ᠠᠳᠤᠭᠤᠴᠢᠨ ᠠᠪᠣ ᠪᠠᠨ ᠮᠥᠷᠦᠭᠡᠳᠭᠦ ᠨᠢ

ᠠᠪᠣ ᠮᠢᠨᠢ ᠶ‍ᠢᠷᠳᠢᠠᠴᠤ ᠡᠴᠠ ᠰᠠᠯᠵᠤ ᠣᠳᠤᠭᠠᠤᠨ ᠨᠢᠭᠡᠨᠲᠡ ᠵᠢᠷᠭᠤᠭᠠᠨ ᠵᠢᠯ ᠪᠣᠯᠴᠢᠬᠠᠯ᠎ᠠ᠃ ᠪᠢ ᠭᠡᠴᠢᠨᠡᠨ ᠴᠤ ᠣᠳᠠᠭ᠎ᠠ ᠠᠪᠣ ᠶᠢ ᠪᠠᠨ ᠠᠮᠢᠳᠤ ᠰᠡᠷᠢᠭᠦᠨ ᠪᠠᠢ᠌ᠨ᠎ᠠ ᠭᠡᠵᠤ ᠵᠡᠭᠦᠳᠦᠯᠡᠪᠡ ᠳ᠋ᠠ᠃ ᠵᠡᠭᠦᠳᠤ ᠪᠦᠷᠢ ᠳᠤ ᠠᠪᠣ ᠶᠢᠨ ᠶᠢᠡᠨ ᠠᠳᠤᠭᠤ ᠪᠠᠨ ᠳᠠᠭᠤᠭᠠᠤᠨ ᠬᠤᠯᠠᠳᠠᠬᠤ ᠳᠠᠯ᠎ᠠ ᠶᠢᠨ ᠠᠭᠤᠳᠠᠮ ᠳ᠋ᠠᠭᠢ ᠳᠤᠭᠤᠰᠤ ᠶᠢ ᠨᠢ ᠬᠠᠷᠠᠨ ᠪᠠᠶᠠᠰᠴᠤ ᠬᠤᠯᠠ ᠶᠢᠨ ᠬᠤᠯᠠ ᠳ᠋ᠠᠭᠢ ᠵᠡᠷᠭᠡᠯᠭᠡᠨ ᠳᠤᠳᠤᠷ᠎ᠠ ᠪᠠᠷ᠎ᠠ ᠶᠢ ᠨᠢ ᠠᠭᠤᠰᠳᠠᠯ᠎ᠠ ᠬᠠᠷᠠᠨ ᠵᠤᠭᠰᠤᠳᠠᠭ᠃

ᠰᠡᠷᠢᠭᠦ ᠳᠤ ᠵᠡᠭᠦᠳᠤ ᠵᠠᠮᠬᠠᠷᠠᠵᠤ᠂ ᠵᠢᠷᠦᠭᠡ ᠰᠢᠮᠰᠢᠷᠠᠨ ᠳᠠᠷ᠎ᠠ ᠳᠠᠪᠳᠦᠳᠠᠯ᠎ᠠ ᠨᠢᠯᠪᠣᠰᠤ ᠪᠦᠮᠪᠦᠷᠢᠭᠦᠯᠵᠤ ᠭᠡᠪᠳᠡᠭᠦ ᠳᠡᠭᠡᠨ ᠠᠪᠣ ᠶᠢᠨ ᠶᠢᠡᠨ ᠠᠳᠤᠭᠤᠴᠢᠨ ᠠᠮᠢᠳᠤᠷᠠᠯ ᠢ ᠡᠭᠢᠨ ᠡᠴᠠ ᠨᠢ ᠠᠳᠠᠭ ᠳᠤᠨᠢ ᠭᠦᠷᠳᠡᠯ᠎ᠡ ᠨᠢᠭᠡ ᠮᠦᠷ ᠡᠷᠭᠢᠴᠡᠭᠦᠯᠤᠨ ᠪᠣᠳᠤᠵᠤ ᠦᠣᠷ ᠴᠠᠢ᠌ᠯᠭᠠᠳᠠᠭ ᠶᠤᠮ ᠡ᠃ ᠮᠢᠨᠤ ᠠᠪᠣ ᠭᠡᠵᠤ ᠠ᠊ ᠥᠰᠦᠭ᠌ ᠴᠤ ᠰᠤᠷᠤᠭᠰᠠᠨ ᠦᠭᠡᠶ ᠠᠳᠠᠭ ᠨᠢ ᠨᠠᠷ᠎ᠠ ᠪᠠᠨ ᠣᠯᠢᠭ ᠲᠡᠶ ᠪᠢᠴᠢᠵᠤ ᠴᠢᠳᠠᠬᠤ ᠦᠭᠡᠶ᠂ ᠶᠤᠰᠤᠳᠠᠢ ᠨᠢᠭᠡ ᠨᠠᠰᠤ ᠪᠠᠨ ᠮᠤᠷᠢ ᠲᠡᠶ ᠬᠤᠯᠪᠣᠵᠤ ᠶᠠᠪᠣᠭᠰᠠᠨ ᠠᠳᠤᠭᠤᠴᠢᠨ ᠭᠠᠷᠤᠯ ᠲᠡᠶ ᠮᠠᠯᠴᠢᠨ ᠭᠦᠮᠤᠨ ᠶᠤᠮᠰᠠᠨ᠃

1

ᠪᠢ ᠮᠡᠳᠡᠭᠡ ᠣᠷᠤᠭᠰᠠᠨ ᠴᠠᠭ ᠡᠴᠠ ᠠᠪᠣᠭᠠᠤᠨ ᠠᠪᠣ ᠶᠢᠨ ᠶᠢᠡᠨ ᠥᠷᠯᠦᠭᠡ ᠪᠦᠷᠢ ᠣᠷᠭ᠎ᠠ ᠴᠢᠷᠦᠭᠡᠳ ᠮᠤᠷᠢᠨ ᠳᠠᠭᠠᠨ ᠮᠤᠷᠳᠠᠭᠠᠤᠨ ᠭᠠᠷᠪᠠᠯ ᠦᠳᠡ ᠶᠢᠨ ᠬᠣᠢ᠌ᠨ᠎ᠠ ᠭᠡᠳᠤᠨ ᠰᠥᠷᠦᠭ᠌ ᠠᠳᠤᠭᠤ ᠶᠢ ᠭᠠᠵᠠᠷ ᠭᠦᠳᠡᠯᠦᠯ᠎ᠡ ᠭᠡᠮᠡᠷᠭᠡᠨ ᠭᠡᠷ ᠳᠤᠷᠭᠢᠳᠠᠯ᠎ᠠ ᠫᠦᠷᠴᠢᠭᠢᠨᠡᠳᠡᠯ᠎ᠡ ᠳᠠᠭᠤᠭᠠᠤᠨ ᠢᠷᠡᠭᠦ ᠶᠢ ᠨᠢ ᠠᠯᠳᠠᠯ ᠦᠭᠡᠶ ᠬᠠᠷᠠᠭᠰᠠᠭᠠᠷ ᠥᠰᠦᠭ᠍ᠰᠡᠨ ᠳᠤᠯᠠ᠂ ᠠᠷᠪᠠᠭᠠᠤᠨ ᠨᠠᠰᠤ ᠭᠦᠷᠴᠤ ᠢᠷᠡᠭᠡᠳ ᠰᠠ‍‌ᠶᠢ ᠠᠪᠣ ᠪᠠᠨ ᠠᠳᠤᠭᠤᠴᠢᠨ ᠭᠡᠳᠡᠭ᠌ ᠢ ᠮᠠᠳᠠᠯ᠎ᠠ᠃

