ᠣᠳᠤᠬᠢ ᠬᠡᠦᠬᠡᠳ ᠤᠨ ᠤᠨᠴᠠᠯᠢᠭ ᠤᠨ ᠲᠤᠬᠠᠢ ᠮᠦᠴᠢᠳ ᠦᠭᠦᠯᠡᠬᠦ ᠨᠢ

ᠠᠭᠤᠯᠭ᠎ᠠ ᠶᠢᠨ ᠳᠤᠪᠴᠢ ᠄ ᠣᠳᠤᠭᠢ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠪᠠᠶ᠎ᠠ ᠳᠡᠭᠡᠷ᠎ᠡ ᠨᠢᠭᠡ ᠪᠦᠯᠦᠭ᠌ ᠢᠯᠡᠷᠭᠡᠢ ᠣᠠᠴᠠᠯᠢᠭ ᠲᠡᠶ ᠪᠠᠢ᠌ᠵᠤ᠂ ᠳᠤᠬᠠᠢ᠌ᠯᠠᠪᠠᠯ ᠄ ⑴ ᠰᠤᠷᠤᠭᠴᠢᠳ ᠤᠨ ᠰᠤᠷᠤᠯᠴᠠᠬᠤ ᠣᠭ ᠰᠠᠨᠠᠭᠠᠨ ᠤ ᠭᠦᠳᠡᠯᠭᠡᠭ᠍ᠴᠢ ᠭᠦᠴᠤᠨ ᠶᠢᠡᠷ ᠳᠤᠳᠠᠮᠠᠭ᠂ ⑵ ᠵᠠᠯᠬᠠᠭᠤ᠂ ⑶ ᠵᠥᠷᠢᠭᠦᠤᠨ᠂ ⑷ ᠡᠷᠳᠡ ᠢᠨᠠᠭᠯᠠᠬᠤ᠂ ⑸ ᠡᠷᠡᠭᠦᠯ ᠪᠣᠰᠤ ᠪᠠᠷ ᠡᠷᠭᠡ ᠴᠢᠯᠦᠭᠡ ᠶᠢ ᠭᠦᠭᠡᠭᠡᠴᠡᠯᠳᠦᠭᠦ᠂ ⑹ ᠰᠢᠨ᠎ᠠ ᠰᠡᠪᠠᠭᠦᠨ ᠭᠡᠷᠡᠭ᠌ ᠪᠣᠳᠠᠰ ᠢ ᠭᠦᠭᠡᠭᠡᠴᠡᠯᠳᠦᠭᠦ ᠳᠤᠷᠠᠳᠠᠢ ᠵᠡᠷᠭᠡ ᠪᠠᠢ᠌ᠵᠤ᠂ ᠪᠠᠭᠰᠢ ᠠᠬᠠᠮᠠᠤᠨ ᠡᠴᠡ ᠡᠳᠡᠭᠡᠷ ᠣᠠᠴᠠᠯᠢᠭ ᠢ ᠨᠢ ᠠᠤᠠᠬᠤᠵᠤ ᠭᠦᠮᠦᠵᠢᠭᠦᠯᠭᠦ ᠭᠡᠷᠡᠭ᠍ᠳᠡᠢ᠃ ᠳᠤᠰ ᠥᠭᠦᠯᠡᠯ ᠳᠤ ᠪᠢ ᠡᠳᠡᠭᠡᠷ ᠣᠠᠴᠠᠯᠢᠭ ᠤᠳ ᠭᠡᠷᠭᠢᠨ ᠪᠦᠷᠢᠯᠳᠦᠭ᠍ᠰᠡᠨ᠂ ᠭᠡᠷᠭᠢᠨ ᠡᠳᠡᠭᠡᠷ ᠠᠰᠠᠭᠤᠳᠠᠯ ᠳᠤ ᠬᠠᠠᠳᠤᠬᠤ ᠳᠤᠬᠠᠢ ᠳᠦᠭᠦᠮ ᠦᠵᠡᠯᠳᠠ ᠰᠠᠨᠠᠯ ᠶᠢᠡᠨ ᠳᠤᠷᠠᠳᠤᠶ᠎ᠠ︕

ᠵᠠᠩᠭᠢᠯᠭ᠎ᠠ ᠶᠢᠨ ᠥᠭᠡ ᠄ ᠣᠳᠤᠭᠢ ᠳᠤᠮᠳᠠᠳᠤ ᠰᠤᠷᠭᠠᠭᠤᠯᠢ ᠶᠢᠨ ᠭᠡᠦᠭᠡᠤᠨ᠂ ᠣᠠᠴᠠᠯᠢᠭ᠂ ᠰᠢᠯᠳᠠᠭᠠᠨ᠂ ᠰᠢ᠌ᠦᠡᠪᠦᠷᠢᠯᠡᠭᠦ ᠠᠷᠭ᠎ᠠ

ᠴᠠᠭ ᠴᠠᠭ ᠶᠢᠡᠷ ᠶᠢᠡᠨ ᠪᠠᠢ᠌ᠳᠠᠭ ᠦᠭᠡᠶ᠂ ᠴᠠᠭᠢᠯᠳᠠᠭ ᠭᠦᠭᠡ ᠪᠠᠷ ᠶᠢᠡᠨ ᠪᠠᠢ᠌ᠳᠠᠭ ᠦᠭᠡᠶ ᠭᠡᠳᠡᠭ᠍ᠴᠢᠯᠡᠨ ᠣᠳᠤ ᠶᠢᠨ ᠳᠤᠮᠳᠠᠳᠤ ᠰᠤᠷᠭᠠᠭᠤᠯᠢ ᠶᠢᠨ ᠭᠡᠦᠭᠡᠤᠨ ᠤᠳ ᠤᠨ ᠪᠠᠶ᠎ᠠ ᠳᠡᠭᠡᠷ᠎ᠡ ᠴᠤ ᠭᠡᠰᠡᠨ ᠴᠠᠭ ᠦᠶ᠎ᠡ ᠪᠠᠨ ᠳᠠᠭᠠᠭᠰᠠᠨ ᠢᠯᠡᠷᠭᠡᠢ ᠭᠡᠳᠤᠨ ᠣᠠᠴᠠᠯᠢᠭ ᠲᠡᠶ ᠪᠣᠯᠤᠭᠰᠠᠨ ᠪᠠᠢ᠌ᠨ᠎ᠠ᠃ ᠳᠤᠬᠠᠢ᠌ᠯᠠᠪᠠᠯ ᠄ ⑴ ᠭᠡᠦᠭᠡᠤᠨ ᠤᠳ ᠤᠨ ᠰᠤᠷᠤᠯᠴᠠᠬᠤ ᠣᠭ ᠣᠬᠠᠭᠠᠨ ᠤ ᠭᠦᠳᠡᠯᠭᠡᠭ᠍ᠴᠢ ᠭᠦᠴᠤᠨ ᠶᠢᠡᠷ ᠳᠤᠳᠠᠮᠠᠭ᠂ ⑵ ᠠᠯᠵᠠᠭᠤ᠂ ⑶ ᠵᠥᠷᠢᠭᠦᠤᠨ᠂ ⑷ ᠢᠨᠠᠭᠯᠠᠬᠤ᠂ ⑸ ᠡᠷᠡᠭᠦᠯ ᠪᠣᠰᠤ ᠪᠠᠷ ᠡᠷᠭᠡ ᠴᠢᠯᠦᠭᠡ ᠶᠢ ᠭᠦᠭᠡᠭᠡᠴᠡᠯᠳᠦᠭᠦ᠂ ⑹ ᠰᠢᠨ᠎ᠠ ᠰᠡᠪᠠᠭᠦᠨ ᠭᠡᠷᠡᠭ᠌ ᠪᠣᠳᠠᠰ ᠢ ᠭᠦᠭᠡᠭᠡᠴᠡᠯᠳᠦᠭᠦ ᠳᠤᠷᠠᠳᠠᠢ ᠵᠡᠷᠭᠡ ᠪᠠᠢ᠌ᠵᠤ᠂ ᠪᠠᠭᠰᠢ ᠠᠬᠠᠮᠠᠤᠨ ᠡᠴᠡ ᠡᠳᠡᠭᠡᠷ ᠣᠠᠴᠠᠯᠢᠭ ᠢ ᠨᠢ ᠠᠤᠠᠬᠤᠵᠤ ᠭᠦᠮᠦᠵᠢᠭᠦᠯᠭᠦ ᠴᠢᠬᠤᠯᠠᠳᠠᠢ᠃ ᠳᠤᠤᠷ᠎ᠠ ᠪᠢ ᠣᠳᠤᠭᠢ ᠭᠡᠦᠭᠡᠤᠨ ᠤᠳ ᠤᠨ ᠡᠳᠡᠭᠡᠷ ᠣᠠᠴᠠᠯᠢᠭ ᠭᠡᠷᠭᠢᠨ ᠪᠦᠷᠢᠯᠳᠦᠭ᠍ᠰᠡᠨ᠂ ᠭᠡᠷᠭᠢᠨ ᠡᠳᠡᠭᠡᠷ ᠠᠰᠠᠭᠤᠳᠠᠯ ᠳᠤ ᠬᠠᠠᠳᠤᠬᠤ ᠳᠤᠬᠠᠢ ᠳᠦᠭᠦᠮ ᠦᠵᠡᠯᠳᠠ ᠰᠠᠨᠠᠯ ᠶᠢᠡᠨ ᠳᠤᠷᠠᠳᠤᠮᠠᠷ ᠪᠠᠢ᠌ᠨ᠎ᠠ᠃

