ᠠᠯᠳᠠᠷᠳᠤ ᠮᠤᠩᠭ᠋ᠤᠯ ᠣᠷᠠᠨ ᠪᠢᠴᠢᠯᠭᠡᠴᠢ ᠪᠣᠤᠱᠠᠨ ᠤ ᠣᠷᠠᠨ ᠪᠢᠴᠢᠯᠭᠡ ᠶᠢᠨ ᠰᠢᠠᠵᠢᠯᠠᠯ

    ᠠᠭᠤᠯᠭ᠎ᠠ ᠶᠢᠨ ᠳᠤᠪᠴᠢ᠄ ᠳᠤᠰ ᠥᠭᠦᠯᠡᠯ ᠳᠤ ᠠᠯᠳᠠᠷᠳᠤ ᠣᠷᠠᠨ ᠪᠢᠴᠢᠯᠭᠡᠴᠢ ᠪᠣᠤᠱᠠᠨ ᠤ ᠣᠷᠠᠨ ᠪᠢᠴᠢᠯᠭᠡ ᠶᠢᠨ ᠲᠦᠯᠤᠪᠵᠢᠨ ᠪᠣᠯᠪᠠᠰᠤᠷᠠᠭᠰᠠᠨ ᠶᠠᠪᠣᠴᠠ᠂ ᠪᠢᠴᠢᠯᠭᠡ ᠶᠢᠨ ᠭᠡᠪ ᠨᠠᠮᠪᠠ ᠭᠢᠭᠡᠳ ᠭᠤᠸ᠎ᠠ ᠳᠠᠭᠠᠯᠠᠬᠤᠢ ᠶᠢᠨ ᠣᠷᠠᠯᠢᠭ ᠵᠢᠴᠢ ᠮᠤᠩᠭ᠋ᠤᠯ ᠤᠷᠡᠨ ᠪᠢᠴᠢᠯᠭᠡ ᠶᠢᠨ ᠳᠡᠦᠭᠡᠨ ᠳ᠋ᠠᠭᠢ ᠪᠠᠢ᠌ᠷᠢ ᠰᠠᠭᠤᠷᠢ ᠵᠡᠷᠭᠡ ᠶᠢ ᠰᠢᠠᠵᠢᠯᠠᠨ ᠥᠭᠦᠯᠡᠵᠡᠢ᠃

    ᠵᠠᠩᠭᠢᠯᠭ᠎ᠠ ᠶᠢᠨ ᠥᠭᠡ᠄ ᠪᠣᠤᠱᠠᠨ ᠤ ᠣᠷᠠᠨ ᠪᠢᠴᠢᠯᠭᠡ   ᠭᠡᠪ ᠨᠠᠮᠪᠠ   ᠭᠤᠸ᠎ᠠ ᠳᠠᠭᠠᠯᠠᠬᠤᠢ   ᠪᠠᠢ᠌ᠷᠢ ᠰᠠᠭᠤᠷᠢ

    ᠮᠤᠩᠭ᠋ᠤᠯ ᠣᠷᠠᠨ ᠪᠢᠴᠢᠯᠭᠡ ᠠᠯᠢ ᠡᠷᠳᠡ ᠮᠤᠩᠭ᠋ᠤᠯ ᠥᠰᠦᠭ᠌ ᠪᠢᠴᠢᠭ᠌ ᠪᠣᠢ ᠪᠣᠯᠤᠭᠰᠠᠨ ᠡᠴᠠ ᠡᠭᠢᠯᠡᠨ ᠣᠯᠠᠷᠢᠨ ᠭᠦᠭ᠍ᠵᠢᠭ᠍ᠰᠡᠭᠡᠷ ᠬᠤᠷᠢᠳᠤᠭᠠᠷ ᠵᠠᠭᠤᠨ ᠤ ᠳᠤᠮᠳᠠᠴᠢ ᠦᠶ᠎ᠡ ᠪᠣᠯᠬᠤ ᠳᠤ ᠨᠠᠩ ᠪᠠᠳᠠᠷᠠᠨ ᠴᠡᠴᠡᠭᠯᠡᠭᠡᠳ᠂ ᠨᠡᠢ᠌ᠭᠡᠮ ᠳᠡᠦᠭᠡ ᠶᠢᠨ ᠭᠦᠭ᠍ᠵᠢᠯ ᠤᠨ ᠣᠷᠤᠰᠬᠠᠯ ᠢ ᠠᠶᠠᠰᠳᠠᠨ᠂ ᠮᠤᠩᠭ᠋ᠤᠯ ᠣᠷᠠᠨ ᠪᠢᠴᠢᠯᠭᠡ ᠶᠢᠨ ᠭᠦᠭ᠍ᠵᠢᠯ ᠮᠠᠠᠳᠤᠯ ᠳᠤ ᠪᠠᠯᠠᠷᠠᠰᠢ ᠦᠭᠡᠶ ᠭᠠᠪᠢᠶ᠎ᠠ ᠵᠢᠦᠡᠭᠦᠯ ᠥᠵᠡᠭᠦᠯᠦᠭ᠍ᠰᠡᠨ ᠣᠷᠠᠨ ᠪᠢᠴᠢᠯᠭᠡᠴᠢᠳ ᠠᠯᠢ ᠣᠯᠠᠨ ᠴᠤᠯᠭᠤᠷᠠᠨ ᠭᠠᠷᠤᠭᠰᠠᠨ ᠪᠠᠢ᠌ᠨ᠎ᠠ᠃ ᠠᠯᠳᠠᠷᠳᠤ ᠣᠷᠠᠨ ᠪᠢᠴᠢᠯᠭᠡᠴᠢ ᠪᠣᠤᠱᠠᠨ ᠪᠣᠯ ᠳᠠᠳᠠᠨ ᠤ ᠳᠤᠳᠤᠷᠠᠭᠢ ᠰᠢᠯᠭᠠᠷᠠᠭᠰᠠᠨ ᠨᠢᠭᠡ ᠨᠢ ᠪᠢᠯᠠ᠃

    ᠨᠢᠭᠡ᠂ ᠪᠣᠤᠱᠠᠨ ᠤ ᠣᠷᠠᠨ ᠪᠢᠴᠢᠯᠭᠡ ᠶᠢᠨ ᠲᠦᠯᠤᠪᠵᠢᠨ ᠪᠣᠯᠪᠠᠰᠤᠷᠠᠭᠰᠠᠨ ᠴᠠᠭ ᠦᠶ᠎ᠡ

    ᠣᠷᠠᠨ ᠪᠢᠴᠢᠯᠭᠡᠴᠢ ᠪᠠᠢ ᠪᠦᠭᠡ ᠮᠤᠩᠭ᠋ᠤᠯ ᠣᠷᠠᠨ ᠪᠢᠴᠢᠯᠭᠡ ᠶᠢᠨ ᠭᠦᠭ᠍ᠵᠢᠯ ᠬᠤᠪᠢᠷᠠᠯ ᠢ ᠭᠤᠷᠪᠠᠨ ᠱᠠᠳᠤ ᠦᠶ᠎ᠡ ᠪᠠᠷ ᠠᠩᠭᠢᠯᠠᠨ᠄ 《ᠨᠢᠭᠡᠳᠦᠭᠡᠷ ᠱᠠᠳᠤ ᠨᠢ ᠮᠤᠩᠭ᠋ᠤᠯ ᠣᠷᠠᠨ ᠪᠢᠴᠢᠯᠭᠡ ᠪᠣᠢ ᠪᠣᠯᠤᠭᠰᠠᠨ ᠡᠴᠠ ᠮᠢᠩ ᠣᠯᠤᠰ ᠤᠨ ᠰᠡᠭᠦᠯ ᠤᠨ ᠦᠶ᠎ᠡ ᠪᠣᠯᠤᠨ ᠴᠢᠩ ᠣᠯᠤᠰ ᠤᠨ ᠡᠭᠢᠨ ᠤ ᠦᠶ᠎ᠡ ᠭᠦᠷᠳᠡᠯ᠎ᠡ᠃ ᠬᠤᠶᠠᠳᠤᠭᠠᠷ ᠱᠠᠳᠤ ᠨᠢ ᠮᠢᠩ ᠣᠯᠤᠰ ᠤᠨ ᠰᠡᠭᠦᠯ ᠤᠨ ᠡᠴᠦᠰ ᠤᠨ ᠦᠶ᠎ᠡ ᠪᠣᠯᠤᠨ ᠴᠢᠩ ᠣᠯᠤᠰ ᠤᠨ ᠡᠭᠢᠨ ᠤ ᠦᠶ᠎ᠡ ᠡᠴᠠ ᠰᠢᠨ᠎ᠠ ᠳᠤᠮᠳᠠᠳᠤ ᠣᠯᠤᠰ ᠪᠠᠢ᠌ᠭᠤᠯᠤᠭᠳᠠᠬᠤ ᠭᠦᠷᠳᠡᠯᠡᠭᠢ ᠴᠠᠭ᠂ ᠭᠤᠷᠪᠳᠤᠭᠠᠷ ᠱᠠᠳᠤ ᠦᠶ᠎ᠡ ᠨᠢ 1949 ᠣᠨ ᠳᠤ ᠰᠢᠨ᠎ᠡ ᠳᠤᠮᠳᠠᠳᠤ ᠣᠯᠤᠰ ᠪᠠᠢ᠌ᠭᠤᠯᠤᠭᠳᠠᠭᠰᠠᠨ ᠡᠴᠠ ᠣᠳᠤ ᠪᠣᠯᠳᠠᠯᠠᠭᠢ ᠴᠠᠭ ᠦᠶ᠎ᠡ ᠪᠣᠯᠤᠨ᠎ᠠ᠃ ᠳᠡᠭᠡᠭᠦ ᠳᠤ ᠪᠠᠨ ᠬᠤᠶᠠᠳᠤᠭᠠᠷ ᠱᠠᠳᠤᠨ ᠤ ᠦᠶᠡᠰ ᠲᠤ ᠣᠢ᠌ᠭᠤᠷᠵᠢᠨ ᠮᠤᠩᠭ᠋ᠤᠯ ᠥᠰᠦᠭ᠌ ᠴᠤ ᠭᠡᠯᠡᠨ ᠤ ᠵᠦᠢ ᠪᠠ ᠪᠢᠴᠢᠯᠭᠡ ᠶᠢᠨ ᠳᠠᠯ᠎ᠠ ᠪᠠᠷ ᠳᠦᠷᠢᠮᠵᠢᠵᠤ᠂ ᠪᠢᠴᠢᠯᠭᠡ ᠶᠢᠨ ᠳᠢᠭ᠌ ᠴᠤ ᠳᠦᠷᠢᠮᠵᠢᠨ ᠪᠢᠴᠢᠯᠭᠡ ᠶᠢᠨ ᠳᠢᠭ᠌ ᠥᠭᠡᠷᠡᠴᠢᠯᠡᠭ᠍ᠳᠡᠨ᠂ ᠣᠳᠤ ᠶᠢᠨ ᠭᠡᠷᠡᠭᠯᠡᠵᠤ ᠪᠠᠢ᠌ᠭ᠎ᠠ ᠮᠤᠩᠭ᠋ᠤᠯ ᠥᠰᠦᠭ᠌ ᠲᠡᠶ ᠦᠨᠳᠦᠰᠦᠨ ᠳᠤ ᠪᠠᠨ ᠠᠳᠠᠯᠢ ᠪᠣᠯᠵᠤ ᠥᠰᠦᠭ᠌ ᠤᠨ ᠭᠡᠯᠪᠠᠷᠢ ᠬᠤᠪᠢᠷᠠᠭᠰᠠᠨ ᠪᠠᠢ᠌ᠨ᠎ᠠ》 ᠭᠡᠵᠤ ᠭᠡᠯᠡᠭ᠍ᠰᠡᠨ ᠪᠠᠢ᠌ᠨ᠎ᠠ᠃ ᠮᠦᠨ ᠴᠤ ᠮᠢᠩ ᠣᠯᠤᠰ ᠤᠨ ᠰᠡᠭᠦᠯᠴᠢ᠂ ᠴᠢᠩ ᠣᠯᠤᠰ ᠤᠨ ᠡᠭᠢᠨ ᠤ ᠦᠶ᠎ᠡ ᠡᠴᠠ ᠡᠭᠢᠯᠡᠨ ᠦᠰᠦᠨ ᠪᠢᠷ ᠢ ᠮᠤᠩᠭ᠋ᠤᠯ ᠣᠷᠠᠨ ᠪᠢᠴᠢᠯᠭᠡ ᠳᠤ ᠦᠷᠭᠡᠨ ᠭᠡᠷᠡᠭᠯᠡᠵᠤ᠂ ᠬᠤᠷᠴᠢᠨ ᠳᠢᠭ᠌᠂ ᠬᠠᠷᠠᠴᠢᠨ ᠳᠢᠭ᠌᠂ ᠵᠤᠰᠤᠳᠤ ᠶᠢᠨ ᠳᠢᠭ᠌ ᠭᠡᠭᠦ ᠮᠠᠳᠤ ᠶᠢᠨ ᠣᠯᠠᠨ ᠵᠣᠢ᠌ᠯ ᠤᠨ ᠳᠢᠭ᠌ ᠪᠢᠴᠢᠯᠭᠡ ᠪᠣᠢ ᠪᠣᠯᠵᠤ ᠮᠠᠰᠢ ᠳᠦᠷᠭᠡᠨ ᠶᠢᠡᠷ ᠭᠦᠭ᠍ᠵᠢᠭ᠍ᠰᠡᠨ ᠪᠠᠢ᠌ᠨ᠎ᠠ᠃ ᠪᠣᠤᠱᠠᠨ ᠤ ᠣᠷᠠᠨ ᠪᠢᠴᠢᠯᠭᠡ ᠶᠢᠨ ᠲᠦᠯᠤᠪᠵᠢᠨ ᠪᠣᠯᠪᠠᠰᠤᠷᠠᠭᠰᠠᠨ ᠴᠠᠭ ᠦᠶ᠎ᠡ ᠨᠢ ᠶᠠᠭ ᠰᠠᠢ᠌ᠬᠠᠨ ᠮᠤᠩᠭ᠋ᠤᠯ ᠣᠷᠠᠨ ᠪᠢᠴᠢᠯᠭᠡ ᠨᠢᠭᠡ ᠬᠤᠶᠠᠳᠤᠭᠠᠷ ᠦᠶ᠎ᠡ ᠶᠢᠨ ᠭᠦᠭ᠍ᠵᠢᠯᠳᠡ ᠪᠠᠨ ᠥᠩᠭᠡᠷᠡᠭᠡᠳ᠂ ᠪᠦᠭᠦ ᠳᠠᠯ᠎ᠠ ᠶᠢᠨ ᠴᠡᠴᠡᠭᠯᠡᠨ ᠭᠦᠭ᠍ᠵᠢᠯᠳᠡ ᠶᠢᠨ ᠱᠠᠳᠤ ᠦᠶ᠎ᠡ ᠳᠤ ᠪᠠᠨ ᠳᠠᠪᠰᠢᠨ ᠣᠷᠤᠭᠰᠠᠨ ᠦᠶ᠎ᠡ ᠪᠣᠯᠬᠤ ᠶᠤᠮ᠃ ᠡᠨᠡ ᠨᠢ ᠳᠡᠭᠦᠨ ᠤ ᠣᠷᠠᠨ ᠪᠢᠴᠢᠯᠭᠡ ᠶᠢᠨ ᠪᠣᠳᠠᠳᠤ ᠳᠡᠦᠭᠡᠨ ᠨᠥᠭᠦᠴᠡᠯ ᠢ ᠪᠦᠷᠢᠯᠳᠦᠭᠦᠯᠵᠤ ᠦᠭ‍ᠭᠦᠭ᠍ᠰᠡᠨ ᠪᠠᠢ᠌ᠨ᠎ᠠ᠃