ᠳᠠᠷᠠ ᠦᠶᠡᠰ ᠣᠰᠤᠨ ᠤ ᠳᠤᠩᠭ᠋ᠠᠯᠠᠭ ᠢ ᠡᠷᠢᠵᠤ ᠡᠪᠠᠰᠤᠨ ᠤ ᠰᠤᠷᠭᠤᠭ ᠢ ᠰᠤᠩᠭ᠋ᠤᠵᠤ᠂ ᠨᠤᠭᠤᠭᠠᠨ ᠳᠠᠯ᠎ᠠ ᠶᠢᠨ ᠠᠭᠤᠳᠠᠮ ᠳᠠᠠᠵᠢᠨ ᠳᠡᠭᠡᠷ᠎ᠡ ᠨᠡᠭᠦᠳᠡᠯ ᠠᠮᠢᠳᠤᠷᠠᠯ ᠭᠢᠵᠤ᠂ ᠬᠤᠨᠢ ᠮᠠᠯ᠂ ᠠᠳᠤᠭᠤ ᠠᠷᠠᠴᠢᠯᠠᠬᠤ ᠪᠠᠷ ᠠᠮᠢᠳᠤᠷᠠᠯ ᠤᠨ ᠭᠤᠤᠯ ᠭᠡᠯᠪᠠᠷᠢ ᠪᠠᠨ ᠪᠣᠯᠭᠠᠵᠤ ᠪᠠᠢ᠌ᠭᠰᠠᠨ ᠤ ᠴᠤ ᠪᠣᠯᠪᠠ ᠦᠦ ᠳ᠋ᠠ᠂ ᠳᠤᠭᠤᠯ ᠤᠨ ᠪᠠᠯᠴᠢᠭᠡᠷ ᠡᠴᠠ ᠪᠠᠨ ᠣᠠᠳᠤᠤ ᠭᠠᠵᠠᠷ ᠮᠡᠳᠡᠭᠦ ᠦᠭᠡᠶ᠂ ᠳᠤᠭᠤᠷᠢᠵᠤ ᠰᠠᠭᠤᠭᠰᠠᠨ ᠰᠠᠭᠠᠬᠠᠯᠳᠠ ᠶᠢᠨ ᠭᠢᠨ ᠡᠴᠠ ᠥᠭᠡᠷ᠎ᠡ ᠭᠦᠮᠤᠨ ᠳᠠᠨᠢᠬᠤ ᠦᠭᠡᠶ ᠪᠠᠢ᠌ᠭᠰᠠᠨ ᠮᠢᠨᠤ ᠪᠠᠭ᠎ᠠ ᠶᠢᠨ ᠣᠶᠤᠨ ᠳᠤ ᠠᠭᠳᠠ ᠶᠢᠨ ᠳᠠᠯ᠎ᠠ ᠨᠥᠭᠦᠳᠤ ᠪᠠᠢ᠌ᠴᠠ ᠮᠢᠨᠢ ᠬᠠᠮᠤᠭ ᠥᠷᠭᠡᠨ ᠠᠭᠤᠳᠠᠮ᠂ ᠠᠳᠤᠭᠤᠴᠢᠨ ᠠᠪᠣ ᠮᠢᠨᠢ ᠭᠡᠨ ᠡᠴᠠ ᠴᠤ ᠡᠷᠡᠯᠭᠡᠭ᠌ ᠪᠠᠭᠠᠳᠤᠷ ᠰᠠᠢ᠌ᠨ ᠡᠷ᠎ᠡ ᠭᠡᠵᠤ ᠪᠣᠳᠤᠭᠳᠠᠳᠠᠭ ᠡᠴᠠ ᠠᠳᠤᠭᠤᠨ ᠰᠥᠷᠦᠭ᠌ ᠤᠨ ᠳᠦᠪᠤᠷᠬᠡᠨ ᠠᠮᠢᠳᠤᠷᠠᠯ ᠤᠨ ᠠᠢ᠌ᠵᠢᠮ ᠪᠠᠢ᠌ᠵᠤ᠂ ᠠᠳᠤᠭᠤᠨ ᠰᠥᠷᠦᠭ᠌ ᠳᠤᠭᠳᠠᠭᠰᠠᠨ ᠭᠠᠵᠠᠷ ᠠᠯᠢᠪᠠᠤᠨ ᠴᠢᠨ᠋ᠸ᠎ᠠ ᠪᠠᠢ᠌ᠵᠤ ᠴᠢᠳᠠᠬᠤ ᠦᠭᠡᠶ᠂ ᠠᠪᠣ ᠶᠢᠨ ᠮᠢᠨᠢ ᠭᠦᠷᠦᠭ᠍ᠰᠡᠨ ᠭᠠᠵᠠᠷ ᠠᠳᠠᠭᠠᠳᠠᠨ ᠳᠠᠢ᠌ᠰᠤᠨ ᠳᠠᠢ᠌ᠰᠤᠩᠨᠠᠵᠤ ᠳᠡᠢ᠌ᠯᠭᠦ ᠦᠭᠡᠶ ᠭᠡᠵᠤ ᠪᠠᠷᠳᠠᠮ ᠰᠠᠨᠠᠳᠠᠭ ᠡᠴᠠ ᠰᠡᠳᠭᠢᠯ ᠮᠢᠨᠢ ᠳᠠᠢ᠌ᠪᠣᠬᠠᠨ ᠪᠠᠢ᠌ᠵᠤ᠂ ᠶᠠᠭᠤᠨ ᠡᠴᠠ ᠴᠤ ᠠᠶᠤᠬᠤ ᠦᠭᠡᠶ ᠵᠤᠷᠢᠭ ᠵᠢᠷᠦᠭᠡ ᠲᠡᠶ᠂ ᠡᠳᠦᠷ ᠳᠤᠵᠢ ᠳᠤᠭᠤᠯ ᠪᠢᠷᠠᠭᠤ ᠡᠷᠭᠢᠭᠦᠯᠵᠤ᠂ ᠮᠠᠩᠭᠢᠷ ᠳᠠᠭᠠᠨ᠎ᠠ ᠳᠡᠭᠦᠵᠤ᠂ ᠮᠥᠭᠦ ᠱᠥᠭᠦ ᠡᠷᠢᠭᠦ ᠭᠡᠳ ᠬᠠᠳᠠ ᠭᠢᠷ᠎ᠠ᠂ ᠮᠤᠳᠤ ᠴᠢᠯᠠᠭᠤ ᠭᠡᠵᠤ ᠬᠠᠢ᠌ᠬᠤᠷᠠᠯ ᠦᠭᠡᠶ ᠭᠦᠶ‍ᠦᠵᠤ ᠯᠠ ᠳᠤᠷᠨᠢᠭᠰᠠᠨ ᠶᠤᠮ ᠳ᠋ᠠ᠃ ᠢᠩᠭᠢᠵᠤ ᠯᠠ ᠣᠷᠭ᠎ᠠ ᠳᠤᠬᠣᠢ᠌ᠯᠠᠭᠰᠠᠨ ᠠᠳᠤᠭᠤᠴᠢᠨ ᠠᠪᠣ ᠶᠢᠨ ᠶᠢᠡᠨ ᠠᠭᠤᠯᠠ ᠰᠢᠭ ᠥᠮᠦᠭ᠌ ᠲᠤ ᠦᠰᠦᠨ ᠪᠣᠢ᠌ᠵᠢᠬᠤ ᠳᠠᠭᠠᠨ ᠠᠮᠢᠳᠤᠷᠠᠯ ᠭᠡᠵᠤ 《ᠠᠭᠳᠠ ᠶᠢᠨ ᠳᠠᠯ᠎ᠠ᠂ ᠨᠥᠭᠦᠳᠤ ᠪᠠᠢ᠌ᠴᠠ ᠪᠠᠨ ᠬᠠᠮᠠᠭᠠᠯᠠᠭᠠᠤᠨ᠂ ᠠᠳᠤᠭᠤ ᠪᠠᠨ ᠳᠠᠭᠤᠵᠤ᠂ ᠦᠨᠢᠶ᠎ᠡ ᠪᠠᠨ ᠰᠠᠭᠠᠭᠠᠤᠨ᠂ ᠢᠰᠢᠭᠡ ᠳᠤᠭᠤᠯ ᠶᠢᠡᠨ ᠬᠠᠷᠢᠭᠤᠯᠵᠤ ᠪᠠᠢ᠌ᠪᠠᠯ ᠪᠣᠯᠴᠢᠬᠠᠬᠤ ᠪᠠᠢ᠌ᠬᠤ ᠨᠢ ᠡ》 ᠭᠡᠵᠤ ᠣᠬᠠᠭᠠᠳᠠᠭ ᠡᠴᠠ ᠪᠠᠯᠴᠢᠷ ᠪᠠᠭ᠎ᠠ ᠶᠢᠨ ᠦᠶ᠎ᠡ ᠶᠢᠨ ᠮᠢᠨᠢ ᠳᠡᠷᠡᠭᠦ ᠨᠡᠭᠦᠳᠡᠯ ᠠᠮᠢᠳᠤᠷᠠᠯ ᠨᠠᠳᠠᠳᠤ ᠳᠣᠢ᠌ᠯ ᠦᠭᠡᠶ ᠶ‍ᠢᠷᠳᠢᠠᠴᠤ ᠶᠢᠨ ᠳᠡᠭᠡᠳᠤ ᠵᠢᠷᠭᠠᠯ ᠪᠠᠢ᠌ᠵᠠᠢ᠃

