ᠰᠤᠷᠭᠠᠭᠤᠯᠢ ᠊᠊᠊᠊᠊᠊᠊᠊᠊᠊᠊᠊᠊᠊᠊ ᠰᠤᠶᠤᠯ ᠤᠨ ᠳᠠᠷᠬᠠᠨ ᠥᠯᠦᠭᠡᠢ

ᠰᠤᠷᠭᠠᠭᠤᠯᠢ ᠭᠡᠵᠤ ᠰᠤᠶᠤᠯ ᠤᠨ ᠳᠠᠷᠬᠠᠨ ᠥᠯᠦᠭᠡᠢ

ᠰᠤᠶᠤᠯᠵᠢᠨ᠎ᠠ ᠭᠡᠵᠤ ᠮᠡᠷᠡᠢ᠌ᠳᠡᠭ᠌ ᠰᠤᠷᠤᠭᠴᠢᠳ ᠵᠢᠠᠨ

ᠰᠢᠷᠭᠠᠭᠤ ᠰᠤᠷᠭᠠᠨ ᠭᠦᠮᠦᠵᠢᠭᠦᠯᠭᠦ ᠪᠠᠷ ᠣᠮᠤᠭᠰᠢᠳᠠᠭ

ᠰᠤᠳᠤᠨ ᠪᠠᠭᠰᠢ ᠨᠡᠷ ᠤᠨ ᠠᠵᠢᠯ ᠤᠨ ᠪᠠᠢ᠌ᠷᠢ᠃

ᠰᠤᠷᠭᠠᠭᠤᠯᠢ ᠭᠡᠵᠤ ᠰᠤᠶᠤᠯ ᠤᠨ ᠥᠩᠰᠢᠭ᠌ ᠳᠠᠷᠢᠶ᠎ᠠ

ᠰᠤᠷᠤᠨ᠎ᠠ ᠭᠡᠵᠤ ᠴᠢᠷᠮᠠᠢ᠌ᠳᠠᠭ ᠰᠤᠷᠤᠭᠴᠢᠳ ᠳᠠᠭᠠᠨ

ᠣᠶᠤᠨ ᠤ ᠰᠢᠮ᠎ᠠ ᠭᠦᠷᠳᠡᠭᠡᠨ ᠪᠢᠯᠢᠭ᠍ᠵᠢᠭᠦᠯᠭᠦ ᠪᠠᠷ ᠵᠢᠷᠭᠠᠳᠠᠭ

ᠣᠢ᠌ᠭ᠎ᠠ ᠦᠭᠡᠶ ᠭᠦᠳᠡᠯᠮᠦᠷᠢᠴᠢ ᠪᠠᠭᠰᠢ ᠨᠡᠷ ᠤᠨ ᠣᠢ᠌ᠯᠠᠰ ᠤᠨ ᠳᠠᠪᠴᠠᠩ᠃

ᠰᠤᠷᠭᠠᠭᠤᠯᠢ ᠭᠡᠵᠤ ᠭᠦᠮᠦᠵᠢᠯ ᠤᠨ ᠠᠷᠢᠭᠤᠨ ᠣᠷᠤᠨ

ᠭᠦᠮᠦᠵᠢᠨ᠎ᠡ ᠭᠡᠵᠤ ᠮᠠᠬᠠᠷᠠᠳᠠᠭ ᠰᠤᠷᠤᠭᠴᠢᠳ ᠵᠢᠠᠨ

ᠭᠦᠰᠡᠯ ᠤᠨ ᠵᠢᠭᠦᠷ ᠣᠷᠭᠤᠭᠤᠯᠤᠨ ᠮᠤᠷᠠᠯᠵᠢᠭᠤᠯᠬᠤ ᠪᠠᠷ ᠪᠠᠶᠠᠰᠳᠠᠭ

ᠰᠤᠤ ᠪᠢᠯᠢᠭ᠍ᠳᠤ ᠠᠵᠢᠯᠰᠠᠭ ᠪᠠᠭᠰᠢ ᠨᠡᠷ ᠤᠨ ᠠᠶᠠᠨ ᠤ ᠭᠠᠠᠵᠤᠭ᠎ᠠ᠃

