ᠰᠤᠷᠭᠠᠭᠤᠯᠢ ᠶᠢᠨ ᠭᠦᠷᠢᠶᠡᠨ ᠤ ᠮᠤᠩᠭ᠋ᠤᠯ ᠭᠡᠯᠡ

ᠰᠤᠷᠭᠠᠭᠤᠯᠢ ᠶᠢᠨ ᠭᠦᠷᠢᠶᠡᠨ ᠤ ᠮᠤᠩᠭ᠋ᠤᠯ ᠭᠡᠯᠡ ᠶᠠᠪᠣᠬᠤ ᠳᠤᠳᠤᠮ ᠰᠤᠨᠢᠬᠠᠨ ᠪᠠᠢ᠌ᠨ᠎ᠠ

ᠰᠤᠨᠤᠷ ᠴᠡᠭᠡᠵᠢᠨ ᠳᠤ ᠪᠠᠨ ᠪᠠᠭᠳᠠᠭᠠᠵᠤ ᠰᠤᠳᠤᠯᠵᠤ ᠶᠠᠷᠢᠯᠴᠠᠬᠤ ᠴᠢᠬᠤᠯᠠ ᠲᠡᠶ ᠪᠠᠢ᠌ᠨ᠎ᠠ


ᠠᠷᠪᠠᠨ ᠭᠡᠳᠦᠳᠡᠢ ᠬᠡᠦᠬᠡᠳ ᠤᠨ ᠢᠨᠠᠭ ᠤᠨ ᠵᠠᠭᠢᠳᠠᠯ ᠨᠢ ᠭᠢᠳᠠᠤᠨ ᠪᠠᠢ᠌ᠨ᠎ᠠ

ᠠᠪᠣ ᠡᠵᠢ ᠨᠢ ᠢᠷᠡᠭᠡᠳ ᠠᠰᠠᠭᠤᠬᠤ ᠥᠭᠡ ᠨᠢ ᠭᠢᠳᠠᠤᠨ ᠪᠠᠢ᠌ᠨ᠎ᠠ

ᠣᠪᠤᠨ ᠴᠤᠪᠤᠨ ᠶᠠᠪᠣᠬᠤ ᠳᠤ ᠪᠠᠨ ᠬᠠᠷᠢᠯᠴᠠᠬᠤ ᠥᠭᠡ ᠨᠢ ᠭᠢᠳᠠᠤᠨ ᠪᠠᠢ᠌ᠨ᠎ᠠ

ᠣᠷᠤᠨ ᠤ ᠵᠤᠬᠢᠶᠠᠯ ᠤᠨ ᠣᠷᠤᠯᠳᠤᠭᠠᠨ ᠳᠤ ᠣᠷᠤᠯᠴᠠᠬᠤ ᠪᠦᠳᠦᠭᠡᠯ ᠨᠢ ᠭᠢᠳᠠᠤᠨ ᠪᠠᠢ᠌ᠨ᠎ᠠ


ᠰᠤᠷᠳᠠᠯ ᠣᠬᠠᠭᠤᠯᠭ᠎ᠠ ᠭᠢᠳᠡᠭ᠌ ᠪᠢᠴᠢᠭᠡᠰᠤ ᠬᠠᠭᠤᠯᠪᠣᠷᠢ ᠨᠢ ᠭᠢᠳᠠᠤᠨ ᠪᠠᠢ᠌ᠨ᠎ᠠ

ᠰᠤᠷᠴᠤ ᠰᠤᠳᠤᠯᠬᠤ ᠬᠤᠷᠠᠯ ᠤᠨ ᠠᠭᠤᠯᠭ᠎ᠠ ᠰᠠᠳᠤᠪ ᠨᠢ ᠭᠢᠳᠠᠤᠨ ᠪᠠᠢ᠌ᠨ᠎ᠠ︖

ᠣᠷᠠᠨ ᠠᠪᠢᠶᠠᠰᠤᠯᠢᠭ ᠭᠦᠳᠦᠯᠦᠭ᠍ᠴᠢ ᠶᠢᠨ ᠳᠤᠳᠤ ᠭᠡᠯᠡ ᠨᠢ ᠭᠢᠳᠠᠤᠨ ᠪᠠᠢ᠌ᠨ᠎ᠠ

ᠣᠶᠠᠩᠭ᠋ᠠᠯᠢᠭ ᠰᠠᠢ᠌ᠬᠠᠨ ᠳᠠᠭᠤᠴᠢᠨ ᠤ ᠬᠠᠩᠭᠢᠨᠠᠮ᠎ᠠ ᠬᠤᠭᠤᠯᠠᠢ ᠨᠢ ᠭᠢᠳᠠᠤᠨ ᠪᠠᠢ᠌ᠨ᠎ᠠ


ᠳᠡᠦᠭᠡ ᠰᠤᠶᠤᠯ ᠶᠢᠠᠨ ᠮᠠᠷᠳᠠᠭᠠᠤᠨ ᠳᠢᠪ ᠤᠨ ᠴᠠᠭ ᠢ ᠳᠠᠭᠤᠷᠢᠶᠠᠵᠤ ᠪᠠᠢ᠌ᠨ᠎ᠠ

