᠪᠠᠤ ︖ ᠵᠠᠭᠤᠨ ᠬᠤᠴᠠ ᠪᠠᠢ᠌ᠬᠤ ᠴᠢᠨᠢ ᠴᠢᠮᠠᠳᠤ ᠶᠠᠭᠤ ᠪᠣᠯᠭᠠᠨ ᠪᠦᠷ ᠪᠠᠢ᠌ᠨ᠎ᠠ ᠭᠡᠰᠡᠨ ᠥᠭᠡ᠄ ᠡᠳᠦᠷ ᠪᠦᠷᠢ ᠨᠢᠭᠡ ᠬᠤᠴᠠ ᠪᠠᠨ ᠭᠢᠷᠯᠠᠭᠠᠤᠨ ᠪᠦᠭᠡᠷ᠎ᠡ ᠶᠢ ᠨᠢ ᠢᠳᠠᠵᠤ ᠶᠠᠪᠣᠪᠠᠯ ᠵᠠᠭᠤᠨ ᠬᠤᠨᠤᠭ ᠤᠨ ᠭᠦᠨᠡᠰᠤ ᠴᠢᠨᠢ ᠪᠢᠰᠢᠤ ︕ ᠠᠶᠠᠭ᠎ᠠ ᠰᠠᠪᠠ ᠴᠤ ᠭᠡᠷᠡᠭ᠌ ᠦᠭᠡᠶ᠂ ᠶᠠᠮᠠᠷ ᠠᠮᠠᠷᠬᠠᠨ ᠪᠠᠢ᠌ᠨ᠎ᠠ᠃ ᠡᠳᠦᠷ ᠪᠦᠷᠢ ᠨᠢᠭᠡ ᠬᠤᠴᠠ ᠶᠢᠨ ᠶᠢᠡᠨ ᠬᠤᠶᠠᠷ ᠭᠤᠶ᠎ᠠ ᠶᠢ ᠭᠢᠷᠭᠠᠭᠠᠤᠨ ᠨᠤᠤᠰᠤ ᠪᠠᠷ ᠨᠢ ᠳᠠᠯᠢᠩ ᠨᠡᠭᠡᠭᠡᠳ ᠳᠤᠬᠤᠴᠢᠪᠠᠯ ᠵᠠᠭᠤᠨ ᠶᠠᠩᠵᠤ ᠶᠢᠨ ᠪᠠᠷᠠᠭᠠᠨ ᠤ ᠣᠭᠤᠳᠠ ᠴᠢᠨᠢ ᠪᠢᠰᠢᠤ ︕ ᠳᠡᠭᠡᠰᠤ ᠴᠤ ᠭᠡᠷᠡᠭ᠌ ᠦᠭᠡᠶ᠂ ᠶᠠᠮᠠᠷ ᠡᠪᠳᠡᠢ᠌ᠭᠡᠨ ᠪᠠᠢ᠌ᠨ᠎ᠠ᠃ ᠪᠠᠰᠠ ᠨᠢᠭᠡ ᠬᠤᠴᠠ ᠪᠠᠨ ᠪᠦᠳᠤᠨ ᠭᠢᠷᠭᠠᠭᠠᠤᠨ ᠨᠤᠤᠰᠤ ᠶᠢ ᠨᠢ ᠰᠦᠨᠢ ᠳᠡᠭᠡᠨ ᠨᠦᠮᠦᠷᠴᠦ᠂ ᠡᠳᠦᠷ ᠲᠡᠭᠡᠨ ᠮᠦᠨ ᠬᠤᠴᠠ ᠳᠡᠭᠡᠷ᠎ᠡ ᠪᠠᠨ ᠠᠴᠢᠭᠠᠤᠨ ᠶᠠᠪᠣᠪᠠᠯ ᠴᠠᠰᠢ ᠨᠠᠰᠢ ᠶᠠᠪᠣᠵᠤ ᠢᠷᠡᠭᠦ ᠵᠠᠭᠤᠨ ᠬᠤᠨᠤᠭ ᠤᠨ ᠬᠤᠴᠢᠯᠭ᠎ᠠ ᠴᠢᠨᠢ ᠪᠢᠰᠢᠤ ︕ ᠳᠠᠯᠠᠢ ᠶᠡᠭᠡ ᠬᠤᠳᠠᠯᠳᠤᠭ᠎ᠠ ᠠᠷᠠᠯᠵᠢᠶ᠎ᠠ ᠲᠡᠶ ᠭᠠᠵᠠᠷ ᠭᠦᠷᠦᠭᠡᠳ ᠶᠠᠷᠠᠨ ᠶ‍ᠢᠰᠤᠨ ᠬᠤᠴᠠ ᠪᠠᠨ ᠪᠦᠭᠦᠳᠡ ᠶᠢ ᠭᠢᠷᠭᠠᠵᠤ ᠨᠤᠤᠰᠤ ᠦᠰᠦ ᠶᠢ ᠨᠢ ᠬᠤᠳᠠᠯᠳᠤᠪᠠᠯ ᠵᠠᠭᠤᠨ ᠵᠣᠢ᠌ᠯ ᠤᠨ ᠪᠠᠷᠠᠭᠠᠨ ᠤ ᠵᠤᠭᠤᠰ ᠪᠢᠰᠢᠤ ︕ ᠳᠡᠭᠡᠪᠠᠯ ᠬᠤᠴᠠ ᠶᠢᠨ ᠶᠢᠡᠨ ᠬᠤᠶᠠᠷ ᠡᠪᠠᠷ ᠢ ᠭᠢᠷᠦᠭᠡᠳᠦᠵᠤ ᠳᠠᠭᠠᠷᠢᠭᠠᠤᠨ ᠭᠡᠯᠭᠢᠵᠤ ᠳᠤᠬᠤᠪᠠᠯ ᠡᠪᠳᠡᠢ ᠰᠠᠢ᠌ᠬᠠᠨ ᠶᠠᠩᠭᠢᠷᠴᠠᠭ (ᠡᠮᠡᠭᠡᠯ) ᠪᠢᠰᠢᠤ ︕ ᠳᠡᠭᠡᠭᠡᠳ ᠨᠠᠰᠢ ᠪᠣᠴᠠᠬᠤ ᠵᠠᠮ ᠳᠠᠭᠠᠨ ᠬᠤᠨᠤᠬᠤ ᠭᠠᠵᠠᠷ ᠶᠢᠡᠨ ᠰᠠᠢ᠌ᠨ ᠠᠵᠢᠵᠤ ᠠᠪ᠂ ᠭᠡᠴᠡ ᠨᠠᠯᠠᠤ ᠭᠠᠵᠠᠷ ᠭᠦᠷᠦᠭᠡᠳ ᠭᠡᠪᠳᠡᠭᠦᠯᠵᠤ ᠬᠤᠨᠤᠬᠤ ᠭᠡᠷᠡᠭ᠍ᠳᠡᠢ᠃ ᠭᠡᠴᠡ ᠭᠠᠵᠠᠷ ᠭᠡᠪᠳᠡᠭᠦᠯᠪᠠᠯ ᠨᠢᠭᠡ ᠳᠠᠯ᠎ᠠ ᠶᠢᠨ ᠠᠴᠢᠶ᠎ᠠ ᠨᠢ ᠭᠠᠵᠠᠷ ᠲᠤ ᠳᠤᠯᠴᠢᠬᠤ ᠳᠤᠯᠠ ᠬᠤᠴᠠ ᠶᠢᠨ ᠨᠢᠭᠡ ᠳᠠᠯ᠎ᠠ ᠨᠢ ᠠᠮᠠᠷᠠᠭᠠᠤᠨ ᠠᠮᠵᠢᠨ᠎ᠠ᠂ ᠨᠥᠭᠦᠭᠡ ᠪᠠᠶ᠎ᠠ ᠪᠠᠨ ᠦᠪᠡᠷ ᠶᠢᠡᠨ ᠣᠯᠠᠷᠢᠵᠤ ᠭᠡᠪᠳᠡᠭᠡᠳ ᠠᠮᠠᠷᠠᠭᠤᠯᠳᠠᠭ ᠶᠤᠮ᠃ ᠵᠠ ᠦᠵᠡ᠂ ᠠᠴᠢᠬᠤ ᠴᠤ ᠭᠡᠷᠡᠭ᠌ ᠦᠭᠡᠶ᠂ ᠪᠠᠭᠤᠯᠭᠠᠬᠤ ᠴᠤ ᠭᠡᠷᠡᠭ᠌ ᠦᠭᠡᠶ᠂ ᠶᠠᠭᠠᠭᠢᠭᠰᠠᠨ ᠰᠠᠢ᠌ᠬᠠᠨ ᠠᠷᠭ᠎ᠠ ᠪᠠᠢ᠌ᠨ᠎ᠠ᠂ ᠴᠢ ᠭᠡᠰᠡᠨ ᠭᠦᠮᠤᠨ ᠶᠠᠭᠠᠭᠢᠭᠠᠤᠨ ᠳᠡᠨᠡᠭ᠌ ᠶᠤᠮ ᠪᠣᠢ ︖ ᠭᠡᠵᠤ ᠵᠦᠪ ᠰᠠᠢ᠌ᠬᠠᠨ ᠠᠷᠭ᠎ᠠ ᠨᠤᠭᠤᠳ ᠶᠢᠡᠨ ᠭᠡᠯᠡᠵᠤ ᠦᠭ‍ᠭᠦᠭᠡᠳ ᠪᠠᠰᠠ᠄

᠊᠊᠊᠊᠊᠊᠊᠊᠊᠊᠊᠊᠊᠊᠊ ᠡᠨᠡ ᠠᠷᠭ᠎ᠠ ᠶᠢ ᠨᠠᠮᠢ᠋ᠢ ᠭᠡᠯᠡᠯ᠎ᠡ ᠭᠡᠵᠤ ᠭᠡᠨ ᠳᠤ ᠴᠤ ᠪᠢᠳᠡᠭᠡᠢ ᠭᠡᠯᠡ ᠭᠡᠵᠤ ᠵᠠᠭᠢᠭᠠᠤᠨ ᠶᠠᠪᠣᠵᠠᠢ᠃

ᠵᠠ ᠳᠡᠭᠡᠭᠡᠳ ᠠᠷᠠᠪᠰᠠᠷ ᠭᠦᠤ᠂ ᠭᠡᠦᠭᠡᠨ ᠤ ᠭᠡᠯᠡᠭ᠍ᠰᠡᠨ ᠶᠤᠰᠤᠭᠠᠷ ᠶᠠᠪᠣᠭᠠᠤᠨ ᠣᠯᠵᠠ ᠣᠮᠤᠭ ᠲᠡᠶ ᠬᠠᠷᠢᠭᠠᠤᠨ ᠢᠷᠠᠵᠠᠢ᠃ ᠬᠣᠢ᠌ᠳᠤ ᠮᠡᠷᠭᠡᠨ ᠳᠠᠮᠠᠨᠠ ᠡᠭᠦᠨ ᠢ ᠥᠵᠡᠮᠡᠭ᠍ᠴᠡ᠄ 《ᠭᠦᠤ ᠶᠢᠨ ᠣᠬᠠᠭᠠᠨ ᠪᠢᠰᠢ᠂ ᠭᠦᠮᠤᠨ ᠤ ᠣᠬᠠᠭᠠᠨ ᠪᠠᠢ᠌ᠨ᠎ᠠ》 ᠭᠡᠵᠤ ᠭᠡᠵᠤ ᠪᠣᠳᠤᠭᠠᠤᠨ ᠭᠦᠤ ᠳᠡᠭᠡᠨ ᠪᠠᠰᠠ ᠨᠢᠭᠡ ᠰᠠᠢ᠌ᠨ ᠮᠤᠷᠢ ᠠᠪᠴᠢᠷᠠᠵᠤ᠄

᠊᠊᠊᠊᠊᠊᠊᠊᠊᠊᠊᠊᠊᠊᠊ ᠵᠠ ᠴᠢ ᠡᠨᠡ ᠮᠤᠷᠢ ᠶᠢ ᠣᠨᠤᠭᠠᠤᠨ ᠪᠣᠷᠤ ᠶᠢᠡᠷ ᠶᠢᠡᠨ ᠪᠣᠴᠠ᠂ ᠳᠡᠭᠡᠭᠡᠳ ᠬᠠᠷᠢᠵᠤ ᠢᠷᠡᠭᠦ ᠳᠡᠭᠡᠨ ᠡᠭᠦᠨ ᠢ ᠬᠤᠶᠠᠷ ᠮᠤᠷᠢ ᠪᠣᠯᠭᠠᠴᠢᠭᠠᠤᠨ ᠨᠢᠭᠡ ᠶᠢ ᠨᠢ ᠣᠷᠤᠭᠰᠢ ᠬᠠᠷᠠᠭᠤᠯᠵᠤ ᠨᠢᠭᠡ ᠶᠢ ᠨᠢ ᠬᠣᠢ᠌ᠰᠢ ᠬᠠᠷᠠᠭᠤᠯᠵᠤ ᠣᠨᠤᠭᠠᠤᠨ ᠢᠷ᠎ᠠ ︕ ᠭᠡᠵᠡᠢ᠃

ᠨᠢᠭᠡ ᠮᠤᠷᠢ ᠶᠢ ᠬᠤᠶᠠᠷ ᠪᠣᠯᠭᠠᠵᠤ ᠳᠤᠯᠤᠭᠠᠢ ᠶᠢ ᠨᠢ ᠣᠷᠤᠭᠰᠢ ᠬᠣᠢ᠌ᠰᠢ ᠬᠠᠷᠠᠭᠤᠯᠤᠨ ᠣᠨᠤᠭᠠᠤᠨ ᠢᠷᠠᠨ᠎ᠠ ᠭᠡᠳᠡᠭ᠌ ᠨᠢ ᠳᠡᠨᠡᠭ᠌ ᠭᠦᠤ ᠳᠤ ᠪᠠᠢ᠌ᠳᠤᠭᠠᠢ ᠮᠡᠷᠭᠡᠨ ᠭᠦᠮᠤᠨ ᠳᠤ ᠴᠤ ᠭᠡᠴᠡᠭᠦᠤ ᠪᠠᠢ᠌ᠯ᠎ᠠ ᠭᠡᠨ᠎ᠡ᠃ ᠠᠷᠠᠪᠰᠠᠷ ᠪᠠᠰᠠ ᠯᠠ ᠣᠭᠢᠯᠠᠨ ᠣᠠᠵᠢᠨ ᠶᠠᠪᠣᠵᠤ ᠪᠠᠢ᠌ᠭᠠᠤᠨ ᠦᠨᠦᠭᠢ ᠭᠡᠦᠭᠡᠨ ᠲᠡᠶ ᠬᠠᠷᠭᠤᠵᠠᠢ᠃ ᠭᠡᠦᠭᠡᠨ ᠣᠴᠢᠷ ᠢ ᠮᠡᠳᠡᠭᠡᠳ ᠪᠠᠰᠠᠯᠠ ᠡᠯᠡᠭᠯᠡᠨ ᠢᠨᠢᠶᠠᠵᠤ᠄

᠊᠊᠊᠊᠊᠊᠊᠊᠊᠊᠊᠊᠊᠊᠊ ᠴᠢ ᠡᠨᠡ ᠮᠤᠷᠢ ᠪᠠᠨ ᠭᠡᠭᠡᠯ ᠲᠡᠶ ᠭᠡᠭᠦᠤ ᠪᠠᠷ ᠰᠤᠯᠢᠴᠢᠪᠠᠯ ᠬᠤᠶᠠᠷ ᠪᠣᠯᠴᠢᠬᠤ ᠪᠢᠰᠢᠤ᠂ ᠳᠡᠭᠡᠭᠡᠳ ᠳᠠᠷᠠ ᠭᠡᠭᠦᠤ ᠪᠠᠨ ᠣᠨᠤᠵᠤ ᠬᠠᠷᠢᠪᠠᠯ ᠡᠭᠡ ᠶᠢᠨ ᠳᠤᠯᠤᠭᠠᠢ ᠨᠢ ᠣᠷᠤᠭᠰᠢ ᠬᠠᠷᠠᠵᠤ᠂ ᠣᠨᠠᠭ᠎ᠠ ᠶᠢᠨ ᠳᠤᠯᠤᠭᠠᠢ ᠨᠢ ᠬᠣᠢ᠌ᠰᠢ ᠬᠠᠷᠠᠵᠤ ᠪᠠᠢ᠌ᠳᠠᠭ ᠶᠤᠮ ᠭᠡᠵᠡᠢ᠃

ᠳᠡᠨᠡᠭ᠌ ᠭᠦᠤ ᠭᠡᠭᠡᠯ ᠲᠡᠶ ᠭᠡᠭᠦᠤ ᠣᠨᠤᠭᠠᠤᠨ ᠪᠠᠶᠠᠷ ᠭᠦᠷ ᠲᠡᠶ ᠪᠠᠷ ᠭᠡᠷ ᠲᠡᠭᠡᠨ ᠪᠣᠴᠠᠵᠤ ᠭᠦᠷᠭᠦ ᠳᠤ ᠮᠡᠷᠭᠡᠨ ᠳᠠᠮᠠᠨᠠ ᠪᠠᠰᠠᠯᠠ 《ᠭᠦᠤ ᠶᠢᠨ ᠣᠬᠠᠭᠠᠨ ᠪᠢᠰᠢ᠂ ᠭᠦᠮᠤᠨ ᠤ ᠣᠬᠠᠭᠠᠨ ᠪᠢᠵᠠ ︖》 ᠭᠡᠵᠤ ᠪᠣᠳᠤᠭᠠᠤᠨ ᠠᠷᠠᠪᠰᠠᠷ ᠡᠴᠡ ᠭᠡᠨᠡᠳᠲᠡ ᠠᠰᠠᠭᠤᠬᠤ ᠳᠤ ᠨᠠᠭᠠᠳᠤᠭᠢ ᠨᠢ ᠰᠠᠶ‍ᠢᠭᠢ ᠭᠡᠦᠭᠡᠨ ᠢ ᠰᠠᠨᠠᠮᠰᠠᠷ ᠦᠭᠡᠶ ᠭᠡᠯᠡᠭᠡᠳ ᠥᠭ᠍ᠴᠢᠭᠡᠵᠡᠢ᠃

᠊᠊᠊᠊᠊᠊᠊᠊᠊᠊᠊᠊᠊᠊᠊ ᠳᠠᠷᠠ ᠭᠡᠦᠭᠡᠨ ᠤ ᠨᠠᠷ᠎ᠠ ᠭᠡᠨ ︖ ᠬᠠᠮᠢᠭ᠎ᠠ ᠪᠣᠢ ︖ ᠭᠡᠭᠦ ᠳᠤ ᠠᠷᠠᠪᠰᠠᠷ᠄

᠊᠊᠊᠊᠊᠊᠊᠊᠊᠊᠊᠊᠊᠊᠊ ᠨᠠᠷ᠎ᠠ ᠶᠢ ᠨᠢ ᠰᠤᠷᠠᠭᠰᠠᠨ ᠦᠭᠡᠶ᠂ ᠪᠠᠢ᠌ᠭᠰᠠᠨ ᠭᠠᠵᠠᠷ ᠢ ᠨᠢ ᠮᠠᠷᠳᠠᠴᠢᠵᠠᠢ ᠭᠡᠵᠤ ᠭᠡᠯᠡᠭ᠍ᠰᠡᠨ ᠭᠡᠨ᠎ᠡ᠃

ᠬᠣᠢ᠌ᠳᠤ ᠮᠡᠷᠭᠡᠨ ᠳᠠᠮᠠᠨᠠ ᠭᠦᠤ ᠶᠢᠨ ᠶᠢᠡᠨ ᠶᠠᠪᠣᠭᠰᠠᠨ ᠵᠥᠭ᠌ ᠢ ᠵᠥᠭᠯᠡᠵᠤ᠂ ᠳᠠᠢ᠌ᠮᠤ ᠨᠢᠭᠡᠨ ᠭᠡᠦᠭᠡᠨ ᠪᠠᠢ᠌ᠬᠤ ᠡᠰᠡᠭᠦ ᠶᠢ ᠰᠤᠷᠠᠭᠯᠠᠨ ᠶᠠᠪᠣᠵᠤ ᠭᠡᠨ᠎ᠡ᠃ ᠶᠠᠪᠣᠵᠤ ᠪᠠᠢ᠌ᠳᠠᠯ᠎ᠠ ᠵᠠᠮ ᠳᠡᠭᠡᠷ᠎ᠡ ᠨᠢ ᠨᠢᠭᠡ ᠭᠡᠦᠭᠡᠨ ᠣᠢ᠌ᠯᠠᠭᠤᠨ ᠭᠡᠷ ᠪᠠᠷᠢᠨ ᠨᠠᠭᠠᠳᠴᠤ ᠪᠠᠢ᠌ᠨ᠎ᠠ ᠭᠡᠨ᠎ᠡ᠃ ᠮᠡᠷᠭᠡᠨ ᠳᠠᠮᠠᠨᠠ᠄

᠊᠊᠊᠊᠊᠊᠊᠊᠊᠊᠊᠊᠊᠊᠊ ᠭᠡᠦᠭᠡ ᠡ᠂ ᠵᠠᠮ ᠡᠴᠡ ᠭᠡᠷ ᠶᠢᠡᠨ ᠵᠠᠢ᠌ᠯᠠᠭᠤᠯᠵᠤ ᠪᠠᠢ᠌ᠨᠠᠤ ︖ ᠭᠡᠵᠤ ᠭᠡᠯᠡᠭᠦ ᠳᠤ ᠭᠡᠦᠭᠡᠨ

᠊᠊᠊᠊᠊᠊᠊᠊᠊᠊᠊᠊᠊᠊᠊ ᠠᠬ᠎ᠠ ᠡ᠂ ᠮᠤᠷᠢ ᠭᠡᠷ ᠡᠴᠡ ᠵᠠᠢ᠌ᠯᠠᠳᠠᠭ ᠦᠦ᠂ ᠭᠡᠷ ᠮᠤᠷᠢ ᠡᠴᠡ ᠵᠠᠢ᠌ᠯᠠᠳᠠᠭ ᠦᠦ︖ ᠭᠡᠵᠤ ᠭᠡᠳᠡᠷᠭᠦ ᠠᠰᠠᠭᠤᠴᠢᠭᠠᠤᠨ ᠠᠵᠢᠭ ᠴᠤ ᠦᠭᠡᠶ ᠨᠠᠭᠠᠳᠤᠨ ᠰᠠᠭᠤᠵᠤ ᠭᠡᠨ᠎ᠡ᠃

ᠭᠡᠯᠡ ᠠᠮᠠᠨ ᠳᠤ ᠣᠷᠤᠭᠰᠠᠨ ᠡᠴᠡ ᠪᠠᠨ ᠭᠡᠨ ᠳᠤ ᠴᠤ ᠭᠡᠳ ᠭᠠᠷᠳᠠᠭᠠᠭᠳᠠᠵᠤ ᠥᠵᠡᠭᠡ ᠦᠭᠡᠶ ᠬᠣᠢ᠌ᠳᠤ ᠮᠡᠷᠭᠡᠨ ᠳᠠᠮᠠᠨᠠ ᠦᠨᠦᠳᠤᠷ ᠬᠠᠷᠢᠨ ᠰᠠᠨᠠᠮᠰᠠᠷ ᠦᠭᠡᠶ ᠪᠠᠷ ᠡᠢ᠌ᠮᠤ ᠨᠢᠭᠡ ᠵᠢᠭᠠᠬᠠᠨ ᠭᠡᠦᠭᠡᠨ ᠳᠤ ᠠᠪᠤᠨ ᠳᠤᠤᠷ᠎ᠠ ᠪᠠᠨ ᠳᠠᠭᠯᠠᠭᠳᠠᠭᠠᠤᠨ ᠠᠷᠭ᠎ᠠ ᠬᠤᠷᠭ᠎ᠠ ᠪᠠᠨ ᠪᠠᠷᠠᠭᠰᠠᠨ ᠪᠣᠯᠪᠠᠴᠤ᠂ ᠳᠠᠭᠢᠵᠤ ᠢᠷᠡᠭᠦ ᠳᠡᠭᠡᠨ ᠮᠤᠬᠤᠯᠠᠭᠠᠤᠨ ᠣᠷᠭᠢᠶ᠎ᠠ ᠭᠡᠵᠤ ᠪᠣᠳᠤᠵᠠᠢ᠃

ᠳᠠᠷᠠᠭ᠎ᠠ ᠵᠢᠯ ᠤᠨ ᠭᠢᠨᠢ ᠨᠢᠭᠡᠨ ᠰᠢᠷ ᠰᠢᠷ ᠭᠡᠰᠡᠨ ᠵᠥᠭᠡᠯᠡᠨ ᠪᠣᠷᠤᠭᠠᠨ ᠲᠡᠶ ᠡᠳᠦᠷ ᠮᠡᠷᠭᠡᠨ ᠳᠠᠮᠠᠨᠠ ᠰᠠᠶ‍ᠢᠭᠢ ᠭᠡᠦᠭᠡᠨ ᠢ ᠬᠠᠢ᠌ᠵᠤ ᠭᠦᠷᠭᠦ ᠳᠤ᠂ ᠭᠡᠦᠭᠡᠨ ᠮᠠᠯ ᠤᠨ ᠶᠢᠡᠨ ᠵᠠᠬ᠎ᠠ ᠳᠤ ᠳᠡᠭᠦᠭ᠍ᠰᠡᠨ ᠠᠷᠭᠠᠯ ᠶᠢᠠᠨ ᠬᠤᠷᠮᠤᠢ ᠪᠠᠷ ᠶᠢᠡᠨ ᠬᠤᠴᠢᠭᠠᠤᠨ ᠦᠷᠮᠦᠭ᠌ ᠣᠢ᠌ᠮᠤᠰᠤ ᠨᠡᠭᠡᠨ ᠰᠠᠭᠤᠵᠤ ᠪᠠᠢ᠌ᠪᠠ ᠭᠡᠨ᠎ᠡ᠃ ᠮᠡᠷᠭᠡᠨ ᠳᠠᠮᠠᠨᠠ᠄

᠊᠊᠊᠊᠊᠊᠊᠊᠊᠊᠊᠊᠊᠊᠊ ᠭᠦᠶ‍ᠢ᠂ ᠭᠡᠦᠭᠡ ᠡ ︕ ᠬᠤᠷᠮᠤᠢ ᠴᠢᠨᠢ ᠬᠤᠷ᠎ᠠ ᠳᠤ ᠳᠠᠪᠳᠠᠪᠠ ᠰᠢᠤ ᠭᠡᠭᠦ ᠳᠤ ᠭᠡᠦᠭᠡᠨ᠄

᠊᠊᠊᠊᠊᠊᠊᠊᠊᠊᠊᠊᠊᠊᠊ ᠬᠤᠷᠮᠤᠢ ᠳᠠᠪᠳᠤᠪᠠᠴᠤ ᠠᠷᠭᠠᠰᠤ ᠬᠠᠭᠤᠷᠠᠢ ᠪᠠᠢ᠌ᠪᠠᠯ ᠬᠠᠷᠢᠵᠤ ᠭᠦᠷᠦᠭᠡᠳ ᠭᠠᠯ ᠶᠢᠡᠨ ᠲᠦᠯᠠᠵᠤ ᠴᠠᠢ ᠪᠠᠨ ᠣᠢ᠌ᠨᠠᠬᠤ ᠵᠠᠪᠰᠠᠷ ᠬᠤᠷᠮᠤᠢ ᠴᠤ ᠬᠠᠳᠠᠴᠢᠬᠤ ᠪᠣᠢ ︕ ᠭᠡᠵᠤ ᠬᠠᠷᠢᠭᠤᠯᠵᠤ ᠭᠡᠨ᠎ᠡ᠃ ᠮᠡᠷᠭᠡᠨ ᠳᠠᠮᠠᠨᠠ᠄

᠊᠊᠊᠊᠊᠊᠊᠊᠊᠊᠊᠊᠊᠊᠊ ᠭᠡᠦᠭᠡ ᠡ᠂ ᠴᠢ ᠡᠨᠡ ᠣᠢ᠌ᠮᠤᠰᠤ ᠪᠠᠨ ᠡᠭᠢᠯᠡᠵᠤ ᠨᠡᠭᠡᠭᠡᠳ ᠣᠳᠤ ᠪᠣᠯᠳᠠᠯ᠎ᠠ ᠭᠡᠳᠤᠨ ᠭᠤᠭᠴᠤᠭ᠎ᠠ ᠭᠤᠭᠴᠤᠭᠠᠯᠠᠪᠠ ︖ ᠭᠡᠵᠤ ᠭᠡᠨᠡᠳᠲᠡ ᠠᠰᠠᠭᠤᠭᠰᠠᠨ ᠳᠤ ᠭᠡᠦᠭᠡᠨ᠄