2

ᠪᠢ ᠭᠦᠮᠤᠨ ᠳᠦᠭᠦᠭᠡ ᠣᠷᠤᠵᠤ᠂ ᠭᠦᠴᠤ ᠮᠦᠷᠤ ᠪᠣᠯᠤᠶ᠎ᠠ ᠭᠡᠵᠤ ᠡᠵᠢ ᠳᠡᠭᠡᠨ ᠭᠠᠷ ᠥᠵᠦᠭᠦᠷ ᠵᠠᠷᠤᠭᠳᠠᠵᠤ ᠭᠦᠶ‍ᠦᠭᠦ ᠡᠴᠠ ᠡᠭᠢᠯᠡᠵᠤ ᠭᠡᠳᠤᠨ ᠭᠦᠮᠤᠨ ᠢ ᠳᠠᠨᠢᠵᠤ ᠡᠭᠢᠯᠡᠭ᠍ᠰᠡᠨ ᠶᠤᠮ᠃ ᠳᠠᠷᠠ ᠨᠢ ᠮᠢᠨᠤ ᠠᠪᠣ ᠶᠢᠨ ᠠᠬ᠎ᠠ ᠳᠡᠭᠦᠤ᠂ ᠠᠳᠤᠭᠤᠴᠢᠨ ᠬᠠᠨᠢᠳᠠᠤᠨ ᠨᠢ ᠪᠠᠢ᠌ᠭᠰᠠᠨ ᠶᠤᠮ᠃ ᠳᠠᠷᠤᠢ ᠵᠡᠭᠦᠨ ᠣᠷᠢᠳᠤ ᠠᠢ᠌ᠯ ᠤᠨ ᠮᠦᠭ᠍ᠷᠡᠢ ᠠᠪᠣ᠂ ᠪᠠᠷᠠᠭᠤᠨ ᠠᠢ᠌ᠯ ᠤᠨ ᠷᠢᠠᠴᠢᠠᠰᠠᠩᠪᠣ ᠠᠪᠣ᠂ ᠭᠤᠤᠯ ᠤᠨ ᠡᠮᠤᠨ᠎ᠡ ᠠᠢ᠌ᠯ ᠤᠨ ᠰᠠᠭᠷᠠᠵᠠᠪ ᠠᠪᠠᠭ᠎ᠠ᠂ ᠪᠠᠷᠠᠭᠤᠨ ᠡᠮᠤᠨ᠎ᠡ ᠠᠢ᠌ᠯ ᠤᠨ ᠶ‍ᠸᠰᠢᠭᠤᠮᠪᠣ ᠨᠠᠭᠠᠴᠤ (ᠲ᠋ᠠᠷᠠ ᠦᠶᠡᠰ ᠤᠨ ᠨᠥᠭᠦᠳᠤ ᠶᠢᠨ ᠵᠠᠯᠠᠭ᠎ᠠ ᠭᠡᠭ᠍ᠴᠢ ᠥᠵᠡᠭᠦ ᠳᠤ ᠡᠮᠤᠨ᠎ᠡ ᠬᠣᠢ᠌ᠨ᠎ᠠ ᠠᠢ᠌ᠯ ᠭᠡᠳᠡᠭ᠌ ᠪᠣᠯᠪᠠᠴᠤ ᠮᠤᠷᠢᠳᠠᠤᠨ ᠭᠦᠷᠳᠡᠯ᠎ᠡ ᠴᠠᠢ ᠴᠢᠨᠠᠬᠤ ᠵᠠᠭᠤᠷ᠎ᠠ ᠳᠤᠪᠳᠤᠯᠭᠠᠵᠤ ᠪᠠᠢ᠌ᠮᠠᠨ ᠰᠠ‍‌ᠶᠢ ᠭᠦᠷᠳᠡᠭ᠌ ᠠᠭᠤᠵᠢᠮ ᠰᠠᠢ᠌ᠬᠠᠨ ᠭᠦᠡᠳᠡᠢ ᠪᠠᠢ᠌ᠭᠰᠠᠨ) ᠭᠡᠳ ᠡᠳᠦᠷ ᠥᠡᠵᠢᠭᠦ ᠦᠭᠡᠶ ᠬᠣᠢ᠌ᠨ᠎ᠠ ᠡᠮᠤᠨ᠎ᠡ ᠪᠠᠨ ᠭᠠᠯᠭᠢᠭᠤᠯᠤᠨ ᠢᠷᠠᠵᠤ ᠮᠤᠷᠢᠨ ᠪᠣᠯᠠᠭ᠎ᠠ ᠳᠡᠭᠡᠷ᠎ᠡ ᠪᠠᠭᠤᠭᠠᠤᠨ᠄ 《ᠭᠡᠦᠭᠡ ᠡ᠂ ᠠᠪᠣ ᠴᠢᠨᠢ ᠠᠳᠤᠭᠤ ᠳᠠᠭᠠᠨ ᠶᠠᠪᠣᠭ᠎ᠠ ᠦᠭᠡᠶ ᠪᠠ︖》 ᠭᠡᠵᠤ ᠨᠠᠳᠠ ᠲᠡᠶ ᠣᠷᠢᠳᠠᠪᠠᠷ ᠳᠤᠤᠭᠠᠷᠳᠠᠭ ᠢ ᠨᠢ ᠪᠢ ᠳᠤᠳᠤ ᠴᠡᠭᠡᠵᠢᠯᠡᠭ᠍ᠰᠡᠭᠡᠷ ᠡ᠃ ᠣᠴᠢᠷ ᠨᠢ ᠪᠢ ᠡᠳᠦᠷ ᠲᠤ ᠳᠡᠭᠦᠤ ᠪᠠᠨ ᠰᠠᠭᠠᠳᠠᠭᠤᠯᠵᠤ ᠮᠤᠷᠢᠨ ᠪᠣᠯᠠᠭ᠎ᠠ ᠶᠢᠨ ᠣᠷᠴᠢᠮ ᠭᠠᠵᠠᠷ ᠨᠥᠭᠡᠯᠡᠵᠤ ᠡᠪᠠᠷᠳᠤ ᠬᠤᠷᠤᠬᠠᠢ (ᠢ᠌ᠵᠤᠤ ᠬᠤᠷᠤᠬᠠᠢ ᠭᠡᠵᠤ ᠳᠠᠭᠤᠳᠠᠳᠠᠭ) ᠳᠡᠭᠦᠵᠤ ᠨᠠᠭᠠᠳᠤᠳᠠᠭ ᠡᠴᠠ ᠳᠠᠳᠠ ᠢᠷᠠᠪᠠᠯ ᠨᠠᠳᠠ ᠲᠡᠶ ᠣᠷᠢᠳᠠᠪᠠᠷ ᠳᠤᠤᠭᠠᠷᠴᠤ᠂ ᠳᠤᠬᠣᠢ᠌ᠯᠠᠵᠤ ᠢᠷᠡᠭ᠍ᠰᠡᠨ ᠣᠷᠭ᠎ᠠ ᠪᠠᠨ ᠳᠤᠯᠵᠤ᠂ 《ᠳᠠᠪ》 ᠭᠡᠳᠡᠯ᠎ᠡ ᠮᠤᠷᠢᠨ ᠡᠴᠠ ᠪᠠᠨ ᠪᠠᠭᠤᠭᠠᠤᠨ ᠮᠤᠩᠭ᠋ᠤᠯ ᠭᠡᠷ ᠤᠨ ᠬᠠᠭᠠᠯᠭᠠᠨ ᠳᠡᠭᠡᠷ᠎ᠡ ᠭᠦᠷᠴᠤ ᠣᠴᠢᠬᠤ ᠳᠤ ᠠᠪᠣ ᠡᠭᠦᠳᠡ ᠨᠡᠭᠡᠭᠡᠨ ᠣᠭᠳᠤᠨ ᠠᠪᠴᠤ᠄ 《ᠭᠦᠢ ᠳᠠ ᠴᠢᠨᠢ ᠡᠷᠳᠡ ᠴᠤ ᠪᠠᠭᠤᠯ᠎ᠠ ᠳ᠋ᠠ︕ ᠵᠠ᠂ ᠳᠤᠳᠤᠭᠰᠢ ᠪᠠᠨ︕》 ᠭᠡᠳᠡᠭ᠌᠃