    ᠪᠣᠤᠱᠠᠨ ᠵᠠᠷᠢᠮ ᠠᠢ᠌ᠮᠠᠭ ᠤᠨ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠳᠤ ᠳᠦᠷᠤᠵᠤ᠂ ᠰᠤᠶᠤᠯ ᠡᠷᠳᠡᠮ ᠤᠨ ᠵᠠᠮ ᠮᠦᠷ ᠢ ᠭᠦᠭᠡᠭᠡᠭ᠍ᠰᠡᠨ ᠡᠴᠠ ᠬᠤᠷᠴᠢᠨ ᠨᠤᠳᠤᠭ ᠤᠨ ᠰᠤᠶᠤᠯ ᠤᠨ ᠰᠢᠮᠡᠯᠢᠭ᠌ ᠭᠦᠷᠦᠰᠤ ᠨᠢ ᠳᠡᠭᠦᠨ ᠤ ᠠᠩᠬᠠᠨ ᠤ ᠰᠢᠮ᠎ᠠ ᠳᠡᠵᠢᠭᠡᠯ ᠪᠣᠯᠤᠭᠰᠠᠨ ᠮᠦᠷᠳᠡᠭᠡᠨ ᠳᠠᠷᠠ ᠪᠠᠷ ᠦᠪᠣᠷ ᠮᠤᠩᠭ᠋ᠤᠯ ᠤᠨ ᠣᠳᠤ ᠦᠶ᠎ᠡ ᠶᠢᠨ ᠰᠤᠶᠤᠯ ᠤᠨ ᠭᠤᠯᠤᠮᠳᠠ ᠪᠣᠯᠤᠭᠰᠠᠨ ᠬᠦᠬᠡᠬᠤᠲᠠ ᠳᠤ ᠵᠢᠷᠭᠤᠭᠠᠨ ᠬᠠᠪᠣᠷ ᠨᠠᠮᠤᠷ ᠢ ᠰᠤᠷᠤᠯᠭ᠎ᠠ ᠶᠢᠨ ᠰᠢᠷᠡᠭᠡᠨ᠎ᠡ ᠰᠢᠮᠳᠠᠨ᠂ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶᠠᠨ ᠤ ᠣᠷᠠᠨ ᠵᠢᠷᠤᠭ ᠤᠨ ᠨᠠᠢ᠌ᠷᠠᠭᠤᠯᠤᠭᠴᠢ ᠪᠠᠷ ᠠᠵᠢᠯᠯᠠᠵᠤ ᠪᠠᠭ᠎ᠠ ᠰᠤᠷᠭᠠᠭᠤᠯᠢ ᠶᠢᠨ ᠭᠢᠴᠢᠶᠠᠯ ᠤᠨ ᠪᠢᠴᠢᠭ᠌ ᠢ ᠦᠰᠦᠨ ᠪᠢᠷ ᠶᠢᠡᠷ ᠰᠡᠢ᠌ᠷᠡᠭᠦᠯᠤᠨ ᠪᠢᠴᠢᠭᠦ ᠶᠢᠨ ᠬᠠᠮᠳᠤ ᠬᠠᠸᠠᠩᠵᠠᠪ ᠮᠠᠳᠤ ᠶᠢᠨ ᠠᠯᠳᠠᠷᠳᠤ ᠣᠷᠠᠨ ᠪᠢᠴᠢᠯᠭᠡᠴᠢ ᠡᠴᠠ ᠪᠢᠴᠢᠯᠭᠡ ᠶᠢᠨ ᠡᠷᠳᠡᠮ ᠢ ᠰᠤᠷᠴᠤ ᠡᠭᠢᠯᠡᠭ᠍ᠰᠡᠨ ᠪᠠᠢ᠌ᠨ᠎ᠠ᠃ ᠡᠨᠡ ᠨᠢ ᠳᠡᠭᠦᠨ ᠤ ᠣᠷᠠᠨ ᠪᠢᠴᠢᠯᠭᠡ ᠶᠢᠨ ᠪᠣᠯᠪᠠᠰᠤᠷᠠᠯ ᠳᠤ ᠪᠣᠳᠠᠳᠤ ᠨᠥᠭᠦᠴᠡᠯ ᠢ ᠪᠣᠢ ᠪᠣᠯᠭᠠᠵᠤ ᠦᠭ‍ᠭᠦᠭ᠍ᠰᠡᠨ ᠪᠠᠢ᠌ᠨ᠎ᠠ᠃ ᠨᠢᠭᠡᠨ ᠠᠯᠳᠠᠷᠳᠤ ᠣᠷᠠᠯᠢᠭᠴᠢᠨ ᠪᠣᠯᠬᠤ ᠳᠤ ᠡᠷᠭᠡᠪᠰᠢ ᠣᠯᠠᠨ ᠡᠴᠠ ᠭᠡᠳᠥᠢᠳᠦᠭ᠍ᠰᠡᠨ ᠣᠷᠠᠯᠢᠭ ᠤᠨ ᠠᠪᠢᠶᠠᠰ ᠪᠢᠯᠢᠭ᠌ ᠪᠠᠢ᠌ᠬᠤ ᠭᠡᠷᠡᠭ᠍ᠳᠡᠢ᠃ ᠦᠭᠡᠶ ᠪᠣᠯ ᠪᠣᠰᠤᠳ ᠡᠴᠠ ᠳᠤᠪᠣᠢ᠌ᠭᠰᠠᠨ ᠡᠡᠮᠵᠢᠯᠳᠡ ᠪᠦᠳᠦᠭᠡᠯ ᠭᠠᠷᠭᠠᠵᠤ ᠳᠡᠢ᠌ᠯᠭᠦ ᠦᠭᠡᠶ ᠶᠤᠮ᠃ ᠭᠦᠮᠤᠨ ᠪᠦᠭᠦᠨ ᠳᠤ ᠣᠷᠠᠯᠢᠭ ᠤᠨ ᠠᠪᠢᠶᠠᠰ ᠪᠢᠯᠢᠭ᠌ ᠪᠠᠢ᠌ᠳᠠᠭ᠃ ᠳᠡᠭᠡᠭᠦ ᠳᠤ ᠪᠠᠨ ᠭᠦᠮᠤᠨ ᠪᠦᠭᠦᠨ ᠤ ᠣᠷᠠᠯᠢᠭ ᠤᠨ ᠠᠪᠢᠶᠠᠰ ᠪᠢᠯᠢᠭ᠌ ᠤᠨ ᠭᠦᠭ᠍ᠵᠢᠯᠳᠡ ᠨᠢ ᠴᠤ ᠠᠳᠠᠯᠢ ᠪᠣᠰᠤ ᠪᠠᠢ᠌ᠳᠠᠭ᠃ ᠪᠣᠤᠱᠠᠨ ᠬᠠᠷᠠᠬᠠᠨ ᠪᠠᠭ᠎ᠠ ᠡᠴᠠ ᠪᠠᠨ ᠪᠢᠴᠢᠵᠤ ᠵᠢᠷᠤᠬᠤ ᠳᠤ ᠪᠠᠨ ᠠᠪᠢᠶᠠᠰᠤᠯᠢᠭ ᠪᠠᠢ᠌ᠭᠰᠠᠨ ᠪᠣᠯᠬᠤᠷ ᠪᠠᠭ᠎ᠠ ᠰᠤᠷᠭᠠᠭᠤᠯᠢ ᠳᠤ ᠪᠠᠢ᠌ᠬᠤ ᠳᠤ ᠪᠠᠨ ᠠᠢ᠌ᠯ ᠤᠨ ᠭᠦᠭ᠍ᠰᠢᠳ ᠨᠠᠰᠤᠳᠠᠨ ᠳᠡᠭᠦᠨ ᠶᠢᠡᠷ ᠪᠣᠷᠬᠠᠨ ᠤ ᠭᠦᠷᠦᠭ᠌ ᠵᠢᠷᠤᠭᠤᠯᠤᠨ ᠯᠠᠮ᠎ᠠ ᠶᠢᠡᠷ ᠠᠮᠢᠯᠠᠭᠤᠯᠵᠤ ᠳᠠᠭᠢᠳᠠᠭ ᠪᠠᠢ᠌ᠭᠰᠠᠨ ᠶᠢᠡᠷ ᠭᠦᠮᠦᠰ ᠳᠡᠭᠦᠨ ᠢ 《ᠪᠣᠷᠬᠠᠨ ᠵᠢᠷᠤᠳᠠᠭ ᠭᠦᠤ》 ᠭᠡᠵᠤ ᠳᠠᠭᠤᠳᠠᠳᠠᠭ ᠪᠠᠢ᠌ᠵᠠᠢ᠃ ᠡᠨᠡ ᠨᠢ ᠪᠣᠤᠱᠠᠨ ᠤ ᠪᠣᠰᠤᠳ ᠡᠴᠠ ᠣᠷᠣᠢ᠌ᠯᠠᠭᠰᠠᠨ ᠣᠷᠠᠯᠢᠭ ᠤᠨ ᠠᠪᠢᠶᠠᠰ ᠪᠢᠯᠢᠭ᠌ ᠲᠡᠶ ᠶᠢ ᠬᠠᠷᠠᠭᠤᠯᠵᠤ ᠪᠠᠢ᠌ᠨ᠎ᠠ᠃ ᠣᠴᠢᠷ ᠨᠢ ᠪᠣᠷᠬᠠᠨ ᠵᠢᠷᠤᠬᠤ ᠨᠢ ᠳᠠᠢ᠌ᠮᠤ ᠭᠢᠯᠪᠠᠷᠬᠠᠨ ᠪᠢᠰᠢ᠂ ᠨᠠᠩ ᠢᠯᠠᠩᠭ᠋ᠤᠶ᠎ᠠ ᠪᠠᠭ᠎ᠠ ᠰᠤᠷᠭᠠᠭᠤᠯᠢ ᠶᠢᠨ ᠰᠤᠷᠤᠭᠴᠢ ᠳᠤ ᠠᠪᠴᠤ ᠭᠡᠯᠡᠪᠠᠯ ᠵᠦᠪ ᠣᠨᠤᠪᠴᠢᠳᠠᠢ ᠳᠦᠷᠢ ᠪᠦᠳᠦᠭᠡᠯᠳᠡ ᠶᠢᠨ ᠴᠢᠳᠠᠪᠣᠷᠢ ᠦᠭᠡᠶ ᠪᠣᠯ ᠪᠣᠷᠬᠠᠨ ᠤ ᠳᠦᠷᠢ ᠶᠢ ᠥᠨᠡᠩᠭᠦ ᠰᠠᠢ᠌ᠬᠠᠨ ᠵᠢᠷᠤᠵᠤ ᠳᠡᠢ᠌ᠯᠭᠦ ᠦᠭᠡᠶ ᠶᠤᠮ᠃ ᠡᠢ᠌ᠮᠦᠷᠭᠦ ᠳᠡᠭᠡᠳᠤ ᠭᠡᠮᠵᠢᠶᠡᠨ ᠤ ᠳᠦᠷᠢ ᠪᠦᠳᠦᠭᠡᠯᠳᠡ ᠶᠢᠨ ᠣᠷᠠᠯᠢᠭ ᠤᠨ ᠣᠠᠴᠠᠭᠠᠢ ᠠᠪᠢᠶᠠᠰ ᠴᠢᠳᠠᠪᠣᠷᠢ ᠪᠠᠢ᠌ᠭᠰᠠᠨ ᠣᠴᠢᠷ ᠡᠴᠠ ᠳᠠᠷᠠ ᠰᠠ‍‌ᠶᠢ ᠬᠠᠸᠠᠩ ᠳᠢᠭ᠌ ᠢ ᠳᠠᠭᠤᠷᠢᠶᠠᠨ ᠰᠤᠷᠴᠤ ᠭᠦᠭ᠍ᠵᠢᠭᠦᠯᠤᠨ ᠳᠡᠭᠡᠳᠤ ᠨᠢᠭᠡᠨ ᠱᠠᠳᠤᠨ ᠳᠤ ᠭᠦᠷᠭᠡᠭ᠍ᠰᠡᠨ ᠪᠠᠢ᠌ᠨ᠎ᠠ᠃

    ᠮᠤᠩᠭ᠋ᠤᠯ ᠣᠷᠠᠨ ᠪᠢᠴᠢᠯᠭᠡ ᠶᠢᠨ ᠳᠡᠦᠭᠡᠳᠤ ᠪᠠᠢ᠌ᠳᠠᠯ᠂ ᠳᠤᠬᠠᠢ ᠵᠢᠨ ᠦᠶ᠎ᠡ ᠶᠢᠨ ᠣᠷᠴᠢᠨ ᠠᠬᠤᠢ ᠵᠢᠴᠢ ᠣᠯᠠᠨ ᠡᠴᠠ ᠣᠷᠣᠢ᠌ᠯᠠᠭᠰᠠᠨ ᠣᠷᠠᠯᠢᠭ ᠤᠨ ᠠᠪᠢᠶᠠᠰ ᠪᠢᠯᠢᠭ᠌ ᠪᠣᠯᠤᠨ ᠰᠢᠷᠭᠠᠭᠤ ᠬᠠᠳᠠᠭᠤᠵᠢᠯᠳᠠᠢ ᠪᠣᠯᠪᠠᠰᠤᠷᠠᠯ ᠨᠢ ᠪᠣᠤᠱᠠᠨ ᠤ ᠣᠳᠤ ᠦᠶ᠎ᠡ ᠶᠢᠨ ᠮᠤᠩᠭ᠋ᠤᠯ ᠣᠷᠠᠨ ᠪᠢᠴᠢᠯᠭᠡ ᠶᠢᠨ ᠠᠪᠣᠷᠭᠤ ᠳᠠᠷᠬᠠᠨ ᠪᠣᠯᠬᠤ ᠡᠯ᠎ᠡ ᠳᠠᠯ᠎ᠠ ᠶᠢᠨ ᠨᠥᠭᠦᠴᠡᠯ ᠰᠢᠯᠳᠠᠭᠠᠨ ᠢ ᠪᠦᠷᠢᠯᠳᠦᠭᠦᠯᠵᠤ ᠦᠭ‍ᠭᠦᠭ᠍ᠰᠡᠨ ᠪᠠᠢ᠌ᠨ᠎ᠠ᠃

    ᠬᠤᠶᠠᠷ᠂ ᠪᠣᠤᠱᠠᠨ ᠤ ᠣᠷᠠᠨ ᠪᠢᠴᠢᠯᠭᠡ ᠶᠢᠨ ᠭᠡᠪ ᠨᠠᠮᠪᠠ ᠭᠢᠭᠡᠳ ᠭᠢᠭᠡᠳ ᠭᠤᠸ᠎ᠠ ᠳᠠᠭᠠᠯᠠᠬᠤᠢ ᠶᠢᠨ ᠣᠠᠴᠠᠯᠢᠭ

