ᠳ᠋·ᠨᠠᠴᠤᠭᠳᠤᠷᠵᠢ ᠶᠢᠨ ᠳᠤᠬᠠᠢ ᠳᠤᠪᠴᠢ ᠳᠠᠨᠢᠯᠴᠠᠭᠤᠯᠭ᠎ᠠ

ᠨᠠᠴᠤᠭᠳᠤᠷᠵᠢ (1906 ᠊᠊᠊᠊᠊᠊᠊᠊᠊᠊᠊᠊᠊᠊᠊ 1937) ᠰᠢᠯᠦᠭ᠍ᠴᠢ᠂ ᠨᠡᠢ᠌ᠭᠡᠮ ᠤᠨ ᠵᠢᠦᠡᠭᠦᠯᠳᠡᠨ᠂ ᠣᠷᠴᠢᠭᠤᠯᠤᠭᠴᠢ ᠮᠦᠨ᠃ ᠨᠢᠭᠡᠨ ᠶᠠᠳᠠᠭᠤ ᠳᠠᠢ᠌ᠵᠢ ᠶᠢᠨ ᠭᠡᠷ ᠲᠤ ᠲᠦᠷᠦᠵᠠᠢ᠃ ᠡᠴᠢᠭᠡ ᠳᠠᠰᠢᠳᠤᠷᠵᠢ ᠨᠢ ᠶᠡᠭᠡ ᠪᠢᠴᠢᠭ᠌ ᠲᠡᠶ ᠭᠦᠮᠤᠨ ᠪᠠᠢ᠌ᠭᠰᠠᠨ ᠪᠣᠯᠬᠤᠷ ᠰᠡᠷᠭᠦᠯᠡᠭ᠌ ᠳᠦᠷᠦᠭ᠍ᠰᠡᠨ ᠨᠠᠴᠤᠭᠳᠤᠷᠵᠢ ᠳᠤᠯᠤᠭ᠎ᠠ ᠨᠢ᠋ᠮᠠᠨ ᠨᠠᠰᠤᠨ ᠡᠴᠡ 《ᠰᠢ ᠮᠡᠷᠭᠡᠨ ᠰᠢᠦᠡᠭᠡᠭ᠍ᠰᠡᠨ ᠭᠡᠷᠡᠭ᠌》 《ᠭᠤᠷᠪᠠᠨ ᠣᠯᠤᠰ ᠤᠨ ᠥᠯᠢᠭᠡᠷ》᠂ 《ᠭᠦᠢᠳᠡᠨ ᠠᠭᠤᠯᠠ ᠶᠢᠨ ᠪᠢᠴᠢᠭ᠌》 ᠵᠡᠷᠭᠡ ᠰᠤᠩᠭ᠋ᠤᠳᠠᠭ ᠵᠤᠬᠢᠶᠠᠯ ᠤᠳ ᠢ ᠣᠩᠰᠢᠳᠠᠭ ᠪᠠᠢ᠌ᠵᠠᠢ᠃ 1925 ᠣᠨ ᠳᠤ ᠵᠦᠪᠯᠠᠯᠳᠤ ᠳᠤ ᠣᠴᠢᠨ ᠰᠤᠷᠤᠯᠴᠠᠵᠤ᠂ 1926 ᠊᠊᠊᠊᠊᠊᠊᠊᠊᠊᠊᠊᠊᠊᠊ 1929 ᠣᠨ ᠪᠣᠯᠳᠠᠯ᠎ᠠ ᠭᠧᠷᠮᠡᠨ ᠳᠤ ᠰᠤᠷᠤᠯᠴᠠᠪᠠ᠃ 1930 ᠣᠨ ᠳᠤ ᠪᠣᠴᠠᠵᠤ ᠢᠷᠡᠭᠡᠤᠨ ᠮᠤᠩᠭ᠋ᠤᠯ ᠤᠨ ᠰᠢᠡᠵᠢᠯᠡᠭᠦ ᠣᠬᠠᠭᠠᠨ ᠤ ᠪᠠᠢ᠌ᠭᠤᠯᠤᠯᠭ᠎ᠠ ᠶᠢᠨ ᠳᠡᠦᠭᠡᠨ ᠳᠠᠰᠤᠭ ᠲᠤ ᠠᠵᠢᠯᠯᠠᠵᠤ ᠪᠠᠢ᠌ᠬᠤ ᠳᠠᠭᠠᠨ᠂ 《ᠮᠠᠷᠺᠦ ᠊᠊᠊᠊᠊᠊᠊᠊᠊᠊᠊᠊᠊᠊᠊ ᠫᠣᠯᠤ᠋ ᠶᠢᠨ ᠵᠢᠭᠤᠴᠢᠯᠠᠯ ᠤᠨ ᠪᠢᠴᠢᠭ᠌》 ᠊ᠢ ᠭᠧᠷᠮᠡᠨ ᠭᠡᠯᠡᠨ ᠡᠴᠡ᠂ ᠫᠦᠺᠦᠲ᠋ᠢᠯᠦᠧ ᠶᠢᠨ 《ᠮᠢᠩ ᠣᠯᠤᠰ ᠤᠨ ᠳᠤᠷᠤᠨᠠᠳᠤ ᠮᠤᠩᠭ᠋ᠤᠯ》 ᠢ ᠣᠷᠤᠰ ᠭᠡᠯᠡᠨ ᠡᠴᠡ ᠣᠷᠴᠢᠭᠤᠯᠤᠭᠰᠠᠨ ᠪᠦᠭᠡᠤᠨ ᠮᠦᠨ ᠪᠠᠰᠠ 《ᠮᠤᠩᠭ᠋ᠤᠯ ᠤᠨ ᠳᠡᠦᠭᠡ ᠶᠢᠨ ᠳᠤᠪᠴᠢ》 ᠶᠢ ᠨᠠᠢ᠌ᠷᠠᠭᠤᠯᠤᠨ ᠪᠢᠴᠢᠵᠠᠢ᠃ ᠪᠠᠰᠠ ᠣᠷᠤᠰ᠂ ᠡᠡᠩᠭᠯᠢ᠂ ᠭᠧᠷᠮᠡᠨ᠂ ᠮᠠᠠᠵᠤ ᠵᠡᠷᠭᠡ ᠭᠡᠯᠡ ᠮᠡᠳᠡᠳᠡᠭ᠌ ᠣᠴᠢᠷ ᠳᠡᠯᠡᠭᠡᠢ ᠶᠢᠨ ᠠᠯᠳᠠᠷᠳᠤ ᠵᠤᠬᠢᠶᠠᠯᠴᠢᠳ ᠤᠨ ᠵᠤᠬᠢᠶᠠᠯ ᠪᠦᠳᠦᠭᠡᠯ ᠡᠴᠡ ᠮᠠᠰᠢ ᠣᠯᠠᠨ ᠵᠤᠬᠢᠶᠠᠯ ᠤᠳ ᠢ ᠣᠷᠴᠢᠭᠤᠯᠤᠭᠰᠠᠨ ᠪᠠᠢ᠌ᠨ᠎ᠠ᠃ ᠳᠠᠷᠠᠪᠠᠷ 1923 ᠣᠨ ᠳᠤ ᠡᠨᠡᠳᠭᠡᠭ᠌ ᠤᠨ ᠰᠤᠩᠭ᠋ᠤᠳᠠᠭ ᠵᠤᠬᠢᠶᠠᠯ ᠡᠴᠡ ᠰᠠᠳᠤᠪᠯᠠᠨ 《ᠦᠱᠠᠠᠳᠠᠷ》 ᠭᠡᠳᠡᠭ᠌ ᠵᠥᠴᠦᠭᠡ ᠶᠢᠨ ᠵᠤᠬᠢᠶᠠᠯ ᠢ ᠪᠢᠴᠢᠨ ᠣᠷᠠᠨ ᠵᠤᠬᠢᠶᠠᠯ ᠤᠨ ᠣᠢ᠌ᠯᠠᠰ ᠶᠢᠡᠨ ᠡᠭᠢᠯᠡᠭ᠍ᠰᠡᠨ ᠶᠤᠮ᠃ ᠨᠠᠢ᠌ᠳᠠ ᠵᠠᠭᠤ ᠭᠠᠷᠤᠢ ᠰᠢᠯᠦᠭ᠌᠂ ᠭᠤᠴᠢ ᠭᠠᠷᠤᠢ ᠥᠭᠦᠯᠡᠯᠭᠡ᠂ ᠨᠠᠢ᠌ᠷᠠᠭᠤᠯᠤᠯ ᠪᠠ ᠳᠤᠯᠤᠭᠠᠨ ᠵᠥᠴᠦᠭᠡ ᠶᠢᠨ ᠵᠤᠬᠢᠶᠠᠯ ᠪᠢᠴᠢᠵᠤ 《ᠭᠡᠯᠭᠢᠭᠡ ᠦᠭᠡᠶ ᠰᠤᠪᠣᠤᠨ》 ᠭᠡᠳᠡᠭ᠌ ᠳᠤᠭᠤᠵᠢ ᠪᠠᠨ ᠪᠢᠴᠢᠵᠤ ᠪᠠᠷᠠᠭᠰᠠᠨ ᠦᠭᠡᠶ ᠵᠠᠯᠠᠭᠤ ᠽᠠᠠᠳᠠᠨ᠂ ᠣᠢ᠌ᠯᠠᠰ ᠪᠦᠳᠦᠭᠡᠯ ᠤᠨ ᠡᠷᠡᠨ ᠳᠡᠭᠡᠨ ᠬᠠᠷᠠᠮᠰᠠᠯᠳᠠᠢ ᠨᠠᠰᠤ ᠪᠠᠷᠠᠭᠰᠠᠨ ᠪᠠᠢ᠌ᠨ᠎ᠠ᠃ ᠳᠡᠭᠦᠨ ᠤ ᠰᠢᠯᠦᠭ᠌ ᠤᠨ ᠳᠤᠳᠤᠷ ᠡᠴᠡ 《ᠮᠢᠨᠤ ᠨᠤᠳᠤᠭ》 ᠪᠣᠯ ᠳᠦᠯᠦᠭᠡᠯᠡᠭᠦ ᠪᠦᠳᠦᠭᠡᠯ ᠪᠣᠯᠤᠨ᠎ᠠ᠃ ᠪᠠᠰᠠ 《ᠣᠴᠢᠷ ᠲᠡᠶ ᠭᠤᠷᠪᠠᠨ ᠳᠤᠯᠤᠭᠠᠢ》 ᠭᠡᠮᠡᠭᠦ ᠳᠠᠭᠤᠯᠠᠯᠳᠤ ᠵᠥᠴᠦᠭᠡ (ᠬᠤᠵᠢᠮ ᠨᠢ ᠴ·ᠳᠡᠮᠳᠢᠡᠰᠥᠷᠦᠡᠭ᠌ ᠤᠨ ᠴᠢᠨᠠᠭᠰᠢᠳᠠ ᠪᠣᠯᠪᠰᠤᠷᠭᠤᠯᠤᠭᠰᠠᠨ) ᠨᠢ ᠬᠠᠮᠤᠭ ᠡᠴᠡ ᠨᠠᠷ᠎ᠠ ᠲᠡᠶ ᠪᠢᠯᠠ᠃ ᠨᠠᠴᠤᠭᠳᠤᠷᠵᠢ ᠶᠢᠨ ᠵᠤᠬᠢᠶᠠᠯ ᠤᠨ ᠳᠡᠭᠦᠪᠦᠷᠢ 1956 ᠣᠨ ᠳᠤ ᠣᠷᠤᠰ ᠭᠡᠯᠡᠨ ᠳᠤ ᠣᠷᠴᠢᠭᠤᠯᠤᠭᠳᠠᠨ ᠭᠡᠪᠯᠡᠭ᠍ᠳᠡᠭ᠍ᠰᠡᠨ ᠡᠴᠡ ᠬᠣᠢ᠌ᠰᠢ᠂ ᠭᠧᠷᠮᠡᠨ᠂ ᠪᠣᠯᠭᠠᠷᠢ᠂ ᠡᠡᠩᠭᠯᠢ᠂ ᠫᠣᠯᠱᠠ᠂ ᠴᠸᠭᠣ᠊᠂ ᠡᠨᠡᠳᠭᠡᠭ᠌᠂ ᠭᠢᠳᠠᠤᠨ᠂ ᠰᠤᠯᠤᠩᠭ᠋ᠤᠰ᠂ ᠸᠸᠲ᠋ᠨᠠᠮ᠂ ᠪᠢᠷᠮᠠ ᠵᠡᠷᠭᠡ ᠣᠯᠠᠨ ᠭᠡᠯᠡᠨ ᠳᠤ ᠣᠷᠴᠢᠭᠤᠯᠤᠭᠳᠠᠨ ᠪᠦᠭᠦ ᠪᠦᠮᠪᠦᠷᠴᠡᠭ᠌ ᠲᠤ ᠳᠠᠷᠬᠠᠭᠰᠠᠨ ᠪᠠᠢ᠌ᠨ᠎ᠠ᠃

ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 5409
ᠴᠠᠭ᠄ 2008 ᠤᠨ ᠤ 12 ᠰᠠᠷ᠎ᠠ ᠶᠢᠨ 19