ᠳᠠᠷᠠ ᠦᠶᠡᠰ ᠤᠨ ᠮᠠᠨ ᠤ ᠨᠤᠬᠠᠢ᠌ᠳ ᠤᠨ ᠵᠠᠭᠤᠳᠠᠭ ᠭᠡᠳᠡᠭ᠌ ᠨᠢ ᠴᠤ ᠭᠡᠴᠡᠭᠦᠤ ᠡ᠃ ᠬᠤᠶᠠᠷ ᠭᠠᠵᠠᠷ ᠤᠨ ᠥᠵᠦᠭᠦᠷ ᠭᠦᠳᠦᠯ ᠤᠨ ᠵᠠᠮ ᠶᠢᠡᠷ ᠭᠠᠷᠬᠤ ᠵᠢᠰᠤ ᠪᠣᠷᠤᠭᠤ ᠭᠦᠮᠤᠨ ᠢ ᠭᠦᠶ‍ᠦᠵᠤ ᠣᠴᠢᠵᠤ ᠬᠠᠵᠠᠴᠢᠬᠠᠭᠠᠤᠨ ᠭᠡᠷᠡᠭ᠌ ᠵᠠᠷᠭᠤ ᠳᠠᠳᠠᠵᠤ ᠥᠭ᠍ᠳᠡᠭ᠌ ᠴᠤ ᠨᠢᠭᠡ ᠰᠠᠢ᠌ᠨ ᠨᠢ ᠬᠤᠨᠢᠨ ᠰᠥᠷᠦᠭ᠌᠂ ᠠᠳᠤᠭᠤ ᠮᠠᠯ ᠢ ᠴᠢᠨ᠋ᠸ᠎ᠠ ᠢᠷᠠᠵᠤ ᠳᠦᠢᠦᠡᠭᠦ ᠶᠤᠰᠤ ᠦᠭᠡᠶ ᠶᠤᠮ᠃ ᠬᠣᠢ᠌ᠯᠤᠭ᠂ ᠪᠦᠷᠭᠦᠤᠨ᠂ ᠭᠠᠷᠤᠳᠠᠢ ᠭᠤᠷᠪᠠᠨ ᠨᠤᠬᠠᠢ ᠮᠠᠯ ᠶᠢᠡᠨ ᠳᠠᠭᠠᠭᠠᠤᠨ ᠠᠭᠤᠯᠠᠨ ᠳᠤ ᠭᠠᠷᠤᠴᠢᠬᠠᠳᠠᠭ᠃ ᠬᠠᠷᠢᠨ ᠵᠠᠷᠢᠮ ᠳᠠᠭᠠᠨ ᠠᠪᠣ ᠳᠠᠷᠠ ᠭᠡᠳᠦᠭᠦᠯᠡ ᠶᠢ ᠳᠠᠭᠠᠵᠤ ᠠᠪᠠ ᠳᠤ ᠶᠠᠪᠣᠭᠠᠤᠨ ᠭᠤᠷ᠎ᠠ ᠵᠦᠷ᠎ᠠ ᠪᠠᠷᠢᠵᠤ ᠠᠪᠴᠢᠷᠠᠳᠠᠭ᠃ ᠢᠩᠭᠢᠵᠤ ᠥᠷᠭᠦᠯᠵᠢ ᠠᠪᠠ ᠰᠢᠪᠠᠭᠤ ᠳᠤ ᠶᠠᠪᠣᠳᠠᠭ ᠡᠴᠠ ᠠᠪᠣ ᠶᠢᠨ ᠳᠠᠷᠠ ᠭᠡᠳᠤᠨ ᠠᠬ᠎ᠠ ᠳᠡᠭᠦᠤ ᠲᠡᠶ ᠡᠭᠡᠯᠢᠳᠡᠢ ᠪᠣᠯᠤᠭᠰᠠᠨ ᠤ ᠪᠠᠢ᠌ᠬ᠎ᠠ᠂ ᠳᠠᠷᠠ ᠭᠡᠳᠦᠭᠦᠯᠡ ᠮᠠᠨ ᠤ ᠭᠢᠨ ᠶᠢᠡᠷ ᠢᠷᠠᠯ᠎ᠠ ᠭᠡᠭ᠍ᠰᠡᠭᠡᠷ ᠬᠠᠷᠢᠨ ᠳᠤᠭᠤᠯ ᠤᠨ ᠬᠠᠰᠢᠶᠠᠨ ᠰᠡᠭᠦᠳᠡᠷ ᠭᠡᠪᠳᠡᠵᠤ ᠪᠠᠢ᠌ᠭᠰᠠᠨ ᠨᠤᠬᠠᠢ᠌ᠳ ᠭᠦᠶ‍ᠦᠵᠤ ᠪᠣᠰᠤᠭᠠᠤᠨ ᠡᠪᠰᠢᠶᠡᠵᠤ ᠰᠤᠨᠢᠶᠠᠭᠰᠠᠭᠠᠷ ᠰᠡᠭᠦᠯ ᠰᠢᠷᠪᠠᠯᠵᠢᠭᠤᠯᠵᠤ᠂ ᠮᠤᠷᠢᠨ ᠪᠣᠯᠠᠭ᠎ᠠ ᠳᠡᠭᠡᠷ᠎ᠡ ᠳᠤᠰᠴᠤ ᠭᠦᠷᠦᠭᠡᠳ ᠬᠤᠷᠮᠤᠢ ᠬᠠᠠᠴᠤᠢ ᠶᠢ ᠨᠢ ᠦᠨᠦᠷᠯᠠᠨ ᠡᠭᠡᠨᠢᠭ᠍ᠰᠢᠵᠤ ᠡᠭᠦᠳᠡ ᠣᠷᠤᠳᠠᠯ᠎ᠠ ᠳᠠᠭᠠᠯᠴᠠᠳᠠᠭ ᠶᠤᠮ᠃