ᠰᠤᠶᠤᠯ ᠤᠨ ᠠᠩᠬᠠᠨ ᠤ ᠮᠦᠷ ᠢ ᠰᠤᠷᠭᠠᠭᠤᠯᠢ ᠡᠴᠡ ᠡᠭᠢᠯᠡᠵᠤ

ᠣᠬᠠᠭᠠᠨ ᠰᠠᠨᠠᠭᠠᠨ ᠤ ᠡᠭᠢ ᠪᠣᠯᠵᠤ ᠳᠤᠷᠠᠢ᠌ᠳᠠᠭ᠂

ᠰᠤᠶᠤᠯ ᠤᠨ ᠰᠢᠮᠠᠳᠤ ᠬᠤᠷ᠎ᠠ ᠶᠢ ᠰᠤᠷᠭᠠᠭᠤᠯᠢ ᠡᠴᠡ ᠣᠮᠳᠠᠯᠠᠵᠤ

ᠣᠶᠤᠨ ᠪᠢᠯᠢᠭ᠌ ᠤᠨ ᠪᠣᠯᠠᠭ ᠪᠣᠯᠵᠤ ᠣᠠᠳᠤᠷᠳᠠᠭ᠃

ᠢᠷᠠᠭᠤ ᠳᠤᠳᠤ ᠡᠭᠡ ᠭᠡᠯᠡᠨ ᠤ ᠣᠩᠰᠢᠯᠭ᠎ᠠ

ᠰᠤᠷᠭᠠᠭᠤᠯᠢ ᠶᠢᠨ ᠭᠦᠷᠢᠶᠡᠨ ᠡᠴᠡ ᠡᠭᠡᠰᠢᠭᠯᠡᠨ ᠳᠠᠭᠤᠷᠢᠰᠤᠨ᠎ᠠ᠂

ᠶ‍ᠢᠷᠳᠢᠠᠴᠤ ᠶᠢ ᠳᠠᠨᠢᠬᠤ ᠪᠢᠯᠢᠭ᠌ ᠤᠨ ᠨᠢᠳᠤ

ᠰᠤᠷᠭᠠᠭᠤᠯᠢ ᠶᠢᠨ ᠭᠦᠮᠦᠵᠢᠯ ᠡᠴᠡ ᠳᠤᠩᠭ᠋ᠠᠯᠠᠭᠵᠢᠨ ᠳᠤᠨᠤᠷᠠᠨ᠎ᠠ᠃

ᠡᠭᠡ ᠳᠡᠯᠡᠭᠡᠢ ᠶᠢᠨ ᠨᠢᠭᠤᠴᠠ ᠶᠢ ᠬᠠᠢ᠌ᠬᠤ ᠡᠷᠳᠡᠮ ᠮᠡᠷᠭᠡᠵᠢᠯ ᠢ

ᠳᠦᠷᠤᠯᠭᠢ ᠭᠡᠯᠡ ᠪᠠᠷ ᠶᠢᠡᠨ ᠪᠠᠭᠰᠢ ᠨᠡᠷ ᠣᠯᠠᠮᠵᠢᠯᠠᠨ᠎ᠠ᠂   

ᠡᠷᠡᠯᠭᠡᠭ᠌ ᠦᠨᠳᠦᠰᠦᠳᠠᠨ ᠶᠢᠡᠨ ᠭᠦᠭ᠍ᠵᠢᠭᠦᠯᠤᠨ ᠮᠠᠠᠳᠤᠭᠤᠯᠬᠤ ᠳᠡᠦᠭᠡᠳᠤ ᠬᠠᠷᠢᠭᠤᠴᠠᠯᠭ᠎ᠠ ᠵᠢ

ᠳᠠᠷᠬᠠᠨ ᠰᠤᠷᠭᠠᠭᠤᠯᠢ ᠳᠠᠭᠠᠨ ᠪᠠᠭᠰᠢ ᠨᠡᠷ ᠳᠠᠭᠠᠭᠠᠯᠭᠠᠨ᠎ᠠ᠃

ᠭᠦᠮᠤᠨ ᠤ ᠶ‍ᠢᠷᠳᠢᠠᠴᠤ ᠳᠤ ᠭᠦᠯ ᠳᠠᠯᠪᠢᠬᠤ ᠣᠬᠠᠭᠠᠨ ᠢ

