ᠷ·ᠴᠣᠢ᠌ᠨᠤᠮ ᠳ᠋ᠤ

ᠦᠷ ᠬᠠᠷᠠᠩᠭ᠋ᠤᠢ ᠶᠢᠨ ᠳᠤᠮᠳᠠ

ᠥᠰᠦᠭ᠌ ᠲᠡᠶ ᠪᠠᠨ ᠦᠨᠳᠠᠢ᠌ᠵᠤ ᠪᠢᠴᠢᠯ᠎ᠠ

ᠴᠣᠢ᠌ᠨᠤᠮ ᠶᠡᠭᠡ ᠪᠠᠭᠰᠢ ᠵᠢᠨ

ᠠᠮᠠᠷᠠᠬᠤ ᠶᠢ ᠨᠢᠭᠡ ᠨᠥᠯᠦᠭᠡᠯᠡᠪᠡ ᠭᠡᠮᠡᠷ

ᠠᠢ᠌ᠯ ᠤᠨ ᠨᠤᠬᠠᠢ ᠶᠢᠨ ᠬᠤᠴᠢᠬᠤ ᠳᠠᠭᠤᠨ

ᠠᠯᠤᠰ ᠲᠤ ᠬᠠᠶᠠ ᠰᠤᠨᠤᠰᠳᠠᠨ᠎ᠠ

ᠳᠦᠷᠪᠠᠨ ᠰᠠᠷᠠᠢ᠌ᠨ ᠬᠤᠷᠢᠨ ᠳᠦᠷᠪᠠᠨ

ᠡᠨᠡ ᠮᠦᠴᠡ

ᠡᠨᠡ ᠴᠠᠭ ᠵᠢᠠᠷ

ᠠᠯᠳᠠᠷᠠᠢ᠌ᠬᠠᠨ ᠪᠠᠶ᠎ᠠ ᠪᠠᠨ

ᠠᠮᠢᠳᠤ ᠳᠤ ᠪᠠᠨ ᠣᠯᠵᠤ ᠬᠠᠷᠠᠭ᠎ᠠ ᠥᠭᠡᠢ

《ᠠᠯᠢ ᠡᠳᠦᠷ ᠰᠢᠯᠦᠭ᠌ ᠮᠢᠨᠢ

ᠠᠯᠳᠠ ᠪᠠᠷ ᠥᠨᠡᠯᠡᠭ᠍ᠳᠡᠭᠦ ᠴᠠᠭ ᠪᠣᠢ》 ᠭᠡᠵᠤ

ᠷᠢᠠᠴᠢᠨ ᠤ ᠭᠦᠤ ᠰᠢᠷ᠎ᠠ ᠴᠣᠢ᠌ᠨᠤᠮ

ᠠᠮᠢ ᠲᠡᠶ ᠪᠠᠨ ᠬᠤᠷᠸ᠎ᠠ ᠡᠴᠠ ᠨᠡᠭᠦᠭ᠍ᠰᠡᠨ ᠪᠠᠢ᠌ᠵᠠᠢ


ᠠᠯᠳᠠ ᠪᠠᠶ᠎ᠠ ᠶᠢ ᠡᠵᠢ ᠡᠴᠠ ᠪᠠᠨ ᠳᠠᠷᠠ ᠣᠯᠬᠤ ᠳ᠋ᠤ

ᠥᠢᠯᠡᠰᠵᠢᠭᠦ ᠨᠠᠷ᠎ᠠ ᠶᠢ ᠠᠪᠣ ᠨᠢ ᠰᠤᠷᠤᠶ᠎ᠠ ᠭᠡᠵᠤ ᠭᠡᠰᠢᠭᠯᠡᠭ᠍ᠰᠡᠨ

ᠰᠤᠷᠬᠤ ᠨᠠᠰᠤᠨ ᠳᠠᠭᠠᠨ ᠰᠤᠷᠴᠤ ᠳᠡᠢ᠌ᠯᠦᠭᠡ ᠦᠭᠡᠶ ᠶᠢᠨ ᠣᠴᠢᠷ ᠭᠡᠮᠡᠷ

