ᠵᠡᠭᠦᠳᠤᠨ ᠤ ᠣᠷᠴᠢᠨ

ᠵᠢᠷᠦᠭᠡᠨ ᠡᠴᠡ ᠵᠢᠷᠭᠢᠭ᠍ᠰᠡᠨ ᠭᠦᠭᠡ ᠰᠦᠨᠠᠰᠤ

ᠵᠢᠰᠤ ᠥᠵᠡᠭᠦ ᠳᠤᠯᠢᠨ ᠤ ᠴᠠᠭᠠᠨ᠎ᠠ ᠨᠢᠭᠤᠭᠳᠠᠪᠠ

ᠳᠠᠷᠠ ᠮᠠᠨᠢ ᠵᠢᠰᠤᠨ ᠪᠣᠯᠵᠤ ᠬᠠᠷᠠᠭᠳᠠᠨ᠎ᠠ᠂

ᠵᠡᠭᠦᠳᠤᠨ ᠡᠴᠡ ᠪᠣᠰᠤᠭᠰᠠᠨ ᠬᠠᠷᠠᠩᠭ᠋ᠤᠢ

ᠠᠳᠠᠷᠮ᠎ᠠ ᠲᠡᠶ ᠠᠮᠢᠳᠤᠷᠠᠯ ᠤᠨ ᠦᠨᠡᠨ ᠢ ᠥᠭᠦᠯᠡᠵᠤ

ᠰᠡᠭᠦᠳᠡᠷᠯᠢᠭ᠌ ᠬᠠᠨᠢ ᠶᠢᠨ ᠵᠠᠶᠠᠭ᠎ᠠ ᠶᠢ ᠢᠷᠦᠭᠡᠵᠡᠢ  ᠂

ᠰᠠᠨᠠᠭᠰᠠᠨ ᠰᠠᠨᠠᠭ᠎ᠠ ᠭᠡᠮᠡᠨ᠎ᠡ

ᠵᠢᠷ ᠤᠨ ᠡᠭᠡᠯ ᠨᠢᠭᠡᠨ ᠦᠴᠦᠭᠡᠨ ᠵᠠᠢ ᠳ᠋ᠤ

ᠴᠢᠨᠤᠭᠢ ᠪᠠᠰᠠ ᠮᠢᠨᠤᠭᠢ ᠡᠩᠭᠡ ᠶᠢᠨ ᠰᠡᠳᠭᠢᠯ ᠣᠷᠤᠰᠢᠯ᠎ᠠ᠂

ᠣᠢ ᠣᠬᠠᠭᠠᠨ ᠳᠤ ᠰᠢᠩᠭᠡᠭ᠍ᠰᠡᠨ

ᠣᠷᠴᠢᠯᠠᠩ ᠤᠨ ᠪᠣᠷᠤ ᠣᠯᠠᠭᠠᠨ ᠳᠤᠭᠤᠰᠤᠨ

ᠦᠨᠡᠨ ᠪᠠᠰᠠ ᠬᠤᠳᠠᠯ ᠢ ᠦᠷᠴᠢᠯᠡᠭᠡᠰᠤ ᠭᠡᠮᠡᠨ

ᠦᠨᠳᠠᠢ᠌ᠵᠤ ᠪᠣᠰᠤᠭᠰᠠᠨ ᠪᠣᠳᠤᠯ ᠤᠨ ᠪᠣᠳᠤᠯ ᠳᠤ ᠥᠯᠡᠳᠡᠭᠡᠪᠡ᠂

ᠣᠢ ᠭᠠᠰᠢᠭᠤᠨ ᠳᠡᠦᠭᠡ ᠳᠡᠭᠦᠨ ᠳᠤ ᠦᠯᠠᠳᠠᠪᠠ ᠦᠦ︕

ᠪᠣᠷᠤᠭᠠᠨ ᠲᠡᠶ ᠣᠯᠠᠷᠢᠯ ᠤᠨ ᠳᠡᠭ᠍ᠷᠢ ᠴᠡᠯᠮᠡᠭᠦ ᠰᠢᠭ᠌

ᠪᠣᠷᠤᠭᠤ ᠵᠦᠪ ᠤᠨ ᠵᠠᠮ ᠢ ᠬᠠᠢ᠌ᠵᠤ

ᠠᠶᠤᠮᠠᠬᠠᠢ ᠨᠢᠭᠡ ᠨᠢ ᠮᠥᠩᠭᠡᠷᠡᠵᠤ

ᠠᠷᠴᠠᠭ᠎ᠠ ᠦᠭᠡᠶ ᠨᠢᠭᠡ ᠨᠢ ᠮᠠᠠᠳᠤᠵᠤ

ᠠᠷᠭᠠᠯ ᠳᠡᠭᠦᠭ᠍ᠰᠡᠨ ᠨᠢᠭᠡ ᠨᠢ ᠳᠠᠭᠠᠷᠠᠵᠤ

ᠠᠷᠤ ᠭᠠᠵᠠᠷ ᠤᠨ ᠳᠠᠮᠤ ᠶᠢᠨ ᠥᠯᠢᠭᠡᠷ ᠮᠠᠷᠳᠠᠭᠳᠠᠪᠠ᠂

ᠠᠳᠤᠭᠤ ᠮᠠᠨᠠᠭᠰᠠᠨ ᠪᠣᠯᠵᠤ ᠬᠤᠴᠤᠷᠠᠪᠠ

ᠠᠴᠢᠵᠤ ᠳᠠᠭᠤᠰᠤᠭ᠎ᠠ ᠦᠭᠡᠶ ᠪᠠᠷᠠᠭ᠎ᠠ ᠮᠢᠨᠢ