    ᠪᠣᠤᠱᠠᠨ ᠠᠪᠣᠭᠠᠢ ᠬᠠᠸᠠᠩ ᠳᠢᠭ᠌ ᠲᠤ ᠰᠠᠭᠤᠷᠢᠯᠠᠨ ᠮᠤᠩᠭ᠋ᠤᠯ ᠣᠷᠠᠨ ᠪᠢᠴᠢᠯᠭᠡ᠂ ᠣᠠᠴᠠᠭᠠᠢ᠌ᠯᠠᠨ ᠭᠢᠴᠢᠶᠡᠩᠭᠦᠢ ᠳᠢᠭ᠌ ᠢ ᠣᠯᠠᠮ ᠨᠢᠭᠡ ᠳᠡᠭᠡᠳᠤ ᠱᠠᠳᠤᠨ ᠳᠤ ᠠᠭᠢᠭᠤᠯᠤᠨ ᠦᠪᠡᠷᠮᠢᠴᠠ ᠭᠡᠪ ᠨᠠᠮᠪᠠ ᠪᠦᠭᠦᠢ 《ᠪᠣᠤᠱᠠᠨ ᠳᠢᠭ᠌》 ᠊ᠢ ᠡᠭᠦᠳᠤᠨ ᠪᠦᠳᠦᠭᠡᠭ᠍ᠰᠡᠨ ᠪᠠᠢ᠌ᠨ᠎ᠠ᠃ ᠳᠡᠭᠡᠭᠦ ᠪᠠᠷ ᠶᠢᠡᠨ ᠳᠡᠭᠦᠨ ᠤ ᠣᠷᠠᠨ ᠪᠢᠴᠢᠯᠭᠡ ᠨᠢ ᠲᠤᠢ᠌ᠯ ᠤᠨ ᠳᠡᠭᠡᠳᠤ ᠭᠡᠮᠵᠢᠶᠡᠨ ᠤ ᠣᠷᠠᠯᠢᠭ ᠤᠨ ᠭᠤᠸ᠎ᠠ ᠳᠠᠭᠠᠯᠠᠬᠤᠢ ᠶᠢᠨ ᠦᠨ᠎ᠡ ᠦᠷᠳᠡᠭ᠌ ᠲᠡᠶ ᠪᠠᠢ᠌ᠳᠠᠭ᠃

    1᠂ ᠪᠢᠴᠢᠯᠭᠡ ᠶᠢᠨ ᠭᠡᠪ ᠨᠠᠮᠪᠠ

    ᠪᠣᠤᠱᠠᠨ ᠤ ᠪᠢᠴᠢᠯᠭᠡ ᠨᠢ ᠥᠰᠦᠭ᠌ ᠤᠨ ᠪᠠᠶ᠎ᠠ ᠨᠢ ᠣᠬᠤᠷ᠂ ᠠᠪᠴᠢᠩᠬᠠᠢ᠂ ᠪᠦᠭᠦᠢᠯᠡ ᠥᠰᠦᠭ᠌ ᠤᠨ ᠪᠦᠳᠦᠴᠡ ᠨᠢ ᠡᠪᠯᠢᠭ᠌ ᠵᠤᠭᠢᠴᠠᠭᠠᠤᠨ ᠪᠠᠢ᠌ᠳᠠᠭ᠃ ᠡᠭᠦᠨ ᠳᠤ 《ᠠ᠊》 ᠳᠤᠯᠤᠭᠠᠢ ᠶᠢ ᠪᠢᠴᠢᠭᠦ ᠳᠤ ᠪᠠᠨ ᠶᠡᠭᠡ ᠪᠠᠭ᠎ᠠ ᠳᠤᠭᠢᠷᠠᠮᠵᠢᠳᠠᠢ ᠲᠡᠩᠴᠡᠬᠦᠨ ᠪᠠᠢ᠌ᠵᠤ᠂ ᠨᠢᠷᠤᠭᠤ ᠠᠰᠬᠠᠨ᠂ ᠰᠢᠯᠤᠭᠠᠤᠨ᠂ ᠠᠴᠤᠭ ᠰᠢᠳᠤ ᠳᠤᠳᠤᠷᠬᠠᠢ ᠮᠦᠷᠳᠡᠭᠡᠨ ᠢᠳᠡᠯᠢᠭ᠌᠂ ᠭᠡᠳᠡᠰᠤ ᠶᠢ ᠳᠤᠤᠷ᠎ᠠ ᠳᠠᠯ᠎ᠠ ᠳᠤ ᠨᠢ ᠪᠠᠭ᠎ᠠ ᠠᠰᠬᠠᠨ᠂ ᠳᠡᠭᠡᠷ᠎ᠡ ᠳᠠᠯ᠎ᠠ ᠳᠤ ᠪᠠᠨ ᠳᠦᠭᠦᠷᠢᠩᠭᠡᠨ ᠪᠢᠴᠢᠳᠡᠭ᠌ ᠨᠢ ᠬᠤᠷᠴᠢᠨ᠂ ᠬᠠᠷᠠᠴᠢᠨ ᠳᠢᠭ᠌ ᠤᠨ ᠭᠡᠳᠡᠰᠤ ᠪᠢᠴᠢᠯᠭᠡ ᠶᠢᠨ ᠭᠡᠪ ᠨᠠᠮᠪᠠ ᠶᠢ ᠭᠦᠭ᠍ᠵᠢᠭᠦᠯᠵᠤ ᠦᠪᠡᠷᠮᠢᠴᠠ ᠣᠠᠴᠠᠯᠢᠭ ᠲᠡᠶ ᠪᠣᠯᠭᠠᠭᠰᠠᠨ ᠪᠠᠢ᠌ᠳᠠᠭ᠃ 《ᠪᠠ᠊᠂ ᠪᠣ》 ᠳᠤᠯᠤᠭᠠᠢ ᠶᠢ ᠪᠢᠴᠢᠭᠦ ᠳᠤ ᠪᠠᠨ ᠳᠤᠬᠤ ᠵᠥᠭ᠌ ᠶᠢᠡᠨ ᠪᠠᠭ᠎ᠠ ᠥᠵᠦᠭᠦᠷᠯᠢᠭ᠌ ᠨᠢ ᠬᠠᠷᠠᠴᠢᠨ ᠳᠢᠭ᠌ ᠲᠡᠶ ᠨᠠᠯᠢᠶᠠᠤᠨ ᠤᠢ᠌ᠷᠠᠯᠴᠠᠭ᠎ᠠ ᠪᠣᠯᠪᠠᠴᠤ ᠦᠪᠡᠷ ᠤᠨ ᠣᠠᠴᠠᠯᠢᠭ ᠲᠡᠶ᠂ ᠣᠷᠤᠭᠰᠢᠯᠭ᠎ᠠ ᠶᠢ ᠪᠢᠴᠢᠭᠦ ᠳᠤ ᠪᠠᠨ ᠪᠢᠷ ᠶᠢᠡᠨ ᠳᠡᠷᠦᠰᠭᠢᠭᠡᠳ ᠡᠷᠭᠦᠨ ᠳᠡᠭᠦᠰᠭᠡᠵᠤ ᠬᠠᠸᠠᠩ ᠳᠢᠭ᠌ ᠡᠴᠠ ᠣᠯᠠᠮ ᠪᠣᠯᠪᠠᠰᠤᠷᠠᠩᠭ᠋ᠤᠢ ᠪᠦᠷᠢᠨ ᠪᠦᠳᠤᠨ ᠪᠣᠯᠤᠭᠰᠠᠨ ᠪᠠᠢ᠌ᠨ᠎ᠠ᠃ ᠣᠷᠭᠢᠴᠠ ᠶᠢ ᠪᠢᠴᠢᠭᠦ ᠳᠤ ᠪᠠᠨ ᠰᠡᠭᠦᠯ ᠵᠥᠭ᠌ ᠪᠢᠷ ᠶᠢᠡᠨ ᠴᠢᠩᠭ᠎ᠠ ᠰᠢᠭ ᠳᠠᠷᠤᠰᠭᠢᠨ ᠳᠠᠭᠢᠨ ᠬᠦᠩᠭᠡᠨ ᠡᠷᠭᠦᠵᠤ ᠳᠡᠭᠦᠰᠭᠡᠭ᠍ᠰᠡᠨ ᠨᠢ ᠢᠳᠡᠯᠢᠭ᠌ ᠮᠦᠷᠳᠡᠭᠡᠨ ᠭᠦᠢᠴᠡᠳ ᠪᠠᠢ᠌ᠵᠤ᠂ ᠳᠤᠰᠤᠯ ᠤᠨ ᠪᠢᠴᠢᠯᠭᠡ ᠶᠢᠨ ᠵᠠᠢ ᠨᠢ ᠵᠤᠭᠢᠮᠵᠢᠳᠠᠢ᠂ ᠭᠦᠴᠦᠯᠢᠭ᠌ ᠪᠠᠢ᠌ᠵᠤ᠂ ᠡᠪᠠᠷ ᠭᠡᠵᠢᠭᠡ ᠶᠢ ᠪᠢᠴᠢᠭᠦ ᠳᠤ ᠳᠤᠮᠳᠠ ᠭᠡᠰᠡᠭ᠌ ᠶᠢᠡᠷ ᠪᠢᠷ ᠶᠢᠡᠨ ᠳᠡᠷᠦᠰᠭᠢᠭᠡᠳ ᠳᠠᠭᠢᠨ ᠡᠷᠭᠦᠵᠤ ᠥᠰᠦᠭ᠌ ᠨᠢ ᠢᠳᠡᠯᠢᠭ᠌ ᠬᠤᠷᠴᠠ ᠪᠠᠢ᠌ᠳᠠᠭ᠃ 《ᠳᠠ᠊》 ᠳᠤᠯᠤᠭᠠᠢ ᠶᠢ ᠪᠢᠴᠢᠭᠦ ᠳᠤ ᠪᠠᠨ ᠪᠢᠷ ᠤᠨ ᠡᠭᠢᠯᠡᠯᠳᠡ ᠪᠠᠭ᠎ᠠ ᠭᠦᠴᠦᠯᠢᠭ᠌ ᠪᠠᠢ᠌ᠵᠤ᠂ ᠳᠠᠭᠢᠨ ᠭᠦᠩᠭᠡᠭᠡᠨ ᠳᠦᠭᠦᠷᠢᠭᠯᠡᠭᠦᠯᠤᠨ ᠪᠢᠴᠢᠳᠡᠭ᠌ ᠨᠢ ᠥᠰᠦᠭ᠌ ᠤᠨ ᠭᠦᠡᠳᠦᠴᠡ ᠳᠡᠭ᠍ᠰᠢᠭᠡᠨ ᠪᠣᠯᠵᠤ᠂ 《ᠳ᠋ᠠ᠊》 ᠵᠢᠨ ᠪᠢᠴᠢᠯᠭᠡ ᠴᠤ ᠥᠰᠦᠭ᠌ ᠤᠨ ᠬᠠᠷᠢᠴᠠᠯ ᠲᠡᠶ ᠵᠤᠭᠢᠴᠠᠵᠤ᠂ 《ᠬᠠ᠊᠂ ᠭᠠ᠊》 ᠵᠢᠨ ᠳᠤᠯᠤᠭᠠᠢ ᠡᠮᠤᠨ᠎ᠡ ᠳᠡᠭᠡᠷ᠎ᠡ ᠳᠠᠯ᠎ᠠ ᠨᠢ ᠳᠦᠭᠦᠷᠢᠭ᠍ᠭᠡᠨ ᠪᠠᠢ᠌ᠵᠤ᠂ ᠠᠷᠤ ᠳᠤᠬᠤ ᠨᠢ ᠪᠠᠭ᠎ᠠ ᠰᠢᠯᠤᠭᠤᠨ ᠪᠠᠢ᠌ᠳᠠᠭ ᠨᠢ ᠢᠳᠡᠯᠢᠭ᠌ ᠬᠠᠷᠠᠭᠳᠠᠳᠠᠭ᠃ 《ᠰᠠ᠊᠂ ᠱᠠ᠊》 ᠳᠤᠯᠤᠭᠠᠢ ᠶᠢ ᠭᠦᠩᠭᠡᠨ ᠰᠢᠭ᠌ ᠡᠭᠢᠯᠡᠨ ᠭᠢᠮᠤᠰᠤ 《 ᠊ᠢ》 ᠪᠠ ᠠᠭᠰᠢᠯᠠᠭ᠎ᠠ 《᠊ᠭ》 ᠊ᠢ ᠪᠢᠴᠢᠭᠦ ᠨᠢ ᠦᠷᠭᠡᠨ ᠮᠦᠷᠳᠡᠭᠡᠨ ᠭᠦᠴᠦᠯᠢᠭ᠌ ᠪᠠᠢ᠌ᠳᠠᠭ᠃ ᠡᠳᠡᠭᠡᠷ ᠰᠡᠭᠦᠯ 《᠊ᠯ》 ᠪᠢᠴᠢᠭᠦ ᠳᠤ ᠪᠠᠨ ᠪᠢᠷ ᠤᠨ ᠳᠠᠷᠤᠯᠳᠠ ᠴᠢᠩᠭ᠎ᠠ ᠪᠠᠢ᠌ᠵᠤ᠂ ᠳᠤᠤᠷ᠎ᠠ ᠣᠷᠤᠬᠤ 《᠊ᠷ》 ᠊ᠢ ᠪᠢᠴᠢᠭᠦ ᠳᠤ ᠪᠠᠨ ᠡᠮᠦᠨᠡᠭᠢ ᠪᠢᠴᠢᠯᠭᠡ ᠨᠠᠷᠢᠬᠠᠨ ᠢᠳᠡᠯᠢᠭ᠌᠂ ᠬᠣᠢ᠌ᠨᠠᠭᠢ ᠪᠢᠴᠢᠯᠭᠡ ᠰᠦᠷᠯᠢᠭ᠌ ᠭᠦᠴᠦᠳᠡᠢ ᠪᠣᠯᠤᠭᠰᠠᠨ ᠪᠠᠢ᠌ᠨ᠎ᠠ᠃