ᠪᠠᠳᠠᠷᠴᠢ ᠴᠣᠢ᠌ᠨᠤᠮ ᠨᠠᠷ᠎ᠠ ᠵᠢ

ᠪᠠᠶ᠎ᠠ ᠡᠴᠠ ᠪᠠᠨ ᠣᠯᠵᠤ ᠳᠠᠭᠤᠳᠠᠭᠰᠠᠨ ᠶᠤᠮ

ᠳᠦᠷᠪᠠᠨ ᠣᠨ ᠤ ᠰᠤᠷᠤᠭᠴᠢ ᠶᠢᠨ ᠮᠦᠷ ᠵᠢᠠᠷ

ᠳᠦᠴᠢᠨ ᠵᠢᠯ ᠤᠨ ᠰᠤᠶᠤᠯ ᠢ ᠭᠦᠮᠦᠷᠭᠡᠯᠡᠭ᠍ᠰᠡᠨ

ᠳᠦᠭᠡᠯᠡᠵᠤ ᠶᠠᠪᠣᠬᠤ ᠨᠠᠰᠤᠨ ᠤ ᠣᠷᠤᠮ ᠵᠢᠠᠷ

ᠳᠤᠷ᠎ᠠ ᠲᠡᠶ ᠪᠠᠨ ᠣᠷᠤᠯᠳᠤᠵᠤ ᠡᠷᠭᠢᠴᠡᠭ᠍ᠰᠡᠨ ᠭᠦᠮᠤᠨ

ᠬᠤᠭᠤᠯᠠ ᠡᠷᠭᠢᠭᠦᠯᠦᠭ᠍ᠰᠡᠨ ᠨᠤᠬᠠᠢ

ᠠᠢ᠌ᠯ ᠭᠡᠷᠦᠭ᠍ᠰᠡᠨ ᠴᠣᠢ᠌ᠨᠤᠮ

ᠬᠤᠭ ᠤᠨ ᠬᠠᠵᠠᠭᠤ ᠳ᠋ᠠᠭᠢ ᠳᠠᠢ᠌ᠵᠠᠨ ᠳ᠋ᠤ

ᠨᠥᠭᠦᠷᠯᠡᠵᠤ ᠰᠠᠭᠤᠭᠰᠠᠨ ᠣᠳᠠᠭ᠎ᠠ ᠳᠠᠢ

ᠠᠬᠤᠢ ᠠᠮᠢᠳᠤᠷᠠᠯ ᠳᠤ ᠪᠠᠨ

ᠶᠠᠳᠠᠭᠤ ᠶᠠᠪᠣᠭᠰᠠᠨ ᠶᠢᠡᠷ ᠪᠠᠳᠠᠷᠴᠢᠨ ᠭᠡᠮᠡᠷ

ᠬᠠᠯᠠᠬᠤ ᠴᠠᠭ ᠲᠠᠭᠠᠨ ᠬᠠᠯᠠᠵᠤ

ᠭᠦᠢᠳᠡᠷᠡᠭᠦ ᠴᠠᠭ ᠲᠤ ᠭᠦᠯᠳᠡᠵᠤ ᠶᠠᠪᠣᠭᠰᠠᠨ ᠮᠦᠷ ᠴᠢᠨᠢ

ᠬᠠᠳᠠᠭᠤ ᠳᠠᠭᠠᠭᠠᠴᠠ ᠵᠤᠷᠢᠭ ᠢ

ᠬᠠᠠᠳᠢᠪᠯᠠᠵᠤ ᠰᠤᠷᠤᠭᠰᠠᠨ ᠡᠷ᠎ᠡ ᠯᠠ ᠳ᠋ᠠ


ᠰᠦᠷᠢᠶ᠎ᠠ ᠡᠪᠡᠳᠴᠢᠨ ᠪᠠᠶ᠎ᠠ ᠣᠷᠢᠶᠠᠯᠠᠵᠤ

ᠰᠤᠷᠤᠭᠴᠢ ᠨᠠᠷ᠎ᠠ ᠪᠠᠨ ᠡᠷᠳᠡ ᠳᠡᠭᠦᠰᠭᠡᠯ᠎ᠡ

ᠰᠤᠷᠭᠠᠭᠤᠯᠢ ᠶᠢᠨ ᠭᠦᠷᠢᠶᠡᠨ ᠳᠤ ᠣᠯᠤᠭ᠎ᠠ ᠦᠭᠡᠶ ᠪᠠᠨ

ᠠᠢ᠌ᠯ ᠡᠴᠠ ᠬᠠᠢ᠌ᠨ᠂ ᠨᠡᠢ᠌ᠭᠡᠮ ᠡᠴᠠ ᠴᠤᠭᠯᠠᠭᠤᠯᠤᠯ᠎ᠠ

ᠰᠢᠮᠳᠠᠯ ᠭᠦᠮᠤᠨ ᠢ ᠭᠤᠮᠤᠳᠠᠭᠠᠳᠠᠭ ᠦᠭᠡᠶ ᠭᠡᠭᠦ

ᠬᠠᠮᠢᠭ᠎ᠠ ᠭᠦᠷᠦᠭ᠍ᠰᠡᠨ ᠴᠤ ᠶᠤᠰᠤᠳᠠᠢ ᠥᠭᠡ

ᠰᠤᠷᠮᠠᠭᠠᠢ ᠶᠡᠭᠡ ᠣᠬᠠᠭᠠᠨ ᠰᠠᠷᠠᠯ ᠶᠢᠡᠷ ᠵᠢᠠᠨ

ᠰᠤᠷᠤᠭᠰᠠᠨ ᠶᠢᠡᠨ ᠭᠡᠷᠡᠭᠯᠡᠵᠤ ᠪᠠᠷᠠᠭ᠎ᠠ ᠦᠭᠡᠶ ᠭᠦᠮᠤᠨ

ᠬᠠᠷᠠᠴᠤ ᠶᠢᠨ ᠭᠦᠤ ᠬᠠᠮᠢᠭ᠎ᠠ ᠶᠠᠪᠣᠯ᠎ᠠ ᠴᠤ

ᠭᠦᠮᠤᠨ ᠤ ᠨᠢᠳᠤᠨ ᠬᠤᠭ

ᠭᠠᠷ ᠲᠤ ᠣᠷᠤᠭᠰᠠᠨ ᠦᠷᠭᠡᠰᠤ

ᠠᠵᠢᠯ ᠤᠨ ᠳᠤᠮᠳᠠ ᠣᠴᠢᠷ ᠶᠢᠡᠨ ᠣᠯᠤᠭ᠎ᠠ ᠦᠭᠡᠶ ᠮᠢᠩᠭ᠋ᠠᠨ ᠳᠦᠭᠦᠷᠢᠭ᠌ ᠤᠨ ᠣᠷᠰᠢᠭ ᠢ

ᠲᠦᠯᠭᠢᠵᠤ ᠴᠤ ᠳᠡᠢ᠌ᠯᠦᠭᠡ ᠥᠭᠡᠢ

ᠳᠤᠯᠤᠭᠠᠢ ᠳᠡᠭᠡᠷ᠎ᠡ ᠪᠠᠨ ᠭᠦᠮᠦᠷᠡᠨ ᠳᠤᠰᠤᠭᠰᠠᠨ ᠶᠤᠮ

ᠶ‍ᠢᠰᠤᠨ ᠰᠠᠷ᠎ᠠ ᠶᠢᠨ ᠱᠤᠷᠤᠩ ᠤᠨ ᠨᠤᠮᠯᠠᠯ ᠢ

ᠣᠬᠠᠭᠠᠨ ᠳᠤ ᠪᠠᠨ ᠠᠮᠢᠳᠤ ᠪᠠᠷ ᠭᠦᠷᠳᠡᠭ᠍ᠰᠡᠨ ᠶᠤᠮ

ᠬᠠᠮᠢᠭ᠎ᠠ ᠶᠠᠪᠣᠯ᠎ᠠ ᠴᠤ

ᠪᠠᠳᠠᠷᠴᠢᠨ ᠡᠴᠠ ᠢᠯᠡᠭᠦᠤ ᠦᠭᠡᠶ ᠡᠨᠡ ᠭᠦᠮᠤᠨ

ᠠᠮᠢ ᠪᠠᠨ ᠬᠠᠶᠠᠨ ᠵᠠᠩᠰᠢᠭᠰᠠᠨ

ᠰᠢᠯᠦᠭᠯᠡᠭᠦ ᠪᠠᠨ ᠮᠠᠷᠳᠠᠭ᠎ᠠ ᠦᠭᠡᠶ ᠨᠢᠭᠡ ᠰᠤᠷᠳᠠᠯ

ᠰᠡᠭ᠍ᠰᠡᠢ᠌ᠭ᠍ᠰᠡᠨ ᠣᠷᠪᠣᠳᠠᠭ ᠭᠡᠵᠢᠭᠡ

ᠰᠡᠷᠪᠠᠭᠡᠷ ᠭᠡᠳᠤᠨ ᠰᠠᠬᠠᠯ ᠡᠴᠠ ᠥᠭᠡᠷ᠎ᠡ

ᠦᠷᠳᠡᠭ᠌ ᠳᠤᠭᠠᠴᠢᠮᠠᠷ ᠦᠭᠡᠶ ᠡᠨᠡ ᠭᠦᠮᠤᠨ ᠳᠤ ᠴᠤ

ᠭᠦᠮᠤᠨ ᠭᠢᠷᠢ ᠪᠠᠷ ᠭᠦᠨᠡᠰᠦᠳᠡᠢ ᠪᠠᠢ᠌ᠳᠠᠭ ᠬᠤᠷᠸ᠎ᠠ

ᠭᠦᠮᠤᠨ ᠢ ᠶᠠᠷᠤ ᠨᠢ ᠭᠦᠮᠤᠨ ᠡᠴᠠ ᠭᠠᠳᠠᠭᠤᠷ ᠥᠵᠡᠳᠡᠭ᠌ ᠦᠭᠡᠶ ᠳᠤ ᠨᠢ

ᠭᠦᠮᠤᠨ ᠠᠮᠢᠳᠤᠷᠠᠳᠠᠭ ᠳᠠᠷᠠ ᠵᠢᠮ᠎ᠠ ᠪᠠᠷ

ᠠᠢ᠌ᠯ ᠤᠨ ᠦᠬᠢᠨ ᡀᠪᠠᠵᠠᠪ ᠳᠠᠢ

ᠡᠩᠭᠡᠷ ᠵᠦᠷᠢᠭᠦᠯᠤᠨ ᠵᠢᠷᠭᠠᠭᠰᠠᠨ ᠶᠤᠮ

ᠡᠷ᠎ᠡ ᠭᠦᠮᠤᠨ ᠰᠢᠭ ᠡᠷ᠎ᠡ ᠭᠦᠮᠤᠨ

ᠥᠭᠦᠭᠡᠷᠳᠦᠵᠤ ᠬᠠᠢ᠌ᠷᠠᠯᠠᠬᠤ ᠡᠴᠠ ᠦᠬᠢᠨ ᠲᠡᠶ ᠴᠤ ᠪᠣᠯᠤᠯ᠎ᠠ

ᠳᠤᠭᠤᠰᠳᠤ ᠶ‍ᠢᠷᠳᠢᠠᠴᠤ ᠶᠢᠨ ᠣᠯᠠᠭᠠᠨ ᠢ

ᠳᠤᠭᠤᠬᠤ ᠦᠭᠡᠶ ᠯᠠ ᠬᠠᠷᠠᠳᠠᠭ ᠡᠨᠡ ᠭᠦᠮᠤᠨ

《ᠳᠠᠩᠬᠠᠢ ᠪᠢᠷ᠂   ᠵᠠᠳᠠᠷᠠᠭᠰᠠᠨ ᠣᠬᠠᠭᠠᠨ》 ᠬᠤᠶᠠᠷ ᠵᠢᠠᠷ

ᠳᠠᠭᠠᠷᠢᠵᠤ ᠶᠠᠪᠣᠬᠤ ᠪᠠᠨ ᠮᠠᠷᠳᠠᠭ᠎ᠠ ᠦᠭᠡᠶ ᠯᠠ

ᠭᠡᠷ ᠶᠢᠠᠨ ᠭᠡᠵᠤ ᠪᠣᠳᠤᠪᠠᠯ ᠨᠢᠭᠡ ᠡᠷᠭᠢᠴᠡᠨ᠎ᠡ

ᠭᠡᠷᠭᠡᠢ ᠪᠠᠨ ᠭᠡᠵᠤ ᠰᠠᠨᠠᠪᠠᠯ ᠨᠢᠭᠡ ᠬᠤᠨᠤᠴᠢᠬᠠᠨ᠎ᠠ

ᠰᠢᠯᠦᠭ᠌᠂   ᠬᠤᠭᠤᠯᠠ ᠬᠤᠶᠠᠷ ᠢ

ᠠᠰ ᠶᠢᠡᠷ ᠶᠢᠡᠨ ᠳᠤᠭᠠᠴᠠᠭᠠᠳᠠᠢ ᠶᠠᠪᠣᠭᠰᠠᠨ ᠭᠦᠮᠤᠨ

ᠡᠷ᠎ᠡ ᠭᠦᠮᠤᠨ ᠢ ᠭᠡᠷ ᠲᠡᠭᠡᠨ ᠪᠣᠰᠤᠭ᠎ᠠ ᠭᠡᠢ᠌ᠮᠦᠷᠢ ᠭᠡᠭᠦ ᠳ᠋ᠤ

ᠳᠤᠭᠴᠢ ᠳᠠᠯᠪᠠᠭ᠎ᠠ ᠪᠠᠨ ᠠᠷᠤ ᠳᠤ ᠪᠠᠨ ᠡᠭᠦᠷᠴᠤ

ᠳᠡᠨᠦᠭᠦᠯᠴᠢ ᠰᠢᠭ᠌ ᠠᠯᠬᠤᠭᠰᠠᠨ ᠴᠣᠢ᠌ᠨᠤᠮ ᠢ

ᠡᠭᠡᠨᠡᠷ ᠬᠡᠦᠬᠡᠳ ᠡᠢ᠌ᠮᠤ ᠭᠦᠮᠤᠨ ᠶᠢᠡᠷ ᠶᠠᠭᠤ ᠭᠢᠨ᠎ᠡ ︖

ᠭᠡᠭᠦ ᠳ᠋ᠤ

ᠡᠷ᠎ᠡ ᠭᠦᠮᠤᠨ ᠤᠬᠠᠭᠠᠯᠢᠭ ᠲ᠋ᠡᠭᠡᠷ᠎ᠡ ᠪᠠᠨ ᠪᠢᠴᠢᠯᠭᠡ ᠲᠡᠶ ᠪᠣᠯ

ᠡᠮ᠎ᠡ ᠭᠦᠮᠤᠨ ᠥᠭᠡᠨ ᠳᠤ ᠨᠢ ᠣᠶᠠᠷᠠᠵᠤ ᠣᠨᠠᠳᠠᠭ ᠶᠤᠮ

ᠳᠡᠨᠦᠭᠦᠯᠴᠢ ᠴᠣᠢ᠌ᠨᠤᠮ ᠤᠨ ᠣᠷ᠎ᠠ ᠪᠢᠯᠢᠭ᠌ ᠳᠤ

ᠨᠢᠨ᠎ᠠ ᠶᠢ ᠬᠤᠶᠠᠳᠠᠭᠢ ᠪᠠᠨ ᠪᠠᠭᠤᠯᠭᠠᠭᠰᠠᠨ ᠶᠤᠮ


ᠵᠥᠳᠡᠭᠦᠤ ᠠᠮᠢᠳᠤᠷᠠᠯ᠂ ᠠᠷᠬᠠᠭ ᠲᠡᠶ ᠪᠠᠶ᠎ᠠ ᠨᠢ

ᠵᠦᠪ ᠲᠡᠶ ᠠᠮᠢᠳᠤᠷᠠᠯ ᠢ ᠡᠳ᠋ᠯᠡᠭᠦ ᠦᠭᠡᠶ ᠪᠠᠷ

ᠨᠡᠢ᠌ᠭᠡᠮ ᠳᠤ ᠭᠠᠷᠭᠠᠰᠠᠨ ᠠᠭᠤᠷ

ᠪᠠᠶ᠎ᠠ ᠳᠤ ᠨᠢ ᠳᠤᠰᠤᠭᠰᠠᠨ ᠰᠤᠮᠤ ᠪᠣᠯᠵᠤ

《ᠨᠡᠢ᠌ᠭᠡᠮ ᠬᠠᠮᠠᠭᠠᠯᠬᠤ ᠶᠠᠮᠤᠨ》 ᠊ᠤ

ᠬᠠᠳᠠᠭᠤ ᠰᠢᠭᠦᠯᠳᠡ ᠳᠤ ᠳᠠᠭᠤᠭᠳᠠᠨ

ᠥᠵᠡᠭᠡ ᠦᠭᠡᠶ ᠴᠤ ᠪᠢᠰᠢ ᠱᠤᠷᠤᠩ ᠤᠨ ᠠᠮᠢᠳᠤᠷᠠᠯ ᠢ

ᠦᠵᠡᠯᠳᠠ ᠪᠠᠨ ᠴᠠᠭᠠᠳᠬᠠᠵᠤ ᠴᠢᠳᠠᠭ᠎ᠠ ᠦᠭᠡᠶ ᠰᠠᠭᠤᠭᠰᠠᠨ ᠯᠠ ᠭᠦᠮᠤᠨ

ᠣᠰᠤᠨ ᠪᠢᠷ

ᠣᠬᠠᠭᠠᠯᠢᠭ ᠳᠠᠷᠢᠭᠢ ᠴᠢᠨᠢ ᠪᠠᠢ᠌ᠭᠰᠠᠨ ᠴᠠᠭ ᠳᠤ

ᠠᠮᠢᠳᠤᠷᠠᠯ ᠣᠶᠠᠩᠭ᠋ᠠᠯᠠᠬᠤ ᠪᠠᠨ ᠮᠠᠷᠳᠠᠭ᠎ᠠ ᠥᠭᠡᠢ

ᠣᠢ᠌ᠯᠠᠰ ᠢ ᠴᠢᠰᠤ ᠪᠠᠷ ᠶᠢᠡᠨ ᠪᠢᠴᠢᠭ᠍ᠰᠡᠨ

ᠦᠨᠡᠨ ᠮᠦᠷ ᠴᠢᠨᠢ ᠨᠠᠷ᠎ᠠ ᠪᠠᠨ ᠳᠦᠰᠢᠭᠡᠳ ᠵᠤᠭᠰᠤᠵᠤ ᠪᠠᠢ᠌ᠨ᠎ᠠ


ᠦᠨᠡᠨ ᠶᠢᠡᠨ ᠣᠯᠤᠭ᠎ᠠ ᠥᠭᠡᠢ

ᠵᠥᠳᠡᠭᠦᠤ ᠠᠮᠢᠳᠤᠷᠠᠯ ᠲᠡᠶ ᠴᠣᠢ᠌ᠨᠤᠮ ᠢ

ᠠᠮᠢ ᠪᠠᠨ ᠠᠯᠳᠠᠵᠤ ᠶᠠᠪᠣᠴᠢᠬᠤ ᠪᠠᠷ

ᠶᠠᠯ᠎ᠠ ᠶᠢ ᠨᠢ ᠠᠯᠳᠠᠷᠭᠠᠵᠤ ᠭᠠᠪᠢᠶ᠎ᠠ ᠶᠢ ᠨᠢ ᠡᠷᠭᠦᠮᠵᠢᠯᠡᠳᠡᠭ᠌ ᠣᠴᠢᠷ

ᠳᠡᠯᠡᠭᠡᠢ ᠭᠦᠷᠤᠨ ᠡᠨᠡ ᠣᠯᠤᠰ ᠲᠤ ᠪᠠᠢ᠌ᠳᠠᠭ ᠯᠠ ᠪᠢᠰᠢ

ᠳᠦᠷᠤ ᠶᠢ ᠥᠢᠮᠡᠭᠦᠯᠤᠨ ᠲᠦᠮᠡᠨ ᠢ ᠥᠳᠡᠭᠡᠭ᠍ᠰᠡᠨ ᠨᠠᠷ᠎ᠠ ᠴᠢᠨᠢ ᠳᠡᠭᠡᠭᠡᠳ

ᠳᠦᠷᠤ ᠶᠢᠨ ᠱᠠᠩ ᠢ ᠪᠠᠶ᠎ᠠ ᠴᠢᠨᠢ ᠪᠢᠰᠢ ᠪᠦᠰᠡᠭᠦᠢ ᠴᠢᠨᠢ ᠣᠷᠤᠯᠠᠨ ᠳᠤᠰᠴᠤ ᠪᠠᠢ᠌ᠨ᠎ᠠ

《ᠠᠯᠢ ᠡᠳᠦᠷ ᠮᠢᠨᠤ ᠰᠢᠯᠦᠭ᠌

ᠠᠯᠳᠠ ᠪᠠᠷ ᠥᠨᠡᠯᠡᠭᠦ ᠴᠠᠭ ᠪᠣᠢ》 ᠭᠡᠳᠡᠭ᠌ ᠶᠢᠠᠨ

ᠠᠷᠠᠤᠨ ᠡᠴᠠ ᠰᠢᠭᠦᠯᠳᠡ ᠶᠢ ᠨᠢ ᠳᠤᠰᠤᠭ᠎ᠠ ᠶᠤᠮ ᠪᠠᠢ᠌ᠨ᠎ᠠ


2011 .4 .24 ᠦᠷᠯᠦᠭᠡᠨ ᠤ ᠭᠤᠷᠪᠠᠨ ᠴᠠᠭ

ᠶᠡᠭᠡ ᠪᠠᠭᠰᠢ ᠶᠢ ᠪᠢᠴᠢᠨ᠎ᠠ ᠭᠡᠵᠤ ᠵᠤᠷᠢᠭ ᠣᠷᠤᠭ᠎ᠠ ᠦᠭᠡᠶ ᠶᠤᠮ᠁    

ᠪᠣᠷᠤᠭᠤ ᠪᠠᠢ᠌ᠪᠠᠯ ᠬᠠᠯᠠᠨ ᠰᠢᠭᠦᠮᠵᠢᠯᠡᠭᠦ ᠪᠣᠯᠤᠭᠠᠰᠠᠢ ︕


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 7788
ᠴᠠᠭ᠄ 2011 ᠤᠨ ᠤ 10 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