ᠳᠠᠳᠠ ᠨᠡᠷ ᠢᠷᠠᠪᠠᠯ ᠭᠡᠷ ᠲᠤ ᠭᠦᠷ ᠢᠨᠢᠶᠠᠳᠤ ᠪᠠᠷ ᠪᠢᠯᠬᠠᠵᠤ᠂ ᠡᠵᠢ ᠭᠠᠷᠴᠤ ᠢᠷᠡᠭᠡᠳ ᠭᠡᠷ ᠤᠨ ᠳᠡᠭᠡᠪᠦᠷ ᠳᠡᠭᠡᠷ᠎ᠡ ᠡᠴᠠ ᠵᠤᠨ ᠤ ᠨᠠᠷᠠᠨ ᠳᠤ ᠳᠡᠯᠭᠡᠵᠤ ᠳᠤᠰᠤ ᠳᠤᠰᠤᠯᠠᠳᠠᠯ᠎ᠠ ᠬᠠᠳᠠᠭᠠᠵᠤ ᠪᠠᠢ᠌ᠭᠰᠠᠨ ᠭᠡᠪ ᠲᠡᠶ ᠬᠤᠷᠤᠳ ᠡᠴᠠ ᠠᠯᠢ ᠵᠤᠵᠠᠭᠠᠨ ᠮᠥᠷᠳᠡᠭᠡᠨ ᠭᠠᠪ ᠰᠢᠷ᠎ᠠ ᠨᠢᠭᠡ ᠶᠢ ᠨᠢ ᠠᠪᠣᠭᠠᠤᠨ ᠣᠷᠤᠪᠠᠯ ᠪᠢ ᠴᠤ ᠳᠡᠭᠦᠤ ᠪᠠᠨ ᠣᠠᠳᠠᠭᠤᠯᠬᠤ ᠰᠢᠯᠳᠠᠭ ᠶᠢᠡᠷ ᠡᠵᠢ ᠶᠢᠨ ᠠᠷᠤ ᠡᠴᠠ ᠳᠠᠭᠠᠯᠴᠠᠨ ᠣᠷᠤᠭᠠᠤᠨ ᠣᠴᠢᠪᠠᠯ᠂ ᠭᠡᠷ ᠳᠦᠭᠦᠷᠡᠩ ᠰᠠᠶ‍ᠢᠬᠠᠨ ᠴᠢᠨᠠᠭᠠᠤᠨ ᠦᠷᠦᠮ᠎ᠡ ᠪᠠᠷ ᠨᠡᠢ᠌ᠯᠡᠭᠦᠯᠦᠭ᠍ᠰᠡᠨ ᠭᠦᠭᠡ ᠴᠠᠢ ᠶᠢᠨ ᠱᠠᠩᠳᠠᠭᠤᠨ ᠦᠨᠦᠷ ᠬᠠᠮᠠᠷ ᠰᠡᠩᠭᠢᠨᠡᠭᠦᠯᠵᠤ᠂ ᠡᠵᠢ ᠳᠠᠪᠰᠢ ᠳᠤ ᠬᠤᠷᠤᠳ ᠬᠠᠭᠠᠯᠠᠵᠤ ᠳᠠᠯᠪᠢᠬᠤ ᠪᠠ ᠠᠪᠣ ᠠᠬ᠎ᠠ ᠳᠡᠭᠦᠤ ᠨᠡᠷ ᠲᠡᠶ ᠪᠠᠨ ᠬᠠᠷᠢᠯᠴᠠᠨ ᠳ᠋ᠠᠢ ᠰᠤᠯᠢᠯᠴᠠᠭᠠᠤᠨ ᠳᠠᠮᠠᠭᠢ ᠪᠠᠭᠠᠭᠢᠭᠤᠯᠵᠤ ᠰᠠᠭᠤᠳᠠᠭ ᠪᠢᠯᠠ᠃

ᠳ᠋ᠠᠢ ᠰᠤᠯᠢᠯᠴᠠᠬᠤ ᠭᠡᠳᠡᠭ᠌ ᠨᠢ ᠦᠨᠦ ᠪᠣᠳᠤᠵᠤ ᠦᠵᠡᠪᠠᠯ ᠪᠠᠰᠠ ᠴᠤ ᠰᠤᠨᠢᠬᠠᠨ ᠠᠵᠤ ᠪᠠᠢ᠌ᠭᠰᠠᠨ ᠡ᠃ ᠳᠠᠷᠠ ᠦᠶᠡᠰ ᠮᠠᠨ ᠤ ᠭᠢ ᠨᠢ᠋ᠮᠠᠨ ᠬᠠᠨ᠎ᠠ ᠲᠡᠶ ᠢᠰᠡᠭᠡᠢ ᠪᠦᠷᠢᠶᠡᠰᠤ ᠲᠡᠶ ᠮᠤᠩᠭ᠋ᠤᠯ ᠭᠡᠷ ᠪᠠᠢ᠌ᠵᠤ᠂ ᠭᠡᠷ ᠲᠤ ᠢᠷᠡᠭ᠍ᠰᠡᠨ ᠭᠡᠢ᠌ᠴᠢᠨ ᠬᠠᠭᠠᠯᠭ᠎ᠠ ᠪᠠᠷ ᠣᠷᠤᠵᠤ ᠢᠷᠠᠪᠠᠯ ᠵᠤᠤᠬ᠎ᠠ ᠶᠢᠨ ᠪᠠᠷᠠᠭᠤᠨ ᠳᠠᠯ᠎ᠠ ᠪᠠᠷ ᠳᠡᠪᠢᠰᠦᠭ᠍ᠰᠡᠨ ᠣᠯᠪᠣᠭ ᠳᠡᠭᠡᠷ᠎ᠡ ᠰᠠᠭᠤᠬᠤ ᠶᠢᠨ ᠳᠠᠭᠠᠤ ᠠᠮᠤᠷ ᠮᠠᠠᠳᠤ ᠪᠠᠨ ᠮᠠᠳᠠᠯᠴᠠᠵᠤ᠂ ᠠᠳᠤᠭᠤ ᠮᠠᠯ ᠤᠨ ᠥᠭᠡᠳᠡ ᠡᠰᠡᠷᠡᠭ᠌ ᠤᠨ ᠳᠤᠬᠠᠢ ᠬᠠᠷᠢᠯᠴᠠᠨ ᠠᠰᠠᠭᠤᠯᠴᠠᠭᠠᠤᠨ᠂ ᠪᠦᠰᠡ ᠡᠴᠠ ᠪᠠᠨ ᠮᠦᠩᠭᠦᠨ ᠡᠯᠭᠦᠭᠦᠷ ᠲᠡᠶ ᠳᠠᠮᠠᠭᠢ ᠶᠢᠨ ᠬᠠᠪᠳᠠᠭ᠎ᠠ ᠪᠠᠨ ᠰᠤᠭᠤᠯᠠᠨ ᠠᠪᠴᠤ᠂ ᠪᠣᠯᠢᠭᠠᠷᠢ ᠶᠢᠨ ᠭᠤᠳᠤᠯ ᠤᠨ ᠳᠦᠷᠠᠢ ᠡᠴᠠ ᠪᠠᠨ ᠬᠠᠰ ᠤᠨ ᠰᠤᠷᠤᠭᠤᠯ ᠲᠡᠶ ᠮᠦᠩᠭᠦᠨ ᠳᠤᠯᠤᠭᠠᠢ ᠲᠡᠶ ᠳ᠋ᠠᠢ ᠪᠠᠨ ᠳᠠᠳᠠᠨ ᠠᠪᠣᠭᠠᠤᠨ ᠭᠤᠳᠤᠯ ᠤᠨ ᠣᠯᠠ ᠳᠡᠭᠡᠷ᠎ᠡ ᠪᠠᠨ 《ᠳᠤᠭ᠂ ᠳᠤᠭ》 ᠳᠤᠭᠰᠢᠵᠤ ᠪᠣᠭᠢ ᠶᠢ ᠨᠢ ᠭᠦᠪᠢᠭᠡᠳ 《ᠱᠦ᠋᠂ ᠱᠥ᠋》 ᠭᠡᠳᠡᠯ᠎ᠡ ᠰᠤᠷᠤᠵᠤ ᠭᠡᠢ ᠨᠠᠪᠳᠠᠷᠠᠵᠤ ᠪᠠᠢ᠌ᠬᠤ ᠡᠰᠡᠭᠦ ᠶᠢ ᠨᠢ ᠥᠵᠡᠭᠡᠳ ᠰᠠ‍‌ᠶᠢ ᠬᠠᠪᠳᠠᠭ᠎ᠠ ᠡᠴᠠ ᠪᠠᠨ ᠳᠠᠮᠠᠭᠢ ᠨᠠᠷᠠᠵᠤ᠂ ᠬᠠᠪᠳᠠᠭ᠎ᠠ ᠶᠢᠨ ᠠᠮᠰᠠᠷ ᠶᠢᠡᠷ ᠳ᠋ᠠᠢ ᠶᠢᠨ ᠳᠤᠯᠤᠭᠠᠢ ᠶᠢ ᠨᠢᠳᠠᠷᠠᠨ ᠳᠠᠷᠤᠵᠤ᠂ ᠰᠠᠭᠤᠭᠰᠠᠨ ᠣᠷᠤᠨ ᠡᠴᠠ ᠪᠠᠨ ᠦᠨᠳᠠᠢ᠌ᠰᠭᠢᠵᠤ ᠡᠮᠦᠨᠡᠰᠢ ᠪᠦᠭᠦᠢᠰᠭᠢᠭᠡᠳ ᠬᠤᠶᠠᠷ ᠭᠠᠷ ᠶᠢᠡᠷ ᠶᠢᠡᠨ ᠳ᠋ᠠᠢ ᠪᠠᠨ ᠡᠷᠭᠦᠵᠤ ᠬᠠᠷᠢᠯᠴᠠ ᠰᠤᠯᠢᠯᠴᠠᠭᠠᠤᠨ ᠭᠡᠳᠤ ᠴᠠᠭᠢᠭᠤᠷ ᠶᠢᠡᠨ ᠭᠠᠷᠭᠠᠵᠤ ᠭᠤᠳᠤᠯ ᠤᠨ ᠣᠯᠠ ᠳᠡᠭᠡᠷ᠎ᠡ ᠪᠠᠨ 《ᠴᠤᠷᠳ᠋》 ᠭᠡᠳᠡᠯ᠎ᠡ ᠱᠥᠷᠭᠦᠭᠡᠵᠤ ᠨᠤᠴᠤᠭᠠᠭᠠᠤᠨ ᠬᠠᠷᠢᠯᠴᠠᠨ ᠨᠢᠭᠡ ᠨᠢᠭᠡᠨ ᠤ ᠪᠠᠨ ᠳᠠᠮᠠᠭᠢ ᠳᠤ ᠭᠠᠯ ᠵᠤᠯᠭᠠᠭᠤᠯᠵᠤ ᠥᠭ᠍ᠳᠡᠭ᠌᠃ ᠳᠡᠭᠡᠭᠡᠳ ᠯᠠ ᠠᠯᠢ ᠰᠠᠢ᠌ᠬᠠᠨ ᠠᠪᠠ ᠶᠢᠨ ᠵᠤᠭᠤᠭ᠂ ᠠᠳᠤᠭᠤᠨ ᠤ ᠶᠠᠷᠢᠶ᠎ᠠ ᠨᠢ ᠡᠭᠢᠯᠡᠴᠢᠭᠡᠳᠡᠭ᠌ ᠨᠢ ᠳᠠᠷᠠ᠃

