ᠰᠠᠷᠠᠨ ᠳᠡᠷᠭᠡᠯ ᠡᠭᠡ ᠣᠷᠤᠨ ᠮᠢᠨᠢ

ᠠᠳᠤᠭᠤ ᠮᠠᠯ ᠶᠢᠡᠨ ᠠᠯᠠᠭᠯᠠᠭᠤᠯᠤᠨ ᠪᠠᠯᠴᠢᠭᠡᠷᠯᠡᠭᠦᠯᠭᠦ

ᠠᠭᠤᠳᠠᠮ ᠰᠠᠷᠠᠭᠤᠯ ᠡᠪᠠᠰᠤ ᠪᠠᠯᠴᠢᠭᠡᠷ ᠳᠠᠢ

ᠭᠦᠭᠦᠭᠡ ᠰᠢᠪᠠᠭᠤ ᠳᠤᠩᠭ᠋ᠤᠳᠤᠨ ᠳᠠᠭᠤᠷᠢᠰᠬᠠᠤ

ᠭᠦᠭᠡᠷᠡᠨ ᠨᠤᠭᠤᠭᠠᠷᠠᠬᠤ ᠣᠢ ᠭᠦᠪᠴᠢ ᠲᠡᠶ᠃

        ᠰᠠᠷᠠᠨ ᠳᠡᠷᠭᠡᠯ ᠡᠭᠡ ᠣᠷᠤᠨ ᠮᠢᠨᠢ

        ᠰᠠᠭᠠᠯᠢ ᠰᠦ᠋ ᠶᠢᠨ ᠦᠨᠦᠷ ᠠᠩᠭᠢᠯᠤᠮ᠎ᠠ ᠰᠢᠤ ︕

ᠨᠠᠢ᠌ᠷᠰᠠᠭ ᠰᠠᠯᠭᠢ ᠨᠢ ᠰᠠᠪᠢᠯᠵᠠᠨ ᠦᠯᠢᠶᠠᠵᠤ

ᠨᠠᠮ᠎ᠠ ᠶᠢ ᠴᠢᠮ᠎ᠠ ᠶᠢ ᠳᠠᠭᠠᠳᠠᠬᠠᠢ᠌ᠨ ᠢᠯᠪᠢᠨ᠎ᠡ

ᠨᠠᠮᠢᠷᠭ᠎ᠠ ᠬᠤᠷ᠎ᠠ ᠨᠢ ᠠᠰᠬᠠᠷᠠᠨ ᠱᠠᠭᠠᠭᠢᠵᠤ

ᠨᠠᠪᠴᠢ ᠴᠡᠴᠡᠭ᠌ ᠨᠢ ᠰᠡᠪᠢᠯᠵᠡᠩᠭᠡᠨ ᠣᠮᠳᠠᠯᠠᠨ᠎ᠠ

        ᠰᠠᠷᠠᠨ ᠳᠡᠷᠭᠡᠯ ᠡᠭᠡ ᠣᠷᠤᠨ ᠮᠢᠨᠢ

        ᠠᠮᠢᠵᠢᠷᠠᠯ ᠡᠰᠡᠨᠢᠯ ᠶᠢᠡᠷ ᠪᠢᠯᠬᠠᠮ᠎ᠠ ᠰᠢᠤ ︕

ᠲᠦᠯᠵᠢᠭᠦ ᠪᠣᠳᠠᠰ ᠶᠢᠡᠨ ᠡᠩᠭᠦᠷᠡᠢ᠌ᠯᠡᠨ ᠥᠭᠦᠭᠡᠷᠳᠡᠭ᠍ᠰᠡᠨ

ᠳᠤᠶᠠᠭᠠᠯᠠᠨ ᠭᠡᠷᠡᠯᠳᠦᠭ᠍ᠰᠡᠨ ᠨᠠᠷᠠᠨ ᠤ ᠰᠠᠴᠤᠷᠠᠭ᠎ᠠ ᠳᠠᠢ

ᠲᠦᠮᠡᠨ ᠠᠮᠢᠳᠠᠨ ᠶᠢᠡᠨ ᠪᠦᠤᠪᠠᠢ᠌ᠯᠠᠨ ᠳᠠᠭᠠᠯᠭᠰᠠᠨ

ᠳᠡᠷᠭᠡᠯᠡᠨ ᠮᠠᠠᠳᠤᠭᠰᠠᠨ ᠰᠠᠷᠠᠨ ᠤ ᠭᠢᠯᠪᠠᠭ᠎ᠠ ᠳᠠᠢ

        ᠰᠠᠷᠠᠨ ᠳᠡᠷᠭᠡᠯ ᠡᠭᠡ ᠣᠷᠤᠨ ᠮᠢᠨᠢ

        ᠰᠠᠨᠠᠭ᠎ᠠ ᠰᠡᠳᠭᠢᠯ ᠤᠨ ᠰᠤᠷᠢᠠᠵᠢᠨ ᠰᠢᠤ ︕

ᠠᠭᠤᠯᠠ ᠬᠠᠳᠠ ᠪᠠᠨ ᠡᠮᠵᠢᠶᠡᠷᠢᠯᠡᠨ ᠣᠷᠤᠰᠬᠤ