ᠳᠡᠨᠡᠭ᠌ ᠮᠡᠷᠭᠡᠨ ᠨᠢ ᠭᠡᠳᠦᠷᠡᠭᠡᠳ ᠳᠡᠭ᠌ ᠳᠤᠮᠳᠠᠭᠤᠷ ᠨᠢ ᠠᠭᠠᠰᠢᠯᠠᠵᠤ ᠪᠠᠢ᠌ᠨ᠎ᠠ

ᠦᠨᠳᠦᠰᠦᠨ ᠭᠡᠯᠡ ᠦᠪ ᠰᠤᠶᠤᠯ ᠮᠢᠨᠢ ᠡᠳᠦᠷ ᠡᠴᠠ ᠡᠳᠦᠷ ᠴᠠᠯᠠᠭᠠᠢ᠌ᠷᠠᠵᠤ ᠪᠠᠢ᠌ᠨ᠎ᠠ

ᠦᠷᠤ ᠵᠢᠷᠦᠭᠡᠨ ᠤ ᠭᠡᠮᠰᠢᠯ ᠬᠠᠷᠠᠮᠰᠠᠯ ᠬᠤᠨᠤᠭ ᠡᠴᠠ ᠬᠤᠨᠤᠭ ᠵᠤᠵᠠᠭᠠᠷᠠᠵᠤ ᠪᠠᠢ᠌ᠨ᠎ᠠ


ᠪᠣᠮᠠᠨ ᠣᠨ ᠤ ᠳᠡᠷᠭᠡᠳᠡᠭᠢ ᠳᠡᠭᠡᠳᠦᠰ ᠤᠨ ᠣᠩᠭ᠋ᠤᠳ ᠭᠢᠯᠢᠩᠨᠠᠵᠤ ᠪᠠᠢ᠌ᠨ᠎ᠠ

ᠪᠣᠷᠬᠠᠨ ᠬᠠᠯᠳᠤᠨ ᠤ ᠡᠩᠭᠡᠷ ᠡᠴᠠ ᠪᠣᠭᠳᠠ ᠶᠢᠨ ᠰᠦᠨᠠᠰᠤ ᠬᠠᠢ᠌ᠯᠠᠵᠤ ᠪᠠᠢ᠌ᠨ᠎ᠠ

ᠪᠣᠯᠵᠤ ᠪᠦᠳᠦᠭᠦ ᠣᠢ᠌ᠯᠠᠰ ᠢ ᠪᠣᠯᠠᠵᠤ ᠪᠠᠢ᠌ᠭ᠎ᠠ ᠳᠤ ᠨᠢ ᠳᠤᠭᠰᠢᠷᠠᠵᠤ ᠪᠠᠢ᠌ᠨ᠎ᠠ

ᠪᠣᠰᠬᠠᠵᠤ ᠭᠦᠭ᠍ᠵᠢᠭᠦᠯᠵᠤ ᠴᠢᠳᠠᠬᠤ ᠦᠭᠡᠶ ᠪᠠᠭᠤᠷᠠᠢ ᠳᠤᠷᠤᠢ ᠳᠤ ᠨᠢ ᠭᠤᠮᠤᠳᠠᠵᠤ ᠪᠠᠢ᠌ᠨ᠎ᠠ


ᠰᠤᠷᠭᠠᠭᠤᠯᠢ ᠶᠢᠨ ᠭᠦᠷᠢᠶᠡᠨ ᠤ ᠮᠤᠩᠭ᠋ᠤᠯ ᠭᠡᠯᠡ ᠶᠠᠪᠣᠬᠤ ᠳᠤᠳᠤᠮ ᠰᠤᠨᠢᠬᠠᠨ ᠪᠠᠢ᠌ᠨ᠎ᠠ

ᠰᠤᠨᠤᠷ ᠴᠡᠭᠡᠵᠢᠨ ᠳᠤ ᠪᠠᠨ ᠪᠠᠭᠳᠠᠭᠠᠵᠤ ᠰᠤᠳᠤᠯᠵᠤ ᠶᠠᠷᠢᠯᠴᠠᠬᠤ ᠴᠢᠬᠤᠯᠠ ᠳᠠᠢ ᠪᠠᠢ᠌ᠨ᠎ᠠ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1951
ᠴᠠᠭ᠄ 2011 ᠤᠨ ᠤ 09 ᠰᠠᠷ᠎ᠠ ᠶᠢᠨ 06