ᠠᠩᠬᠠᠨ ᠳᠠᠭᠠᠨ ᠰᠡᠳᠭᠢᠯ ᠤᠨ ᠳᠡᠩᠭᠡᠭᠡ ᠪᠠᠢ᠌ᠭᠰᠠᠨ ᠶᠤᠮ

᠊᠊᠊᠊᠊᠊᠊᠊᠊᠊᠊᠊᠊᠊᠊ ᠠᠩ ᠭᠡᠵᠤ ᠳᠤᠤᠭᠠᠷᠪᠠ᠂

ᠠᠷᠢᠭᠢ ᠣᠤᠭᠤᠭᠰᠠᠨ ᠪᠣᠯᠵᠤ ᠰᠤᠭᠳᠤᠭᠤᠷᠠᠪᠠ

ᠠᠷᠬᠠᠭ ᠪᠦᠭᠦᠨ ᠢ ᠠᠭᠢᠵᠤ ᠭᠦᠳᠡᠯᠭᠡᠵᠤ

ᠪᠣᠴᠠᠵᠤ ᠶᠠᠪᠣᠭᠰᠠᠨ ᠰᠦᠨᠠᠰᠤᠨ ᠣᠢ᠌ᠤᠠᠬᠠᠷᠯᠠᠪᠠ

ᠣᠬᠠᠭᠠᠨ ᠪᠠᠯᠠᠷᠠᠬᠤ ᠶᠢᠨ ᠊ᠭ᠍ᠱᠡᠨ᠎ᠡ

ᠠᠭᠤᠳᠠᠮ ᠬᠤᠷᠸ᠎ᠠ

ᠣᠭᠢᠯᠠᠵᠤ ᠳᠠᠭᠤᠯᠠᠭᠰᠠᠨ ᠮᠠᠳᠤ ᠪᠣᠯᠵᠤ

ᠡᠷᠯᠢᠭ᠌ ᠤᠨ ᠨᠤᠮᠤᠨ ᠬᠠᠭᠠᠨ ᠤ ᠰᠡᠳᠭᠢᠯ ᠮᠠᠳᠤ ᠪᠣᠯᠪᠠ᠂

ᠡᠷᠯᠢᠭ᠌ ᠤᠨ ᠨᠤᠮᠤᠨ ᠬᠠᠭᠠᠨ ᠳᠤ ᠰᠡᠳᠭᠢᠯ ᠪᠠᠢ᠌ᠪᠠᠤ︖

ᠪᠣᠴᠠᠵᠤ ᠢᠷᠡᠭ᠍ᠰᠡᠨ ᠰᠦᠨᠠᠰᠤ ᠨᠥᠭᠦᠤᠨ

᠊᠊᠊᠊᠊᠊᠊᠊᠊᠊᠊᠊᠊᠊᠊ ᠭᠦᠮᠤᠨ ᠤ ᠣᠷᠴᠢᠯᠠᠩ ᠳᠤ ᠣᠴᠢᠯ᠎ᠠ ᠭᠡᠵᠤ

ᠬᠦᠩᠭᠡᠨ ᠪᠠᠰᠠ ᠬᠠᠭᠤᠮᠠᠬᠠᠢ ᠶᠠᠭᠤᠮ᠎ᠠ ᠦᠵᠡᠯ᠎ᠠ ᠭᠡᠵᠤ

ᠭᠦᠡᠳᠦᠭᠡᠨ ᠬᠠᠷ᠎ᠠ ᠳᠠᠷᠤᠭᠰᠠᠨ ᠨᠢ ᠭᠡᠴᠡᠭᠦᠤ ᠭᠡᠵᠤ ᠭᠡᠯᠡᠯ᠎ᠡ᠂

ᠵᠡᠭᠦᠳᠤᠨ ᠡᠴᠡ ᠪᠣᠴᠠᠭᠰᠠᠨ ᠥᠵᠡᠭ᠍ᠳᠡᠯ ᠤᠳ ᠪᠠᠯᠠᠷᠠᠨ ᠬᠤᠯᠠᠳᠠᠬᠤ ᠳ᠋ᠤ

ᠵᠢᠷᠦᠭᠡ ᠮᠢᠨᠢ ᠪᠣᠷᠬᠠᠨ ᠤ ᠨᠤᠮ ᠣᠩᠰᠢᠵᠤ ᠴᠡᠴᠡᠷᠡᠭ᠍ᠰᠡᠨ ᠨᠢ

ᠠᠶᠤᠳᠠᠰᠤ ᠮᠦᠨ ᠪᠢᠯᠢᠤ᠂ ᠪᠢ ᠪᠠᠢ᠌ᠭᠰᠠᠨ ᠪᠢᠯᠢᠤ᠂ ᠡ ᠪᠣᠤ ᠮᠠᠳᠠ︕


ᠵᠤᠬᠢᠶᠠᠭᠴᠢ ᠶᠢᠨ ᠬᠠ‍‌ᠶᠢᠭ ᠄ ᠭᠦᠯᠤᠨ  ᠪᠤᠢᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠬᠠᠷᠢᠶ᠎ᠠ᠄ ᠰᠢᠯᠦᠭ
ᠳᠠᠷᠤᠮ᠄ 1798
ᠴᠠᠭ᠄ 2011 ᠤᠨ ᠤ 04 ᠰᠠᠷ᠎ᠠ ᠶᠢᠨ 08