    ᠪᠣᠤᠱᠠᠨ ᠤ ᠡᠳᠡᠭᠡᠷ ᠪᠢᠴᠢᠯᠭᠡ ᠶᠢᠨ ᠭᠡᠪ ᠨᠠᠮᠪᠠ ᠨᠢ ᠳᠡᠭᠦᠨ ᠤ ᠣᠷᠠᠨ ᠪᠢᠴᠢᠯᠭᠡ ᠶᠢᠨ ᠪᠦᠳᠦᠭᠡᠯ ᠤᠨ ᠠᠭᠤᠯᠭ᠎ᠠ ᠭᠡᠯᠪᠠᠷᠢ᠂ ᠦᠵᠡᠯ ᠰᠠᠨᠠᠭ᠎ᠠ ᠣᠷᠠᠯᠢᠭ ᠤᠨ ᠪᠦᠭᠦ ᠳᠠᠯ᠎ᠠ ᠪᠠᠷ ᠦᠷᠦᠭᠡᠯ ᠪᠣᠰᠤᠳ ᠡᠴᠠ ᠢᠯᠠᠭᠠᠭᠳᠠᠬᠤ ᠳᠤᠭᠳᠠᠪᠣᠷᠢᠳᠠᠢ ᠦᠪᠡᠷᠮᠢᠴᠠ ᠣᠠᠴᠠᠯᠢᠭ ᠤᠨ ᠪᠦᠭᠦᠢ ᠵᠤᠬᠢᠶᠠᠨ ᠪᠦᠳᠦᠭᠡᠭᠦ ᠪᠣᠳᠠᠭᠠᠯᠢ ᠪᠠᠶ᠎ᠠ ᠰᠢᠠᠵᠢ ᠶᠢ ᠢᠯᠡᠷᠡᠭᠦᠯᠵᠤ ᠪᠠᠢ᠌ᠨ᠎ᠠ᠂ ᠳᠠᠷᠤᠢ ᠳᠡᠭᠦᠨ ᠤ ᠵᠤᠬᠢᠶᠠᠨ ᠪᠦᠳᠦᠭᠡᠭᠦ ᠣᠷ᠎ᠠ ᠮᠡᠷᠭᠡᠵᠢᠯ ᠨᠢ ᠪᠣᠯᠪᠠᠰᠤᠷᠠᠵᠤ ᠴᠠᠭᠠᠷᠠᠭᠰᠠᠨ ᠤ ᠭᠢᠨᠢ ᠪᠠᠯᠭᠡ ᠳᠡᠮᠳᠡᠭ᠌ ᠮᠦᠨ᠃ ᠳᠡᠭᠡᠭᠦ ᠳᠤ ᠪᠠᠷ ᠳᠡᠭᠦᠨ ᠤ ᠡᠢ᠌ᠮᠦᠷᠭᠦᠤ ᠭᠡᠪ ᠨᠠᠮᠪᠠ ᠨᠢ ᠶᠠᠮᠠᠷ ᠨᠢᠭᠡᠨ ᠪᠦᠳᠦᠭᠡᠯ ᠳᠤ ᠨᠢ ᠊ᠭ᠍ᠱᠡᠨ ᠵᠠᠭᠤᠷ᠎ᠠ ᠶᠢᠨ ᠬᠤᠭᠤᠷᠤᠳᠤ ᠰᠠᠨᠠᠮᠰᠠᠷ ᠦᠭᠡᠶ ᠲᠦᠯᠤᠪᠵᠢᠨ ᠪᠦᠷᠢᠯᠳᠦᠴᠢᠭᠡᠭ᠍ᠰᠡᠨ ᠪᠢᠰᠢ᠂ ᠬᠠᠷᠢᠨ ᠳᠡᠭᠡᠷ᠎ᠡ ᠳᠤᠷᠠᠳᠤᠭᠰᠠᠨ ᠣᠯᠠᠨ ᠵᠣᠢ᠌ᠯ ᠤᠨ ᠨᠥᠭᠦᠴᠡᠯ ᠰᠢᠯᠳᠠᠭᠠᠨ ᠵᠢᠴᠢ ᠣᠷᠳᠤ ᠬᠤᠭᠠᠴᠠᠭᠠᠨ ᠤ ᠵᠤᠬᠢᠶᠠᠨ ᠪᠦᠳᠦᠭᠡᠭᠦ ᠥᠢᠯᠡᠳᠦᠯᠭᠡ ᠶᠢᠨ ᠶᠠᠪᠣᠴᠠ ᠳᠤ ᠠᠯᠭᠤᠷ ᠠᠭᠠᠵᠢᠮ ᠶᠢᠡᠷ ᠢᠳᠡᠭ᠌ ᠢᠳᠡᠭ᠌ ᠶᠢᠡᠷ ᠪᠣᠯᠪᠠᠰᠤᠷᠠᠨ ᠪᠦᠷᠢᠯᠳᠦᠭ᠍ᠰᠡᠨ ᠪᠠᠢ᠌ᠳᠠᠭ᠃

    ᠪᠣᠤᠱᠠᠨ ᠤ ᠣᠷᠠᠨ ᠪᠢᠴᠢᠯᠭᠡ ᠨᠢ ᠭᠤᠶᠤ ᠭᠡᠭᠡᠡᠴᠢᠷ᠂ ᠳᠦᠪ ᠰᠦᠷᠯᠢᠭ᠌᠂ ᠶᠠᠰᠤᠯᠢᠭ ᠴᠢᠭᠢᠮᠠᠢ᠂ ᠮᠢᠬᠠᠯᠢᠭ ᠰᠢᠮᠡᠷᠡᠭᠦᠨ᠂ ᠢᠳᠡᠷᠡᠭᠦᠨ ᠭᠦᠴᠦᠯᠢᠭ᠌᠂ ᠰᠢᠳᠤᠷᠭᠤ ᠭᠢᠴᠢᠶᠡᠩᠭᠦᠢ ᠪᠠᠢ᠌ᠳᠠᠭ ᠣᠠᠴᠠᠯᠢᠭ ᠨᠢ ᠮᠤᠩᠭ᠋ᠤᠯ ᠣᠷᠠᠨ ᠪᠢᠴᠢᠯᠭᠡ ᠶᠢᠨ ᠣᠳᠤ ᠦᠶ᠎ᠡ ᠶᠢᠨ ᠪᠠᠷᠢᠮᠵᠢᠶᠠᠳᠤ ᠭᠢᠴᠢᠶᠡᠩᠭᠦᠢ ᠳᠢᠭ᠌ ᠪᠣᠯᠵᠠᠢ᠃

    2᠂ ᠭᠤᠸ᠎ᠠ ᠳᠠᠭᠠᠯᠠᠬᠤᠢ ᠶᠢᠨ ᠣᠠᠴᠠᠯᠢᠭ

    ᠣᠷᠠᠨ ᠪᠢᠴᠢᠯᠭᠡ ᠨᠢ ᠳᠦᠷᠢ ᠳᠦᠷᠰᠤᠯᠠᠯ ᠤᠨ ᠭᠤᠸ᠎ᠠ ᠰᠠᠢ᠌ᠬᠠᠨ ᠤ ᠰᠢᠠᠵᠢᠯᠠᠯ ᠤᠨ ᠠᠢ ᠳᠤ ᠪᠠᠭᠳᠠᠳᠠᠭ ᠶᠢᠡᠷ ᠶᠢᠡᠨ ᠳᠡᠭᠦᠨ ᠳᠤ ᠭᠡᠷᠡᠭᠯᠡᠭᠡᠨ ᠤ ᠦᠨ᠎ᠡ ᠦᠷᠳᠡᠭ᠌ ᠪᠠᠢ᠌ᠬᠤ ᠡᠴᠠ ᠭᠠᠳᠠᠨ᠎ᠠ ᠳᠡᠭᠡᠳᠤ ᠭᠡᠮᠵᠢᠶᠡᠨ ᠤ ᠭᠤᠸ᠎ᠠ ᠳᠠᠭᠠᠯᠠᠬᠤᠢ ᠶᠢᠨ ᠦᠨ᠎ᠡ ᠦᠷᠳᠡᠭ᠌ ᠲᠡᠶ ᠶᠤᠮ᠃ ᠭᠤᠸ᠎ᠠ ᠳᠠᠭᠠᠯᠠᠬᠤᠢ ᠶᠢᠨ ᠦᠨᠳᠦᠰᠦᠨ ᠣᠠᠴᠠᠯᠢᠭ ᠪᠣᠯ ᠳᠦᠷᠢ ᠶᠢᠨ ᠭᠤᠸ᠎ᠠ ᠳᠠᠭᠠᠯᠠᠬᠤᠢ ᠶᠢᠨ ᠣᠠᠴᠠᠯᠢᠭ ᠮᠦᠨ᠂ ᠳᠦᠷᠢ ᠡᠴᠠ ᠰᠠᠯᠪᠠᠯ ᠭᠤᠸ᠎ᠠ ᠰᠠᠢ᠌ᠬᠠᠨ ᠪᠣᠯᠵᠤ ᠴᠢᠳᠠᠬᠤ ᠦᠭᠡᠶ ᠶᠤᠮ᠃ ᠣᠷᠠᠯᠢᠭ ᠤᠨ ᠭᠤᠸ᠎ᠠ ᠰᠠᠢ᠌ᠬᠠᠨ ᠪᠣᠯ ᠣᠷᠠᠨ ᠳᠦᠷᠢ ᠶᠢᠨ ᠭᠤᠸ᠎ᠠ ᠰᠠᠢ᠌ᠬᠠᠨ ᠮᠦᠨ᠃ ᠣᠷᠠᠨ ᠪᠢᠴᠢᠯᠭᠡ ᠳᠤ ᠥᠰᠦᠭ᠌ ᠢ ᠪᠦᠳᠦᠭᠡᠭᠦ ᠨᠢ ᠪᠦᠭᠦᠢᠯᠡ ᠣᠷᠠᠨ ᠪᠢᠴᠢᠯᠭᠡ ᠶᠢᠨ ᠭᠤᠸ᠎ᠠ ᠰᠠᠢ᠌ᠬᠠᠨ ᠤ ᠬᠠᠮᠤᠭ ᠤᠨ ᠦᠨᠳᠦᠰᠦᠨ ᠣᠠᠴᠠᠯᠢᠭ ᠪᠣᠯᠤᠨ᠎ᠠ᠃ ᠪᠣᠤᠱᠠᠨ ᠤ ᠪᠢᠴᠢᠯᠭᠡ ᠨᠢ ᠮᠤᠩᠭ᠋ᠤᠯ ᠥᠰᠦᠭ᠌ ᠤᠨ ᠪᠦᠳᠦᠴᠡ ᠶᠢ ᠡᠪᠯᠢᠭ᠌ ᠳᠤᠭᠢᠷᠠᠭᠤᠯᠵᠤ᠂ ᠥᠰᠦᠭ᠌ ᠤᠨ ᠳᠦᠷᠢ ᠶᠢ ᠳᠡᠭᠦᠯᠳᠡᠷ ᠪᠦᠳᠦᠭᠡᠭ᠍ᠰᠡᠨ ᠶᠢᠡᠷ ᠪᠠᠷᠠᠬᠤ ᠦᠭᠡᠶ ᠵᠢᠷᠤᠭᠠᠰᠤ ᠶᠢ ᠠᠮᠵᠢᠯᠳᠠ ᠲᠡᠶ ᠭᠡᠷᠡᠭᠯᠡᠵᠤ ᠥᠰᠦᠭ᠌ ᠤᠨ ᠳᠦᠷᠢ ᠪᠦᠳᠦᠭᠡᠯᠳᠡ ᠳᠤ ᠪᠠᠨ ᠥᠢᠯᠡᠴᠢᠯᠡᠭᠦᠯᠵᠤ ᠴᠢᠳᠠᠭᠰᠠᠨ ᠪᠠᠢ᠌ᠨ᠎ᠠ᠃