ᠨᠢᠭᠡ᠂ ᠰᠤᠷᠤᠭᠴᠢᠳ ᠤᠨ ᠰᠤᠷᠤᠯᠴᠠᠬᠤ ᠣᠭ ᠰᠠᠨᠠᠭᠠᠨ ᠤ ᠭᠦᠳᠡᠯᠭᠡᠭ᠍ᠴᠢ ᠭᠦᠴᠤᠨ ᠶᠢᠡᠷ ᠳᠤᠳᠠᠮᠠᠭ ᠪᠣᠯᠵᠤ ᠪᠠᠢ᠌ᠭ᠎ᠠ ᠶᠢᠨ ᠰᠢᠯᠳᠠᠭᠠᠨ ᠨᠢ ᠶᠠᠭᠤ ᠪᠣᠢ︖ ᠡᠨᠡᠭᠦ ᠠᠰᠠᠭᠤᠳᠠᠯ ᠤᠨ ᠳᠤᠬᠠᠢ ᠳᠤᠤᠷᠠᠭᠢ ᠭᠡᠳᠤᠨ ᠳᠠᠯ᠎ᠠ ᠡᠴᠡ ᠵᠠᠳᠠᠯᠵᠤ ᠪᠣᠯᠤᠨ᠎ᠠ᠃ ⑴ ᠨᠡᠢ᠌ᠭᠡᠮ ᠭᠦᠭ᠍ᠵᠢᠭᠦ ᠶᠢ ᠳᠠᠭᠠᠯᠳᠤᠨ ᠮᠠᠨ ᠤ ᠠᠮᠢᠳᠤᠷᠠᠯ ᠤᠨ ᠨᠥᠭᠦᠴᠡᠯ ᠴᠤ ᠢᠯᠠᠤᠠᠳᠠ ᠰᠠᠢ᠌ᠵᠢᠷᠠᠵᠤ ᠪᠠᠢ᠌ᠨ᠎ᠠ᠃ ᠮᠠᠲ᠋ᠸᠷᠢᠶᠠᠯ ᠢ ᠦᠨᠳᠦᠰᠦᠯᠠᠪᠠᠯ 2007 ᠣᠨ ᠤ ᠳᠡᠭᠡᠳᠤ ᠬᠠᠭᠠᠰ ᠵᠢᠯ ᠤᠨ ᠮᠠᠨ ᠤ ᠣᠯᠤᠰ ᠤᠨ ᠭᠦᠮᠤᠨ ᠳᠤᠮᠳᠠᠴᠢ ᠣᠷᠤᠯᠭ᠎ᠠ 7052 ᠳᠦᠭᠦᠷᠢᠭ᠌ ᠲᠤ ᠭᠦᠷᠦᠭ᠍ᠰᠡᠨ ᠪᠠᠢ᠌ᠨ᠎ᠠ᠃ ᠡᠢ᠌ᠮᠤ ᠡᠴᠡ ᠣᠳᠤ ᠶᠢᠨ ᠭᠡᠦᠭᠡᠤᠨ ᠤᠳ ᠢᠳᠡᠭᠦ ᠬᠤᠭᠤᠯᠠ᠂ ᠡᠮᠦᠰᠭᠦ ᠬᠤᠪᠴᠠᠰᠤᠨ ᠤ ᠳᠦᠯᠦᠭᠡ ᠦᠨᠳᠦᠰᠦᠨ ᠳᠡᠭᠡᠨ ᠵᠤᠪᠠᠬᠤ ᠣᠴᠢᠷ ᠦᠭᠡᠶ᠃ ᠨᠥᠭᠦᠭᠡ ᠳᠠᠯ᠎ᠠ ᠪᠠᠷ ᠶᠡᠭᠡ ᠰᠤᠷᠭᠠᠭᠤᠯᠢ ᠳᠤ ᠰᠢᠯᠭᠠᠭᠳᠠᠵᠤ ᠣᠷᠤᠬᠤ ᠦᠭᠡᠶ ᠴᠤ ᠭᠡᠰᠡᠨ ᠮᠦᠨ ᠠᠳᠠᠯᠢᠬᠠᠨ ᠠᠮᠢᠳᠤᠷᠠᠯ ᠤᠨ ᠵᠠᠮ ᠳᠠᠰᠤᠷᠠᠬᠤ ᠦᠭᠡᠶ ᠭᠡᠵᠤ ᠦᠵᠡᠵᠤ ᠪᠣᠢ᠃ ⑵ ᠳᠦᠯᠦᠪᠯᠡᠭᠡᠳᠡᠢ ᠭᠡᠦᠭᠡᠤᠨ ᠠᠪᠬᠤ ᠲᠦᠷᠦ ᠶᠢᠨ ᠪᠣᠳᠤᠯᠭ᠎ᠠ ᠶᠢ ᠭᠡᠷᠡᠭ᠍ᠵᠢᠭᠦᠯᠦᠭ᠍ᠰᠡᠨ ᠡᠴᠡ ᠣᠯᠠᠩᠭᠢ ᠨᠢ ᠠᠢ᠌ᠯ ᠤᠨ ᠭᠠᠭᠴᠠ ᠭᠡᠦᠭᠡᠤᠨ ᠪᠠᠢ᠌ᠵᠤ᠂ ᠠᠮᠠᠨ ᠳᠠᠭᠠᠨ ᠭᠢᠪᠠᠯ ᠬᠠᠢ᠌ᠯᠤᠮᠠᠷ᠂ ᠠᠯᠠᠭᠠᠨ ᠳᠡᠭᠡᠷ᠎ᠡ ᠪᠠᠨ ᠳᠠᠯᠪᠢᠪᠠᠯ ᠪᠦᠮᠪᠦᠷᠢᠮᠡᠷ ᠪᠠᠢ᠌ᠳᠠᠭ ᠶᠢᠡᠷ ᠶᠢᠡᠨ ᠵᠠᠷᠢᠮ ᠭᠡᠷ ᠤᠨ ᠠᠬᠠᠮᠠᠤᠨ ᠳᠠᠳᠠᠨ ᠤ ᠠᠯᠢᠪᠠ ᠭᠦᠰᠡᠯ ᠱᠠᠭᠠᠷᠳᠠᠯᠭ᠎ᠠ ᠶᠢ ᠨᠢ ᠳᠤᠳᠠᠯ ᠦᠭᠡᠶ ᠵᠦᠪᠰᠢᠶᠠᠷᠠᠵᠤ ᠭᠡᠦᠭᠡᠤᠨ ᠤᠨ ᠶᠢᠡᠨ ᠪᠣᠭᠤᠯ ᠪᠣᠯᠴᠢᠬᠠᠳᠠᠭ᠃ ᠡᠢ᠌ᠮᠤ ᠡᠴᠡ ᠭᠡᠦᠭᠡᠤᠨ ᠤᠨ ᠪᠣᠳᠤᠯ ᠳᠤ᠄ 《ᠠᠯᠢᠪᠠ ᠪᠦᠭᠦᠨ ᠢ ᠳᠠᠳᠠ ᠨᠠᠳᠠ ᠳᠤ ᠣᠷᠢᠤᠠᠴᠢᠯᠠᠨ ᠪᠠᠯᠡᠳᠭᠡᠵᠤ ᠦᠭ‍ᠭᠦ ᠶᠤᠮ》 ᠭᠡᠰᠡᠨ ᠳᠦᠰᠢᠮᠳᠡᠭᠡᠢ ᠪᠣᠳᠤᠯ ᠲᠡᠶ ᠪᠣᠯᠵᠤ ᠬᠤᠵᠢᠮ ᠤᠨ ᠠᠮᠢᠳᠤᠷᠠᠯ ᠤᠨ ᠳᠦᠯᠦᠭᠡ ᠰᠠᠨᠠᠭ᠎ᠠ ᠵᠤᠪᠠᠬᠤ ᠦᠭᠡᠶ᠂ ᠪᠠᠶ᠎ᠠ ᠪᠠᠨ ᠳᠠᠭᠠᠭᠠᠬᠤ ᠴᠢᠳᠠᠪᠣᠷᠢ ᠦᠭᠡᠶ ᠪᠣᠯᠵᠠᠢ᠃ ⑶ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢ ᠭᠡᠷᠡᠭ᠍ᠵᠢᠭᠦᠯᠦᠭ᠍ᠰᠡᠨ ᠡᠴᠡ ᠬᠣᠢ᠌ᠰᠢ ᠰᠤᠷᠤᠭᠴᠢ ᠶᠢᠨ ᠭᠤᠤᠯ ᠴᠤᠭᠴᠠᠳᠤ ᠴᠢᠨᠠᠷ ᠢ ᠭᠦᠡᠳᠦᠦᠡᠭᠡᠭᠦ ᠶᠢ ᠴᠢᠬᠤᠯᠠᠴᠢᠯᠠᠭᠰᠠᠨ ᠨᠢ ᠰᠤᠷᠤᠭᠴᠢᠳ ᠲᠤ ᠪᠠᠯᠠᠨ ᠰᠢᠯᠳᠠᠭ ᠲᠡᠶ ᠪᠣᠯᠵᠤ᠂ ᠭᠠᠳᠠᠭᠠᠳᠤ ᠣᠷᠴᠢᠨ ᠳᠤᠭᠤᠷᠢᠨ ᠤ ᠳᠠᠷᠤᠯᠳᠠ ᠴᠤ ᠦᠭᠡᠶ᠂ ᠶᠠᠭᠤᠨ ᠡᠴᠡ ᠴᠤ ᠵᠤᠪᠠᠬᠤ ᠭᠡᠷᠡᠭ᠌ ᠠᠯᠠᠭ᠎ᠠ ᠪᠣᠯᠵᠠᠢ᠃