ᠭᠦᠰᠡᠯ ᠤᠨ ᠢᠷᠡᠭᠡᠳᠦᠢ ᠲᠡᠶ ᠰᠤᠷᠭᠠᠭᠤᠯᠢ ᠡᠴᠡ ᠡᠪᠦᠷᠯᠡᠨ᠎ᠡ᠂

ᠭᠦᠷᠦᠰᠦᠳᠤ ᠳᠡᠯᠡᠭᠡᠢ ᠳᠤ ᠠᠵᠤ ᠳᠦᠷᠦᠭᠦ ᠠᠷᠭ᠎ᠠ ᠵᠢ

ᠭᠦᠰᠡᠯ ᠤᠨ ᠨᠠᠷᠠ ᠲᠡᠶ ᠰᠤᠷᠭᠠᠭᠤᠯᠢ ᠡᠴᠡ ᠳᠡᠭᠡᠵᠢᠯᠡᠨ᠎ᠡ᠃

ᠡᠷᠡᠨ ᠵᠠᠭᠤᠨ ᠢ ᠴᠤᠭᠴᠠᠯᠠᠬᠤ ᠴᠢᠳᠠᠪᠣᠷᠢᠳᠠᠨ ᠢ

ᠡᠭᠡ ᠰᠤᠷᠭᠠᠭᠤᠯᠢ ᠨᠢ ᠳᠤᠮᠤᠭᠠᠵᠢᠭᠤᠯᠤᠨ ᠪᠣᠢ᠌ᠵᠢᠭᠤᠯᠤᠨ᠎ᠠ᠂

ᠡᠷᠡᠭᠦᠯ ᠳᠤᠷᠨᠢᠬᠤ ᠦᠨᠳᠦᠰᠦᠳᠠᠨ ᠤ ᠬᠣᠢ᠌ᠴᠢᠰ

ᠡᠭᠡ ᠰᠤᠷᠭᠠᠭᠤᠯᠢ ᠪᠠᠨ ᠴᠡᠴᠡᠭᠡᠢ ᠰᠢᠭ᠌ ᠬᠠᠢ᠌ᠷᠠᠯᠠᠨ᠎ᠠ᠃

ᠰᠤᠷᠭᠠᠭᠤᠯᠢ ᠭᠡᠵᠤ ᠰᠤᠶᠤᠯ ᠤᠨ ᠳᠠᠷᠬᠠᠨ ᠥᠯᠦᠭᠡᠢ

ᠰᠤᠷᠭᠠᠭᠤᠯᠢ ᠭᠡᠵᠤ ᠰᠤᠶᠤᠯ ᠤᠨ ᠥᠩᠰᠢᠭ᠌ ᠳᠠᠷᠢᠶ᠎ᠠ

ᠰᠤᠷᠭᠠᠭᠤᠯᠢ ᠭᠡᠵᠤ ᠭᠦᠮᠦᠵᠢᠯ ᠤᠨ ᠠᠷᠢᠭᠤᠨ ᠣᠷᠤᠨ

ᠰᠤᠷᠭᠠᠭᠤᠯᠢ ᠭᠡᠵᠤ ᠭᠦᠰᠡᠯ ᠤᠨ ᠳᠠᠷᠪᠠᠭᠤᠯᠳᠤ ᠣᠩᠭ᠋ᠤᠴᠠ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2250
ᠴᠠᠭ᠄ 2011 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