ᠳᠠᠨᠢᠬᠤ ᠦᠭᠡᠶ ᠴᠤ ᠭᠡᠰᠡᠨ ᠳᠠᠯ᠎ᠠ ᠳᠤ ᠠᠭᠤᠯᠵᠠᠪᠠᠯ ᠳᠠᠮᠠᠭᠢᠯᠠᠭᠠᠤᠨ ᠰᠠᠭᠤᠳᠠᠭ ᠮᠠᠨ ᠤ ᠮᠤᠩᠭ᠋ᠤᠯ ᠤᠨ ᠵᠠᠩ ᠡᠢ᠌ᠮᠤ ᠯᠠ ᠰᠠᠢ᠌ᠬᠠᠨ ᠪᠠᠢ᠌ᠵᠠᠢ᠃ ᠣᠳᠠᠯ ᠦᠭᠡᠶ ᠠᠶᠠᠭᠠᠨ ᠰᠢᠷᠡᠭᠡᠨ ᠳᠡᠭᠡᠷ᠎ᠡ ᠬᠠᠷ᠎ᠠ ᠮᠤᠳᠤᠨ ᠪᠠᠭᠪᠣᠷ ᠲᠤ ᠭᠠᠪ ᠰᠢᠷ᠎ᠠ ᠳᠤᠰᠤ ᠴᠠᠴᠠᠷᠭᠢᠨᠠᠵᠤ᠂ ᠱᠥᠭᠦᠮᠡᠯ ᠲᠡᠶ ᠦᠷᠦᠮ᠎ᠡ ᠠᠮᠠᠰᠠᠷ ᠢ ᠨᠢ ᠡᠷᠭᠢᠭᠦᠯᠦᠭ᠍ᠰᠡᠨ ᠶᠠᠩᠵᠤ ᠪᠠᠷ ᠫᠧᠩᠰᠠᠨ ᠳᠤ ᠰᠠᠭᠤᠯᠭᠠᠵᠤ᠂ ᠱᠸᠩ ᠳᠤ ᠭᠢᠭ᠍ᠰᠡᠨ ᠬᠠᠭᠤᠷᠤᠭᠰᠠᠨ ᠪᠣᠳᠠᠭ᠎ᠠ᠂ ᠳᠠᠪᠰᠢ ᠲᠡᠶ ᠬᠤᠷᠤᠳ᠂ ᠴᠢᠨᠠᠭᠰᠠᠨ ᠭᠦᠢᠳᠡᠨ ᠬᠤᠨᠢᠨ ᠮᠢᠬ᠎ᠠ᠂ ᠭᠤᠷ᠎ᠠ ᠵᠦᠷ᠎ᠠ ᠶᠢᠨ ᠰᠢᠷᠠᠭᠰᠠᠨ ᠪᠣᠷᠴᠠ ᠦᠷᠦᠵᠤ ᠳᠠᠯᠪᠢᠭᠠᠤᠨ ᠴᠠᠢ ᠠᠶᠠᠭᠠᠯᠠᠬᠤ ᠶᠢᠨ ᠳᠠᠯᠢᠮ ᠠᠪᠣ ᠳᠠᠳᠠ ᠭᠡᠳᠦᠭᠦᠯᠡ 《ᠢᠳᠤᠭᠠᠨ ᠪᠠᠢ᠌ᠴᠠ ᠶᠢᠨ ᠡᠩᠭᠡᠷ ᠶᠢᠡᠷ ᠭᠢᠳᠠᠤᠨ ᠤᠨ ᠠᠳᠤᠭᠤ ᠡᠴᠠ ᠰᠠᠯᠤᠭᠰᠠᠨ ᠪᠣᠯᠤᠯᠳᠠᠢ᠂ ᠬᠤᠯᠠᠭᠴᠢ ᠪᠠᠢ᠌ᠳᠠᠰᠤ ᠳᠦᠷᠦᠭᠦᠤ ᠲᠡᠶ ᠭᠡᠳᠤᠨ ᠮᠤᠷᠢᠳ ᠪᠠᠢ᠌ᠭᠰᠠᠨ ᠁》᠂《ᠵᠠᠬ᠎ᠠ ᠶᠢᠨ ᠳᠠᠪᠠᠭ᠎ᠠ ᠶᠢᠨ ᠠᠷᠤ ᠰᠤᠤ ᠶᠢᠨ ᠴᠠᠷᠠᠰᠤᠨ ᠳᠤ ᠨᠢᠭᠡ ᠰᠥᠷᠦᠭ᠌ ᠭᠠᠬᠠᠢ ᠶᠢᠨ ᠭᠡᠪᠳᠡᠷᠢ ᠪᠠᠢ᠌ᠬᠤ ᠁》 ᠭᠡᠭᠦ ᠮᠠᠳᠠᠴᠢᠯᠠᠨ ᠮᠢᠨᠤ ᠠᠯᠢ ᠰᠤᠨᠤᠰᠬᠤ ᠳᠤᠷᠠᠳᠠᠢ ᠵᠤᠭᠤᠭ ᠢ ᠶᠠᠷᠢᠯᠴᠠᠵᠤ ᠭᠦᠷ ᠭᠦᠭ᠍ᠵᠢᠶᠡᠨ ᠶᠢᠡᠷ ᠪᠢᠯᠬᠠᠴᠢᠬᠠᠭᠰᠠᠨ ᠪᠠᠢ᠌ᠳᠠᠭ᠃