   〈1〉 ᠳᠦᠷᠢ ᠪᠦᠳᠦᠭᠡᠯᠳᠡ ᠶᠢᠨ ᠳᠡᠭᠦᠯᠳᠡᠷ ᠰᠢᠠᠵᠢ

    ᠥᠰᠦᠭ᠌ ᠤᠨ ᠣᠷᠠᠨ ᠳᠦᠷᠢ ᠶᠢ ᠪᠦᠳᠦᠭᠡᠭᠦ ᠳᠤ ᠥᠰᠦᠭ᠌ ᠤᠨ ᠵᠢᠷᠤᠯᠭ᠎ᠠ᠂ ᠪᠦᠳᠦᠴᠡ ᠶᠢ ᠡᠪᠯᠢᠭ᠌ ᠳᠤᠭᠢᠳᠠᠢ ᠪᠠᠢ᠌ᠷᠢᠯᠠᠭᠤᠯᠬᠤ ᠭᠡᠷᠡᠭ᠍ᠳᠡᠢ᠃ ᠥᠰᠦᠭ᠌ ᠤᠨ ᠳᠦᠷᠢ ᠪᠦᠳᠦᠭᠡᠯᠳᠡ ᠶᠢ ᠠᠩᠬᠠᠷᠬᠤ ᠪᠣᠯ ᠣᠷᠠᠨ ᠪᠢᠴᠢᠯᠭᠡ ᠶᠢᠨ ᠬᠠᠮᠤᠭ ᠤᠨ ᠵᠠᠩᠭᠢᠯᠭ᠎ᠠ ᠶᠢᠨ ᠠᠰᠠᠭᠤᠳᠠᠯ ᠪᠣᠯᠤᠨ᠎ᠠ᠃ ᠡᠭᠦᠨ ᠳᠤ ᠬᠠᠸᠠᠩᠵᠠᠪ ᠪᠠᠭᠰᠢ᠄ 《ᠮᠢᠨᠤ ᠪᠣᠳᠤᠬᠤ ᠪᠠᠷ ᠦᠰᠦᠨ ᠪᠢᠷ ᠶᠢᠡᠷ ᠪᠢᠴᠢᠵᠤ ᠰᠤᠷᠬᠤ ᠦᠶ᠎ᠡ ᠳᠤ ᠶᠠᠭᠤᠨ ᠤ ᠡᠮᠤᠨ᠎ᠡ ᠮᠤᠩᠭ᠋ᠤᠯ ᠥᠰᠦᠭ᠌ ᠤᠨ ᠣᠠᠴᠠᠯᠢᠭ᠂ ᠥᠰᠦᠭ᠌ ᠤᠨ ᠪᠦᠳᠦᠴᠡ᠂ ᠣᠷᠠᠨ ᠪᠢᠴᠢᠯᠭᠡ ᠶᠢᠨ ᠱᠠᠭᠠᠷᠳᠠᠯᠭ᠎ᠠ ᠶᠢ ᠣᠢ᠌ᠯᠭᠠᠵᠤ ᠮᠡᠳᠡᠭᠦ ᠴᠢᠬᠤᠯᠳᠠᠢ᠂ ᠮᠠᠨ ᠤ ᠮᠤᠩᠭ᠋ᠤᠯ ᠥᠰᠦᠭ᠌ ᠪᠣᠯ ᠠᠪᠢᠶ᠎ᠠ ᠳᠡᠮᠳᠡᠭᠯᠡᠭᠦ ᠵᠠᠯᠭᠠᠮᠠᠯ ᠥᠰᠦᠭ᠌ ᠮᠦᠨ᠃ ᠡᠨᠡ ᠥᠰᠦᠭ᠌ ᠦᠪᠡᠷ ᠤᠨ ᠣᠠᠴᠠᠯᠢᠭ ᠲᠡᠶ ᠪᠠᠢ᠌ᠳᠠᠭ᠃ ᠮᠤᠩᠭ᠋ᠤᠯ ᠥᠰᠦᠭ᠌ ᠤᠨ ᠶᠠᠩᠵᠤ ᠭᠡᠯᠪᠠᠷᠢ ᠶᠢ ᠭᠡᠯᠡᠪᠠᠯ ᠶᠤᠰᠤᠳᠠᠢ ᠪᠠᠳᠠᠷᠠᠨ ᠳᠡᠯᠭᠡᠷᠡᠭᠦ ᠣᠷᠭᠤᠭ᠎ᠠ ᠮᠤᠳᠤᠨ ᠤ ᠴᠡᠴᠡᠭ᠌ ᠮᠠᠳᠤ ᠶᠠᠭᠤᠳᠠᠢ ᠰᠠᠢ᠌ᠬᠠᠨ ᠶᠠᠭᠤᠳᠠᠢ ᠪᠠᠳᠠᠷᠠᠩᠭ᠋ᠤᠢ ᠠᠵᠠᠢ》 ᠭᠡᠵᠤ ᠶᠠᠷᠢᠭᠰᠠᠨ ᠪᠠᠢ᠌ᠳᠠᠭ᠃ ᠡᠢ᠌ᠡᠭᠦ ᠮᠤᠩᠭ᠋ᠤᠯ ᠥᠰᠦᠭ᠌ ᠤᠨ ᠪᠢᠴᠢᠯᠭᠡ ᠳᠤ ᠰᠢᠯᠤᠭᠤᠨ ᠱᠤᠭᠤᠮ ᠤᠨ ᠪᠢᠴᠢᠯᠭᠡ ᠴᠥᠭᠡᠨ ᠪᠦᠭᠡᠳ ᠣᠷᠠᠨ ᠨᠤᠭᠤᠯᠠᠪᠣᠷᠢ ᠭᠤᠬ᠎ᠠ ᠳᠡᠭᠡᠭᠡ ᠵᠡᠷᠭᠡ ᠣᠯᠠᠨ ᠭᠡᠯᠪᠠᠷᠢ ᠮᠠᠶ‍ᠢᠭ ᠲᠡᠶ ᠪᠠᠢ᠌ᠳᠠᠭ᠃ ᠡᠨᠡ ᠳᠠᠯ᠎ᠠ ᠪᠠᠷ ᠡᠩ ᠳᠡᠷᠢᠭᠦᠨ ᠳᠤ ᠥᠰᠦᠭ᠌ ᠭᠢᠭᠡᠳ ᠥᠰᠦᠭ᠌ ᠤᠨ ᠬᠤᠭᠤᠷᠤᠠᠳᠤᠭᠢ ᠵᠠᠢ᠂ ᠦᠶ᠎ᠡ ᠭᠢᠭᠡᠳ ᠦᠶ᠎ᠡ ᠶᠢᠨ ᠬᠤᠭᠤᠷᠤᠠᠳᠤᠭᠢ ᠣᠷᠳᠤ ᠣᠬᠤᠷ ᠵᠠᠢ ᠶᠢ ᠥᠰᠦᠭ᠌ ᠪᠦᠷᠢ ᠶᠢᠨ ᠪᠣᠳᠠᠳᠤ ᠪᠠᠢ᠌ᠳᠠᠯ ᠳᠤ ᠳᠤᠭᠢᠷᠠᠭᠤᠯᠤᠨ ᠲᠡᠩᠴᠡᠬᠦᠯᠤᠨ ᠪᠠᠢ᠌ᠷᠢᠰᠢᠭᠤᠯᠵᠤ᠂ ᠥᠰᠦᠭ᠌ ᠤᠨ ᠡᠮᠦᠨᠡᠭᠢ 《ᠷᠠ᠊᠂ ᠳ᠋᠂ ᠵ᠊᠂ ᠶ‍᠂ ᠴᠢ᠊》 ᠵᠡᠷᠭᠡ ᠪᠣᠯᠤᠨ ᠥᠰᠦᠭ᠌ ᠤᠨ ᠠᠷᠤ ᠶᠢᠨ 《ᠮ᠂ ᠯ᠂ ᠊ᠭ᠃ ᠰ᠂ ᠊ᠭ᠍᠂ ᠊ᠯ》 ᠵᠡᠷᠭᠡ ᠶᠢ ᠬᠠᠷᠢᠯᠴᠠᠨ ᠵᠤᠭᠢᠴᠠᠭᠤᠯᠵᠤ᠂ ᠣᠷᠭᠢᠴᠠ ᠪᠣᠯᠤᠨ ᠣᠷᠤᠭᠰᠢᠯᠭ᠎ᠠ ᠶᠢᠨ ᠶᠠᠷᠤᠩᠭᠢ ᠵᠠᠢ ᠲᠡᠩᠴᠡᠬᠦᠯᠵᠤ᠂ 《ᠬᠠ᠊᠂ ᠭᠠ᠊》 ᠵᠢ ᠳᠦᠭᠦᠷᠢᠭ᠍ᠭᠡᠨ ᠭᠠᠷᠭᠠᠵᠤ᠂ 《ᠭᠠ᠊᠂ ᠨ᠂ ᠱ》 ᠵᠢᠨ ᠳᠤᠰᠤᠯ ᠤᠨ ᠵᠠᠢ ᠶᠢ ᠡᠪᠯᠢᠭ᠌ ᠪᠠᠢ᠌ᠷᠢᠰᠢᠭᠤᠯᠤᠭᠰᠠᠨ ᠶᠢᠡᠷ ᠥᠰᠦᠭ᠌ ᠤᠨ ᠵᠢᠷᠤᠯᠭ᠎ᠠ ᠢᠯᠡᠭᠦᠤ ᠳᠤᠳᠠᠭᠤ ᠪᠠᠢ᠌ᠳᠠᠯ ᠦᠭᠡᠶ ᠶᠠᠪ ᠴᠠᠪ ᠵᠤᠭᠢᠴᠠᠵᠤ᠂ ᠡᠪᠯᠢᠭ᠌ ᠳᠤᠭᠢᠳᠠᠢ ᠪᠦᠳᠦᠴᠡ ᠲᠡᠶ ᠪᠣᠯᠵᠤ᠂ ᠪᠦᠷᠷᠢᠨ ᠳᠡᠭᠦᠯᠳᠡᠷ ᠥᠰᠦᠭ᠌ ᠤᠨ ᠣᠷᠠᠨ ᠳᠦᠷᠢ ᠶᠢ ᠪᠦᠳᠦᠭᠡᠳᠡᠭ᠌ ᠪᠠᠢ᠌ᠨ᠎ᠠ᠃ ᠵᠢᠱᠢᠶᠠᠯᠠᠪᠠᠯ ᠄ ᠪᠣᠤᠱᠠᠨ ᠤ ᠪᠢᠴᠢᠭ᠍ᠰᠡᠨ 《ᠵᠠᠰᠠᠷᠠᠭᠤᠯᠪᠠᠰᠤ》 ᠭᠡᠭᠦ ᠥᠭᠡ ᠶᠢ ᠪᠢᠴᠢᠭ᠍ᠰᠡᠨ ᠶᠢᠡᠷ ᠦᠵᠡᠪᠠᠯ 《ᠵ》 ᠳᠤᠯᠤᠭᠠᠢ ᠶᠢ ᠳᠤᠷᠤᠭᠰᠢ ᠵᠢᠱᠢᠭᠦᠤ ᠳᠠᠷᠤᠬᠤ ᠨᠢ ᠲᠤᠢ᠌ᠯ ᠤᠨ ᠣᠨᠤᠪᠴᠢᠳᠠᠢ ᠪᠠᠢ᠌ᠵᠤ ᠠᠴᠤᠭ 《ᠠ᠊》 ᠵᠢ ᠪᠢᠴᠢᠭᠦ ᠵᠠᠢ ᠨᠢ 《ᠵ᠊》 ᠳᠤᠯᠤᠭᠠᠢ ᠲᠡᠶ ᠪᠠᠨ ᠶᠤᠰᠤᠳᠠᠢ ᠰᠠᠢ᠌ᠬᠠᠨ ᠵᠤᠭᠢᠴᠠᠯᠳᠤᠵᠤ ᠪᠠᠢ᠌ᠳᠠᠭ᠃ ᠪᠠᠰᠠ 《ᠰ》 ᠳᠤᠯᠤᠭᠠᠢ ᠶᠢ ᠪᠢᠴᠢᠭᠦ ᠳᠤ ᠳᠤᠬᠤ ᠵᠢᠨ ᠵᠢᠱᠢᠭᠦᠤ ᠶᠢᠨ ᠭᠡᠮᠵᠢᠶ᠎ᠡ ᠲᠤᠢ᠌ᠯ ᠤᠨ ᠪᠠᠷᠢᠮᠵᠢᠶᠠᠯᠢᠭ ᠪᠠᠢ᠌ᠵᠤ 《ᠵ᠊》 ᠪᠣᠯᠤᠨ 《ᠰ》 ᠬᠤᠶᠠᠷ ᠵᠢᠱᠢᠭᠦᠤ ᠨᠢ ᠵᠡᠷᠭᠡᠴᠡᠭᠡ ᠪᠠᠢ᠌ᠷᠢᠨ ᠳᠤ ᠣᠷᠤᠭᠰᠠᠨ ᠡᠴᠠ ᠪᠦᠭᠦᠢᠯᠡ ᠪᠢᠴᠢᠯᠭᠡ ᠨᠢ ᠲᠦᠪ ᠭᠢᠴᠢᠶᠡᠩᠭᠦᠢ᠂ ᠶᠡᠭᠡᠮᠰᠦᠭ᠌ ᠳᠤᠭᠳᠠᠭᠤᠨ ᠪᠠᠢ᠌ᠳᠠᠭ᠃ ᠬᠤᠶᠠᠷ ᠠᠴᠤᠭ ᠤᠨ ᠵᠠᠢ ᠶᠢ ᠣᠬᠤᠷ ᠰᠢᠭ᠌ ᠪᠢᠴᠢᠵᠤ 《ᠷ》 ᠵᠢ ᠪᠠᠭ᠎ᠠ ᠡᠷᠳᠡᠢ᠌ᠯᠭᠡᠨ 《ᠢ᠊》 ᠵᠢᠨ ᠰᠢᠯᠪᠢ ᠡᠴᠠ ᠣᠷᠳᠤ ᠰᠢᠭ᠌ ᠪᠢᠴᠢᠵᠤ ᠳᠠᠭᠢᠨ ᠨᠢᠷᠤᠭᠤ ᠶᠢ ᠣᠷᠳᠤ ᠰᠢᠭ᠌ ᠳᠠᠳᠠᠨ ᠭᠤᠷᠪᠠᠨ ᠠᠴᠤᠭ ᠤᠨ ᠵᠠᠢ ᠶᠢ ᠣᠬᠤᠷ ᠰᠢᠭ ᠪᠢᠴᠢᠭ᠍ᠰᠡᠨ ᠶᠢᠡᠷ 《ᠷ》 ᠊ᠤᠨ ᠳᠤᠤᠷ᠎ᠠ ᠭᠦᠢᠴᠡᠳ ᠠᠮᠢᠰᠬᠤᠯ ᠤᠨ ᠵᠠᠢ ᠲᠡᠶ ᠪᠣᠯᠵᠤ᠂ ᠬᠤᠶᠠᠷ ᠳᠤᠰᠤᠯ ᠳᠠᠯᠪᠢᠬᠤ ᠬᠠᠩᠭ᠋ᠠᠮᠵᠢᠳᠠᠢ ᠪᠠᠢ᠌ᠷᠢ ᠥᠯᠡᠳᠡᠭᠡᠵᠤ ᠦᠭ‍ᠭᠦᠭ᠍ᠰᠡᠨ ᠪᠠᠢ᠌ᠨ᠎ᠠ᠃ ᠭᠡᠷᠪᠡ 《ᠷᠠ᠊》 ᠵᠢᠨ ᠳᠤᠤᠷᠠᠭᠢ ᠨᠢᠷᠤᠭᠤ ᠶᠢ ᠣᠬᠤᠷ ᠪᠢᠴᠢᠭ᠍ᠰᠡᠨ ᠪᠣᠯ ᠠᠮᠢᠰᠬᠤᠬᠤ ᠵᠠᠢ ᠦᠭᠡᠶ ᠶᠠᠭᠰᠢᠷᠠᠨ ᠬᠤᠶᠠᠷ ᠳᠤᠰᠤᠯ ᠨᠢ ᠴᠤ ᠵᠤᠭᠢᠬᠤ ᠵᠠᠢ ᠪᠠᠨ ᠣᠯᠬᠤ ᠦᠭᠡᠶ ᠪᠣᠯᠬᠤ ᠶᠤᠮ᠃ ᠳᠠᠭᠢᠨ ᠭᠡᠳᠡᠰᠤ ᠶᠢᠨ ᠳᠡᠭᠡᠷᠡᠭᠢ ᠨᠢᠷᠤᠭᠤ ᠶᠢ ᠪᠠᠭ᠎ᠠ ᠣᠷᠳᠤ ᠪᠢᠴᠢᠵᠤ ᠬᠤᠶᠠᠷ ᠳᠤᠰᠤᠯ ᠳᠠᠯᠪᠢᠬᠤ ᠳᠤ ᠪᠠᠨ ᠵᠤᠭᠢᠬᠤ ᠵᠠᠢ ᠥᠯᠡᠳᠡᠭᠡᠨ ᠥᠭ᠍ᠴᠤ ᠠᠴᠤᠭ ᠤᠨ ᠵᠠᠢ ᠣᠷᠳᠤ ᠴᠤ ᠪᠢᠰᠢ ᠣᠬᠤᠷ ᠴᠤ ᠪᠢᠰᠢ ᠪᠣᠯᠵᠤ 《ᠪᠠ᠊》 ᠳᠤᠯᠤᠭᠠᠢ ᠶᠢ ᠳᠦᠭᠦᠷᠢᠭᠯᠡᠭᠦᠯᠤᠨ ᠵᠠᠯᠭᠠᠵᠤ᠂ 《ᠰᠠ᠊》 ᠳᠤᠯᠤᠭᠠᠢ ᠶᠢ ᠪᠢᠴᠢᠭᠦ ᠳᠤ ᠨᠢᠷᠤᠭᠤ ᠶᠢ ᠪᠠᠭ᠎ᠠ ᠦᠨᠳᠦᠷ ᠳᠠᠳᠠᠨ ᠭᠦᠢᠴᠡᠳ ᠠᠮᠢᠰᠬᠤᠯ ᠤᠨ ᠵᠠᠢ ᠲᠡᠶ ᠪᠣᠯᠭᠠᠵᠤ 《ᠪᠠ᠊》 ᠵᠢᠨ ᠰᠡᠭᠦᠯᠡᠷᠭᠢ ᠪᠢᠴᠢᠯᠭᠡ ᠶᠢᠨ ᠵᠢᠱᠢᠭᠦᠤ ᠶᠢ 《ᠷᠠ᠊》 ᠵᠢᠨ ᠵᠢᠱᠢᠭᠦᠤ ᠲᠡᠶ ᠨᠠᠯᠢᠶᠠᠤᠨ ᠵᠢᠷᠭᠡᠴᠡᠭᠦᠯᠤᠨ ᠪᠢᠴᠢᠵᠤ ᠳᠡᠭᠦᠰᠭᠡᠭ᠍ᠰᠡᠨ ᠨᠢ ᠡᠮᠦᠨ᠎ᠡ ᠬᠣᠢ᠌ᠨᠠᠭᠢ ᠪᠢᠴᠢᠯᠭᠡ ᠶᠢᠨ ᠳᠠᠭᠤᠨ ᠠᠪᠣᠯᠴᠠᠵᠤ ᠭᠦᠢᠴᠡᠳ ᠲᠡᠩᠴᠡᠬᠦᠷᠢᠰᠢᠭ᠍ᠰᠡᠨ ᠶᠢᠡᠷ ᠥᠰᠦᠭ᠌ ᠭᠡᠳᠦᠢ ᠣᠷᠳᠤ ᠪᠣᠯᠪᠠᠴᠤ ᠯᠠᠪᠳᠠᠭᠤᠨ ᠲ᠋ᠤᠭᠳᠠᠭᠤᠨ ᠮᠦᠷᠳᠡᠭᠡᠨ ᠢᠳᠡᠷᠡᠭᠦᠨ ᠪᠣᠯᠤᠭᠰᠠᠨ ᠪᠠᠢ᠌ᠨ᠎ᠠ᠃

