ᠦᠨᠦ ᠰᠦᠨᠢ ᠪᠢ ᠰᠦᠯᠵᠢᠶᠠᠨ ᠳᠤ ᠭᠠᠷᠬᠤ ᠥᠭᠡᠢ

ᠦᠨᠦ ᠰᠦᠨᠢ ᠪᠢ ᠰᠦᠯᠵᠢᠶᠠᠨ ᠳᠤ ᠭᠠᠷᠬᠤ ᠥᠭᠡᠢ

ᠠᠮᠠᠷᠠᠭ ᠬᠠᠨᠢ ᠶᠢᠨ ᠪᠣᠯᠵᠤᠭᠠᠨ ᠳᠤ ᠶᠠᠪᠣᠬᠤ ᠥᠭᠡᠢ

ᠠᠷᠢᠭᠢ ᠬᠠᠩᠬᠤᠯᠠᠵᠤ ᠣᠳᠤᠭ᠎ᠠ ᠮᠠᠨᠠᠷᠠᠭᠰᠠᠨ

ᠠᠯᠢ ᠨᠢᠭᠡᠨ ᠤ ᠭᠢᠨᠢ ᠵᠤᠴᠢᠯᠠᠭᠠᠨ ᠳᠤ ᠣᠴᠢᠬᠤ ᠥᠭᠡᠢ

ᠨᠠᠮ ᠰᠡᠯᠡᠭᠦᠨ ᠨᠤᠮ ᠤᠨ ᠦᠷᠦᠭᠡᠨ ᠳᠡᠭᠡᠨ ᠠᠭᠤᠰᠴᠤ

ᠨᠠᠷᠮᠠᠢ ᠣᠷᠠᠨ ᠥᠭᠡ ᠪᠢᠰᠢᠯᠭᠠᠨ

ᠪᠣᠳᠤᠯ ᠠᠷᠭᠠᠮᠵᠢᠭᠰᠠᠨ ᠪᠣᠯᠪᠠᠷᠠᠢ ᠨᠢᠭᠡ ᠦᠬᠢᠨ ᠳ᠋ᠤ

ᠪᠣᠰᠤᠭ᠎ᠠ ᠬᠠᠢ᠌ᠷ᠎ᠠ ᠶᠢᠨ ᠤᠶᠠᠩ‍ᠭ᠎ᠠ ᠳᠤᠭᠤᠷᠪᠢᠵᠤ ᠰᠠᠭᠤᠬᠤ ᠶᠤᠮᠰᠠᠨ


ᠦᠨᠦ ᠰᠦᠨᠢ ᠪᠢ ᠰᠦᠯᠵᠢᠶᠠᠨ ᠳᠤ ᠭᠠᠷᠬᠤ ᠥᠭᠡᠢ

ᠦᠪᠡᠷ ᠤᠨ ᠪᠦᠷᠭᠡ ᠦᠷᠦᠭᠡᠯ ᠤᠨ ᠪᠣᠯᠤᠩ ᠶᠢᠡᠷ ᠳᠤᠭᠤᠷᠢᠵᠤ ᠭᠡᠰᠦᠭᠦ ᠥᠭᠡᠢ

ᠭᠡᠷᠡᠭ᠌ ᠲᠡᠶ ᠭᠡᠷᠡᠭ᠌ ᠦᠭᠡᠶ ᠥᠭᠡ ᠴᠠᠯᠴᠢᠵᠤ ᠵᠤᠭᠤᠭ ᠳᠡᠯᠭᠡᠭᠦ ᠪᠣᠶᠤ

ᠭᠡᠨ ᠨᠢᠭᠡ ᠶᠢᠨ ᠳᠠᠷᠢᠶᠠᠨ ᠬᠠᠰᠢᠶᠠᠨ ᠡᠴᠡ ᠨᠤᠭᠤᠭ᠎ᠠ ᠬᠤᠯᠠᠭᠠᠢ᠌ᠯᠠᠬᠤ ᠥᠭᠡᠢ

ᠠᠷᠢᠭᠤᠨ ᠬᠠᠢ᠌ᠷ᠎ᠠ ᠶᠢᠨ ᠠᠯᠳᠠᠨ ᠭᠢᠯᠢ ᠳᠡᠭᠡᠷ᠎ᠡ ᠨᠠᠮᠠᠠᠴᠢᠯᠠᠨ ᠵᠤᠭᠰᠤᠵᠤ

ᠠᠯᠤᠰ ᠤᠨ ᠨᠢᠭᠡ ᠨᠠᠢ᠌ᠷᠠᠭᠴᠢ ᠦᠬᠢᠨ ᠢ ᠵᠢᠷᠦᠭᠡᠨ ᠳᠤ ᠪᠠᠨ ᠰᠠᠨᠠᠭᠠᠯᠵᠠᠨ

ᠠᠶᠤᠤᠯᠢᠬᠠᠢ ᠴᠡᠭᠡᠵᠢᠨ ᠤ ᠨᠢᠭᠤᠴᠠᠬᠠᠨ ᠳᠤᠷᠠᠯᠠᠯ ᠳᠤ ᠪᠠᠨ ᠰᠤᠭᠳᠤᠭᠤᠷᠠᠵᠤ

ᠠᠮᠠᠷᠠᠭ ᠮᠦᠷᠦᠭᠡᠳᠦᠯ ᠤᠨ ᠳᠠᠭᠤᠤ ᠠᠶᠠᠯᠠᠭᠤᠯᠵᠤ ᠰᠠᠭᠤᠬᠤ ᠶᠤᠮᠰᠠᠨ


ᠦᠨᠦ ᠰᠦᠨᠢ ᠪᠢ ᠰᠦᠯᠵᠢᠶᠠᠨ ᠳᠤ ᠭᠠᠷᠬᠤ ᠥᠭᠡᠢ

ᠥᠭᠡᠷ᠎ᠡ ᠪᠠᠰᠠ ᠣᠯᠠᠨ ᠶᠠᠭᠤᠮ᠎ᠠ ᠭᠢᠭᠦ ᠥᠭᠡᠢ

ᠥᠩᠭᠡᠷᠡᠤ ᠬᠠᠢ᠌ᠷᠠᠳᠠᠢ ᠡᠮᠧ ᠪᠠᠨ ᠲᠦᠷ ᠴᠠᠭ ᠮᠠᠷᠳᠠᠵᠤ

ᠦᠴᠦᠭᠡᠨ ᠴᠤ ᠭᠡᠰᠡᠨ ᠴᠠᠭ ᠶᠢᠡᠨ ᠵᠠᠢ᠌ᠴᠢᠯᠠᠵᠤ

ᠡᠩᠭᠦᠷᠡᠢ ᠭᠦᠭᠡᠷᠦᠭᠦᠨ ᠦᠬᠢᠨ ᠴᠢᠮ᠎ᠠ ᠳᠤ ᠪᠠᠨ

ᠡᠮᠵᠡᠭ᠌ ᠳᠤᠷᠠᠯᠠᠯ ᠤᠨ ᠰᠢᠯᠦᠭ᠌ ᠰᠡᠢ᠌ᠷᠡᠭᠦᠯᠵᠤ ᠰᠠᠭᠤᠬᠤ ᠶᠤᠮᠰᠠᠨ ᠁

ᠦᠨᠦ ᠰᠦᠨᠢ ᠪᠢ ᠰᠦᠯᠵᠢᠶᠠᠨ ᠳᠤ ᠭᠠᠷᠬᠤ ᠥᠭᠡᠢ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1685
ᠴᠠᠭ᠄ 2010 ᠤᠨ ᠤ 05 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