ᠳᠡᠭᠡᠪᠠᠯ ᠭᠡᠦᠭᠡᠤᠨ ᠤᠳ ᠤᠨ ᠡᠨᠡᠭᠦ ᠣᠠᠴᠠᠯᠢᠭ ᠲᠤ ᠭᠡᠷᠭᠢᠨ ᠬᠠᠠᠳᠤᠬᠤ ᠪᠢᠯᠠ︖ ⑴ ᠭᠡᠷ ᠤᠨ ᠠᠬᠠᠮᠠᠤᠨ ᠡᠷᠭᠡᠪᠰᠢ ᠭᠡᠦᠭᠡᠤᠨ ᠶᠢᠡᠨ ᠪᠠᠭ᠎ᠠ ᠡᠴᠡ ᠨᠢ ᠴᠢᠩᠭ᠋᠎ᠠ ᠱᠠᠭᠠᠷᠳᠠᠵᠤ᠂ ᠴᠢᠬᠤᠯᠠ ᠲᠡᠶ ᠦᠶ᠎ᠡ ᠳᠤ ᠠᠮᠢᠳᠤᠷᠠᠯ ᠤᠨ ᠪᠠᠷᠭᠡ ᠬᠠᠳᠠᠭᠤ ᠶᠢ ᠪᠠᠶᠠᠴᠢᠯᠠᠨ ᠣᠢ᠌ᠯᠠᠭᠠᠭᠤᠯᠵᠤ᠂ ᠳᠠᠳᠠᠨ ᠤ ᠪᠠᠶ᠎ᠠ ᠪᠠᠨ ᠳᠠᠭᠠᠭᠠᠬᠤ ᠵᠤᠷᠢᠭ ᠰᠠᠨᠠᠭ᠎ᠠ ᠶᠢ ᠭᠦᠮᠦᠵᠢᠭᠦᠯᠵᠤ᠂ ᠭᠡᠦᠭᠡᠤᠨ ᠤᠨ ᠭᠡᠷ ᠤᠨ ᠠᠬᠠᠮᠠᠤᠨ ᠡᠴᠡ ᠳᠠᠳᠠᠨ ᠳᠤ ᠠᠯᠢᠪᠠ ᠪᠦᠭᠦᠨ ᠢ ᠨᠢ ᠪᠠᠯᠡᠳᠭᠡᠵᠤ ᠥᠭ᠍ᠳᠡᠭ᠌ ᠭᠡᠰᠡᠨ ᠳᠦᠰᠢᠮᠳᠡᠭᠡᠢ ᠦᠵᠡᠯᠳᠠ ᠲᠡᠶ ᠪᠣᠯᠬᠤ ᠶᠢ ᠳᠠᠪᠴᠢᠨ᠎ᠠ᠃ ⑵ ᠭᠡᠦᠭᠡᠤᠨ ᠤᠳ ᠢ ᠬᠠᠷᠠᠬᠠᠨ ᠪᠠᠭ᠎ᠠ ᠡᠴᠡ ᠨᠢ ᠠᠷᠪᠢᠨ ᠰᠢᠯᠢᠳᠡᠭ᠌ ᠭᠦᠮᠦᠰ ᠲᠡᠶ ᠣᠢ᠌ᠷᠠᠳᠤᠭᠤᠯᠵᠤ᠂ ᠳᠠᠳᠠᠨ ᠤ ᠥᠯᠢᠭᠡᠷ ᠢ ᠶᠠᠷᠢᠵᠤ ᠦᠭ‍ᠭᠦᠨ᠎ᠡ᠃ ᠡᠰᠡᠭᠦᠯ᠎ᠡ ᠮᠠᠰᠢ ᠠᠷᠪᠢᠨ ᠰᠢᠨ᠎ᠠ ᠭᠡᠷᠡᠭ᠌ ᠪᠣᠳᠠᠰ ᠲᠡᠶ ᠣᠢ᠌ᠷᠠᠳᠤᠭᠤᠯᠬᠤ᠂ ᠰᠢᠨ᠎ᠠ ᠭᠡᠷᠡᠭ᠌ ᠪᠣᠳᠠᠰ ᠤᠨ ᠳᠤᠮᠳᠠ ᠡᠴᠡ ᠭᠡᠦᠭᠡᠤᠨ ᠤᠨ ᠬᠤᠵᠢᠮ ᠤᠨ ᠡᠷᠢᠯ ᠭᠦᠭᠡᠭᠡᠴᠡᠯᠳᠦᠯ ᠤᠨ ᠴᠢᠭᠯᠡᠯ ᠶᠢᠡᠨ ᠰᠤᠩᠭ᠋ᠤᠬᠤ ᠳᠤ ᠨᠥᠭᠦᠴᠡᠯ ᠢ ᠪᠦᠷᠢᠯᠳᠦᠭᠦᠯᠦᠨ᠎ᠡ᠃ ⑶ ᠪᠠᠭᠰᠢ ᠡᠴᠡ ᠪᠠᠢ᠌ᠳᠠᠯ ᠶᠢᠡᠨ ᠦᠨᠳᠦᠰᠦᠯᠠᠨ ᠵᠠᠷᠢᠮ ᠪᠣᠳᠠᠳᠠᠢ ᠠᠷᠭ᠎ᠠ ᠨᠤᠭᠤᠳ ᠢ ᠠᠪᠴᠤ ᠪᠣᠯᠤᠨ᠎ᠠ᠃ ᠵᠢᠱᠢᠶᠠᠯᠠᠪᠠᠯ ᠄ ᠦᠪᠡᠷ ᠢ ᠪᠠᠨ ᠭᠦᠡᠳᠦᠦᠡᠭᠡᠭᠦ ᠰᠡᠳᠬᠢᠯᠭᠡ ᠪᠠᠷ ᠴᠢᠩᠭ᠋᠎ᠠ ᠪᠠᠢ᠌ᠬᠤ ᠣᠠᠴᠠᠯᠢᠭ ᠢ ᠨᠢ ᠠᠰᠢᠭᠯᠠᠨ ᠣᠶᠤᠨ ᠰᠠᠨᠠᠭᠠᠨ ᠤ ᠰᠠᠳᠠᠯᠳᠠ ᠦᠭ‍ᠭᠦ ᠪᠠᠷ ᠳᠠᠮᠵᠢᠵᠤ ᠰᠤᠷᠭᠠᠵᠤ ᠰᠡᠩᠭᠡᠷᠡᠭᠦᠯᠭᠦ ᠠᠷᠭ᠎ᠠ᠂ ᠭᠡᠦᠭᠡᠤᠨ ᠤᠨ ᠠᠪᠢᠶᠠᠰ ᠢ ᠦᠨᠳᠦᠰᠦᠯᠠᠵᠤ᠂ ᠳᠠᠳᠠᠨ ᠤ ᠳᠤᠷ᠎ᠠ ᠪᠠᠬ᠎ᠠ ᠶᠢ ᠨᠢ ᠳᠠᠭᠠᠭᠤᠯᠤᠨ᠂ ᠳᠤᠷ᠎ᠠ ᠲᠡᠶ ᠭᠢᠴᠢᠶᠠᠯ ᠲᠦᠷᠦᠯ ᠥᠭᠡᠳᠡ ᠨᠢ ᠭᠦᠳᠦᠯᠭᠦ᠁ ᠵᠡᠷᠭᠡ ᠠᠷᠭ᠎ᠠ ᠶᠢ ᠠᠰᠢᠭᠯᠠᠵᠤ ᠪᠣᠯᠤᠨ᠎ᠠ᠃

ᠬᠤᠶᠠᠷ᠂ ᠣᠳᠤ ᠶᠢᠨ ᠭᠡᠦᠭᠡᠤᠨ ᠤᠳ ᠠᠯᠵᠠᠭᠤ ᠪᠠᠢ᠌ᠳᠠᠭ ᠣᠠᠴᠠᠯᠢᠭ ᠲᠤ ᠭᠡᠷᠭᠢᠨ ᠬᠠᠠᠳᠤᠬᠤ ᠪᠣᠢ

ᠣᠳᠤ ᠶᠢᠨ ᠭᠡᠦᠭᠡᠤᠨ ᠤᠳ ᠮᠠᠰᠢ ᠠᠯᠵᠠᠭᠤ ᠪᠠᠢ᠌ᠵᠤ᠂ ᠳᠠᠳᠠᠨ ᠤ ᠠᠯᠵᠠᠭᠤ ᠨᠢ ᠭᠢᠴᠢᠶᠠᠯ ᠤᠨ ᠳᠠᠩᠭᠢᠮ ᠳᠡᠭᠡᠷ᠎ᠡ ᠪᠢᠷ ᠪᠠᠷᠢᠵᠤ ᠳᠡᠮᠳᠡᠭᠯᠡᠯ ᠭᠢᠭᠦ ᠳᠤᠷ᠎ᠠ ᠦᠭᠡᠶ᠂ ᠨᠤᠮ ᠶᠢᠡᠨ ᠳᠡᠯᠭᠡᠭᠦ ᠳᠤᠷ᠎ᠠ ᠦᠭᠡᠶ᠂ ᠳᠠᠰᠬᠠᠯ ᠭᠢᠭᠦ ᠳᠤᠷ᠎ᠠ ᠦᠭᠡᠶ᠂ ᠥᠷᠯᠦᠭᠡ ᠶᠢᠨ ᠳᠠᠮᠢᠷ ᠲᠤ ᠣᠷᠤᠬᠤ ᠳᠤᠷ᠎ᠠ ᠦᠭᠡᠶ᠂ ᠰᠠᠮᠪᠠᠷ᠎ᠠ ᠵᠥᠯᠭᠦᠭᠦ ᠳᠤᠷ᠎ᠠ ᠦᠭᠡᠶ᠂ ᠭᠢᠴᠢᠶᠠᠯ ᠡᠴᠡ ᠭᠠᠳᠠᠭᠤᠷ ᠨᠤᠮ ᠥᠵᠡᠭᠦ ᠳᠤᠷ᠎ᠠ ᠦᠭᠡᠶ᠁ ᠠᠯᠢ ᠣᠯᠠᠨ ᠳᠠᠯ᠎ᠠ ᠪᠠᠷ ᠢᠯᠠᠷᠠᠵᠤ ᠰᠤᠷᠭᠠᠭᠤᠯᠢ ᠶᠢᠨ ᠣᠯᠠᠨ ᠨᠠᠢ᠌ᠳᠠ ᠶᠢᠨ ᠭᠦᠳᠡᠯᠭᠡᠭᠡᠨ ᠳᠤ ᠣᠷᠤᠯᠴᠠᠬᠤ ᠳᠤᠷ᠎ᠠ ᠦᠭᠡᠶ ᠵᠡᠷᠭᠡ ᠪᠠᠷ ᠢᠯᠠᠷᠠᠵᠤ ᠪᠣᠢ᠃ ᠡᠨᠡ ᠨᠢ ᠯᠠᠪᠳᠠᠢ ᠭᠡᠦᠭᠡᠤᠨ ᠤᠨ ᠡᠷᠡᠭᠦᠯ ᠠᠮᠢᠳᠤᠷᠠᠯ ᠤᠨ ᠳᠠᠤᠠᠬᠠᠯ ᠢ ᠪᠣᠢ ᠪᠣᠯᠭᠠᠬᠤ ᠶᠢ ᠭᠦᠡᠳᠤ ᠨᠤᠴᠢᠳᠠᠢ ᠬᠠᠷᠰᠢᠯᠠᠨ ᠴᠢᠨᠠᠭᠰᠢᠯᠠᠪᠠᠯ ᠰᠤᠷᠤᠯᠭ᠎ᠠ ᠨᠠᠰᠤᠨ ᠤ ᠠᠮᠢᠳᠤᠷᠠᠯ ᠢ ᠨᠥᠯᠦᠭᠡᠯᠡᠭᠦ ᠪᠣᠯᠤᠨ᠎ᠠ᠃ ᠳᠡᠭᠡᠪᠠᠯ᠂ ᠣᠳᠤ ᠶᠢᠨ ᠭᠡᠦᠭᠡᠤᠨ ᠲᠤ 《ᠠᠯᠵᠠᠭᠤ ᠡᠪᠠᠦᠡᠴᠢᠨ》 ᠭᠡᠷᠭᠢᠨ ᠪᠣᠢ ᠪᠣᠯᠤᠭᠰᠠᠨ ᠪᠣᠢ︖ ᠭᠡᠪᠠᠯ ᠳᠤᠤᠷᠠᠭᠢ ᠭᠡᠳᠤᠨ ᠳᠠᠯ᠎ᠠ ᠪᠠᠷ ᠢᠯᠠᠷᠠᠵᠤ ᠪᠣᠢ᠃ ⑴ ᠠᠮᠢᠳᠤᠷᠠᠯ ᠤᠨ ᠨᠥᠭᠦᠴᠡᠯ ᠰᠠᠢ᠌ᠵᠢᠷᠠᠵᠤ ᠮᠠᠰᠢ ᠠᠷᠪᠢᠨ ᠠᠵᠢᠯ ᠶᠠᠪᠣᠳᠠᠯ ᠢ ᠭᠠᠷ ᠭᠦᠳᠡᠯᠤᠨ ᠭᠢᠭᠦ ᠭᠡᠷᠡᠭ᠍ᠴᠡᠭᠡ ᠦᠭᠡᠶ᠂ ᠶᠠᠷᠤᠨᠢ ᠵᠠᠷᠢᠮ ᠭᠦᠮᠦᠰ 《ᠰᠢᠡᠵᠢᠯᠡᠭᠦ ᠣᠬᠠᠭᠠᠨ ᠨᠢ ᠡᠴᠦᠰ ᠲᠡᠭᠡᠨ ᠭᠦᠮᠤᠨ ᠲᠦᠷᠦᠯᠭᠢᠳᠠᠨ ᠢ ᠭᠦᠡᠳᠤ ᠨᠦᠰᠠᠷ ᠪᠠᠶ᠎ᠠ ᠶᠢᠨ ᠭᠦᠳᠡᠯᠮᠦᠷᠢ ᠡᠴᠡ ᠴᠢᠯᠦᠭᠡᠯᠡᠭᠦ ᠶᠢᠨ ᠳᠦᠯᠦᠭᠡ》 ᠭᠡᠵᠤ ᠭᠡᠯᠡᠭ᠍ᠰᠡᠨ ᠰᠢᠭ᠌ ᠣᠳᠤ ᠶᠢᠨ ᠭᠠᠭᠴᠠ ᠭᠡᠦᠭᠡᠤᠨ ᠬᠠᠮᠤᠭ ᠡᠴᠡ ᠣᠷᠢᠳᠠᠪᠠᠷ ᠠᠰᠢᠭ ᠭᠦᠷᠳᠡᠭ᠍ᠴᠢ ᠪᠣᠯᠤᠭᠰᠠᠨ ᠮᠥᠷᠳᠡᠭᠡᠨ ᠬᠤᠤᠷ ᠠᠮᠰᠠᠭᠰᠠᠤᠨ ᠪᠣᠯᠵᠠᠢ᠃ ⑵ ᠡᠴᠢᠭᠡ ᠡᠭᠡ ᠨᠢ ᠭᠡᠳᠤ ᠡᠩᠭᠦᠷᠡᠢ᠌ᠯᠡᠵᠤ᠂ ᠣᠴᠢᠷ ᠪᠣᠯᠭᠠᠨ ᠢ ᠦᠪᠡᠷ ᠶᠢᠡᠨ ᠭᠢᠵᠤ ᠭᠡᠦᠭᠡᠤᠨ ᠶᠢᠡᠨ ᠭᠦᠳᠡᠯᠭᠡᠭᠦ ᠦᠭᠡᠶ᠂ ᠵᠢᠴᠢ ᠵᠠᠷᠢᠮ ᠠᠬᠠᠮᠠᠤᠨ ᠭᠡᠳᠦᠷᠭᠡᠢ ᠶᠠᠭᠠᠷᠠᠭᠰᠠᠨ ᠡᠴᠡ ᠪᠣᠯᠵᠤ ᠭᠡᠦᠭᠡᠤᠨ ᠶᠢᠡᠨ ᠴᠠᠭ ᠢᠮᠠᠭᠳᠠ ᠳᠤᠳᠤᠮᠳᠠᠬᠤ ᠵᠠᠪ ᠦᠭᠡᠶ ᠡᠴᠡ ᠪᠣᠯᠵᠤ ᠵᠤᠭᠤᠰ ᠶᠢᠡᠷ ᠭᠡᠷ ᠤᠨ ᠠᠬᠠᠮᠠᠤᠨ ᠤᠨ ᠬᠠᠯᠠᠮᠵᠢᠯᠠᠯ ᠢ ᠣᠷᠤᠯᠠᠭᠤᠯᠳᠠᠭ ᠡᠴᠡ ᠵᠠᠷᠢᠮ ᠭᠡᠦᠭᠡᠤᠨ ᠨᠢ ᠠᠯᠵᠠᠭᠤ ᠮᠠᠭᠤ ᠳᠠᠤᠠᠬᠠᠯ ᠲᠡᠶ ᠪᠣᠯᠵᠠᠢ᠃ ᠡᠢ᠌ᠮᠤ ᠡᠴᠡ ᠪᠠᠭᠰᠢ ᠠᠬᠠᠮᠠᠤᠨ ᠭᠡᠦᠭᠡᠤᠨ ᠢ ᠢᠯᠡᠭᠦᠭᠡᠨ ᠠᠩᠬᠠᠷᠴᠤ ᠢᠯᠡᠭᠦᠭᠡᠨ ᠬᠠᠯᠠᠮᠵᠢᠯᠠᠵᠤ ᠪᠠᠭ᠎ᠠ ᠣᠴᠢᠷ ᠡᠴᠡ ᠡᠭᠢᠯᠡᠭᠦᠯᠤᠨ ᠵᠠᠯᠬᠠᠭᠤᠷᠠᠬᠤ ᠶᠢ ᠴᠡᠭᠡᠷᠯᠡᠨ᠎ᠡ᠃ ᠭᠡᠦᠭᠡᠤᠨ ᠲᠤ ᠪᠠᠶ᠎ᠠ ᠪᠠᠷ ᠶᠢᠡᠨ ᠭᠡᠪ ᠳᠠᠭᠤᠷᠢᠶᠠᠯ ᠥᠵᠡᠭᠦᠯᠵᠤ᠂ ᠳᠤᠷᠠᠳᠠᠢ ᠵᠣᠢ᠌ᠯ ᠢ ᠨᠢ ᠢᠯᠡᠭᠦᠤ ᠭᠢᠯᠭᠡᠵᠤ᠂ ᠠᠮᠢᠳᠤᠷᠠᠯ ᠳᠤᠮᠳᠠᠭᠢ ᠭᠢᠵᠤ ᠪᠦᠳᠦᠭᠡᠭᠦ ᠶᠢᠨ ᠬᠠᠪᠣ ᠴᠡᠩᠭᠡᠯ ᠢ ᠮᠡᠳᠡᠭᠦᠯᠦᠨ᠎ᠡ᠃