   〈2〉 ᠵᠢᠷᠤᠭᠠᠰᠤ ᠶᠢᠨ ᠭᠤᠸ᠎ᠠ ᠰᠠᠢ᠌ᠬᠠᠨ

    ᠣᠷᠠᠨ ᠪᠢᠴᠢᠯᠭᠡ ᠶᠢᠨ ᠡᠯᠪᠠᠭ᠌ ᠳᠤᠭᠢᠳᠠᠢ ᠥᠰᠦᠭ᠌ ᠤᠨ ᠪᠦᠳᠦᠴᠡ ᠨᠢ ᠭᠤᠤᠯᠳᠠᠭᠤ ᠵᠢᠷᠤᠭᠠᠰᠤ ᠶᠢᠨ ᠭᠤᠸ᠎ᠠ ᠰᠠᠢ᠌ᠬᠠᠨ ᠶᠢᠡᠷ ᠳᠠᠮᠵᠢᠨ ᠪᠠᠶᠡᠯᠡᠭ᠍ᠳᠡᠳᠡᠭ᠌ ᠪᠢᠯᠠ᠃ ᠡᠷᠳᠡᠨ ᠤ ᠭᠦᠮᠤᠨ 《ᠪᠢᠴᠢᠯᠭᠡ ᠳᠤ ᠡᠷᠭᠡᠪᠰᠢ ᠰᠦᠨᠠᠰᠤ᠂ ᠰᠦᠷ᠂ ᠶᠠᠰᠤ᠂ ᠮᠢᠬ᠎ᠠ᠂ ᠴᠢᠰᠤ ᠪᠦᠷᠢᠦᠡᠭᠦᠨ ᠪᠣᠶᠤ᠂ ᠡᠨᠡ ᠳᠠᠪᠣ ᠶᠢᠨ ᠠᠯᠢ ᠨᠢᠭᠡ ᠢᠨᠤ ᠳᠤᠳᠠᠭᠳᠠᠪᠠᠰᠤ ᠣᠷᠠᠨ ᠪᠢᠴᠢᠯᠭᠡ ᠪᠣᠰᠤ ᠪᠣᠯᠠᠢ》 (ᠰᠤ ᠱᠢ ᠶᠢᠨ ᠥᠭᠡ) ᠭᠡᠰᠡᠨ ᠪᠠᠢ᠌ᠳᠠᠭ᠃ ᠡᠨᠡ ᠪᠣᠯ ᠤᠷᠡᠨ ᠪᠢᠴᠢᠯᠭᠡ ᠶᠢᠨ ᠱᠠᠭᠠᠷᠳᠠᠯᠭ᠎ᠠ ᠪᠠᠷᠢᠮᠵᠢᠶ᠎ᠠ ᠮᠦᠨ᠃ ᠰᠢᠯᠢᠳᠡᠭ᠌ ᠰᠠᠢ᠌ᠨ ᠣᠷᠠᠨ ᠪᠢᠴᠢᠯᠭᠡ ᠶᠢᠨ ᠪᠦᠳᠦᠭᠡᠯ ᠨᠢ ᠡᠷᠭᠡᠪᠰᠢ ᠪᠢᠴᠢᠯᠭᠡ ᠵᠢᠨ ᠵᠢᠷᠤᠭᠠᠰᠤ ᠪᠠᠷ ᠶᠢᠡᠨ ᠰᠤᠨᠢᠷᠬᠠᠭᠴᠢᠳ ᠲᠤ ᠪᠣᠰᠤᠭ᠎ᠠ ᠴᠤᠭᠴᠠᠳᠤ ᠰᠡᠷᠡᠭ᠍ᠳᠡᠯ᠂ ᠪᠢᠴᠢᠯᠭᠡ ᠶᠢᠨ ᠭᠡᠯᠪᠷᠢ ᠪᠠᠷ ᠶᠢᠡᠨ ᠭᠦᠪᠰᠦᠮ ᠭᠦᠳᠡᠯᠦᠩᠭᠦᠢ ᠰᠡᠷᠡᠭ᠍ᠳᠡᠯ᠂ ᠭᠦᠴᠦᠯᠡᠴᠡ ᠪᠠᠷ ᠶᠢᠡᠨ ᠣᠶᠠᠨ ᠵᠥᠭᠡᠯᠡᠨ ᠪᠣᠶᠤ ᠬᠠᠳᠠᠭᠤ ᠴᠢᠩᠭ᠎ᠠ ᠰᠡᠷᠡᠭ᠍ᠳᠡᠯ᠂ ᠠᠢ᠌ᠵᠠᠮ ᠶᠢᠡᠷ ᠶᠢᠡᠨ ᠡᠷᠭᠦᠯᠳᠡ ᠳᠠᠷᠤᠯᠳᠠ᠂ ᠬᠤᠷᠳᠤᠨ ᠣᠳᠠᠭᠠᠨ᠂ ᠴᠢᠩᠭ᠎ᠠ ᠰᠤᠯᠠ᠂ ᠭᠦᠡᠳᠤ ᠬᠦᠩᠭᠡᠨ ᠤ ᠰᠡᠷᠡᠭ᠍ᠳᠡᠯ᠂ ᠪᠢᠴᠢᠯᠭᠡ ᠶᠢᠨ ᠰᠠᠨᠠᠭ᠎ᠠ ᠠᠬᠤᠢ ᠪᠠᠷ ᠰᠡᠩᠭᠡᠷᠡᠭᠦᠯᠤᠨ ᠣᠷᠮᠠᠰᠢᠭᠤᠯᠬᠤ ᠰᠡᠷᠡᠭ᠍ᠳᠡᠯ ᠥᠭ᠍ᠳᠡᠭ᠌ ᠪᠢᠯᠡ᠃ ᠡᠢ᠌ᠮᠤ ᠡᠴᠠ ᠣᠷᠠᠨ ᠪᠢᠴᠢᠯᠭᠡ ᠶᠢᠨ ᠢᠯᠡᠳᠭᠡᠭᠦ ᠭᠡᠯᠪᠠᠷᠢ ᠨᠢ ᠳᠠᠷᠤᠢ ᠵᠢᠷᠤᠭᠠᠰᠤ ᠶᠢᠨ ᠳᠦᠷᠰᠦᠯᠡᠭᠦᠢ ᠭᠤᠸ᠎ᠠ ᠰᠠᠢ᠌ᠬᠠᠨ ᠮᠦᠨ᠃

    ᠲ᠋ᠤᠤᠷ᠎ᠠ ᠪᠢᠳᠠ ᠪᠣᠤᠱᠠᠨ ᠤ ᠣᠷᠠᠨ ᠪᠢᠴᠢᠯᠭᠡ ᠶᠢᠨ ᠵᠢᠷᠤᠭᠠᠰᠤ ᠳᠤ ᠢᠯᠡᠷᠡᠭ᠍ᠰᠡᠨ ᠦᠪᠡᠷᠮᠢᠴᠠ ᠭᠡᠳᠤᠨ ᠰᠡᠷᠡᠭ᠍ᠳᠡᠯ ᠢ ᠰᠤᠨᠢᠷᠬᠠᠶ᠎ᠠ ᠄

    a. ᠪᠣᠰᠤᠭ᠎ᠠ ᠴᠤᠭᠴᠠᠳᠤ ᠰᠡᠷᠡᠭ᠍ᠳᠡᠯ᠃ ᠵᠢᠷᠤᠭᠠᠰᠤ ᠶᠢᠨ ᠪᠣᠰᠤᠭ᠎ᠠ ᠴᠤᠭᠴᠠᠳᠤ ᠰᠡᠷᠡᠭ᠍ᠳᠡᠯ ᠪᠣᠯ ᠣᠷᠠᠨ ᠪᠢᠴᠢᠯᠭᠡ ᠶᠢᠨ ᠭᠤᠸ᠎ᠠ ᠰᠠᠢ᠌ᠬᠠᠨ ᠤ ᠨᠢᠭᠡ ᠴᠢᠬᠤᠯᠠ ᠠᠭᠤᠯᠭ᠎ᠠ ᠪᠣᠯᠤᠨ᠎ᠠ᠃ ᠳᠠᠷᠤᠢ ᠵᠢᠷᠤᠭᠠᠰᠤ ᠶᠢᠨ ᠨᠢᠮᠭᠡᠨ ᠵᠤᠵᠠᠭᠠᠨ ᠤ ᠭᠡᠮᠵᠢᠶ᠎ᠡ ᠪᠠ ᠪᠢᠷ ᠭᠡᠷᠡᠭᠯᠡᠭᠦ ᠣᠷ᠎ᠠ ᠮᠡᠷᠭᠡᠵᠢᠯ ᠵᠢᠴᠢ ᠪᠠᠭᠡ ᠴᠠᠭᠠᠰᠤ ᠶᠢ ᠢᠳᠡᠭᠡᠰᠢᠭᠦᠯᠵᠤ ᠨᠡᠪᠴᠢᠭᠦᠯᠭᠦ ᠣᠢ᠌ᠯᠠᠳᠤᠯ ᠡᠴᠠ ᠪᠣᠯᠬᠤ ᠦᠷ᠎ᠡ ᠳ᠋ᠦ᠋ᠩ ᠶᠤᠮ᠃ ᠣᠷᠠᠨ ᠪᠢᠴᠢᠯᠭᠡ ᠳᠤ ᠪᠢᠷ ᠤᠨ ᠣᠷ᠎ᠠ ᠮᠡᠷᠭᠡᠵᠢᠯ ᠢ ᠴᠢᠬᠤᠯᠠᠴᠢᠯᠠᠬᠤ ᠨᠢ ᠵᠢᠷᠤᠭᠠᠰᠤ ᠶᠢᠨ ᠭᠤᠸ᠎ᠠ ᠰᠠᠢ᠌ᠬᠠᠨ ᠢ ᠢᠯᠡᠷᠡᠭᠦᠯᠭᠦ ᠶᠢᠨ ᠲᠦᠯᠦᠭᠡ ᠶᠤᠮ᠃ ᠵᠢᠷᠤᠭᠠᠰᠤ ᠶᠢᠨ ᠭᠤᠸ᠎ᠠ ᠰᠠᠢ᠌ᠬᠠᠨ ᠤ ᠬᠠᠮᠤᠭ ᠭᠤᠤᠯ ᠱᠠᠭᠠᠷᠳᠠᠯᠭ᠎ᠠ ᠪᠣᠯ ᠪᠣᠰᠤᠭ᠎ᠠ ᠰᠠᠷᠠᠯ ᠤᠨ ᠴᠢᠩᠭ᠎ᠠ ᠵᠤᠵᠠᠭᠠᠨ ᠤ ᠭᠡᠮᠵᠢᠶ᠎ᠡ ᠲᠡᠶ ᠪᠠᠢ᠌ᠬᠤ ᠡᠰᠡᠭᠦ ᠶᠠᠪᠣᠳᠠᠯ ᠪᠣᠯᠤᠨ᠎ᠠ᠂ ᠪᠣᠤᠱᠠᠨ ᠤ ᠣᠷᠠᠨ ᠪᠢᠴᠢᠯᠭᠡ ᠳᠤ ᠵᠢᠷᠤᠭᠠᠰᠤ ᠶᠢᠨ ᠪᠣᠰᠤᠭ᠎ᠠ ᠴᠤᠭᠴᠠᠳᠤ ᠰᠠᠷᠠᠯ ᠢ ᠠᠮᠵᠢᠯᠳᠠ ᠲᠡᠶ ᠢᠯᠡᠷᠡᠭᠦᠯᠵᠡᠢ᠃ ᠳᠠᠷᠤᠢ ᠥᠰᠦᠭ᠌ ᠤᠨ ᠣᠷᠭᠢᠴᠠ᠂ ᠣᠷᠤᠭᠰᠢᠯᠠᠭ᠎ᠠ᠂ ᠡᠪᠠᠷ᠂ ᠭᠡᠵᠢᠭᠡ᠂ ᠳᠤᠯᠤᠭᠠᠢ᠂ ᠭᠢᠮᠤᠰᠤ᠂ ᠳᠤᠰᠤᠯ᠂ ᠭᠡᠳᠡᠰᠤ᠂ ᠨᠢᠷᠤᠭᠤ ᠵᠡᠷᠭᠡ ᠪᠢᠴᠢᠯᠭᠡ ᠶᠢᠨ ᠵᠢᠷᠤᠭᠠᠰᠤ᠂ ᠭᠤᠤᠯ ᠥᠵᠦᠭᠦᠷ ᠪᠠ ᠳᠠᠯ᠎ᠠ ᠥᠵᠦᠭᠦᠷ ᠵᠡᠷᠭᠡ ᠪᠠᠷ ᠪᠢᠴᠢᠭ᠍ᠳᠡᠵᠤ ᠪᠢᠷ ᠪᠠᠭᠡ᠂ ᠴᠠᠭᠠᠰᠤ ᠬᠠᠷᠢᠯᠴᠠᠨ ᠨᠡᠪᠴᠡᠯᠳᠦᠭᠡᠳ ᠪᠢᠷ ᠤᠨ ᠵᠢᠷᠤᠯᠭ᠎ᠠ ᠨᠢ ᠮᠢᠬᠠᠯᠢᠭ᠂ ᠵᠤᠵᠠᠭᠠᠨ ᠪᠣᠰᠤᠭ᠎ᠠ ᠴᠤᠭᠴᠠᠳᠤ ᠰᠡᠷᠡᠭ᠍ᠳᠡᠯ ᠥᠭ᠍ᠴᠤ᠂ ᠳᠡᠭᠦᠰ ᠢᠳᠡᠯᠢᠭ᠌ ᠬᠠᠷᠠᠭᠳᠠᠨ᠎ᠠ᠃