ᠪᠢ ᠥᠷᠭᠦᠯᠵᠢ ᠠᠪᠣ ᠳᠠᠷᠠ ᠭᠡᠳᠦᠭᠦᠯᠡ ᠶᠢᠨ ᠵᠤᠭᠤᠭ ᠢ ᠢᠩᠭᠢᠵᠤ ᠯᠠ ᠣᠷᠮ᠎ᠠ ᠪᠠᠬ᠎ᠠ ᠲᠡᠶ ᠰᠤᠨᠤᠰᠴᠤ ᠰᠠᠭᠤᠳᠠᠭ᠃ ᠬᠠᠶᠠ ᠵᠠᠷᠢᠮ ᠳᠠᠭᠠᠨ ᠡᠵᠢ ᠶᠢᠨ᠂ ᠦᠨᠢᠶ᠎ᠡ ᠭᠡᠳᠡᠯ᠎ᠡ ᠳᠤᠭᠤᠯ ᠭᠡᠳ ᠭᠠᠷᠤᠭᠠᠤᠨ ᠶᠠᠪᠣᠭᠰᠠᠨ ᠬᠤᠭᠤᠷᠤᠠᠳᠤ ᠡᠷᠭᠢᠭᠦᠯ ᠡᠴᠠ ᠠᠶᠠᠭ᠎ᠠ ᠠᠪᠴᠤ ᠠᠳᠬᠤ ᠪᠣᠳᠠᠭ᠎ᠠ ᠭᠢᠴᠢᠭᠡᠭᠡᠳ ᠦᠷᠦᠮ᠎ᠡ ᠵᠠᠭᠤᠷᠠᠵᠤ ᠰᠠᠭᠤᠬᠤ ᠳᠤ ᠠᠪᠣ ᠮᠢᠨᠢ ᠮᠢᠨᠤ ᠥᠭᠡᠳᠡ ᠱᠤᠭᠳᠠᠢ᠌ᠬᠠᠨ ᠨᠢᠳᠤ ᠢᠮᠡᠷᠡᠭᠡᠳ ᠳᠤᠯᠤᠭᠠᠢ ᠶᠢ ᠢᠯᠪᠢᠵᠤ ᠣᠴᠢᠷᠳᠠᠢ᠌ᠬᠠᠨ ᠢᠨᠢᠶᠡᠮᠰᠦᠭᠯᠡᠳᠡᠭ᠌᠃ ᠡᠨᠡ ᠦᠶᠡᠰ ᠨᠠᠳᠠᠳᠤ ᠬᠠᠮᠤᠭ ᠡᠴᠠ ᠵᠤᠯ ᠵᠢᠷᠭᠠᠯ ᠲᠡᠶ ᠰᠠᠨᠠᠭᠳᠠᠵᠤ᠂ ᠳᠠᠳᠠᠨ ᠤ ᠵᠤᠭᠤᠭ ᠢ ᠰᠤᠨᠤᠰᠴᠤ ᠰᠠᠭᠤᠭᠰᠠᠭᠠᠷ ᠭᠡᠳᠦᠢ ᠳ᠋ᠤᠨᠢ ᠣᠠᠳᠠᠵᠤ ᠣᠷᠭᠢᠳᠠᠭ ᠶᠢᠡᠨ ᠴᠤ ᠮᠡᠳᠡᠭᠦ ᠦᠭᠡᠶ ᠪᠠᠢ᠌ᠳᠠᠭ᠃ ᠨᠢᠭᠡ ᠰᠡᠷᠢᠭᠦ ᠳᠤ ᠯᠠ ᠭᠡᠷ ᠭᠦᠡᠳᠡᠢ᠌ᠭᠡᠨ ᠰᠠᠨᠠᠭᠳᠠᠵᠤ ᠭᠠᠳᠠᠨ᠎ᠠ ᠡᠵᠢ ᠶᠢᠨ ᠦᠨᠢᠶ᠎ᠡ ᠰᠠᠭᠠᠬᠤ ᠳᠠᠭᠤᠨ 《ᠭᠦᠷ᠂ ᠭᠦᠷ》 ᠰᠤᠨᠤᠰᠳᠠᠬᠤ ᠪᠠ ᠪᠢᠷᠠᠭᠤ ᠳᠤᠭᠤᠯ ᠤᠨ ᠥᠣᠭᠢᠨᠡᠭᠦ᠂ ᠣᠷᠤᠢ ᠶᠢᠨ ᠴᠠᠷᠴᠠᠬᠠᠢ ᠶᠢᠨ ᠴᠠᠷᠪᠢᠬᠤ ᠳᠠᠭᠤᠨ ᠶᠢᠡᠷ ᠣᠷᠤᠢ ᠶᠢᠨ ᠦᠨᠢᠶ᠎ᠡ ᠰᠠᠭᠠᠬᠤ ᠴᠠᠭ ᠪᠣᠯᠤᠭᠰᠠᠨ ᠢ ᠮᠠᠳᠠᠵᠤ᠂ ᠠᠪᠣ ᠳᠠᠳᠠᠨ ᠤ ᠠᠳᠤᠭᠤ ᠪᠠᠨ ᠬᠤᠮᠢᠵᠤ ᠳᠠᠯᠪᠢᠭᠠᠤᠨ ᠭᠠᠬᠠᠢ ᠶᠢᠨ ᠭᠡᠪᠳᠡᠷᠢ ᠰᠢᠡᠵᠢᠭᠦ ᠪᠠᠷ ᠶᠠᠪᠣᠨ᠎ᠠ ᠭᠡᠰᠡᠨ ᠢ ᠰᠠᠨᠠᠵᠤ ᠣᠯᠤᠭᠠᠤᠨ᠂ ᠬᠤᠶᠠᠷ ᠡᠳᠦᠷ ᠡᠴᠠ ᠪᠠᠰᠠ ᠯᠠ ᠭᠡᠭᠡᠷ᠎ᠡ ᠶᠢᠨ ᠭᠠᠬᠠᠢ ᠶᠢᠨ ᠮᠢᠬ᠎ᠠ ᠣᠯᠵᠤ ᠢᠳᠡᠭᠦ ᠨᠢ ᠡ ᠭᠡᠵᠤ ᠪᠣᠳᠤᠭᠠᠤᠨ ᠪᠠᠶᠠᠷᠯᠠᠬᠤ ᠳᠠᠭᠠᠨ ᠭᠦᠶᠤᠨ ᠪᠣᠰᠴᠤ ᠭᠠᠳᠠᠨ᠎ᠠ ᠭᠠᠷᠴᠤ ᠡᠵᠢ ᠳᠡᠭᠡᠨ ᠳᠤᠭᠤᠯ ᠳᠠᠳᠠᠵᠤ ᠦᠭ‍ᠭᠦ ᠪᠠᠷ ᠣᠴᠢᠳᠠᠭ᠃ ᠦᠨᠦ ᠪᠣᠳᠤᠵᠤ ᠦᠵᠡᠪᠠᠯ ᠡᠵᠢ ᠶᠢᠨ ᠮᠢᠨᠢ ᠥᠷᠭᠦᠯᠵᠢ ᠭᠡᠯᠡᠳᠡᠭ᠌ 《ᠡᠨᠡ ᠦᠬᠢᠨ ᠠᠬ᠎ᠠ ᠳᠡᠭᠦᠤ ᠭᠡᠳᠦᠭᠦᠯᠡ ᠶᠢᠨ ᠶᠢᠡᠨ ᠳᠤᠳᠤᠷ᠎ᠠ ᠬᠠᠮᠤᠭ ᠡᠴᠠ ᠬᠤᠪᠳᠤᠭ ᠨᠢ ᠶᠤᠮ᠃》 ᠭᠡᠳᠡᠭ᠌ ᠨᠢ ᠵᠦᠪ ᠴᠤ ᠪᠠᠢ᠌ᠵᠤ ᠮᠠᠳᠠᠨ᠎ᠡ᠃ ᠭᠡᠳᠡᠯ᠎ᠡ ᠳᠠᠷᠠ ᠦᠶ᠎ᠡ ᠶᠢᠨ ᠭᠡᠭᠡᠷ᠎ᠡ ᠶᠢᠨ ᠭᠠᠬᠠᠢ ᠶᠢᠨ ᠮᠢᠬ᠎ᠠ ᠭᠡᠭ᠍ᠴᠢ ᠭᠡᠯᠡᠭᠦ ᠶᠢᠨ ᠠᠷᠭ᠎ᠠ ᠦᠭᠡᠶ ᠯᠠ ᠠᠮᠳᠠᠳᠠᠢ ᠪᠠᠢ᠌ᠳᠠᠭ᠂ ᠥᠭᠡᠭᠦ ᠭᠡᠵᠤ ᠳᠠᠮᠠᠢ ᠦᠭᠡᠶ ᠴᠤᠯᠠ ᠬᠠᠷ᠎ᠠ ᠮᠢᠬ᠎ᠠ ᠮᠥᠷᠳᠡᠭᠡᠨ ᠡᠮ ᠤᠨ ᠡᠪᠠᠰᠤᠨ ᠤ ᠠᠮᠳᠠ ᠭᠠᠷᠴᠤ᠂ ᠨᠠᠩ ᠢᠯᠠᠩᠭ᠋ᠤᠶ᠎ᠠ ᠡᠵᠢ ᠶᠢᠨ ᠢᠯᠠᠤᠷ ᠶᠢᠡᠷ ᠦᠰᠦ ᠶᠢ ᠨᠢ ᠬᠠᠭᠠᠷᠢᠵᠤ ᠬᠣᠢ᠌ᠬᠠᠯᠠᠭᠠᠤᠨ ᠴᠢᠨᠠᠭᠰᠠᠨ ᠠᠷᠠᠰᠤ ᠲᠡᠶ ᠮᠢᠬ᠎ᠠ ᠶᠢ ᠨᠢ ᠪᠢ ᠳᠤᠩ ᠢᠳᠡᠭᠦ ᠳᠤᠷᠠᠳᠠᠢ ᠪᠠᠢ᠌ᠳᠠᠭ᠃

3

ᠮᠢᠨᠤ ᠴᠡᠭᠡᠵᠢᠯᠡᠵᠤ ᠪᠠᠢ᠌ᠬᠤ ᠪᠠᠷ ᠣᠳᠤᠷ ᠶᠢᠡᠷ ᠶᠠᠪᠣᠵᠤ ᠪᠠᠢ᠌ᠬᠤ ᠳᠤ ᠵᠤᠰᠠᠯᠠᠩ ᠤᠨ ᠭᠠᠵᠠᠷ ᠲᠤ ᠦᠷᠢᠶ᠎ᠠ ᠡᠰᠭᠡᠭᠦ᠂ ᠠᠳᠤᠭᠤ ᠳᠡᠯᠯᠡᠭᠦ᠂ ᠠᠳᠤᠭᠤ ᠳᠠᠮᠠᠭᠠᠯᠠᠬᠤ ᠨᠠᠢ᠌ᠷ ᠭᠡᠵᠤ ᠬᠠᠮᠤᠭ ᠤᠨ ᠭᠦᠷ ᠭᠦᠭ᠍ᠵᠢᠶᠡᠨ ᠲᠡᠶ ᠪᠠᠢ᠌ᠳᠠᠭ᠃ ᠡᠨᠡ ᠨᠢ ᠪᠠᠰᠠ ᠠᠳᠤᠭᠤᠴᠢᠨ ᠤ ᠭᠦᠴᠤ ᠳᠤᠷᠪᠢ᠂ ᠣᠬᠠᠭᠠᠨ ᠪᠢᠯᠢᠭ᠌ ᠢ ᠨᠢ ᠰᠢᠯᠭᠠᠬᠤ ᠨᠢᠭᠡᠨ ᠶᠠᠷᠤ ᠪᠣᠰᠤ ᠶᠢᠨ ᠡᠳᠦᠷ ᠭᠡᠳᠡᠭ᠌ ᠢ ᠠᠪᠣ ᠳᠠᠷᠠ ᠭᠡᠳᠦᠭᠦᠯᠡ ᠶᠢᠨ ᠠᠷᠪᠠᠭᠠᠤᠨ ᠡᠳᠦᠷ ᠤᠨ ᠪᠡᠯᠡᠳᠭᠡᠯ ᠠᠵᠢᠯ ᠡᠴᠠ ᠣᠯᠵᠤ ᠮᠠᠳᠠᠯ᠎ᠠ᠃

ᠳᠤᠰ ᠨᠠᠢ᠌ᠷ ᠤᠨ ᠪᠠᠷᠤᠭ ᠠᠷᠪᠠᠭᠠᠤᠨ ᠡᠳᠦᠷ ᠤᠨ ᠡᠮᠤᠨ᠎ᠡ ᠮᠦᠭ᠍ᠷᠡᠢ ᠠᠪᠣ ᠳᠠᠷᠠ ᠭᠡᠳᠦᠭᠦᠯᠡ ᠳᠠᠨᠢᠬᠤ ᠳᠠᠨᠢᠬᠤ ᠦᠭᠡᠶ ᠠᠳᠤᠭᠤᠴᠢᠨ ᠢ ᠳᠠᠭᠠᠭᠤᠯᠵᠤ ᠮᠠᠨ ᠤ ᠳᠤ ᠢᠷᠠᠵᠤ ᠴᠤᠭᠯᠠᠷᠠᠭᠠᠤᠨ ᠠᠪᠣ ᠲᠡᠶ ᠬᠠᠮᠳᠤ ᠡᠨᠡᠭᠦ ᠠᠵᠢᠯ ᠶᠢᠡᠨ ᠭᠡᠷᠭᠢᠨ ᠶᠠᠪᠣᠭᠳᠠᠭᠤᠯᠬᠤ ᠳᠤᠬᠠᠢ ᠳᠠᠰ ᠳᠠᠷᠠᠭ᠎ᠠ ᠲᠡᠶ ᠶᠠᠷᠢᠯᠴᠠᠨ ᠳᠤᠭᠳᠠᠳᠠᠭ ᠡᠴᠠ ᠶᠡᠭᠡ ᠯᠠ ᠭᠦᠯ ᠥᠢᠮᠡᠭᠡᠨ ᠪᠣᠯᠳᠠᠭ᠃ ᠠᠪᠣ ᠳᠡᠭᠡᠭᠡᠳ ᠯᠠ ᠬᠤᠷᠤᠭᠤ ᠳᠠᠷᠤᠵᠤ ᠡᠳᠦᠷ ᠳᠤᠭᠠᠯᠠᠨ᠂ ᠬᠣᠢ᠌ᠪᠢ ᠶᠢᠨ ᠶᠢᠡᠨ ᠡᠷᠴᠢᠮ ᠢ ᠴᠢᠩᠭ᠋ᠠᠯᠠᠵᠤ᠂ ᠣᠷᠭᠠᠨ ᠴᠡᠭᠡᠵᠢ ᠪᠠᠨ ᠪᠣᠷᠭᠠᠰᠤ ᠵᠤᠷᠭᠤᠵᠤ ᠰᠢᠨ᠎ᠡ ᠪᠠᠷ ᠰᠤᠯᠢᠵᠤ ᠰᠠᠭᠤᠨ᠎ᠠ ᠪᠢᠯᠠ᠃

ᠡᠳᠦᠷ ᠨᠢ ᠪᠣᠯᠪᠠᠯ ᠡᠵᠢ ᠠᠯᠢ ᠴᠤ ᠥᠷᠯᠦᠭᠡ ᠡᠴᠠ ᠡᠷᠳᠡᠯᠡᠨ ᠪᠣᠰᠴᠤ ᠦᠣᠷ ᠤᠨ ᠬᠠᠷᠠᠩᠭ᠋ᠤᠢ ᠪᠠᠷ ᠦᠨᠢᠶ᠎ᠡ ᠪᠠᠨ ᠰᠠᠭᠠᠵᠤ᠂ ᠳᠤᠭᠤᠯ ᠪᠢᠷᠠᠭᠤ ᠪᠠᠨ ᠵᠠᠯᠠᠵᠤ ᠳᠠᠯᠪᠢᠴᠢᠬᠠᠭᠠᠤᠨ ᠴᠠᠢ ᠪᠠᠨ ᠴᠢᠨᠠᠵᠤ ᠮᠢᠬ᠎ᠠ ᠬᠠᠯᠠᠭᠤᠯᠵᠤ᠂ ᠠᠪᠣ ᠶᠢ ᠡᠷᠳᠡᠭᠡᠨ ᠢᠳᠡᠭᠦᠯᠵᠤ ᠣᠤᠭᠤᠯᠭᠠᠬᠤ ᠭᠡᠵᠤ ᠶᠠᠭᠠᠷᠠᠨ᠎ᠠ᠃

ᠡᠩ ᠤᠨ ᠡᠳᠦᠷ ᠡᠴᠠ ᠬᠤᠯᠠ ᠡᠷᠳᠡ ᠳᠠᠭᠤᠳᠠᠭᠳᠠᠨ ᠰᠡᠷᠢᠭ᠍ᠰᠡᠨ ᠪᠢ᠂ ᠣᠬᠠᠭᠠᠨ ᠣᠯᠠ ᠶᠢ ᠨᠢ ᠣᠯᠬᠤ ᠦᠭᠡᠶ ᠭᠠᠢ᠌ᠬᠠᠳᠠᠭ ᠶᠤᠮ᠃ ᠬᠤᠵᠢᠮ ᠨᠢ ᠰᠠ‍‌ᠶᠢ ᠦᠷᠢᠶ᠎ᠠ ᠡᠰᠭᠡᠭᠦ ᠨᠠᠢ᠌ᠷ ᠨᠢ ᠠᠳᠤᠭᠤᠴᠢᠨ ᠭᠦᠮᠤᠨ ