ᠦᠬᠢᠳ ᠤᠨ ᠪᠠᠷ᠎ᠠ

ᠣᠷᠴᠢᠯᠠᠩ ᠤᠨ ᠳᠠᠩᠨᠠᠢ ᠳᠤ ᠠᠨᠢᠪᠠᠯᠵᠠᠬᠤ

ᠣᠳᠤᠨ ᠮᠠᠴᠢᠳ ᠰᠢᠭ᠌ ᠵᠢᠠᠷ

ᠣᠶᠤᠨ ᠰᠠᠨᠠᠭᠠᠨ ᠤ ᠭᠢᠵᠠᠭᠠᠷ ᠳᠤ

ᠣᠷᠤ ᠡᠵᠡᠯᠡᠨ ᠪᠦᠷᠦᠯᠵᠡᠭᠡᠳ

ᠣᠩᠭ᠋ᠤᠨ ᠬᠠᠢ᠌ᠷ᠎ᠠ ᠶᠢᠨ ᠰᠡᠳᠭᠢᠯ ᠢ

ᠣᠢ᠌ᠮᠤᠷᠠᠭᠤᠯᠵᠤ᠂ ᠭᠦᠪᠪᠦᠯᠵᠡᠭᠦᠯᠵᠤ

ᠣᠯᠠᠨ ᠣᠯᠠᠨ ᠦᠬᠢᠳ

ᠣᠢ᠌ᠷᠠᠳᠤᠵᠤ ᠢᠷᠠᠨ᠎ᠡ᠂ ᠬᠤᠯᠠᠳᠠᠵᠤ ᠶᠠᠪᠣᠨ᠎ᠠ


ᠳᠡᠯᠪᠠᠭᠡ ᠨᠡᠭᠡᠭᠡᠭ᠍ᠰᠡᠨ ᠴᠤᠮᠤᠷᠯᠢᠭ ᠭᠡᠮᠡᠷᠭᠡᠨ

ᠳᠡᠭ᠍ᠵᠢᠨ ᠦᠬᠢᠳ ᠤᠨ ᠪᠠᠷ᠎ᠠ

ᠳᠠᠩᠳᠠ ᠬᠠᠷᠠᠭ᠎ᠠ ᠪᠠᠶᠠᠰᠬᠠᠬᠤ ᠳ᠋ᠤ

ᠳᠠᠯᠠᠯᠠᠵᠤ ᠳᠠᠭᠤᠳᠠᠮᠠᠷ ᠰᠠᠨᠠᠭᠳᠠᠨ᠎ᠠ

ᠪᠣᠷᠤᠭᠠᠨ ᠤ ᠳᠠᠷᠠᠭᠠᠭᠢ ᠰᠦᠶ᠎ᠠ ᠰᠢᠤᠬᠠᠨ

ᠪᠣᠯᠪᠠᠷᠠᠢ ᠭᠦᠭᠡᠷᠦᠭᠦᠨ ᠦᠬᠢᠳ

ᠪᠣᠴᠠᠭᠠᠤᠨ ᠢᠷᠡᠳᠡᠭ᠌ ᠴᠤ ᠶᠤᠮ ᠪᠣᠯ

ᠪᠣᠳᠤᠯ ᠤᠨ ᠥᠭᠡ ᠪᠠᠨ ᠰᠢᠪᠠᠨᠡᠭᠦ ᠰᠠᠨ


ᠳᠠᠯ᠎ᠠ ᠶᠢᠨ ᠨᠤᠮᠤᠬᠠᠨ ᠢᠠᠵᠠᠭ᠎ᠠ ᠰᠢᠭ

ᠳᠠᠭᠠᠯᠠᠭᠤᠷ ᠭᠤᠶᠤᠬᠠᠨ ᠦᠬᠢᠳ ᠤᠨ

ᠮᠦᠰᠢᠶᠠᠯ ᠤᠨ ᠰᠠᠢ᠌ᠬᠠᠨ ᠢ ᠵᠡᠭᠦᠳᠦᠯᠡᠵᠤ

ᠮᠥᠷᠦᠭᠡᠳᠦᠯ ᠳᠠᠪᠠᠷᠢᠵᠤ ᠬᠤᠨᠤᠭᠯᠠᠶ᠎ᠠ

ᠭᠤᠪᠢ ᠶᠢᠨ ᠴᠡᠪᠠᠷᠭᠡᠨ ᠴᠡᠴᠡᠭ᠌ ᠰᠢᠭ᠌

ᠭᠤᠪᠠᠢ ᠴᠡᠮᠴᠡᠭᠡᠷ ᠦᠬᠢᠳ ᠤᠨ

ᠣᠢ᠌ᠯᠠᠰ ᠤᠨ ᠰᠠᠢ᠌ᠬᠠᠨ ᠢ ᠵᠦᠩᠨᠠᠵᠤ

ᠦᠨᠢᠳᠠ ᠶᠢᠨ ᠵᠢᠷᠭᠠᠯ ᠢ ᠮᠢᠯᠢᠶᠠᠶ᠎ᠠ


ᠣᠯᠠᠨ ᠣᠯᠠᠨ ᠦᠬᠢᠳ ᠤᠨ ᠨᠢᠭᠡ

ᠣᠢ᠌ᠷᠠᠳᠤᠵᠤ ᠨᠠᠳᠠ ᠢᠷᠡᠭᠡᠰᠡᠢ

ᠬᠤᠩᠭ᠋ᠤᠷ ᠰᠡᠳᠭᠢᠯ ᠢ ᠮᠢᠨᠢ ᠡᠵᠡᠮᠳᠡᠵᠤ

ᠬᠤᠯᠠᠳᠠᠵᠤ ᠪᠢᠳᠡᠭᠡᠢ ᠶᠠᠪᠣᠭᠠᠰᠠᠢ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1699
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