    b.ᠭᠦᠴᠦᠯᠡᠴᠡ ᠶᠢᠨ ᠰᠡᠷᠡᠭ᠍ᠳᠡᠯ᠃ ᠵᠢᠷᠤᠭᠠᠰᠤ ᠶᠢᠨ ᠭᠦᠴᠦᠯᠡᠴᠡ ᠶᠢᠨ ᠰᠡᠷᠡᠭ᠍ᠳᠡᠯ ᠪᠣᠯ ᠣᠷᠠᠨ ᠪᠢᠴᠢᠯᠭᠡ ᠶᠢᠨ ᠪᠠᠰᠠ ᠨᠢᠭᠡ ᠴᠢᠬᠤᠯᠠ ᠰᠢᠠᠵᠢ ᠪᠣᠯᠤᠨ᠎ᠠ᠃ ᠡᠨᠡ ᠨᠢ ᠵᠢᠷᠤᠭᠠᠰᠤ ᠶᠢᠨ ᠢᠳᠡᠯᠢᠭ᠌ ᠡᠰᠡᠭᠦ᠂ ᠳᠠᠷᠤᠢ ᠪᠢᠴᠢᠭ᠍ᠳᠡᠭ᠍ᠰᠡᠨ ᠥᠰᠦᠭ᠌ ᠤᠨ ᠢᠳᠡᠯᠢᠭ᠌᠂ ᠭᠦᠴᠦᠯᠢᠭ᠌ ᠪᠠᠢ᠌ᠬᠤ ᠡᠰᠡᠭᠦ ᠶᠢ ᠵᠢᠭᠠᠨ᠎ᠠ᠃ ᠵᠠᠷᠢᠮ ᠭᠦᠮᠤᠨ ᠤ ᠪᠢᠴᠢᠯᠭᠡ ᠶᠢᠨ ᠵᠢᠷᠤᠭᠠᠰᠤ ᠨᠢ ᠢᠳᠠ ᠦᠭᠡᠶ ᠡᠴᠠ ᠥᠰᠦᠭ᠌ ᠨᠢ ᠭᠦᠴᠤ ᠳᠠᠮᠢᠷ ᠦᠭᠡᠶ᠂ ᠢᠳᠡᠯᠢᠭ᠌ ᠪᠣᠰᠤ ᠪᠣᠯᠳᠠᠭ᠃ ᠭᠡᠪᠠᠴᠤ ᠪᠣᠤᠱᠠᠨ ᠤ ᠣᠷᠠᠨ ᠪᠢᠴᠢᠯᠭᠡ ᠶᠢᠨ ᠵᠢᠷᠤᠭᠠᠰᠤ ᠶᠢᠨ ᠭᠦᠴᠦᠯᠡᠴᠡ ᠶᠢᠨ ᠳᠠᠯ᠎ᠠ ᠪᠠᠷ ᠳᠡᠭᠦᠰ ᠠᠮᠵᠢᠯᠳᠠ ᠣᠯᠵᠤ ᠥᠰᠦᠭ᠌ ᠪᠦᠷᠢ ᠭᠦᠴᠦᠯᠢᠭ᠌᠂ ᠳᠠᠮᠢᠷᠯᠢᠭ ᠬᠠᠷᠠᠭᠳᠠᠵᠤ᠂ ᠣᠠᠴᠠᠭᠠᠢ᠌ᠯᠠᠨ ᠣᠷᠤᠭᠰᠢᠯᠭ᠎ᠠ᠂ ᠣᠷᠭᠢᠴᠠ᠂ ᠡᠪᠠᠷ᠂ ᠭᠡᠵᠢᠭᠡ ᠵᠡᠷᠭᠡ ᠣᠯᠠᠨ ᠪᠢᠴᠢᠯᠭᠡ ᠲᠤᠢ᠌ᠯ ᠤᠨ ᠢᠳᠡᠯᠢᠭ᠌ ᠪᠠᠢ᠌ᠵᠤ᠂ ᠥᠰᠦᠭ᠌ ᠤᠨ ᠬᠠᠳᠠᠭᠤ ᠵᠥᠭᠡᠯᠡᠨ᠂ ᠴᠢᠩᠭ᠎ᠠ ᠰᠤᠯᠠ ᠨᠢ ᠳᠤᠳᠤᠷᠬᠠᠢ᠂ ᠵᠢᠷᠤᠭᠠᠰᠤ ᠨᠢᠭᠡ ᠪᠦᠷᠢ ᠨᠢ ᠰᠢᠷᠪᠤᠰᠦᠯᠢᠭ᠌᠂ ᠣᠷᠤᠭᠰᠢᠯᠭ᠎ᠠ ᠣᠷᠭᠢᠴᠠ ᠵᠡᠷᠭᠡ ᠪᠢᠴᠢᠯᠭᠡ ᠨᠢ ᠳᠤᠷᠭᠠᠨ ᠴᠠᠭᠠᠰᠤ ᠶᠢ ᠨᠠᠪᠳᠠᠯᠠᠨ ᠭᠠᠷᠤᠭᠰᠠᠨ ᠰᠢᠭ᠌ ᠴᠢᠩᠭ᠎ᠠ ᠬᠠᠳᠠᠭᠤ ᠭᠦᠴᠤᠨ ᠤ ᠰᠡᠷᠡᠭ᠍ᠳᠡᠯ ᠳᠦᠷᠦᠭ᠍ᠳᠡᠭᠦᠯᠳᠡᠩ ᠪᠠᠢ᠌ᠨ᠎ᠠ᠃

    c. ᠠᠢ᠌ᠵᠠᠮ ᠤᠨ ᠰᠡᠷᠡᠭ᠍ᠳᠡᠯ᠃ ᠣᠷᠠᠨ ᠪᠢᠴᠢᠯᠭᠡ ᠳᠤ ᠠᠢ᠌ᠵᠠᠮ ᠨᠢ ᠶᠠᠭ ᠯᠠ ᠭᠦᠮᠤᠨ ᠤ ᠪᠠᠶ᠎ᠠ ᠶᠢᠨ ᠵᠢᠷᠦᠭᠡᠨ ᠯᠤᠭᠰᠢᠯᠳᠠ ᠲᠡᠶ ᠠᠳᠠᠯᠢ ᠪᠠᠷ ᠰᠢᠢᠤᠠᠪᠣᠷᠢᠳᠤ ᠣᠢ᠌ᠯᠠᠳᠤᠯ ᠥᠵᠡᠭᠦᠯᠵᠤ ᠪᠠᠢ᠌ᠳᠠᠭ᠃ ᠣᠷᠠᠨ ᠪᠢᠴᠢᠯᠭᠡ ᠳᠤ ᠠᠢ᠌ᠵᠠᠮ ᠦᠭᠡᠶ ᠪᠣᠯ ᠥᠰᠦᠭ᠌ ᠭᠦᠯᠳᠡᠭᠦᠤ ᠬᠠᠷᠠᠭᠳᠠᠳᠠᠭ᠃ ᠡᠢ᠌ᠮᠤ ᠡᠴᠠ ᠣᠷᠠᠨ ᠪᠢᠴᠢᠯᠭᠡ ᠶᠢᠨ ᠠᠢ᠌ᠵᠠᠮ ᠨᠢ ᠰᠤᠳᠠᠯ ᠤᠨ ᠯᠤᠭᠰᠢᠯᠳᠠ᠂ ᠵᠢᠷᠦᠭᠡᠨ ᠴᠤᠭᠢᠯᠳᠠ ᠳᠠᠭᠤᠤ ᠶᠢᠨ ᠡᠭᠡᠰᠢᠭ᠌ ᠤᠨ ᠳᠤᠯᠤᠭᠠᠨ ᠠᠶᠠᠯᠭᠤ ᠲᠡᠶ ᠠᠳᠠᠯᠢ ᠪᠠᠷ ᠰᠤᠨᠢᠷᠬᠠᠭᠴᠢᠳ ᠲᠤ ᠲᠡᠩᠴᠡᠬᠦᠷᠢ ᠲᠡᠶ᠂ ᠭᠦᠭ᠌ ᠠᠢ᠌ᠵᠠᠮ ᠪᠦᠭᠦᠢ ᠭᠤᠸ᠎ᠠ ᠰᠠᠢ᠌ᠬᠠᠨ ᠤ ᠨᠥᠯᠦᠭᠡᠯᠡᠯ ᠢ ᠣᠯᠭᠤᠳᠠᠭ᠃ ᠵᠢᠱᠠᠶᠠᠯᠠᠪᠠᠯ᠄ ᠪᠣᠤᠱᠠᠨ ᠤ ᠪᠢᠴᠢᠭ᠍ᠰᠡᠨ 《ᠳᠦᠷᠦᠭ᠍ᠰᠡᠨ》 ᠭᠡᠳᠡᠭ᠌ ᠥᠰᠦᠭ᠌ ᠶᠢᠡᠷ ᠥᠵᠡᠭ᠍ᠰᠡᠨ ᠴᠤ ᠪᠢᠷ ᠶᠢᠡᠨ ᠪᠠᠭ᠎ᠠ ᠳᠠᠷᠤᠰᠭᠢᠨ ᠡᠷᠭᠢᠭᠦᠯᠵᠤ ᠳᠡᠭᠦᠷᠢᠭᠯᠡᠭᠦᠯᠤᠨ 《ᠳᠠ᠊》 ᠵᠢ ᠪᠢᠴᠢᠵᠤ ᠬᠦᠩᠭᠡᠨ ᠳᠠᠷᠤᠵᠤ ᠠᠴᠤᠭ ᠢ ᠪᠢᠴᠢᠵᠤ᠂ ᠨᠢᠷᠤᠭᠤ ᠶᠢ ᠳᠤᠷᠤᠭᠰᠢ ᠳᠠᠳᠠᠨ ᠪᠢᠷ ᠶᠢᠡᠨ ᠵᠢᠱᠢᠭᠦᠤ ᠶᠤᠪᠣᠭᠤᠯᠵᠤ ᠪᠠᠭ᠎ᠠ ᠳᠠᠷᠤᠰᠭᠢᠵᠤ ᠳᠦᠭᠦᠷᠢᠭᠯᠡᠭᠦᠯᠤᠨ ᠭᠡᠳᠡᠰᠤ ᠶᠢ ᠪᠢᠴᠢᠵᠤ᠂ ᠳᠤᠷᠤᠭᠰᠢ ᠵᠠᠯᠭᠠᠨ ᠳᠤᠮᠳᠠ ᠳᠠᠷᠤᠯᠳᠠ ᠪᠠᠷ ᠰᠢᠯᠪᠢ ᠶᠢ ᠪᠢᠴᠢᠵᠤ ᠳᠠᠭᠢᠵᠤ ᠪᠢᠷ ᠶᠢᠡᠨ ᠣᠬᠤᠷᠢᠭᠤᠯᠤᠨ ᠪᠠᠭ᠎ᠠ ᠳᠠᠷᠤᠵᠤ ᠬᠦᠩᠭᠡᠨ ᠡᠷᠭᠦᠵᠤ ᠪᠠᠢ᠌ᠭᠠᠤᠨ ᠳᠠᠭᠢᠨ ᠳᠠᠷᠤᠰᠭᠢᠵᠤ 《ᠷᠠ᠊》 ᠵᠢ ᠪᠢᠴᠢᠵᠤ ᠳᠠᠭᠤᠰᠬᠠᠨ᠂ ᠪᠠᠭ᠎ᠠ ᠳᠠᠷᠤᠯᠳᠠ ᠡᠭᠦᠰᠭᠡᠨ ᠨᠢᠷᠤᠭᠤ ᠶᠢ ᠰᠢᠯᠤᠭᠤᠨ ᠳᠠᠳᠠᠵᠤ ᠪᠢᠷ ᠵᠢᠱᠢᠭᠦᠯᠤᠨ ᠪᠠᠭ᠎ᠠ ᠳᠠᠷᠤᠵᠤ ᠳᠦᠭᠦᠷᠢᠭᠯᠡᠭᠦᠯᠤᠨ ᠭᠡᠳᠡᠰᠤ 《ᠣ᠊》 ᠶᠢ ᠪᠢᠴᠢᠵᠤ ᠪᠠᠷᠠᠭᠠᠤᠨ᠂ ᠳᠤᠮᠳᠠ ᠳᠠᠷᠤᠯᠳᠠ ᠪᠠᠷ ᠨᠢᠷᠤᠭᠤ ᠶᠢ ᠳᠠᠳᠠᠵᠤ 《᠊ᠭ᠍》 ᠊ᠢ ᠬᠦᠩᠭᠡᠨ ᠪᠢᠴᠢᠵᠤ 《᠊ᠰ》 ᠵᠢᠨ ᠳᠤᠬᠤᠨ ᠳᠡᠭᠡᠷ᠎ᠡ ᠪᠠᠭ᠎ᠠ ᠳᠠᠷᠤᠵᠤ ᠪᠢᠷ ᠶᠢᠡᠨ ᠬᠦᠩᠭᠡᠨ ᠮᠦᠷᠳᠡᠭᠡᠨ ᠢᠳᠡᠯᠢᠭ᠌ ᠵᠢᠱᠢᠭᠦᠤ ᠶᠠᠪᠣᠭᠤᠯᠠᠵᠤ᠂ ᠬᠤᠶᠠᠷ ᠠᠴᠤᠭ ᠢ ᠳᠤᠮᠳᠠ ᠳᠠᠷᠤᠯᠳᠠ ᠪᠠᠷ ᠪᠢᠴᠢᠵᠤ᠂ ᠪᠢᠷ ᠶᠢᠡᠨ ᠳᠡᠷᠦᠰᠭᠢᠭᠡᠳ ᠬᠦᠩᠭᠡᠨ ᠡᠷᠭᠦᠵᠤ ᠮᠤᠷᠣᠢ᠌ᠯᠭᠠᠨ ᠳᠠᠭᠢᠵᠤ ᠪᠠᠭ᠎ᠠ ᠳᠠᠷᠤᠰᠭᠢᠵᠤ ᠪᠢᠷ ᠶᠢᠡᠨ ᠡᠷᠭᠦᠭᠡᠳ ᠡᠨᠡ ᠥᠭᠡ ᠶᠢ ᠪᠢᠴᠢᠵᠤ ᠳᠡᠭᠦᠰᠭᠡᠭ᠍ᠰᠡᠨ ᠪᠠᠢ᠌ᠨ᠎ᠡ᠃

    ᠪᠣᠤᠱᠠᠨ ᠤ ᠪᠢᠴᠢᠯᠭᠡ ᠨᠢ ᠢᠩᠭᠢᠵᠤ ᠪᠢᠷ ᠤᠨ ᠡᠷᠭᠦᠯᠳᠡ ᠳᠠᠷᠤᠯᠳᠠ᠂ ᠬᠤᠷᠳᠤᠴᠠ ᠣᠳᠠᠭᠠᠨ᠂ ᠴᠢᠩᠭ᠎ᠠ ᠰᠤᠯᠠ᠂ ᠭᠦᠡᠳᠤ ᠬᠦᠩᠭᠡᠨ ᠊ᠢ ᠵᠤᠭᠢᠮᠵᠢᠳᠠᠢ ᠰᠠᠢ᠌ᠬᠠᠨ ᠭᠡᠷᠡᠭᠯᠡᠵᠤ ᠠᠢ᠌ᠵᠠᠮ ᠴᠤᠭᠢᠯᠭ᠎ᠠ ᠲᠡᠶ ᠠᠮᠢᠳᠤ ᠴᠤᠪᠣᠭᠤᠯᠢᠭ ᠪᠣᠯᠤᠭᠰᠠᠨ ᠣᠴᠢᠷ ᠶᠠᠭ ᠯᠠ ᠮᠤᠩᠭ᠋ᠤᠯ ᠳᠠᠭᠤᠤ ᠶᠢᠨ ᠢᠷᠠᠭᠤ ᠡᠭᠡᠰᠢᠭ᠌᠂ ᠮᠤᠷᠢᠨ ᠬᠤᠭᠤᠷ ᠤᠨ ᠴᠡᠭᠡᠯᠭᠡᠨ ᠠᠶᠠᠰ ᠰᠢᠭ᠌ ᠭᠤᠸ᠎ᠠ ᠰᠠᠢ᠌ᠬᠠᠨ ᠠᠢ᠌ᠵᠠᠮ ᠴᠤᠭᠢᠯᠭ᠎ᠠ ᠶᠢᠨ ᠰᠡᠷᠡᠭ᠍ᠳᠡᠯ ᠪᠦᠭᠦᠢ ᠣᠷᠠᠯᠢᠭ ᠤᠨ ᠮᠥᠩᠭᠡ ᠭᠦᠴᠤᠨ ᠲᠡᠶ ᠪᠣᠯᠤᠭᠰᠠᠨ ᠪᠠᠢ᠌ᠨ᠎ᠠ᠃