ᠭᠤᠷᠪᠠ᠂ ᠵᠥᠷᠢᠭᠦᠤᠨ

ᠣᠳᠤ ᠶᠢᠨ ᠭᠡᠦᠭᠡᠤᠨ ᠤᠨ ᠣᠯᠠᠩᠭᠢ ᠨᠢ ᠪᠦᠷ ᠵᠤᠵᠢᠭ ᠵᠥᠷᠢᠭᠦᠤᠨ ᠪᠠᠢ᠌ᠳᠠᠭ ᠨᠢ ᠪᠠᠰᠠ ᠡᠳᠡᠨ ᠤ ᠴᠠᠭ ᠦᠶ᠎ᠡ ᠶᠢᠨ ᠣᠠᠴᠠᠯᠢᠭ ᠪᠣᠯᠤᠨ᠎ᠠ᠃ ᠭᠡᠳᠡᠯ᠎ᠡ ᠨᠥᠭᠦᠭᠡ ᠳᠠᠯ᠎ᠠ ᠪᠠᠷ ᠵᠤᠵᠢᠭ ᠵᠥᠷᠢᠭᠦᠤᠨ ᠵᠠᠩ ᠲᠡᠶ ᠭᠡᠦᠭᠡᠤᠨ ᠤᠳ ᠦᠪᠡᠷ ᠤᠨ ᠭᠡᠰᠡᠨ ᠴᠢᠩᠭ᠋᠎ᠠ ᠵᠤᠭᠰᠤᠯᠳᠠ ᠳᠤᠳᠤᠷᠬᠠᠢ ᠦᠵᠡᠯᠳᠠ ᠲᠡᠶ ᠪᠠᠢ᠌ᠳᠠᠭ᠃ ᠡᠢ᠌ᠮᠦᠷᠭᠦ ᠣᠠᠴᠠᠯᠢᠭ ᠨᠢ ᠵᠢᠭᠠᠨ ᠰᠤᠷᠭᠠᠯᠳᠠ ᠳᠤ ᠠᠪᠴᠤ ᠭᠡᠯᠡᠪᠠᠯ ᠨᠢᠭᠡ ᠳᠠᠯ᠎ᠠ ᠪᠠᠷ ᠭᠦᠴᠢᠷᠳᠡᠯ ᠢ ᠠᠪᠴᠢᠷᠠᠵᠤ ᠨᠥᠭᠦᠭᠡ ᠳᠠᠯ᠎ᠠ ᠪᠠᠷ ᠪᠠᠰᠠ ᠪᠠᠶᠠᠷᠯᠠᠭᠤᠰᠢᠳᠠᠢ ᠨᠢᠭᠡ ᠳᠠᠯ᠎ᠠ ᠪᠣᠯᠤᠨ᠎ᠠ᠃ ᠣᠴᠢᠷ ᠨᠢ ᠦᠪᠡᠷ ᠤᠨ ᠶᠢᠡᠨ ᠭᠡᠰᠡᠨ ᠦᠵᠡᠯᠳᠠ ᠵᠤᠭᠰᠤᠯᠳᠠ ᠲᠡᠶ᠂ ᠦᠪᠡᠷᠮᠢᠴᠠ ᠵᠠᠩ ᠠᠭᠠᠰᠢ ᠲᠡᠶ ᠭᠦᠮᠤᠨ ᠰᠠ‍‌ᠶᠢ ᠪᠦᠳᠦᠭᠡᠯᠴᠢ ᠰᠡᠳᠭᠢᠭᠦᠢ ᠲᠡᠶ ᠪᠣᠯᠵᠤ ᠴᠢᠳᠠᠨ᠎ᠠ᠃ ᠳᠡᠭᠡᠪᠠᠯ ᠭᠡᠦᠭᠡᠤᠨ ᠤᠨ ᠣᠠᠴᠠᠯᠢᠭ ᠭᠡᠷᠭᠢᠨ ᠪᠦᠷᠢᠯᠳᠦᠭ᠍ᠰᠡᠨ ᠪᠣᠢ ᠭᠡᠳᠡᠭ᠌ ᠠᠰᠠᠭᠤᠳᠠᠯ ᠢ ᠳᠤᠤᠷᠠᠭᠢ ᠭᠡᠳᠤᠨ ᠳᠠᠯ᠎ᠠ ᠡᠴᠡ ᠣᠢ᠌ᠯᠠᠭᠠᠶ᠎ᠠ᠃ ᠭᠡᠦᠭᠡᠤᠨ ᠤᠨ ᠨᠠᠰᠤᠨ ᠤ ᠣᠠᠴᠠᠯᠢᠭ ᠡᠴᠡ ᠰᠢᠠᠵᠢᠪᠠᠯ ᠠᠩᠬ᠎ᠠ ᠳᠤᠮᠳᠠᠳᠤ ᠳᠤ ᠣᠷᠤᠭᠰᠠᠨ ᠤ ᠳᠠᠷᠠᠭ᠎ᠠ ᠳᠠᠳᠠ ᠬᠤᠶᠠᠳᠤᠭᠠᠷ ᠣᠳᠠᠭ᠎ᠠ 《ᠦᠪᠡᠷ ᠤᠨ ᠪᠠᠶ᠎ᠠ》 ᠪᠠᠷ ᠶᠢᠡᠨ ᠭᠤᠤᠯᠴᠢᠯᠠᠭᠤᠯᠬᠤ ᠰᠠᠤᠠᠭᠢᠴᠠ ᠶᠢᠨ ᠭᠡᠯᠪᠠᠷᠢᠯ ᠲᠡᠶ ᠪᠣᠯᠵᠤ᠂ ᠥᠷᠭᠦᠯᠵᠢ ᠦᠪᠡᠷ ᠢ ᠪᠠᠨ ᠨᠠᠰᠤᠨ ᠳᠤ ᠭᠦᠷᠦᠭ᠍ᠰᠡᠳ ᠲᠡᠶ ᠠᠳᠠᠯᠢᠬᠠᠨ 《ᠶᠡᠭᠡ ᠭᠦᠮᠤᠨ》 ᠶᠢᠡᠷ ᠥᠵᠡᠳᠡᠭ᠌᠃ ⑵ ᠣᠳᠤ ᠶᠢᠨ ᠭᠡᠦᠭᠡᠤᠨ ᠤᠳ ᠤᠨ ᠣᠯᠠᠩᠭᠢ ᠨᠢ ᠠᠢ᠌ᠯ ᠤᠨ ᠭᠠᠭᠴᠠ ᠭᠡᠦᠭᠡᠤᠨ ᠪᠣᠯᠬᠤᠷ ᠭᠡᠷ ᠪᠦᠯᠢ ᠳ᠋ᠠᠭᠢ ᠳᠠᠳᠠᠨ ᠤ ᠪᠠᠢ᠌ᠷᠢ ᠰᠠᠭᠤᠷᠢ ᠦᠨᠳᠦᠷ᠂ ᠶᠠᠷᠤ ᠳᠡᠭᠡᠨ ᠠᠬᠠᠮᠠᠤᠨ ᠡᠴᠡ ᠳᠠᠳᠠᠨ ᠤ ᠰᠠᠨᠠᠯ ᠢ ᠳᠠᠭᠠᠭᠤᠯᠬᠤ ᠨᠢ ᠣᠯᠠᠨ ᠪᠠᠢ᠌ᠳᠠᠭ᠃