᠊᠊᠊᠊᠊᠊᠊᠊᠊᠊᠊᠊᠊᠊᠊ ᠠᠬ᠎ᠠ ᠡ᠂ ᠳᠠᠨ ᠤ ᠮᠤᠷᠢ ᠭᠡᠷ ᠡᠴᠡ ᠪᠠᠨ ᠭᠠᠷᠤᠭᠠᠤᠨ ᠡ᠊ᠨᠳᠡ ᠢᠷᠠᠳᠠᠯ᠎ᠠ ᠭᠡᠳᠤ ᠠᠯᠬᠤᠪᠠ ︖ ᠭᠡᠵᠤ ᠭᠡᠳᠡᠷᠭᠦ ᠠᠰᠠᠭᠤᠭᠰᠠᠨ ᠭᠡᠨ᠎ᠡ᠃ ᠮᠡᠷᠭᠡᠨ ᠳᠠᠮᠠᠨᠠ᠄ 《ᠵᠠ᠂ ᠡᠨᠡ ᠴᠤ ᠨᠢᠭᠡ ᠵᠥᠭᠡᠷ ᠭᠡᠦᠭᠡᠨ ᠪᠢᠰᠢ ᠶᠤᠮ ᠪᠠᠢ᠌ᠨ᠎ᠠ᠂ ᠳᠡᠨᠡᠭ᠌ ᠭᠦᠤ ᠳᠤ ᠮᠢᠨᠢ ᠡᠢ᠌ᠮᠤ ᠨᠢᠭᠡ ᠪᠠᠷᠢ ᠳᠠᠭᠠᠷᠠᠪᠠᠯ ᠰᠠ‍‌ᠶᠢ ᠭᠠᠯ ᠭᠤᠯᠤᠮᠳᠠ ᠮᠢᠨᠢ ᠳᠠᠰᠤᠷᠠᠬᠤ ᠦᠭᠡᠶ ᠪᠠᠢ᠌ᠬᠤ》 ᠭᠡᠵᠤ ᠪᠣᠳᠤᠭᠰᠠᠨ ᠭᠡᠨ᠎ᠡ᠃ ᠳᠡᠭᠡᠭᠦ ᠳᠤ᠂ ᠡᠨᠡ ᠭᠡᠦᠭᠡᠨ ᠪᠣᠯ ᠶᠠᠭ ᠠᠷᠠᠪᠰᠠᠷ ᠲᠤ ᠠᠷᠭ᠎ᠠ ᠣᠬᠠᠭᠠᠨ ᠭᠡᠯᠡᠵᠤ ᠥᠭ᠍ᠳᠡᠭ᠌ ᠳᠠᠷᠠ ᠭᠡᠦᠭᠡᠨ ᠮᠦᠨ ᠪᠠᠢ᠌ᠵᠠᠢ᠃ ᠣᠷᠠᠨ ᠰᠠᠨᠠᠭ᠎ᠠ ᠲᠡᠶ᠂ ᠨᠠᠷᠢᠨ ᠣᠬᠠᠭᠠᠨ ᠲᠡᠶ ᠮᠡᠷᠭᠡᠨ ᠳᠠᠮᠠᠨᠠ ᠦᠷᠭᠦᠯᠵᠢᠯᠡᠨ ᠳᠡᠩᠰᠡᠭᠦ ᠪᠠᠷ᠄

᠊᠊᠊᠊᠊᠊᠊᠊᠊᠊᠊᠊᠊᠊᠊ ᠵᠠ᠂ ᠪᠢ ᠮᠠᠷᠭᠠᠰᠢ ᠳᠠᠭᠢᠨ ᠢᠷᠡᠭᠦ ᠳᠤ ᠴᠢ ᠦᠨᠡᠰᠤ ᠪᠠᠷ ᠳᠡᠭᠡᠰᠤ ᠳᠠᠮᠤᠭᠠᠤᠨ ᠳᠠᠯᠪᠢᠵᠤ ᠪᠠᠢ ᠭᠡᠵᠤ ᠭᠡᠯᠡᠵᠡᠢ᠃ ᠭᠡᠦᠭᠡᠨ᠄

᠊᠊᠊᠊᠊᠊᠊᠊᠊᠊᠊᠊᠊᠊᠊ ᠵᠠ᠂ ᠵᠠ ᠳᠠᠮᠤᠵᠤ ᠳᠠᠯᠪᠢᠬᠤ ᠶᠢ ᠨᠢ ᠪᠢ ᠮᠠᠳᠠᠶ᠎ᠠ᠂ ᠡᠪᠭᠡᠵᠤ ᠠᠪᠬᠤ ᠶᠢ ᠨᠢ ᠳᠠ ᠮᠠᠳᠠ᠂ ᠪᠣᠯᠤᠨᠠᠤ ︖ ᠭᠡᠵᠤ ᠭᠡᠨ᠎ᠡ᠃ ᠮᠡᠷᠭᠡᠨ ᠳᠠᠮᠠᠨᠠ 《ᠪᠣᠯᠤᠨ᠎ᠠ》 ᠭᠡᠳ ᠶᠠᠪᠣᠵᠠᠢ᠃ ᠳᠡᠭᠦᠨ ᠢ ᠶᠠᠪᠣᠮᠠᠭᠴᠠ ᠭᠡᠦᠭᠡᠨ ᠡᠪᠠᠰᠤ ᠪᠠᠷ ᠨᠢᠭᠡ ᠳᠡᠭᠡᠰᠤ ᠳᠠᠮᠤᠭᠠᠤᠨ᠂ ᠮᠠᠷᠭᠠᠰᠢ ᠨᠢ ᠨᠢᠭᠡᠨ ᠥᠵᠦᠭᠦᠷ ᠡᠴᠡ ᠨᠢ ᠭᠠᠯᠳᠠᠵᠤ ᠣᠷᠭᠢᠭᠠᠤᠨ ᠰᠠᠭᠤᠵᠤ ᠪᠠᠢ᠌ᠵᠠᠢ᠃ ᠳᠡᠭᠡᠭᠡᠳ ᠬᠣᠢ᠌ᠳᠤ ᠮᠡᠷᠭᠡᠨ ᠳᠠᠮᠠᠨᠠ ᠭᠦᠷᠴᠤ ᠢᠷᠡᠭᠦ ᠳᠤ ᠳᠡᠭᠦᠨ ᠶᠢᠡᠨ ᠵᠢᠭᠠᠭᠠᠤᠨ᠄

᠊᠊᠊᠊᠊᠊᠊᠊᠊᠊᠊᠊᠊᠊᠊ ᠦᠨᠡᠰᠤᠨ ᠳᠡᠭᠡᠰᠤ ᠳᠠᠷᠠ ᠪᠠᠢ᠌ᠨ᠎ᠠ᠂ ᠣᠳᠤ ᠳᠠ ᠡᠪᠭᠡᠵᠤ ᠠᠪ ᠳ᠋ᠠ ᠭᠡᠵᠤ ᠭᠡᠨ᠎ᠡ᠃ ᠮᠡᠷᠭᠡᠨ ᠳᠠᠮᠠᠨᠠ ᠠᠷᠭ᠎ᠠ ᠦᠭᠡᠶ ᠪᠣᠯᠬᠤ ᠳᠠᠭᠠᠨ᠄

᠊᠊᠊᠊᠊᠊᠊᠊᠊᠊᠊᠊᠊᠊᠊ ᠥᠨᠡᠭᠡᠷ ᠳᠠᠢ᠌ᠮᠤ ᠰᠦᠷᠡᠭᠡᠢ ᠪᠣᠯ ᠮᠠᠷᠭᠠᠰᠢ ᠨᠠᠳᠠ ᠳᠤ ᠡᠷ᠎ᠡ ᠥᠭᠡᠷ ᠤᠨ ᠰᠦ᠋ ᠪᠠᠷ ᠳᠠᠷᠠᠭ ᠪᠦᠷᠢᠭᠡᠳ ᠳᠠᠯᠪᠢᠵᠤ ᠪᠠᠢ ᠭᠡᠭᠦ ᠳᠤ ᠭᠡᠦᠭᠡᠨ ᠪᠠᠰᠠ᠄

᠊᠊᠊᠊᠊᠊᠊᠊᠊᠊᠊᠊᠊᠊᠊ ᠵᠠ ᠭᠡᠵᠤ ᠠᠵᠢᠭ ᠴᠤ ᠦᠭᠡᠶ ᠭᠡᠯᠡᠵᠤ ᠭᠡᠨ᠎ᠡ᠃

ᠮᠠᠷᠭᠠᠰᠢ ᠨᠢ ᠢᠷᠭᠢ ᠪᠠᠭᠢᠰ ᠶᠢᠡᠨ ᠪᠢᠳᠡᠭᠦᠯᠡᠵᠤ᠂ ᠴᠢᠯᠠᠭᠤᠨ ᠳᠡᠭᠡᠷᠮ᠎ᠡ ᠮᠠᠳᠤ ᠶᠢᠨ ᠭᠦᠡᠳᠤ ᠶᠠᠭᠤᠮ᠎ᠠ ᠪᠠᠨ ᠭᠠᠳᠠᠭᠰᠢ ᠵᠥᠭᠡᠭᠡᠭᠡᠳ ᠶᠠᠭᠠᠷᠠᠵᠤ ᠪᠠᠢ᠌ᠭᠰᠠᠨ ᠭᠡᠦᠭᠡᠨ᠂ ᠬᠤᠯᠠ ᠡᠴᠡ ᠨᠠᠰᠢ ᠢᠷᠠᠵᠤ ᠶᠠᠪᠣᠭ᠎ᠠ ᠮᠡᠷᠭᠡᠨ ᠳᠠᠮᠠᠨᠠ ᠶᠢᠨ ᠡᠮᠦᠨ᠎ᠡ ᠡᠴᠡ ᠳᠤᠰᠴᠤ ᠭᠦᠷᠦᠭᠡᠳ᠄

᠊᠊᠊᠊᠊᠊᠊᠊᠊᠊᠊᠊᠊᠊᠊ ᠦᠨᠦᠳᠤᠷ ᠮᠠᠨ ᠤ ᠳᠤ ᠭᠦᠯ ᠴᠡᠭᠡᠷ ᠲᠡᠶ᠂ ᠳᠠ ᠪᠢᠳᠡᠭᠡᠢ ᠢᠷ᠎ᠠ ᠭᠡᠵᠤ ᠭᠡᠨ᠎ᠡ᠃

᠊᠊᠊᠊᠊᠊᠊᠊᠊᠊᠊᠊᠊᠊᠊ ᠡᠭᠡ ᠴᠢᠨᠢ ᠭᠦᠩᠭᠡᠵᠢᠪᠠᠤ ︖ ᠭᠡᠵᠤ ᠠᠰᠠᠭᠤᠬᠤ ᠳᠤ᠄

᠊᠊᠊᠊᠊᠊᠊᠊᠊᠊᠊᠊᠊᠊᠊ ᠠᠪᠣ ᠭᠦᠩᠭᠡᠵᠢᠵᠤ ᠪᠠᠢ᠌ᠨ᠎ᠠ ᠭᠡᠵᠤ ᠭᠡᠨ᠎ᠡ᠃

᠊᠊᠊᠊᠊᠊᠊᠊᠊᠊᠊᠊᠊᠊᠊ ᠡᠷ᠎ᠡ ᠭᠦᠮᠤᠨ ᠡᠴᠡ ᠬᠡᠦᠬᠡᠳ ᠭᠠᠷᠤᠨ᠎ᠠ ᠭᠡᠵᠤ ᠪᠠᠢ᠌ᠳᠠᠭ ᠦᠦ ︖ ᠭᠡᠵᠤ ᠠᠰᠠᠭᠤᠬᠤ ᠳ᠋ᠤᠨᠢ᠄

᠊᠊᠊᠊᠊᠊᠊᠊᠊᠊᠊᠊᠊᠊᠊ ᠳᠡᠭᠡᠪᠠᠯ ᠡᠷ᠎ᠡ ᠥᠭᠡᠷ ᠡᠴᠡ ᠰᠥ᠋ ᠭᠠᠷᠤᠨ᠎ᠠ ᠭᠡᠵᠤ ᠪᠠᠢ᠌ᠳᠠᠭ ᠦᠦ ︖ ᠭᠡᠵᠤ ᠭᠡᠳᠡᠷᠭᠦ ᠠᠰᠠᠭᠤᠵᠤ ᠭᠡᠨ᠎ᠡ᠃

ᠮᠡᠷᠭᠡᠨ ᠳᠠᠮᠠᠨᠠ᠄ 《ᠡᠨᠡ ᠭᠡᠦᠭᠡᠨ ᠢ ᠪᠠᠴᠢᠮ ᠰᠤᠴᠢᠮ ᠥᠭᠡᠷ ᠪᠠᠷ ᠨᠢᠭᠡ ᠴᠢᠳᠠᠬᠤ ᠦᠭᠡᠶ ᠪᠣᠯ ᠪᠣᠯᠳᠠᠭ ᠨᠢ ᠪᠢᠰᠢ ᠶᠤᠮ ᠪᠠᠢ᠌ᠨ᠎ᠠ》 ᠭᠡᠵᠤ ᠪᠣᠳᠤᠭᠠᠤᠨ᠄

᠊᠊᠊᠊᠊᠊᠊᠊᠊᠊᠊᠊᠊᠊᠊ ᠦᠭᠡᠶ ᠴᠢ ᠶᠠᠭᠠᠭᠢᠭᠠᠤᠨ ᠠᠰᠠᠭᠤᠭᠰᠠᠨ ᠢ ᠬᠠᠷᠢᠭᠤᠯᠳᠠᠭ ᠦᠭᠡᠶ ᠪᠣᠢ ︖ ᠭᠡᠭᠦ ᠳᠤ᠄

᠊᠊᠊᠊᠊᠊᠊᠊᠊᠊᠊᠊᠊᠊᠊ ᠶᠠᠭᠠᠭᠢᠭᠠᠤᠨ ᠪᠣᠯᠳᠠᠭ ᠦᠭᠡᠶ ᠪᠣᠢ ︖ ᠭᠡᠵᠤ ᠬᠠᠷᠢᠭᠤᠯᠤᠭᠰᠠᠨ ᠭᠡᠨ᠎ᠡ᠃

ᠬᠣᠢ᠌ᠳᠤ ᠮᠡᠷᠭᠡᠨ ᠳᠠᠮᠠᠨᠠ ᠡᠨᠡ ᠭᠡᠦᠭᠡᠨ ᠢ ᠳᠠᠩᠰᠠᠵᠤ ᠳᠠᠭᠤᠰᠤᠭᠠᠤᠨ ᠶᠡᠭᠡ ᠪᠠᠷ ᠳᠤᠭᠤᠵᠤ ᠭᠡᠷ ᠲᠡᠭᠡᠨ ᠳᠠᠭᠠᠭᠤᠯᠵᠤ ᠭᠦᠷᠦᠭᠡᠳ ᠭᠦᠤ ᠡᠴᠡ ᠪᠠᠨ᠄

᠊᠊᠊᠊᠊᠊᠊᠊᠊᠊᠊᠊᠊᠊᠊ ᠴᠢᠮᠠᠳᠤ ᠠᠷᠭ᠎ᠠ ᠣᠬᠠᠭ᠎ᠠ ᠭᠡᠯᠡᠵᠤ ᠦᠭ‍ᠭᠦᠭ᠍ᠰᠡᠨ ᠭᠡᠦᠭᠡᠨ ᠡᠨᠡ ᠮᠦᠨ ᠦᠦ ᠭᠡᠭᠦ ᠳᠤ ᠠᠷᠠᠪᠰᠠᠷ ᠳᠠᠨᠢᠭᠰᠠᠨ ᠦᠭᠡᠶ ᠭᠡᠨ᠎ᠡ᠃ ᠳᠡᠭᠡᠭᠡᠳ ᠭᠡᠦᠭᠡᠨ ᠤ ᠨᠤᠳᠤᠭ ᠣᠰᠤ ᠨᠠᠷ᠎ᠠ ᠨᠠᠰᠤ ᠶᠢ ᠨᠢ ᠰᠤᠷᠠᠵᠤ ᠠᠪᠣᠭᠠᠤᠨ ᠪᠣᠴᠠᠭᠠᠵᠤ ᠭᠡᠨ᠎ᠡ᠃ ᠡᠨᠡ ᠭᠡᠦᠭᠡᠨ ᠤ ᠠᠪᠣ ᠨᠢ ᠶᠠᠭ ᠳᠠᠷᠠ ᠨᠤᠳᠤᠭ ᠤᠨ ᠶᠢᠡᠨ ᠨᠤᠶᠠᠨ ᠨᠢ ᠪᠠᠢ᠌ᠭᠰᠠᠨ ᠶᠤᠮ ᠪᠠᠢ᠌ᠵᠠᠢ᠂ ᠳᠤᠯᠤᠭᠠᠨ ᠬᠤᠨᠤᠭ ᠤᠨ ᠳᠠᠷᠠᠭ᠎ᠠ ᠮᠡᠷᠭᠡᠨ ᠳᠠᠮᠠᠨᠠ ᠳᠠᠷᠠ ᠨᠤᠶᠠᠨ ᠤ ᠭᠡᠷ ᠲᠤ ᠭᠦᠷᠦᠭᠡᠳ᠄

ᠮᠤᠯᠴᠤᠭ ᠴᠠᠭᠠᠨ ᠪᠣᠢ᠌ᠯᠠ ᠲᠡᠶ ᠪᠣᠤᠷ᠎ᠠ ᠵᠢᠨ

ᠮᠤᠠᠴᠤᠭ ᠬᠤᠶᠠᠷ ᠪᠦᠭᠦ ᠲᠡᠶ ᠢᠩᠭᠡ ᠵᠢᠨ

ᠮᠤᠤᠰᠢ ᠣᠯᠠᠨ ᠳᠤᠷᠤᠮ ᠤᠨ ᠣᠤᠭᠠᠨ

ᠬᠠᠵᠠᠭᠤ ᠳ᠋ᠤᠨᠢ ᠳᠠᠷᠠᠮ᠎ᠠ ᠭᠦᠷᠭᠡᠵᠤ ᠥᠵᠡᠭᠡ ᠥᠭᠡᠢ

ᠬᠠᠮᠠᠷ ᠳᠤᠨᠢ ᠪᠣᠢ᠌ᠯᠠ ᠭᠦᠷᠭᠦᠵᠤ ᠥᠵᠡᠭᠡ ᠥᠭᠡᠢ

ᠬᠠᠵᠢᠭ ᠣᠯᠠᠭᠠᠨ ᠢᠩᠭᠡᠨ ᠢ ᠰᠤᠷᠠᠵᠤ ᠶᠠᠪᠣᠨ᠎ᠠ᠂ ᠦᠵᠡᠪᠠᠤ ︖ ᠭᠡᠭᠦ ᠳᠤ᠂ ᠨᠤᠶᠠᠨ ᠤ ᠭᠢᠨ ᠣᠴᠢᠷ ᠣᠬᠠᠭᠠᠨ ᠢ ᠳᠠᠢ᠌ᠯᠵᠤ ᠶᠠᠳᠠᠭᠠᠤᠨ ᠳᠤᠯᠤᠭ᠎ᠠ ᠬᠤᠨᠤᠪᠠ ᠭᠡᠨ᠎ᠡ᠃ ᠳᠠᠭᠢᠭᠠᠤᠨ᠄

ᠳᠡᠮᠡᠭᠡ ᠭᠦᠳᠦᠯᠳᠡᠭ᠌ ᠨᠢ ᠳᠠᠨ ᠤ ᠳᠤ ᠪᠠᠢ᠌ᠨ᠎ᠠ

ᠳᠠᠩ ᠡᠷᠭᠦᠳᠡᠭ᠌ ᠨᠢ ᠮᠠᠨ ᠤ ᠳᠤ ᠪᠠᠢ᠌ᠨ᠎ᠠ

ᠴᠠᠯᠮ᠎ᠠ ᠶᠢᠨ ᠰᠠᠢ᠌ᠨ ᠶᠢᠡᠷ ᠮᠤᠷᠢ ᠳᠤᠭᠳᠠᠭᠠᠳᠠᠭ

ᠰᠠᠯᠮ᠎ᠠ ᠶᠢᠨ ᠰᠠᠢ᠌ᠨ ᠶᠢᠡᠷ ᠳᠦᠷᠤ ᠳᠤᠭᠳᠠᠭᠠᠳᠠᠭ

ᠴᠠᠭ ᠶᠢᠡᠷ ᠨᠠᠢ᠌ᠯᠠᠵᠤ ᠭᠡᠷ ᠪᠠᠷᠢᠳᠠᠭ

ᠴᠠᠪᠠ ᠪᠠᠷ ᠨᠠᠢ᠌ᠯᠠᠵᠤ ᠵᠠᠭᠤ ᠭᠦᠷᠳᠡᠭ᠌ ᠭᠡᠭᠦ ᠳᠤ ᠪᠠᠰᠠ ᠳᠠᠢ᠌ᠯᠵᠤ ᠴᠢᠳᠠᠭᠰᠠᠨ ᠦᠭᠡᠶ ᠳᠤᠯᠤᠭ᠎ᠠ ᠬᠤᠨᠤᠵᠤ ᠭᠡᠨ᠎ᠡ᠃ ᠢᠩᠭᠢᠵᠤ ᠶᠠᠳᠠᠵᠤ ᠪᠠᠢ᠌ᠬᠤ ᠳᠤ ᠭᠡᠦᠭᠡᠨ ᠨᠢ ᠭᠠᠷᠴᠤ ᠢᠷᠡᠭᠡᠳ᠄

᠊᠊᠊᠊᠊᠊᠊᠊᠊᠊᠊᠊᠊᠊᠊ 《ᠮᠤᠯᠴᠤᠭ ᠴᠠᠭᠠᠨ ᠪᠣᠢ᠌ᠯᠠ ᠲᠡᠶ ᠪᠣᠤᠷ᠎ᠠ》 ᠭᠡᠵᠤ ᠮᠥᠩᠭᠦᠨ ᠭᠠᠩᠰᠠ ᠲᠡᠶ ᠠᠪᠣ ᠶᠢ ᠭᠡᠯᠡᠵᠤ ᠪᠠᠢ᠌ᠨ᠎ᠠ᠂ 《ᠮᠤᠠᠴᠤᠭ ᠬᠤᠶᠠᠷ ᠪᠦᠭᠦ ᠲᠡᠶ ᠢᠩᠭᠡ》 ᠭᠡᠵᠤ ᠡᠭᠡ ᠶᠢ ᠭᠡᠯᠡᠵᠤ ᠪᠠᠢ᠌ᠨ᠎ᠠ᠂ 《ᠮᠤᠤᠰᠢ ᠣᠯᠠᠨ ᠳᠤᠷᠤᠮ》 ᠭᠡᠳᠡᠭ᠌ ᠨᠢ ᠳᠡᠭᠦᠤ ᠨᠡᠷ ᠢ ᠭᠡᠯᠡᠵᠤ ᠪᠠᠢ᠌ᠨ᠎ᠠ 《ᠬᠠᠵᠠᠭᠤ ᠳᠠᠭᠠᠨ ᠳᠠᠷᠠᠮ᠎ᠠ ᠭᠦᠷᠭᠡᠭᠡ ᠦᠭᠡᠶ᠂ ᠬᠠᠮᠠᠷ ᠲᠠᠭᠠᠨ ᠪᠣᠢ᠌ᠯᠠ ᠭᠦᠷᠭᠡᠭᠡ ᠦᠭᠡᠶ ᠬᠠᠵᠢᠭ ᠣᠯᠠᠭᠠᠨ ᠢᠩᠭᠡᠨ》 ᠭᠡᠵᠤ ᠨᠠᠮᠢ᠋ᠢ ᠭᠡᠯᠡᠵᠤ ᠪᠠᠢ᠌ᠨ᠎ᠠ᠂ ᠡᠨᠡ ᠭᠦᠮᠤᠨ ᠬᠤᠳᠠ ᠣᠷᠤᠭ ᠪᠣᠯᠤᠶ᠎ᠠ ᠭᠡᠵᠤ ᠨᠠᠮᠢ᠋ᠢ ᠠᠪᠬᠤ ᠪᠠᠷ ᠢᠷᠡᠭ᠍ᠰᠡᠨ ᠶᠤᠮ ᠪᠠᠢ᠌ᠨ᠎ᠠ ᠭᠡᠵᠤ ᠳᠠᠢ᠌ᠯᠪᠠ ᠭᠡᠨ᠎ᠡ᠃ ᠵᠠ ᠳᠡᠭᠡᠭᠡᠳ

ᠳᠠᠯᠠᠢ ᠶᠡᠭᠡ ᠪᠠᠶᠠᠷ ᠪᠣᠯᠪᠠ ᠭᠡᠨ᠎ᠡ

ᠳᠠᠯᠠᠨ ᠡᠳᠦᠷ ᠤᠨ ᠨᠠᠢ᠌ᠷ ᠪᠣᠯᠪᠠ ᠭᠡᠨ᠎ᠡ

ᠳᠡᠯᠭᠡᠷ ᠪᠠᠶᠠᠨ ᠬᠤᠷᠢᠮ ᠪᠣᠯᠪᠠ ᠭᠡᠨ᠎ᠡ

ᠳᠡᠯᠡᠭᠡᠢ ᠶᠡᠭᠡ ᠭᠦᠯ ᠪᠣᠯᠪᠠ ᠭᠡᠨ᠎ᠡ᠃

ᠳᠠᠠᠳᠠ ᠡᠴᠡ ᠬᠣᠢ᠌ᠳᠤ ᠮᠡᠷᠭᠡᠨ ᠳᠠᠮᠠᠨᠠ ᠪᠠᠷᠢ ᠪᠠᠨ ᠠᠪᠣᠭᠠᠤᠨ ᠭᠡᠷ ᠲᠡᠭᠡᠨ ᠪᠣᠴᠠᠵᠤ ᠢᠷᠠᠪᠠ ᠭᠡᠨ᠎ᠡ᠃ ᠪᠠᠷᠢ ᠪᠠᠨ ᠠᠪᠴᠢᠷᠠᠭᠠᠤᠨ ᠬᠠᠳᠠᠮ ᠳᠠᠯ᠎ᠠ ᠶᠢᠨ ᠰᠠᠭᠢᠯ ᠭᠤᠷᠢᠮ ᠢ ᠮᠡᠷᠭᠡᠨ ᠳᠠᠮᠠᠨᠠ ᠭᠡᠴᠡᠭᠦᠤ ᠳᠦᠪᠠᠭ᠌ ᠲᠡᠶ ᠣᠷᠠᠨ ᠰᠠᠴᠠᠨ ᠠᠷᠭ᠎ᠠ ᠪᠠᠷ ᠳᠠᠩᠰᠠᠵᠤ ᠭᠡᠨ᠎ᠡ᠄

᠊᠊᠊᠊᠊᠊᠊᠊᠊᠊᠊᠊᠊᠊᠊ ᠣᠷᠴᠢᠯᠠᠩ ᠤᠨ ᠣᠰᠤᠨ᠂ ᠮᠤᠳᠤᠨ᠂ ᠮᠠᠯ᠂ ᠠᠷᠢᠶᠠᠳᠠᠨ ᠤ ᠨᠠᠷ᠎ᠠ ᠳᠤ ᠪᠦᠷ ᠴᠢᠨᠤ ᠬᠠᠳᠠᠮ ᠳᠡᠭᠡᠳᠤ ᠶᠢᠨ ᠨᠠᠷ᠎ᠠ ᠪᠠᠢ᠌ᠨ᠎ᠠ᠂ ᠴᠢ ᠳᠠᠷᠠ ᠪᠦᠭᠦᠨ ᠤ ᠨᠠᠷ᠎ᠠ ᠶᠢ ᠴᠡᠭᠡᠷᠯᠡᠭᠦ ᠭᠡᠷᠡᠭ᠍ᠳᠡᠢ ᠭᠡᠵᠤ ᠳᠤᠰᠢᠶᠠᠵᠠᠢ᠃ ᠳᠡᠭᠡᠭᠡᠳ ᠨᠢᠭᠡ ᠡᠳᠦᠷ ᠨᠢᠭᠡ ᠮᠠᠭᠤ ᠳᠠᠷᠳᠠᠭᠠᠷ ᠡᠪᠠᠷ ᠲᠡᠶ ᠭᠦᠭ᠍ᠰᠢᠨ ᠬᠠᠯᠵᠠᠨ ᠬᠤᠴᠠ ᠪᠠᠨ ᠵᠤᠷᠢᠭᠤᠳᠠ ᠭᠡᠭᠡᠷ᠎ᠡ ᠣᠷᠭᠢᠵᠤ ᠢᠷᠡᠭᠡᠳ᠂ ᠮᠠᠷᠭᠠᠰᠢ ᠦᠷᠯᠦᠭᠡ ᠨᠢ ᠪᠠᠷᠢ ᠪᠠᠨ ᠥᠵᠡᠭᠡᠳ ᠢᠷ᠎ᠠ ᠭᠡᠵᠤ ᠶᠠᠪᠣᠭᠤᠯᠵᠤ ᠭᠡᠨ᠎ᠡ᠃ ᠪᠠᠷᠢ ᠨᠢ ᠶᠠᠪᠣᠭᠠᠤᠨ ᠭᠦᠷᠭᠦ ᠳᠤ ᠬᠤᠴᠠ ᠶᠢ ᠨᠢ ᠭᠤᠤᠯ ᠤᠨ ᠡᠭᠢᠨ ᠳ᠋ᠠᠭᠢ ᠨᠢᠭᠡᠨ ᠰᠠᠭᠯᠠᠭᠠᠷ ᠮᠤᠳᠤᠨ ᠤ ᠢᠷᠤᠭᠠᠯ ᠳᠤ ᠴᠢᠨ᠋ᠸ᠎ᠠ ᠢᠳᠡᠴᠢᠭ᠍ᠰᠡᠨ ᠪᠠᠢ᠌ᠵᠤ ᠭᠡᠨ᠎ᠡ᠃ ᠡᠷᠭᠢᠵᠤ ᠢᠷᠡᠭᠦ ᠳ᠋ᠤᠨᠢ ᠠᠪᠣ ᠨᠢ᠄

᠊᠊᠊᠊᠊᠊᠊᠊᠊᠊᠊᠊᠊᠊᠊ ᠪᠠᠢ᠌ᠨᠠᠤ ︖ ᠭᠡᠵᠤ ᠠᠰᠠᠭᠤᠵᠠᠢ᠃ ᠪᠠᠷᠢ᠄ 《ᠭᠤᠤᠯ᠂ ᠮᠤᠳᠤ᠂ ᠴᠢᠨ᠋ᠸ᠎ᠠ᠂ ᠬᠤᠴᠠ ᠪᠦᠷ ᠮᠢᠨᠤ ᠬᠠᠳᠠᠮ ᠳᠡᠭᠡᠳᠤ ᠶᠢᠨ ᠨᠠᠷ᠎ᠠ ᠭᠡᠳᠡᠭ᠌ ᠴᠡᠭᠡᠷᠯᠡᠭᠦ ᠭᠡᠷᠡᠭ᠍ᠳᠡᠢ》 ᠭᠡᠵᠤ ᠪᠣᠳᠤᠭᠠᠤᠨ᠄

᠊᠊᠊᠊᠊᠊᠊᠊᠊᠊᠊᠊᠊᠊᠊ ᠶᠠᠭᠤᠨ ᠤ ᠳᠠᠨᠢ ᠪᠠᠢ᠌ᠬᠤ ᠪᠢᠯᠠ᠂

ᠣᠷᠭᠤᠮᠠᠯ ᠤᠨ ᠢᠷᠤᠭᠠᠯ ᠳ᠋ᠤ

ᠣᠷᠤᠰᠤᠮᠠᠯ ᠤᠨ ᠡᠭᠢᠨ ᠳ᠋ᠤ

ᠮᠠᠢ᠌ᠯᠠᠮᠠᠯ ᠤᠨ ᠳ᠋ᠠᠷᠳᠠᠩ ᠵᠠᠮᠰᠤ ᠠᠬ᠎ᠠ ᠵᠢ

ᠣᠯᠢᠮᠠᠯ ᠨᠢ ᠢᠷᠡᠭᠡᠳ ᠱᠠᠮᠰᠢᠴᠢᠵᠠᠢ᠂ ᠳᠠ

ᠳ᠋ᠡᠷᠳᠡᠭᠡᠷ ᠡᠪᠠᠷᠳᠤ ᠪᠠᠨ ᠣᠨᠤᠭᠠᠤᠨ

ᠰᠡᠷᠡᠭᠡᠷ ᠰᠢᠭᠢᠷᠳᠤ ᠪᠠᠨ ᠡᠭᠦᠷᠦᠭᠡᠳ

ᠶᠠᠪᠣᠬᠤ ᠶᠤᠮ ᠪᠢᠰᠢᠤ ︕ ᠭᠡᠵᠤ ᠬᠠᠷᠢᠭᠤᠯᠵᠤ ᠭᠡᠨ᠎ᠡ᠃ ᠪᠠᠰᠠ ᠨᠢᠭᠡ ᠣᠳᠠᠭ᠎ᠠ ᠪᠠᠷᠢ ᠨᠢ ᠨᠥᠳᠦᠭᠦᠷ ᠤᠨ ᠴᠢᠯᠠᠭᠤ ᠪᠠᠨ ᠬᠠᠯᠠᠭᠤᠯᠤᠭᠠᠤᠨ ᠰᠢᠨ᠎ᠠ ᠣᠶᠤᠭᠰᠠᠨ ᠬᠤᠪᠴᠠᠰᠤ ᠪᠠᠨ ᠢᠯᠠᠤᠷᠳᠠᠨ ᠰᠠᠭᠤᠵᠤ ᠪᠠᠢ᠌ᠬᠤ ᠳᠤ ᠬᠣᠢ᠌ᠳᠤ ᠮᠡᠷᠭᠡᠨ ᠳᠠᠮᠠᠨᠠ᠄

᠊᠊᠊᠊᠊᠊᠊᠊᠊᠊᠊᠊᠊᠊᠊ ᠨᠥᠳᠦᠭᠦᠷ ᠤᠨ ᠴᠢᠯᠠᠭᠤ ᠪᠠᠨ ᠭᠠᠯ ᠶᠢᠡᠷ᠂ ᠣᠰᠤ ᠪᠠᠷ ᠬᠠᠯᠠᠭᠤᠯᠪᠠᠤ ︖ ᠭᠡᠵᠤ ᠰᠤᠷᠠᠵᠠᠢ᠃

ᠪᠠᠷᠢ ᠨᠢ᠄

ᠮᠤᠭᠠᠢ ᠭᠡᠯᠡᠳᠤ

ᠮᠤᠷᠢᠨ ᠳᠠᠯᠠᠳᠤ

ᠴᠢᠰᠤᠨ ᠥᠩᠭᠡᠳᠤ

ᠴᠢᠪᠠᠭᠠᠨ ᠵᠢᠰᠤᠳᠤ ᠪᠠᠷ ᠬᠠᠯᠠᠭᠤᠯᠪᠠ ᠭᠡᠵᠤ ᠬᠠᠳᠠᠮ ᠤᠨ ᠭᠢᠨᠢ ᠳᠤᠯᠤᠭᠠᠢ ᠦᠶ᠎ᠡ ᠳᠤ ᠥᠨᠡᠭᠡᠷ ᠨᠢᠭᠡ 《ᠭᠠᠯᠴᠢ》 ᠭᠡᠰᠡᠨ ᠨᠠᠷᠠᠳᠠᠢ ᠭᠦᠮᠤᠨ ᠪᠠᠢ᠌ᠭᠰᠠᠨ ᠢ ᠨᠢ ᠣᠷᠠᠨ ᠰᠠᠴᠠᠨ ᠶᠢᠡᠷ ᠴᠡᠭᠡᠷᠯᠡᠨ ᠬᠠᠷᠢᠭᠤᠯᠤᠭᠰᠠᠨ ᠭᠡᠳᠡᠭ᠌᠃ ᠮᠤᠩᠭ᠋ᠤᠯ ᠪᠠᠷᠢ ᠭᠦᠮᠤᠨ ᠬᠠᠳᠠᠮ ᠤᠨ ᠶᠢᠡᠨ ᠨᠠᠷ᠎ᠠ ᠨᠢ ᠴᠡᠭᠡᠷᠯᠡᠳᠡᠭ᠌ ᠶᠤᠰᠤᠨ ᠡᠭᠦᠨ ᠡᠴᠡ ᠭᠠᠷᠤᠭᠰᠠᠨ ᠶᠤᠮ ᠭᠡᠨ᠎ᠡ᠃ ᠵᠠ ᠳᠡᠭᠡᠭᠡᠳ ᠬᠣᠢ᠌ᠳᠤ ᠮᠡᠷᠭᠡᠨ ᠳᠠᠮᠠᠨᠠ᠂

ᠰᠠᠢ᠌ᠨ ᠴᠤ ᠪᠠᠷᠢ ᠳᠠᠢ

ᠰᠠᠢ᠌ᠬᠠᠨ ᠴᠤ ᠠᠢ᠌ᠯ ᠪᠣᠯᠵᠠᠢ᠂

ᠵᠢᠷᠠ ᠴᠤ ᠨᠠᠰᠤᠯᠠᠵᠤ

ᠵᠢᠷᠭᠠᠯᠳᠠᠢ ᠴᠤ ᠠᠮᠢᠳᠤᠷᠠᠵᠠᠢ᠃

ᠣᠤᠭᠤᠳᠠᠭ ᠨᠢ ᠪᠣᠯᠪᠠᠯᠠ ᠪᠣᠯᠠᠭ ᠤᠨ ᠰᠤᠳᠠᠰᠤᠨ ᠤ ᠣᠰᠤ ᠭᠡᠨ᠎ᠡ᠂

ᠢᠳᠡᠳᠡᠭ᠌ ᠨᠢ ᠪᠣᠯᠪᠠᠯᠠ ᠪᠣᠭᠤ ᠶᠢᠨ ᠰᠢᠳᠠᠰᠤᠨ ᠤ ᠮᠢᠬ᠎ᠠ ᠭᠡᠨ᠎ᠡ᠃

ᠬᠣᠢ᠌ᠳᠤ ᠮᠡᠷᠭᠡᠨ ᠳᠠᠮᠠᠨᠠ ᠪᠣᠭᠤ ᠠᠯᠠᠬᠤ ᠳᠠᠭᠠᠨ ᠪᠦᠷ ᠯᠠ ᠠᠮᠠᠨ ᠭᠦᠵᠦᠭᠦᠤ ᠶᠢ ᠨᠢ ᠬᠠᠷᠪᠣᠵᠤ ᠠᠯᠠᠳᠠᠭ ᠪᠠᠢ᠌ᠵᠠᠢ᠂ ᠭᠦᠤ ᠨᠢ ᠬᠠᠷᠪᠣᠬᠤ ᠪᠦᠷᠢ ᠨᠢᠭᠡ ᠶᠢ ᠣᠨᠠᠭᠠᠳᠠᠭ ᠪᠣᠯᠪᠠᠴᠤ ᠠᠮᠠᠨ ᠭᠦᠵᠦᠭᠦᠤ ᠶᠢ ᠨᠢ ᠠᠪᠴᠤ ᠶᠠᠭᠠᠭᠢᠭᠰᠠᠨ ᠴᠤ ᠴᠢᠳᠠᠳᠠᠭ ᠦᠭᠡᠶ᠂ ᠠᠪᠣ ᠡᠴᠡ ᠪᠠᠨ ᠠᠰᠠᠭᠤᠬᠤ ᠳᠤ ᠠᠷᠭ᠎ᠠ ᠡᠷᠳᠡᠮ ᠶᠢᠡᠨ ᠭᠡᠯᠡᠵᠤ ᠥᠭ᠍ᠳᠡᠭ᠌ ᠦᠭᠡᠶ ᠭᠡᠨ᠎ᠡ᠃ ᠡᠢ᠌ᠮᠤ ᠳᠤ᠂ ᠪᠠᠷᠢ ᠨᠢ ᠠᠷᠭ᠎ᠠ ᠪᠣᠳᠤᠵᠤ ᠪᠠᠢ᠌ᠭᠠᠤᠨ ᠠᠪᠣ ᠶᠢᠨ ᠶᠢᠡᠨ ᠰᠠᠭᠠᠳᠠᠭ ᠢ ᠳᠠᠯᠳᠠᠭᠤᠷ ᠠᠪᠤᠨ ᠭᠠᠯ ᠳᠤ ᠡᠭᠡᠭᠡᠭᠡᠳ ᠭᠡᠦᠷᠰᠢᠭᠦᠯᠵᠤ ᠳᠠᠯᠪᠢᠵᠤ ᠭᠡᠨ᠎ᠡ᠃ ᠳᠡᠭᠡᠭᠡᠳ ᠠᠷᠠᠪᠰᠠᠷ ᠲᠤ᠄

᠊᠊᠊᠊᠊᠊᠊᠊᠊᠊᠊᠊᠊᠊᠊ ᠮᠠᠷᠭᠠᠰᠢ ᠠᠪᠣ ᠴᠢᠮ᠎ᠠ ᠪᠠᠷ ᠭᠦᠷᠦᠭᠡᠰᠤ ᠬᠠᠷᠪᠣᠭᠤᠯᠪᠠᠯ ᠴᠢ ᠠᠮᠠᠨ ᠭᠦᠵᠦᠭᠦᠤ ᠶᠢ ᠨᠢ ᠶᠠᠭᠠᠭᠢᠵᠤ ᠬᠠᠷᠪᠣᠳᠠᠭ ᠢ ᠨᠢ ᠠᠰᠠᠭᠤᠵᠤ ᠠᠪᠣᠭᠠᠤᠨ ᠬᠠᠷᠪᠣ ︕ ᠭᠡᠵᠤ ᠵᠠᠭᠢᠵᠠᠢ᠃ ᠮᠠᠷᠭᠠᠰᠢ ᠨᠢ ᠬᠣᠢ᠌ᠳᠤ ᠮᠡᠷᠭᠡᠨ ᠳᠠᠮᠠᠨᠠ ᠭᠦᠤ ᠪᠠᠨ ᠳᠠᠭᠠᠭᠤᠯᠤᠭᠠᠤᠨ ᠠᠪᠠᠯᠠᠨ ᠶᠠᠪᠣᠵᠤ ᠪᠠᠢ᠌ᠳᠠᠯ᠎ᠠ ᠬᠤᠪᠣᠷ ᠲᠤᠬᠢᠶᠠᠯᠳᠤᠳᠠᠭ ᠪᠣᠭᠤ ᠣᠷᠢᠳᠠ ᠡᠴᠡ ᠨᠢ ᠳᠠᠪᠭᠢᠭᠠᠤᠨ ᠪᠣᠰᠴᠤ ᠭᠡᠨ᠎ᠡ᠃

ᠰᠠᠭᠠᠳᠠᠭ ᠶᠢᠡᠨ ᠠᠪᠣᠮᠠᠭᠴᠠ ᠳᠦᠭᠦᠷᠳᠡᠯ᠎ᠡ ᠨᠢ ᠡᠪᠰᠢᠶᠡᠯᠭᠡᠭᠡᠳ ᠢᠷᠠᠳᠠᠯ᠎ᠠ ᠬᠠᠳᠠᠵᠤ ᠭᠡᠦᠷᠰᠢᠭ᠍ᠰᠡᠨ ᠰᠠᠭᠠᠳᠠᠭ ᠨᠢ 《ᠳᠠᠱ》 ᠭᠡᠳᠡᠯ᠎ᠡ ᠬᠤᠭᠤᠷᠠᠵᠠᠢ᠃

᠊᠊᠊᠊᠊᠊᠊᠊᠊᠊᠊᠊᠊᠊᠊ ᠵᠠ ᠪᠣᠯᠤᠭᠰᠠᠨ ᠦᠭᠡᠶ᠂ ᠭᠦᠤ ᠮᠢᠨᠢ ᠭᠦᠤ ᠮᠢᠨᠢ ᠴᠢ ᠬᠠᠷᠪᠣ ︕ ᠭᠡᠭᠦ ᠳᠤ ᠠᠷᠠᠪᠰᠠᠷ ᠡᠭᠡᠨᠡᠷ ᠤᠨ ᠶᠢᠡᠨ ᠵᠠᠭᠢᠭᠰᠠᠨ ᠢ ᠪᠣᠳᠤᠭᠠᠤᠨ᠄

᠊᠊᠊᠊᠊᠊᠊᠊᠊᠊᠊᠊᠊᠊᠊ ᠶᠠᠭᠠᠭᠢᠵᠤ ᠬᠠᠷᠪᠣᠪᠠᠯ ᠠᠮᠠᠨ ᠭᠦᠵᠦᠭᠦᠤ ᠶᠢ ᠨᠢ ᠠᠪᠳᠠᠭ ᠪᠣᠢ ︖ ᠭᠡᠵᠤ ᠠᠰᠠᠭᠤᠵᠤ ᠭᠡᠨ᠎ᠡ᠃ ᠠᠪᠣ ᠨᠢ ᠠᠷᠭ᠎ᠠ ᠦᠭᠡᠶ᠄

᠊᠊᠊᠊᠊᠊᠊᠊᠊᠊᠊᠊᠊᠊᠊ ᠡᠨ ᠮᠦᠨ ᠪᠠᠢ᠌ᠨ᠎ᠠ᠂ ᠠᠷᠭᠠᠳᠤ ᠪᠠᠷᠢ ᠶᠢᠨ ᠮᠢᠨᠢ ᠣᠬᠠᠭᠠᠨ ᠪᠠᠢ᠌ᠨ᠎ᠠ᠂ ᠠᠮᠠᠨ ᠠᠭᠤᠷ ᠢ ᠨᠢ ᠠᠷᠢᠵᠤ ᠬᠠᠷᠪᠣ ︕ ᠭᠡᠵᠤ ᠭᠡᠯᠡᠵᠤ ᠥᠭ᠍ᠴᠡᠢ᠃

ᠠᠷᠠᠪᠰᠠᠷ ᠠᠪᠣ ᠶᠢᠨ ᠶᠢᠡᠨ ᠭᠡᠯᠡᠭ᠍ᠰᠡᠨ ᠶᠢᠡᠷ ᠠᠮᠠᠨ ᠠᠭᠤᠷ ᠢ ᠨᠢ ᠬᠠᠷᠪᠣᠬᠤ ᠳᠤ ᠰᠠᠭᠠᠳᠠᠭ ᠤᠨ ᠰᠤᠮᠤ ᠶᠠᠭ ᠠᠮᠠᠨ ᠭᠦᠵᠦᠭᠦᠤ ᠶᠢ ᠨᠢ ᠠᠪᠴᠤ ᠭᠡᠨ᠎ᠡ᠃ ᠡᠭᠦᠨ ᠡᠴᠡ ᠬᠣᠢ᠌ᠰᠢ ᠠᠷᠠᠪᠰᠠᠷ ᠠᠮᠠᠨ ᠭᠦᠵᠦᠭᠦᠤ ᠡᠷᠳᠡᠮ ᠲᠡᠶ ᠪᠣᠯᠵᠠᠢ᠂ ᠭᠡᠳᠡᠯ᠎ᠡ ᠠᠪᠣ ᠨᠢ ᠡᠢ᠌ᠮᠤ ᠪᠣᠭᠤ ᠪᠠᠨ ᠭᠠᠭᠴᠠᠭᠠᠷ ᠥᠪᠴᠢᠭᠡᠳ ᠪᠣᠷᠴᠠᠯᠠᠵᠤ᠂ ᠬᠠᠳᠠᠭᠰᠠᠨ ᠬᠣᠢ᠌ᠨ᠎ᠠ ᠰᠠ‍‌ᠶᠢ ᠮᠢᠬ᠎ᠠ ᠶᠢ ᠨᠢ ᠭᠡᠷ ᠲᠡᠭᠡᠨ ᠠᠪᠴᠢᠷᠠᠳᠠᠭ ᠪᠠᠢ᠌ᠵᠠᠢ᠃ ᠭᠦᠤ ᠪᠠᠷᠢ ᠬᠤᠶᠠᠷ ᠨᠢ ᠶᠠᠮᠠᠷ ᠪᠣᠭᠤ ᠪᠣᠢ ︖ ᠭᠡᠭᠦ ᠳᠤ ᠶᠠᠭ ᠭᠡᠯᠡᠵᠤ ᠥᠭ᠍ᠳᠡᠭ᠌ ᠦᠭᠡᠶ ᠪᠠᠢ᠌ᠵᠤ ᠭᠡᠨ᠎ᠡ᠃ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 5266
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