    ᠭᠤᠷᠪᠠ᠃ ᠪᠣᠤᠱᠠᠨ ᠤ ᠣᠷᠠᠨ ᠪᠢᠴᠢᠯᠭᠡ ᠶᠢᠨ ᠪᠠᠢ᠌ᠷᠢ ᠰᠠᠭᠤᠷᠢ

    ᠪᠣᠤᠱᠠᠨ ᠤ ᠣᠷᠠᠨ ᠪᠢᠴᠢᠯᠭᠡ ᠨᠢ ᠦᠪᠡᠷᠮᠢᠴᠠ ᠣᠠᠴᠠᠭᠠᠢ ᠪᠢᠴᠢᠯᠭᠡ ᠶᠢᠨ ᠭᠡᠪ ᠨᠠᠮᠪᠠ ᠶᠢ ᠪᠣᠢ ᠪᠣᠯᠭᠠᠨ᠂ ᠦᠷᠦᠭᠡᠯ ᠪᠣᠰᠤᠳ ᠡᠴᠠ ᠢᠯᠭᠠᠷᠠᠭᠰᠠᠨ ᠪᠢᠴᠢᠯᠭᠡ ᠶᠢᠨ ᠣᠷᠠᠨ ᠳᠦᠷᠢ ᠶᠢ ᠪᠦᠷᠢᠨ ᠳᠡᠭᠦᠯᠳᠡᠷ ᠪᠦᠳᠦᠭᠡᠵᠤ᠂ ᠪᠢᠴᠢᠯᠭᠡ ᠶᠢᠨ ᠭᠤᠶᠤ ᠭᠡᠭᠡᠡᠴᠢᠷ᠂ ᠲᠦᠪ ᠶᠡᠭᠡᠮᠰᠦᠭ᠌᠂ ᠶᠡᠰᠤᠯᠢᠭ ᠴᠢᠭᠢᠮᠠᠢ᠂ ᠢᠳᠡᠷᠡᠭᠦᠨ ᠭᠦᠴᠢᠯᠡᠭ᠌᠂ ᠰᠢᠳᠤᠷᠭᠤ ᠭᠢᠴᠢᠶᠡᠩᠭᠦᠢ ᠪᠠᠷ ᠵᠢᠠᠨ ᠮᠤᠩᠭ᠋ᠤᠯ ᠣᠷᠠᠨ ᠪᠢᠴᠢᠯᠭᠡ ᠶᠢᠨ ᠳᠠᠪᠴᠠᠩ ᠳᠤ ᠴᠤᠯᠭᠠᠤᠷᠠᠭᠰᠠᠨ ᠪᠠᠢ᠌ᠨ᠎ᠠ᠃ ᠳᠡᠭᠦᠨ ᠤ ᠣᠷᠠᠨ ᠪᠢᠴᠢᠯᠭᠡ ᠨᠢ ᠭᠤᠸ᠎ᠠ ᠰᠠᠢ᠌ᠬᠠᠨ ᠶᠢᠡᠷ ᠶᠢᠡᠨ ᠣᠯᠠᠨ᠎ᠠ ᠳᠠᠭᠠᠰᠢᠶᠠᠭᠳᠠᠵᠤ ᠶᠠᠰᠤᠯᠢᠭ ᠵᠤᠵᠠᠭᠠᠨ ᠪᠣᠰᠤᠭ᠎ᠠ ᠴᠤᠭᠴᠠᠳᠤ ᠰᠡᠷᠡᠭ᠍ᠳᠡᠯ ᠲᠡᠶ ᠮᠦᠷᠳᠡᠭᠡᠨ ᠳᠡᠭᠦᠰ ᠢᠳᠡᠯᠢᠭ᠌ ᠭᠦᠴᠦᠯᠡᠴᠡ ᠶᠢᠨ ᠰᠡᠷᠡᠭ᠍ᠳᠡᠯ ᠵᠢᠴᠢ ᠪᠢᠷ ᠤᠨ ᠡᠷᠭᠦᠯᠳᠡ ᠳᠠᠷᠤᠯᠳᠠ ᠬᠤᠷᠳᠤᠨ ᠣᠳᠠᠭᠠᠨ᠂ ᠴᠢᠩᠭ᠎ᠠ ᠰᠤᠯᠠ᠂ ᠭᠦᠡᠳᠤ ᠬᠦᠩᠭᠡᠨ ᠳᠤᠳᠤᠷᠬᠠᠢ᠂ ᠠᠮᠢᠳᠤ ᠴᠤᠪᠣᠭᠤᠯᠢᠭ ᠠᠢ᠌ᠵᠠᠮ ᠴᠤᠭᠢᠯᠭ᠎ᠠ ᠶᠢᠨ ᠰᠡᠷᠡᠭ᠍ᠳᠡᠯ ᠲᠡᠶ ᠵᠢᠷᠤᠭᠠᠰᠤ ᠶᠢᠨ ᠭᠤᠸ᠎ᠠ ᠰᠠᠢ᠌ᠬᠠᠨ ᠢ ᠪᠦᠳᠦᠭᠡᠭᠡᠳ᠂ ᠮᠤᠩᠭ᠋ᠤᠯ ᠣᠷᠠᠨ ᠪᠢᠴᠢᠯᠭᠡ ᠶᠢᠨ ᠭᠤᠸ᠎ᠠ ᠳᠠᠭᠠᠯᠠᠬᠤᠢ ᠰᠢᠠᠵᠢ ᠶᠢ ᠨᠢᠭᠡᠨ ᠭᠡᠮᠵᠢᠶᠡᠨ᠎ᠡ ᠪᠠᠶᠠᠯᠢᠭᠵᠢᠭᠤᠯᠤᠭᠰᠠᠨ ᠪᠠᠢ᠌ᠳᠠᠭ᠃

    ᠪᠣᠤᠱᠠᠨ ᠪᠢᠴᠢᠯᠭᠡ ᠶᠢᠨ ᠭᠡᠪ ᠨᠠᠮᠪᠠ ᠵᠢᠴᠢ ᠭᠤᠸ᠎ᠠ ᠳᠠᠭᠠᠰᠢᠶᠠᠯ ᠤᠨ ᠦᠨᠳᠦᠷ ᠭᠡᠮᠵᠢᠶᠡᠨ ᠤ ᠦᠨ᠎ᠡ ᠦᠷᠳᠡᠭ᠌ ᠢ ᠡᠭᠦᠳᠤᠨ ᠪᠦᠳᠦᠭᠡᠭ᠍ᠰᠡᠨ ᠶᠢᠡᠷ ᠪᠠᠷᠠᠬᠤ ᠦᠭᠡᠶ ᠠᠵᠢᠯ ᠤᠨ ᠪᠠᠢ᠌ᠷᠢᠨ ᠳᠤ ᠠᠯᠬᠤᠨ ᠭᠠᠷᠤᠭᠰᠠᠨ ᠡᠴᠠ ᠡᠭᠢᠯᠡᠨ ᠪᠠᠭ᠎ᠠ ᠰᠤᠷᠭᠠᠭᠤᠯᠢ ᠶᠢᠨ ᠭᠢᠴᠢᠶᠠᠯ ᠤᠨ ᠳᠠᠪᠳᠠᠷ ᠢ ᠪᠢᠴᠢᠵᠤ᠂ ᠦᠷᠭᠡᠨ ᠣᠯᠠᠨ ᠵᠠᠯᠠᠭᠤ ᠪᠠᠭᠠᠴᠤᠳ ᠤᠨ ᠭᠦᠰᠡᠯᠳᠤ ᠪᠠᠭᠰᠢ ᠪᠣᠯᠵᠤ ᠦᠪᠡᠷ ᠤᠨ ᠡᠷᠳᠡᠮ ᠴᠢᠳᠠᠪᠣᠷᠢ ᠣᠶᠤᠨ ᠮᠡᠳᠡᠯᠭᠡ ᠪᠠᠨ ᠬᠠᠷᠠᠮ ᠦᠭᠡᠶ ᠪᠠᠷ ᠬᠣᠢ᠌ᠴᠢ ᠦᠶ᠎ᠡ ᠳᠤ ᠪᠠᠨ ᠣᠯᠠᠮᠵᠢᠯᠠᠨ᠂ ᠬᠤᠵᠢᠮ ᠨᠢ ᠦᠪᠣᠷ ᠮᠤᠩᠭ᠋ᠤᠯ ᠤᠨ ᠣᠷᠠᠨ ᠪᠢᠴᠢᠯᠭᠡ ᠶᠢᠨ ᠡᠴᠢᠨ᠎ᠡ ᠰᠤᠷᠬᠤ ᠶᠡᠭᠡ ᠰᠤᠷᠭᠠᠭᠤᠯᠢ ᠶᠢᠨ ᠭᠤᠤᠯ ᠪᠠᠭᠰᠢ ᠪᠦᠭᠡᠳ ᠳᠠᠳᠠᠨ ᠤ ᠡᠷᠭᠢᠯᠡᠵᠤ ᠪᠦᠭᠦᠢ ᠣᠷᠠᠨ ᠪᠢᠴᠢᠯᠭᠡ ᠶᠢᠨ ᠰᠡᠳᠭᠦᠯ ᠤᠨ ᠡᠷᠭᠢᠯᠡᠭ᠍ᠰᠡᠨ ᠨᠠᠢ᠌ᠷᠠᠭᠤᠯᠤᠭᠴᠢ ᠪᠣᠯᠵᠤ ᠣᠨᠤᠯ ᠰᠤᠳᠤᠯᠤᠯ ᠢ ᠭᠢᠵᠤ ᠣᠷᠠᠨ ᠪᠢᠴᠢᠯᠭᠡ ᠳᠤ ᠣᠷᠮ᠎ᠠ ᠪᠠᠬ᠎ᠠ ᠲᠡᠶ ᠭᠦᠮᠦᠰ ᠢ ᠵᠢᠯᠤᠭᠤᠳᠤᠨ ᠭᠦᠮᠦᠵᠢᠭᠦᠯᠵᠤ ᠪᠠᠢ᠌ᠨ᠎ᠠ᠃ ᠳᠠᠷᠠ ᠮᠤᠩᠭ᠋ᠤᠯ ᠣᠷᠠᠨ ᠪᠢᠴᠢᠯᠭᠡ ᠶᠢᠨ ᠰᠤᠷᠭᠠᠨ ᠭᠦᠮᠦᠵᠢᠯ ᠤᠨ ᠠᠭᠤᠤ ᠣᠢ᠌ᠯᠠᠰ ᠲᠤ ᠠᠷᠠᠯ ᠤᠨ ᠱᠠᠷ ᠰᠢᠭ ᠨᠠᠰᠤ ᠪᠠᠷ ᠶᠢᠡᠨ ᠵᠢᠳᠭᠦᠵᠤ᠂ ᠣᠢ ᠣᠬᠠᠭᠠᠨ ᠣᠶᠤᠨ ᠳᠠᠷᠢᠭᠢ ᠪᠠᠨ ᠰᠢᠪᠬᠠᠵᠤ ᠡᠮᠦᠨᠡᠭᠢ ᠶᠢ ᠵᠠᠯᠭᠠᠮᠵᠢᠯᠠᠨ ᠬᠣᠢ᠌ᠨᠠᠭᠢ ᠶᠢ ᠵᠠᠯᠭᠠᠭᠰᠠᠨ ᠠᠯᠳᠠᠷᠳᠤ ᠪᠠᠭᠰᠢ ᠪᠣᠯᠤᠭᠰᠠᠨ ᠪᠠᠢ᠌ᠨ᠎ᠠ᠃

    ᠬᠤᠷᠢᠶᠠᠩᠭ᠋ᠣᠢ᠌ᠯᠠᠪᠠᠯ᠂ ᠪᠣᠤᠱᠠᠨ ᠤ ᠣᠷᠠᠨ ᠪᠢᠴᠢᠯᠭᠡ ᠨᠢ ᠮᠤᠩᠭ᠋ᠤᠯ ᠣᠷᠠᠨ ᠪᠢᠴᠢᠯᠭᠡ ᠶᠢᠨ ᠳᠢᠭ᠌ ᠪᠢᠴᠢᠯᠭᠡ ᠶᠢ ᠪᠠᠶᠠᠯᠢᠭᠵᠢᠭᠤᠯᠵᠤ᠂ ᠪᠣᠤᠱᠠᠨ ᠳᠢᠭ᠌ ᠢ ᠡᠭᠦᠳᠤᠨ ᠪᠦᠳᠦᠭᠡᠵᠤ᠂ ᠮᠤᠩᠭ᠋ᠤᠯ ᠣᠷᠠᠨ ᠪᠢᠴᠢᠯᠭᠡ ᠶᠢ ᠰᠢᠨ᠎ᠡ ᠱᠠᠳᠤᠨ ᠳᠤ ᠲᠦᠯᠭᠢᠨ ᠠᠭᠢᠭᠤᠯᠤᠭᠰᠠᠨ ᠶᠢᠡᠷ ᠮᠤᠩᠭ᠋ᠤᠯ ᠣᠷᠠᠨ ᠪᠢᠴᠢᠯᠭᠡ᠂ ᠴᠠᠭᠠᠰᠢᠯᠠᠪᠠᠯ ᠳᠤᠮᠳᠠᠳᠤ ᠪᠡ ᠲ᠋ᠡᠯᠡᠭᠡᠢ ᠶᠢᠨ ᠣᠷᠠᠯᠢᠭ ᠤᠨ ᠰᠠᠩ ᠳᠤ ᠦᠨᠢ ᠮᠥᠩᠭᠡ ᠭᠢᠯᠠᠯᠵᠠᠭᠰᠠᠨ ᠡᠷᠭᠢᠮ ᠨᠠᠠᠳᠢᠨ ᠪᠦᠳᠦᠭᠡᠯ ᠪᠣᠯᠵᠤ ᠪᠢᠯᠠ᠃ ᠳᠠᠷᠠ ᠪᠣᠯ ᠮᠦᠨ ᠴᠤ ᠣᠳᠤ ᠦᠶ᠎ᠡ ᠶᠢᠨ ᠮᠤᠩᠭ᠋ᠤᠯ ᠤᠷᠡᠨ ᠪᠢᠴᠢᠯᠭᠡ ᠶᠢᠨ ᠵᠢᠭᠠᠨ ᠰᠤᠷᠭᠠᠯᠳᠠ ᠶᠢᠨ ᠰᠠᠭᠤᠷᠢ ᠶᠢ ᠳᠠᠯᠪᠢᠭᠴᠢ᠂ ᠮᠤᠩᠭ᠋ᠤᠯ ᠣᠷᠠᠨ ᠪᠢᠴᠢᠯᠭᠡ ᠶᠢᠨ ᠨᠠᠷ᠎ᠠ ᠭᠦᠡᠳᠦᠳᠤ ᠠᠪᠣᠷᠭᠤ ᠳᠠᠷᠬᠠᠨ᠂ ᠨᠢᠭᠡᠨ ᠦᠶ᠎ᠡ ᠶᠢᠨ ᠶᠡᠭᠡ ᠪᠠᠭᠰᠢ ᠪᠣᠯᠤᠨ᠎ᠠ᠃



ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠳᠡᠭᠡᠳᠤ ᠰᠤᠷᠭᠠᠭᠤᠯᠢ ᠶᠢᠨ ᠣᠷᠠᠨ ᠵᠢᠷᠤᠭ ᠤᠨ ᠰᠠᠯᠪᠣᠷᠢ ᠶᠢᠨ ᠳᠠᠳ᠋ ᠫᠷᠤᠹᠧᠰᠰᠤᠷ

ᠵᠤᠬᠢᠶᠠᠭᠴᠢ᠄ ᠳᠦᠭᠦᠷᠡᠩ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 6227
ᠴᠠᠭ᠄ 2011 ᠤᠨ ᠤ 03 ᠰᠠᠷ᠎ᠠ ᠶᠢᠨ 27