ᠳᠡᠭᠡᠪᠠᠯ᠂ ᠡᠢ᠌ᠮᠦᠷᠭᠦ ᠭᠡᠦᠭᠡᠤᠨ ᠤᠨ ᠣᠠᠴᠠᠯᠢᠭ ᠲᠤ ᠭᠡᠷᠭᠢᠨ ᠬᠠᠠᠳᠤᠪᠠᠯ ᠵᠤᠭᠢᠬᠤ ᠪᠣᠢ︖ ⑴ ᠶᠠᠷᠤᠨᠢ ᠶ‍ᠢᠷᠳᠢᠠᠴᠤ ᠳᠡᠯᠡᠭᠡᠢ ᠠᠷᠭ᠎ᠠ ᠪᠢᠯᠢᠭ᠌ ᠶᠢᠡᠷ ᠬᠤᠤᠰᠯᠠᠵᠤ᠂ ᠰᠤᠷᠤᠭᠴᠢ ᠪᠠᠢ᠌ᠬᠤ ᠳᠤ ᠪᠠᠭᠰᠢ ᠪᠠᠢ᠌ᠳᠠᠭ᠂ ᠬᠠᠳᠠᠭᠤ ᠪᠠᠢ᠌ᠬᠤ ᠳᠤ ᠵᠥᠭᠡᠯᠡᠨ ᠪᠠᠰᠠ ᠪᠠᠢ᠌ᠳᠠᠭ᠃ ᠭᠡᠦᠭᠡᠤᠨ ᠤᠨ ᠡᠨᠡᠭᠦ ᠣᠠᠴᠠᠯᠢᠭ ᠨᠢ ᠰᠠᠤᠠᠭᠢᠴᠠ ᠶᠢᠨ ᠳᠠᠯ᠎ᠠ ᠪᠠᠷ ᠪᠣᠯᠪᠠᠰᠤᠷᠠᠩᠭ᠋ᠤᠢ ᠪᠣᠰᠤ ᠪᠠᠢ᠌ᠭ᠎ᠠ ᠶᠢᠨ ᠢᠯᠠᠷᠠᠯ ᠪᠠᠢ᠌ᠵᠤ᠂ ᠳᠠᠳᠠᠨ ᠤ ᠰᠠᠤᠠᠭᠢᠯ ᠳᠤ ᠵᠠᠩᠭᠢᠷᠠᠭ᠎ᠠ ᠲᠡᠶ ᠪᠠᠢ᠌ᠭ᠎ᠠ ᠶᠢ ᠭᠡᠷᠡᠴᠢᠯᠡᠵᠤ ᠪᠣᠢ᠃ ᠡᠢ᠌ᠮᠤ ᠡᠴᠡ ᠭᠡᠦᠭᠡᠤᠨ ᠤᠨ ᠰᠠᠤᠠᠭᠢᠯ ᠤᠨ ᠵᠠᠩᠭᠢᠯᠭ᠎ᠠ ᠶᠢ ᠠᠯᠳᠠᠷᠭᠠᠬᠤ ᠳᠤ ᠬᠠᠯᠳᠠᠵᠤ᠂ ᠶᠠᠩᠰᠢᠵᠤ᠂ ᠵᠠᠩᠨᠠᠬᠤ ᠶᠢ ᠳᠠᠪᠴᠢᠨ ᠪᠠᠭᠰᠢ ᠠᠬᠠᠮᠠᠤᠨ ᠡᠴᠡ ᠬᠠᠯᠠᠰᠢᠷᠠᠯ ᠦᠭᠡᠶ ᠪᠠᠷ ᠭᠡᠦᠭᠡᠤᠨ ᠲᠡᠶ ᠰᠠᠤᠠᠭᠢᠯ ᠶᠢᠡᠨ ᠶᠠᠷᠢᠯᠴᠠᠨ᠂ ᠰᠠᠨᠠᠯ ᠦᠭ‍ᠭᠦ ᠮᠠᠶ‍ᠢᠭ ᠶᠢᠡᠷ ᠭᠡᠦᠭᠡᠤᠨ ᠢ ᠰᠡᠩᠭᠡᠷᠡᠭᠦᠯᠵᠤ᠂ ᠬᠠᠢ᠌ᠷ᠎ᠠ ᠪᠠᠷ ᠭᠡᠦᠭᠡᠤᠨ ᠤᠨ ᠰᠠᠤᠠᠭᠢᠯ ᠤᠨ ᠵᠠᠩᠭᠢᠯᠠᠭᠠᠰᠤ ᠶᠢ ᠳᠠᠢ᠌ᠯᠵᠤ᠂ ᠵᠥᠭᠡᠯᠡᠨ ᠶᠢᠡᠷ ᠬᠠᠳᠠᠭᠤ ᠶᠢ ᠣᠶᠠᠰᠬᠠᠬᠤ ᠭᠡᠷᠡᠭ᠍ᠳᠡᠢ᠃ ᠭᠡᠦᠭᠡᠤᠨ ᠴᠤ ᠭᠡᠰᠡᠨ ᠳᠡᠭᠦᠨ ᠤ ᠦᠵᠡᠯᠳᠠ ᠪᠠᠨ ᠪᠠᠷᠢᠮᠳᠠᠯᠠᠬᠤ ᠡᠷᠭᠡ ᠲᠡᠶ᠃ ᠵᠠᠷᠢᠮ ᠦᠶ᠎ᠡ ᠳᠤ ᠭᠡᠦᠭᠡᠤᠨ ᠪᠠᠰᠠ ᠡᠢ᠌ᠮᠦᠷᠭᠦ ᠠᠷᠭ᠎ᠠ ᠪᠠᠷᠢᠯ ᠶᠢᠡᠷ ᠳᠤᠰ ᠪᠠᠶ᠎ᠠ ᠶᠢᠨ ᠶᠢᠡᠨ ᠠᠰᠢᠭ ᠳᠤᠰᠠ ᠶᠢ ᠬᠠᠮᠠᠭᠠᠯᠠᠳᠠᠭ᠃ ᠡᠨᠡ ᠨᠢ ᠳᠠᠷᠤᠢ ᠵᠠᠷᠠᠭ᠎ᠠ ᠳᠠᠢ᠌ᠰᠤᠨ ᠡᠳᠡᠭᠡᠤᠨ ᠲᠡᠶ ᠪᠠᠨ ᠣᠴᠠᠷᠠᠬᠤ ᠦᠶᠡᠰ ᠥᠷᠭᠡᠰᠦᠳᠤ ᠬᠤᠶᠠᠭ ᠶᠢᠡᠷ ᠶᠢᠡᠨ ᠡᠰᠡᠷᠭᠦᠴᠡᠳᠡᠭ᠌ ᠲᠡᠶ ᠠᠳᠠᠯᠢ ᠪᠣᠯᠤᠨ᠎ᠠ᠃ ⑵ ᠭᠡᠦᠭᠡᠤᠨ ᠢ ᠪᠠᠭ᠎ᠠ ᠡᠴᠡ ᠨᠢ ᠪᠣᠰᠤᠳ ᠭᠡᠦᠭᠡᠤᠨ ᠲᠡᠶ ᠢᠯᠡᠭᠦᠭᠡᠨ ᠣᠢ᠌ᠷᠠᠳᠤᠭᠤᠯᠬᠤ ᠨᠢ ᠳᠠᠳᠠᠨ ᠤ ᠵᠤᠵᠢᠭ ᠵᠠᠩ ᠢ ᠬᠤᠪᠢᠷᠠᠭᠤᠯᠬᠤ ᠪᠠᠰᠠ ᠨᠢᠭᠡ ᠠᠷᠭ᠎ᠠ ᠮᠦᠨ᠃ ᠣᠴᠢᠷ ᠨᠢ ᠭᠡᠦᠭᠡᠤᠨ ᠤᠳ ᠤᠨ ᠬᠤᠭᠤᠷᠤᠠᠳᠤᠭᠢ ᠰᠡᠳᠭᠢᠭᠦᠢ ᠣᠢ᠌ᠷᠠᠯᠴᠠᠭ᠎ᠠ ᠪᠠᠢ᠌ᠵᠤ ᠨᠢᠭᠡ ᠨᠢᠭᠡᠨ ᠳᠡᠭᠡᠨ ᠰᠠᠨᠠᠭ᠎ᠠ ᠪᠣᠳᠤᠯ ᠶᠢᠡᠨ ᠠᠭᠤᠳᠠᠯᠵᠤ᠂ ᠰᠤᠯᠢᠯᠴᠠᠬᠤ ᠳᠤᠷᠠᠳᠠᠢ ᠪᠠᠢ᠌ᠳᠠᠭ᠂ ᠡᠢ᠌ᠮᠦᠷᠭᠦ ᠣᠯᠠᠨ ᠠᠷᠪᠢᠨ ᠰᠠᠤᠠᠭᠢᠯ ᠤᠨ ᠬᠠᠨᠢ ᠲᠡᠶ ᠣᠷᠴᠢᠨ ᠳᠤᠭᠤᠷᠢᠨ ᠳᠤ ᠥᠰᠦᠭ᠍ᠰᠡᠨ ᠭᠡᠦᠭᠡᠤᠨ ᠤᠨ ᠵᠠᠩ ᠠᠭᠠᠰᠢ ᠨᠢ ᠠᠭᠤᠵᠢᠭᠤ ᠳᠠᠯᠪᠢᠭᠤ᠂ ᠪᠠᠶᠠᠰᠤᠩᠭ᠋ᠤᠢ ᠪᠠᠢ᠌ᠵᠤ᠂ ᠵᠤᠵᠢᠭ ᠵᠥᠷᠢᠭᠦᠤᠨ ᠵᠠᠩ ᠲᠡᠶ ᠪᠣᠯᠬᠤ ᠡᠴᠡ ᠵᠠᠢ᠌ᠯᠠᠰᠭᠢᠵᠤ ᠪᠣᠯᠤᠨ᠎ᠠ᠃ ᠰᠤᠷᠭᠠᠭᠤᠯᠢ ᠳᠡᠭᠡᠷ᠎ᠡ ᠴᠤ ᠭᠡᠰᠡᠨ ᠪᠠᠭᠰᠢ ᠡᠴᠡ ᠭᠡᠦᠭᠡᠤᠨ ᠤᠨ ᠵᠤᠵᠢᠭ ᠠᠭᠠᠰᠢ ᠢᠯᠡᠷᠡᠭᠦ ᠦᠶᠡᠰ ᠰᠢᠭᠤᠳ ᠭᠡᠦᠭᠡᠤᠨ ᠲᠡᠶ ᠬᠠᠷᠢᠯᠴᠠᠬᠤ ᠶᠢ ᠪᠣᠳᠤᠪᠠᠯ ᠬᠠᠮᠳᠤ ᠨᠥᠭᠦᠤᠨ ᠶᠢᠡᠷ ᠨᠢ ᠳᠠᠳᠠᠨ ᠳᠤ ᠦᠵᠡᠯ ᠰᠠᠨᠠᠭᠠᠨ ᠤ ᠠᠵᠢᠯ ᠭᠢᠯᠭᠡᠪᠠᠯ ᠢᠯᠡᠭᠦᠤ ᠣᠷᠤᠭᠰᠢᠳᠠᠢ ᠪᠠᠢ᠌ᠵᠤ ᠮᠠᠳᠠᠨ᠎ᠠ᠃ ⑶ ᠡᠭᠦᠨ ᠤ ᠬᠠᠮᠳᠤ ᠳᠠᠳᠠᠨ ᠤ ᠵᠦᠪ ᠦᠵᠡᠯᠳᠠ ᠪᠠᠨ ᠪᠠᠷᠢᠮᠳᠠᠯᠠᠬᠤ ᠶᠢ ᠬᠤᠷᠢᠭᠯᠠᠵᠤ ᠪᠣᠯᠬᠤ ᠦᠭᠡᠶ᠃ ᠣᠳᠤ ᠶᠢᠨ ᠨᠡᠢ᠌ᠭᠡᠮ ᠳᠡᠭᠡᠷ᠎ᠡ ᠰᠢᠨ᠎ᠠ ᠶᠢ ᠡᠭᠦᠦᠡᠭᠦ ᠰᠡᠳᠭᠢᠭᠦᠢ ᠦᠭᠡᠶ ᠭᠦᠮᠤᠨ ᠣᠷᠤᠰᠢᠨ ᠳᠤᠭᠳᠠᠨᠢᠬᠤ ᠳᠤ ᠭᠦᠴᠢᠷ ᠪᠠᠢ᠌ᠳᠠᠭ ᠪᠣᠯ ᠭᠡᠦᠭᠡᠤᠨ ᠤᠨ ᠵᠦᠪ ᠦᠵᠡᠯᠳᠠ ᠪᠠᠨ ᠪᠠᠷᠢᠮᠳᠠᠯᠠᠬᠤ ᠨᠢ ᠳᠠᠳᠠᠨ ᠤ ᠪᠦᠳᠦᠭᠡᠯᠴᠢ ᠰᠤᠨᠭᠢᠭᠦᠢ ᠶᠢ ᠭᠦᠭ᠍ᠵᠢᠭᠦᠯᠭᠦ ᠶᠢᠨ ᠣᠷᠢᠳᠠᠯ ᠪᠣᠯᠳᠠᠭ᠃ ⑷ ᠢᠳᠡᠭᠡᠨ ᠣᠮᠳᠠᠭᠠᠨ ᠤ ᠠᠷᠭ᠎ᠠ ᠪᠠᠷ ᠪᠠᠰᠠ ᠭᠡᠦᠭᠡᠤᠨ ᠤᠨ ᠵᠤᠵᠢᠭ ᠵᠥᠷᠢᠭᠦᠤᠨ ᠵᠠᠩ ᠢ ᠵᠤᠭᠢᠬᠤ ᠭᠡᠮᠵᠢᠶ᠎ᠡ ᠪᠠᠷ ᠪᠠᠭᠠᠰᠬᠠᠵᠤ ᠪᠣᠯᠤᠨ᠎ᠠ᠃ ᠵᠢᠱᠢᠶᠠᠯᠠᠪᠠᠯ᠄ ᠪᠠᠯᠳᠤ ᠰᠢᠭᠢᠷ ᠢ ᠵᠢᠮᠢᠰ ᠤᠨ ᠰᠢᠭᠦᠰᠤ ᠲᠡᠶ ᠣᠤᠭᠤᠬᠤ᠂ ᠮᠢᠬᠠᠨ ᠤ ᠵᠣᠢ᠌ᠯ ᠢ ᠳᠤᠳᠠᠭᠤ ᠢᠳᠡᠭᠦ᠂ ᠵᠢᠭᠠᠰᠤ ᠨᠤᠭᠤᠭ᠎ᠠ ᠶᠢ ᠢᠯᠡᠭᠦᠤ ᠢᠳᠠᠵᠤ᠂ ᠳᠠᠪᠣᠰᠤ ᠰᠤᠯᠠ ᠢᠳᠡᠭᠦ᠂ ᠭᠦᠢᠳᠡᠨ ᠣᠮᠳᠠᠭᠠᠨ ᠣᠤᠭᠤᠬᠤ ᠵᠡᠷᠭᠡ ᠠᠷᠭ᠎ᠠ ᠶᠢ ᠳᠤᠷᠰᠢᠵᠤ ᠪᠣᠯᠤᠨ᠎ᠠ᠃