ᠣᠠᠳᠤᠷᠤᠮᠠᠯ ᠪᠣᠯᠠᠭ ᠤᠨ ᠷᠠᠰᠢᠶᠠᠨ ᠣᠰᠤ ᠳᠠᠢ

ᠨᠤᠯᠮᠤᠨ ᠳᠠᠯ᠎ᠠ ᠪᠠᠨ ᠣᠮᠳᠠᠯᠠᠨ ᠨᠤᠭᠤᠭᠠᠷᠠᠭᠤᠯᠬᠤ

ᠨᠠᠮᠤᠬᠠᠨ ᠳᠤᠯᠭᠢᠶ᠎ᠠ ᠬᠠᠶᠠᠯᠠᠭᠰᠠᠨ ᠭᠤᠤᠯ ᠮᠦᠷᠠᠨ ᠳᠠᠢ

         ᠰᠠᠷᠠᠨ ᠳᠡᠷᠭᠡᠯ ᠡᠭᠡ ᠣᠷᠤᠨ ᠮᠢᠨᠢ

         ᠰᠡᠳᠭᠢᠯ ᠵᠢᠷᠦᠭᠡᠨ ᠤ ᠮᠢᠨᠢ ᠣᠶᠠᠭ᠎ᠠ ᠰᠢᠤ ︕

ᠣᠯᠠᠨ ᠣᠳᠤᠳ ᠶᠢᠡᠨ ᠡᠷᠭᠡᠯᠡᠭᠦᠯᠤᠨ ᠠᠨᠢᠪᠴᠠᠭᠤᠯᠤᠭᠰᠠᠨ

ᠠᠮᠤᠭᠤᠯᠠᠩ ᠲᠦᠯᠭᠡᠭᠡᠨ ᠣᠭᠳᠠᠷᠭᠤᠢ ᠶᠢᠨ ᠴᠡᠭᠡᠯ ᠳᠠᠢ

ᠠᠭᠤᠷᠠᠬᠠᠢ ᠡᠷᠳᠡᠨᠢᠰ ᠡᠯᠪᠠᠭ᠌ ᠬᠠᠳᠠᠭᠠᠯᠠᠭᠰᠠᠨ

ᠠᠭᠯᠠᠭ ᠦᠨᠳᠦᠷ ᠠᠭᠤᠯᠠ ᠬᠠᠳᠠ ᠲᠡᠶ

         ᠰᠠᠷᠠᠨ ᠳᠡᠷᠭᠡᠯ ᠡᠭᠡ ᠣᠷᠤᠨ ᠮᠢᠨᠢ

         ᠭᠠᠷᠤᠯᠳᠠ ᠪᠣᠯᠠᠭᠳᠠᠴᠠ ᠡᠯᠪᠠᠭ᠌ ᠰᠢᠤ ︕

ᠠᠵᠢᠯ ᠣᠢ᠌ᠯᠠᠰ ᠶᠢᠡᠨ ᠳᠡᠭᠡᠳᠦᠯᠡᠨ ᠰᠢᠭᠤᠷᠬᠠᠢ᠌ᠯᠠᠭᠰᠠᠨ    

ᠡᠶᠡᠯᠰᠡᠭ᠌ ᠨᠠᠢ᠌ᠷᠠᠮᠳᠠᠭᠤ ᠭᠦᠮᠤᠨ ᠠᠷᠠᠤᠨ ᠳᠠᠢ

ᠣᠶᠤᠨ ᠪᠢᠯᠢᠭ᠌ ᠶᠢᠡᠨ ᠬᠤᠷᠴᠠᠯᠠᠨ ᠵᠤᠯᠪᠣᠭᠠᠵᠢᠭᠰᠠᠨ

ᠴᠤᠭ ᠵᠢᠪᠬᠤᠭᠠᠳᠤ ᠦᠷ᠎ᠡ ᠬᠣᠢ᠌ᠴᠢᠰ ᠳᠠᠢ

         ᠰᠠᠷᠠᠨ ᠳᠡᠷᠭᠡᠯ ᠡᠭᠡ ᠣᠷᠤᠨ ᠮᠢᠨᠢ

         ᠰᠠᠶ᠎ᠠ ᠲᠦᠮᠡᠨ ᠰᠤᠤᠳᠤ ᠴᠢᠳᠠᠪᠣᠷᠢᠳᠠᠨ ᠲᠡᠶ ᠰᠢᠤ ︕

    


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠬᠠᠷᠢᠶ᠎ᠠ᠄ ᠰᠢᠯᠦᠭ
ᠳᠠᠷᠤᠮ᠄ 1864
ᠴᠠᠭ᠄ 2011 ᠤᠨ ᠤ 07 ᠰᠠᠷ᠎ᠠ ᠶᠢᠨ 21