ᠳᠦᠷᠪᠡ᠂ ᠡᠷᠳᠡ ᠢᠨᠠᠭᠯᠠᠬᠤ ᠥᠵᠡᠭ᠍ᠳᠡᠯ ᠳᠦᠭᠡᠮᠡᠯ ᠪᠠᠢ᠌ᠨ᠎ᠠ

ᠴᠠᠭ ᠦᠶ᠎ᠡ ᠶᠢᠨ ᠭᠦᠭ᠍ᠵᠢᠭᠦ ᠶᠢ ᠳᠠᠭᠠᠯᠳᠤᠨ ᠰᠤᠷᠤᠭᠴᠢᠳ ᠤᠨ ᠪᠠᠯᠭᠡ ᠶᠢᠨ ᠳᠠᠯ᠎ᠠ ᠶᠢᠨ ᠪᠣᠯᠪᠠᠰᠤᠷᠠᠬᠤ ᠨᠢ ᠣᠯᠠᠮ ᠡᠴᠡ ᠡᠷᠳᠡ ᠪᠣᠯᠵᠤ ᠪᠠᠢ᠌ᠨ᠎ᠠ᠃ ᠮᠠᠰᠢ ᠠᠷᠪᠢᠨ ᠠᠩᠬ᠎ᠠ ᠳᠤᠮᠳᠠ ᠶᠢᠨ ᠰᠤᠷᠤᠭᠴᠢ ᠴᠦᠮ ᠪᠦᠷᠦᠭ᠌ ᠪᠠᠷᠤᠭ ᠬᠠᠢ᠌ᠷ᠎ᠠ ᠰᠡᠳᠬᠢᠯᠭᠡ ᠶᠢᠨ ᠭᠦᠪᠦᠷᠡᠯ ᠲᠡᠶ ᠪᠣᠯᠳᠠᠭ ᠪᠣᠶᠤ ᠥᠩᠭᠡᠷᠡᠯᠳᠡ ᠲᠡᠶ ᠪᠠᠢ᠌ᠨ᠎ᠠ᠃ ᠡᠭᠦᠨ ᠤ ᠰᠢᠯᠳᠠᠭᠠᠨ ᠢ ᠵᠠᠳᠠᠯᠪᠠᠯ ᠄ ⑴ ᠭᠡᠦᠭᠡᠤᠨ ᠤᠨ ᠪᠠᠯᠭᠡ ᠶᠢᠨ ᠪᠣᠯᠪᠠᠰᠤᠷᠠᠬᠤ ᠶᠢᠨ ᠡᠷᠳᠡ ᠪᠣᠯᠬᠤ ᠶᠢ ᠳᠠᠭᠠᠯᠳᠤᠨ᠂ ᠪᠠᠯᠭᠡ ᠶᠢᠨ ᠣᠬᠠᠮᠰᠠᠷ ᠨᠢ ᠰᠤᠶᠤᠭᠠᠯᠠᠵᠤ᠂ ᠢᠵᠢᠯ ᠪᠣᠰᠤ ᠭᠦᠢᠰᠦᠳᠡᠨ ᠳᠤ ᠰᠤᠨᠢᠷᠬᠠᠯ ᠲᠡᠶ ᠪᠣᠯᠳᠠᠭ᠃ ⑵ ᠣᠷᠴᠢᠨ ᠳᠤᠭᠤᠷᠢᠨ ᠤ ᠨᠥᠯᠦᠭᠡ ᠡᠴᠡ ᠪᠣᠯᠵᠤ ᠨᠡᠢ᠌ᠭᠡᠮ ᠳᠡᠭᠡᠷ᠎ᠡ ᠭᠦᠮᠦᠰ ᠤᠨ ᠢᠨᠠᠭᠯᠠᠬᠤ ᠥᠵᠡᠭ᠍ᠳᠡᠯ ᠢ ᠠᠷᠪᠢᠨ ᠬᠠᠷᠠᠭᠰᠠᠨ ᠪᠣᠶᠤ ᠠᠩᠭᠢ ᠨᠠᠢ᠌ᠳᠠ᠂ ᠰᠤᠷᠭᠠᠭᠤᠯᠢ ᠶᠢᠨ ᠣᠷᠴᠢᠨ ᠳᠤᠭᠤᠷᠢᠨ ᠳ᠋ᠤᠨᠢ ᠢᠨᠠᠭᠯᠠᠬᠤ ᠥᠵᠡᠭ᠍ᠳᠡᠯ ᠠᠷᠪᠢᠨ ᠪᠣᠯ ᠮᠦᠨ ᠨᠥᠯᠦᠭᠡᠯᠡᠭ᠍ᠳᠡᠨ᠎ᠡ᠃ ⑶ ᠨᠡᠢ᠌ᠭᠡᠮ ᠤᠨ ᠮᠠᠭᠤ ᠨᠥᠯᠦᠭᠡ ᠶᠢ ᠭᠦᠷᠳᠡᠵᠤ᠂ ᠺᠢᠨᠣ᠊ ᠳᠸᠯᠸᠢᠰ᠂ ᠨᠤᠮ ᠰᠤᠳᠤᠷ᠂ ᠰᠦᠯᠵᠢᠶ᠎ᠠ ᠬᠤᠯᠪᠣᠭ᠎ᠠ ᠡᠴᠡ ᠪᠣᠯᠵᠤ ᠭᠡᠳᠦᠷᠭᠡᠢ ᠡᠷᠳᠡ ᠢᠨᠠᠭ ᠬᠠᠢ᠌ᠷ᠎ᠠ ᠶᠢᠨ ᠣᠴᠢᠷ ᠤᠳ ᠲᠡᠶ ᠣᠢ᠌ᠷᠠᠳᠤᠵᠤ᠂ ᠡᠨᠡᠭᠦ 《ᠰᠤᠨᠢᠷᠬᠠᠯᠳᠠᠢ ᠵᠣᠢ᠌ᠯ》 ᠳᠤ ᠣᠢ᠌ᠷᠠᠳᠤᠬᠤ ᠳᠤᠯᠭᠠᠮ᠎ᠠ ᠭᠦᠰᠡᠯ ᠲᠡᠶ ᠪᠣᠯᠳᠠᠭ᠃

ᠳᠡᠭᠡᠪᠠᠯ ᠡᠷᠳᠡ ᠢᠨᠠᠭᠯᠠᠬᠤ ᠥᠵᠡᠭ᠍ᠳᠡᠯ ᠳᠤ ᠭᠡᠷᠭᠢᠨ ᠬᠠᠠᠳᠤᠬᠤ ᠪᠣᠢ︖ ᠭᠡᠪᠠᠯ ⑴ ᠵᠦᠪ ᠶᠢᠡᠷ ᠵᠢᠯᠤᠭᠤᠤᠠᠴᠤ ᠢᠳᠠᠪᠭᠢᠳᠠᠢ ᠪᠠᠷ ᠬᠠᠠᠳᠤᠵᠤ᠂ ᠪᠠᠯᠭᠡ ᠶᠢᠨ ᠰᠤᠨᠢᠷᠬᠠᠯᠳᠤ ᠴᠢᠨᠠᠷ ᠢ ᠪᠠᠭᠠᠰᠬᠠᠬᠤ⑵ ᠰᠤᠷᠭᠠᠭᠤᠯᠢ ᠶᠢᠨ ᠭᠦᠷᠢᠶᠡᠨ ᠤ ᠠᠮᠢᠳᠤᠷᠠᠯ ᠢ ᠪᠠᠶᠠᠯᠢᠭᠵᠢᠭᠤᠯᠵᠤ ᠵᠠᠯᠠᠭᠤ ᠨᠠᠰᠤᠨ ᠤ ᠦᠶ᠎ᠡ ᠶᠢᠨ ᠭᠢᠴᠢᠶᠡᠯᠯᠡᠭᠡ ᠨᠡᠭᠡᠭᠡᠭᠦ᠂ ᠢᠨᠠᠭ ᠤᠨ ᠬᠠᠷᠠᠯᠳᠠ ᠰᠢᠯᠵᠢᠭᠦᠯᠭᠦ ᠵᠡᠷᠭᠡ ᠠᠷᠭ᠎ᠠ ᠶᠢ ᠭᠡᠷᠡᠭᠯᠡᠵᠤ ᠪᠣᠯᠤᠨ᠎ᠠ᠃ ⑶ ᠭᠡᠦᠭᠡᠤᠨ ᠢ ᠢᠯᠡᠭᠦᠭᠡᠨ ᠬᠠᠯᠠᠮᠵᠢᠯᠠᠵᠤ᠂ ᠰᠤᠷᠤᠭᠴᠢᠳ ᠲᠤ ᠠᠰᠢᠭ ᠬᠤᠤᠷ ᠢ ᠢᠯᠡᠭᠦᠭᠡᠨ ᠶᠠᠷᠢᠬᠤ ᠪᠣᠶᠤ ᠶᠠᠷᠢᠯᠴᠠᠵᠤ ᠰᠠᠢ᠌ᠨ ᠰᠠᠢ᠌ᠬᠠᠨ ᠬᠠᠮᠳᠤ ᠶᠢᠨ ᠣᠷᠴᠢᠨ ᠳᠤᠭᠤᠷᠢᠨ ᠢ ᠪᠣᠢ ᠪᠣᠯᠭᠠᠬᠤ ᠭᠡᠷᠡᠭ᠍ᠳᠡᠢ᠃

ᠳᠠᠪᠣ᠂ ᠡᠷᠡᠭᠦᠯ ᠪᠣᠰᠤ ᠪᠠᠷ ᠡᠷᠭᠡ ᠴᠢᠯᠦᠭᠡᠨ ᠤ ᠬᠣᠢ᠌ᠨ᠎ᠠ ᠡᠴᠡ ᠭᠦᠭᠡᠭᠡᠴᠡᠯᠳᠦᠭᠦ

ᠥᠭᠡᠷᠡᠴᠢᠯᠡᠯᠳᠡ ᠭᠢᠵᠤ ᠴᠢᠯᠦᠭᠡᠳᠡᠢ ᠶᠠᠪᠣᠯᠴᠠᠭᠰᠠᠨ ᠡᠴᠡ ᠨᠠᠰᠢᠭᠢ ᠵᠠᠬ᠎ᠠ ᠳᠡᠯᠭᠡᠭᠦᠷ ᠤᠨ ᠠᠵᠤ ᠠᠬᠤᠢ ᠶᠢᠨ ᠨᠡᠭᠡᠭᠡᠯᠳᠤ ᠴᠢᠨᠠᠷ ᠢ ᠳᠠᠭᠠᠯᠳᠤᠨ ᠮᠠᠰᠢ ᠠᠷᠪᠢᠨ ᠭᠦᠮᠤᠨ ᠤ ᠦᠵᠡᠯ ᠰᠠᠨᠠᠭᠠᠨ ᠤ ᠳᠠᠯ᠎ᠠ ᠳᠤ ᠴᠤ ᠢᠯᠡᠷᠭᠡᠢ ᠬᠤᠪᠢᠷᠠᠯᠳᠠ ᠭᠠᠷᠴᠤ ᠨᠠᠢ᠌ᠳᠠᠮ ᠳᠡᠭᠡᠨ ᠡᠷᠭᠡ ᠴᠢᠯᠦᠭᠡ ᠶᠢ ᠭᠡᠳᠦᠷᠭᠡᠢ ᠭᠦᠭᠡᠭᠡᠴᠡᠯᠳᠦᠭᠦ ᠬᠠᠯᠠᠮᠰᠢᠯ ᠪᠣᠢ ᠪᠣᠯᠪᠠ᠃ ⑴ ᠡᠢ᠌ᠮᠦᠷᠭᠦ ᠡᠷᠡᠭᠦᠯ ᠪᠣᠰᠤ ᠨᠡᠢ᠌ᠭᠡᠮ ᠤᠨ ᠦᠵᠡᠯ ᠰᠠᠨᠠᠭᠠᠨ ᠤ ᠣᠷᠤᠰᠬᠠᠯ ᠰᠤᠷᠭᠠᠭᠤᠯᠢ ᠶᠢᠨ ᠭᠦᠷᠢᠶᠡᠨ ᠳᠤ ᠣᠷᠤᠵᠤ ᠵᠠᠯᠠᠭᠤ ᠪᠠᠭᠠᠴᠤᠳ ᠤᠨ ᠦᠵᠡᠯ ᠰᠠᠨᠠᠭ᠎ᠠ ᠶᠢ ᠨᠥᠯᠦᠭᠡᠯᠡᠵᠤ᠂ ᠳᠠᠰ ᠡᠴᠡ ᠳᠠᠪᠠᠭᠰᠠᠨ ᠡᠷᠭᠡ ᠴᠢᠯᠦᠭᠡᠨ ᠤ ᠦᠵᠡᠯᠳᠠ ᠲᠡᠶ ᠪᠣᠯᠭᠠᠪᠠ᠃ ⑵ ᠠᠮᠢᠳᠤᠷᠠᠯ ᠤᠨ ᠨᠥᠭᠦᠴᠡᠯ ᠰᠠᠢ᠌ᠵᠢᠷᠠᠭᠰᠠᠨ ᠪᠠ ᠣᠯᠠᠩᠭᠢ ᠭᠡᠷ ᠪᠦᠯᠢ ᠨᠢ ᠭᠠᠭᠴᠠ ᠭᠡᠦᠭᠡᠤᠨ ᠲᠡᠶ ᠡᠴᠡ ᠪᠣᠯᠵᠤ ᠭᠡᠦᠭᠡᠤᠨ ᠤᠳ ᠭᠡᠳᠦᠷᠭᠡᠢ ᠡᠷᠭᠡ ᠳᠤᠷ᠎ᠠ ᠪᠠᠷ ᠦᠰᠴᠦ᠂ ᠡᠢ᠌ᠮᠦᠷᠭᠦ ᠣᠷᠴᠢᠨ ᠳᠤᠭᠤᠷᠢᠨ ᠤ ᠨᠥᠯᠦᠭᠡ ᠨᠢ ᠰᠤᠷᠤᠭᠴᠢᠳ ᠤᠨ ᠭᠡᠷ ᠪᠦᠯᠢ ᠶᠢᠨ ᠡᠷᠭᠡ ᠴᠢᠯᠦᠭᠡ ᠶᠢ ᠭᠡᠳᠦᠷᠭᠡᠢ ᠭᠦᠭᠡᠭᠡᠴᠡᠯᠳᠦᠭᠦ ᠳᠤ ᠰᠢᠭᠤᠳ ᠰᠢᠯᠳᠠᠭᠠᠨ ᠪᠣᠯᠤᠭᠰᠠᠨ ᠪᠠᠢ᠌ᠨ᠎ᠠ᠃ ⑶ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠳᠤᠮᠳᠠᠭᠢ ᠨᠢᠭᠡ ᠪᠦᠯᠦᠭ᠌ ᠭᠦᠮᠦᠡᠯᠢᠭ᠌ ᠴᠢᠨᠠᠷ ᠲᠡᠶ ᠠᠭᠤᠯᠭ᠎ᠠ ᠶᠢ ᠵᠠᠷᠢᠮ ᠰᠤᠷᠤᠭᠴᠢ᠂ ᠰᠤᠷᠭᠠᠭᠤᠯᠢ᠂ ᠭᠡᠷ ᠤᠨ ᠠᠬᠠᠮᠠᠤᠨ ᠡᠴᠡ ᠭᠡᠳᠦᠷᠭᠡᠢ ᠥᠷᠦᠭᠡᠰᠦᠯ ᠶᠢᠡᠷ ᠣᠢ᠌ᠯᠠᠭᠠᠵᠤ 《ᠠᠷᠠᠯᠵᠢᠶᠠᠨ ᠤ ᠳᠠᠯᠠᠪᠣᠷ ᠳᠠᠭᠢ ᠵᠤᠴᠢᠨ ᠪᠣᠯ ᠬᠠᠭᠠᠨ》 ᠭᠡᠰᠡᠨ ᠲᠡᠶ ᠠᠳᠠᠯᠢ ᠪᠠᠷ ᠥᠵᠡᠭ᠍ᠰᠡᠨ ᠵᠡᠷᠭᠡ ᠰᠢᠯᠳᠠᠭᠠᠨ ᠡᠴᠡ ᠰᠤᠷᠤᠭᠴᠢᠳ ᠤᠨ ᠭᠡᠳᠦᠷᠭᠡᠢ ᠡᠷᠭᠡ ᠴᠢᠯᠦᠭᠡᠨ ᠤ ᠬᠣᠢ᠌ᠨ᠎ᠠ ᠡᠴᠡ ᠭᠦᠭᠡᠭᠡᠴᠡᠯᠳᠦᠭᠦ ᠦᠵᠡᠯᠳᠠ ᠶᠢ ᠪᠣᠢ ᠪᠣᠯᠭᠠᠵᠠᠢ᠃

ᠡᠨᠡ ᠠᠰᠠᠭᠤᠳᠠᠯ ᠳᠤ ᠬᠠᠠᠳᠤᠬᠤ ᠳᠠᠭᠠᠨ ⑴ ᠰᠠᠢ᠌ᠨ ᠰᠠᠢ᠌ᠬᠠᠨ ᠭᠡᠷ ᠪᠦᠯᠢ ᠶᠢᠨ ᠣᠷᠴᠢᠨ ᠳᠤᠭᠤᠷᠢᠨ ᠢ ᠪᠦᠷᠢᠯᠳᠦᠭᠦᠯᠵᠤ ᠠᠬᠠᠮᠠᠤᠨ ᠪᠣᠯᠤᠭᠰᠠᠤᠨ ᠭᠡᠦᠭᠡᠤᠨ ᠶᠢᠡᠨ ᠪᠠᠭ᠎ᠠ ᠡᠴᠡ ᠨᠢ ᠴᠢᠩᠭ᠋᠎ᠠ ᠱᠠᠭᠠᠷᠳᠠᠵᠤ᠂ ᠵᠦᠪ ᠡᠷᠭᠡ ᠴᠢᠯᠦᠭᠡᠨ ᠤ ᠦᠵᠡᠯᠳᠠ ᠶᠢ ᠪᠣᠢ ᠪᠣᠯᠭᠠᠵᠤ᠂ ᠭᠡᠦᠭᠡᠤᠨ ᠢ ᠭᠡᠳᠦᠷᠭᠡᠢ ᠡᠷᠭᠡ ᠳᠤᠷ᠎ᠠ ᠪᠠᠷ ᠪᠠᠢ᠌ᠬᠤ ᠶᠢ ᠳᠠᠪᠴᠢᠵᠤ᠂ ᠭᠡᠦᠭᠡᠤᠨ ᠲᠤ ᠭᠡᠳᠦᠷᠭᠡᠢ ᠳᠤᠷ᠎ᠠ ᠪᠠᠷ ᠠᠭᠠᠰᠢᠯᠠᠬᠤ ᠨᠢ ᠳᠠᠳᠠᠨ ᠳ᠋ᠤ ᠬᠤᠤᠷ ᠭᠦᠨᠦᠭᠡᠯ ᠪᠣᠯᠬᠤ ᠶᠢ ᠮᠡᠳᠡᠭᠦᠯᠦᠨ᠎ᠡ᠃ ⑵ ᠪᠠᠭᠰᠢ ᠡᠴᠡ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠳᠠᠷᠠᠭᠠᠭᠢ ᠰᠤᠷᠤᠭᠴᠢ ᠪᠠᠷ ᠭᠤᠤᠯ ᠴᠤᠭᠴᠠ ᠪᠣᠯᠭᠠᠬᠤ ᠶᠠᠪᠣᠳᠠᠯ ᠢ ᠥᠷᠦᠭᠡᠰᠦᠯ ᠶᠢᠡᠷ ᠴᠢᠬᠤᠯᠠᠴᠢᠯᠠᠬᠤ ᠡᠴᠡ ᠵᠠᠢ᠌ᠯᠠᠰᠭᠢᠵᠤ ᠰᠤᠷᠤᠭᠴᠢᠳ ᠢ ᠣᠢ᠌ᠯᠠᠭᠠᠵᠤ ᠬᠠᠯᠠᠮᠵᠢᠯᠠᠨ᠂ ᠵᠦᠢ ᠵᠤᠭᠢᠰᠳᠠᠢ ᠪᠠᠷ ᠰᠡᠩᠭᠡᠷᠡᠭᠦᠯᠤᠨ ᠭᠦᠳᠤᠯᠡᠨ᠎ᠡ᠃ ᠴᠢᠬᠤᠯᠠᠳᠠᠢ ᠦᠶ᠎ᠡ ᠳᠤ ᠡᠯ᠎ᠡ ᠵᠣᠢ᠌ᠯ ᠤᠨ ᠵᠠᠯᠬᠠᠭᠠᠬᠤ ᠠᠷᠭ᠎ᠠ ᠶᠢ ᠠᠪᠴᠤ ᠪᠣᠯᠤᠨ᠎ᠠ᠂ (ᠭᠡᠪᠠᠴᠤ ᠡᠨᠡ ᠨᠢ ᠬᠠᠯᠠ ᠥᠵᠡᠭᠦᠯᠭᠦ ᠲᠡᠶ ᠠᠳᠠᠯᠢ ᠦᠭᠡᠶ) ᠪᠠᠰᠠ ᠠᠩᠭᠢ ᠨᠠᠢ᠌ᠳᠠ ᠶᠢᠨ ᠰᠤᠷᠳᠠᠯ ᠤᠨ ᠪᠠᠢ᠌ᠭᠤᠯᠤᠯᠳᠠ ᠪᠠᠨ ᠴᠢᠩᠭ᠋ᠠᠤᠠᠬᠠᠵᠤ᠂ ᠪᠠᠭᠰᠢ ᠪᠠᠶ᠎ᠠ ᠪᠠᠷ ᠶᠢᠡᠨ ᠭᠡᠪ ᠳᠦᠷᠢᠮ ᠥᠵᠡᠭᠦᠯᠭᠦ᠂ ᠠᠮᠢᠳᠤᠷᠠᠯ ᠤᠨ ᠳᠤᠮᠳᠠᠭᠢ ᠡᠷᠭᠡ ᠴᠢᠯᠦᠭᠡ ᠶᠢ ᠭᠦᠭᠡᠭᠡᠴᠡᠯᠳᠦᠭ᠍ᠰᠡᠨ ᠡᠴᠡ ᠬᠤᠤᠷ ᠠᠮᠰᠠᠭᠰᠠᠨ ᠪᠣᠳᠠᠳᠤ ᠵᠢᠱᠢᠶ᠎ᠠ ᠶᠢ ᠶᠠᠷᠢᠬᠤ ᠪᠣᠶᠤ ᠥᠵᠡᠭᠦᠯᠭᠦ ᠵᠡᠷᠭᠡ ᠠᠷᠭ᠎ᠠ ᠶᠢ ᠳᠤᠷᠰᠢᠵᠤ ᠪᠣᠯᠤᠨ᠎ᠠ᠃

ᠪᠠᠭᠰᠢ ᠠᠬᠠᠮᠠᠤᠨ ᠡᠴᠡ ᠣᠳᠤ ᠴᠠᠭ ᠦᠶ᠎ᠡ ᠶᠢᠨ ᠭᠡᠦᠭᠡᠤᠨ ᠤᠨ ᠣᠠᠴᠠᠯᠢᠭ ᠢ ᠢᠯᠡᠭᠦᠭᠡᠨ ᠠᠩᠬᠠᠷᠴᠤ᠂ ᠭᠡᠦᠭᠡᠤᠨ ᠲᠤ ᠬᠠᠢ᠌ᠷ᠎ᠠ ᠪᠠᠨ ᠥᠭ᠍ᠴᠤ ᠰᠢᠨ᠎ᠠ ᠵᠠᠭᠤᠨ ᠤ ᠰᠤᠷᠭᠠᠨ ᠭᠦᠮᠦᠵᠢᠯ ᠤᠨ ᠥᠷᠢᠰᠦᠯᠳᠦᠭᠡᠨ ᠳᠤ ᠵᠤᠷᠢᠭᠳᠠᠢ ᠬᠠᠠᠳᠤᠶ᠎ᠠ︕

ᠠᠰᠢᠭᠯᠠᠭᠰᠠ ᠮᠠᠲ᠋ᠸᠷᠢᠶᠠᠯ

⒈初中生常见心理问题及疏导 济南大学出版社 陈筱洁著 2006年1月

⒉www.sina.cn.com 中国新闻

⒊家庭心理辅导 中山大学出版社 农秋著 2004年8月

⒋ ᠰᠢᠨ᠎ᠠ ᠭᠢᠴᠢᠶᠠᠯ ᠤᠨ ᠪᠠᠭᠰᠢ ᠨᠡᠷ ᠢ ᠪᠣᠯᠪᠠᠰᠤᠷᠠᠭᠤᠯᠬᠤ ᠳᠤᠪᠴᠢ ᠦᠪᠣᠷ ᠮᠤᠩᠭ᠋ᠤᠯ ᠤᠨ ᠪᠠᠭᠠᠴᠤᠳ ᠭᠡᠦᠭᠡᠤᠨ ᠤᠨ ᠭᠡᠪᠯᠡᠯ ᠤᠨ ᠬᠤᠷᠢᠶ᠎ᠠ ᠨᠠᠢ᠌ᠷᠠᠭᠤᠯᠤᠭᠴᠢ ᠪᠠᠶᠠᠨ 2006.4

⒌新时期班主任工作难题解决经典案例 李风荣 闫景秋主编 陕西师范大学出版社 2007年2月

⒍ ᠵᠠᠭᠢᠷᠤᠯ ᠤᠨ ᠵᠠᠮ ᠳ᠋ᠠᠭᠢ ᠣᠯᠵᠠ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠮᠢᠩᠭ᠋ᠠᠠᠪᠣᠤ 2006.7

⒎ ᠨᠤᠫᠣᠯᠢᠶᠤᠨ ᠡᡁᠢᠯ ᠤᠨ ᠠᠮᠵᠢᠯᠳᠠ ᠣᠯᠬᠤ ᠡᠷᠳᠡᠮ( ᠳᠡᠭᠡᠳᠤ ) ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ 1999.2

⒏ 《ᠪᠠᠭᠠᠴᠤᠳ ᠤᠨ ᠭᠦᠭ᠍ᠵᠢᠯᠳᠡ ᠶᠢᠨ ᠰᠠᠤᠠᠭᠢᠴᠠ ᠵᠦᠢ᠌》 ᠯᠢᠤ ᠶᠢᠨ ᠬᠤᠧᠨ ᠡᠷᠭᠢᠯᠡᠨ ᠨᠠᠢ᠌ᠷᠠᠭᠤᠯᠪᠠ ᠬᠤᠧᠨ ᠳ᠋ᠦ᠋ᠩ ᠶᠡᠭᠡ ᠰᠤᠷᠭᠠᠭᠤᠯᠢ ᠶᠢᠨ ᠭᠡᠪᠯᠡᠯ ᠤᠨ ᠬᠤᠷᠢᠶ᠎ᠠ 2003.7

ᠬᠠᠶ‍ᠢᠭ ᠄ ᠣᠳᠤᠭ ᠬᠤᠰᠢᠭᠤᠨ ᠤ ᠦᠨᠳᠦᠰᠦᠳᠠᠨ ᠤ ᠠᠵᠢᠯ ᠮᠡᠷᠭᠡᠵᠢᠯ ᠤᠨ ᠶᠡᠷᠦᠩᠭᠡᠢ᠌ᠯᠡᠭ᠍ᠰᠡᠨ ᠳᠤᠮᠳᠠᠳᠤ ᠰᠤᠷᠭᠠᠭᠤᠯᠢ


ᠵᠤᠬᠢᠶᠠᠭᠴᠢ᠄ ᠬᠦᠬᠡ‍ᠲᠤᠶᠠᠭ᠎ᠠ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 5841
ᠴᠠᠭ᠄ 2009 ᠤᠨ ᠤ 04 ᠰᠠᠷ᠎ᠠ ᠶᠢᠨ 21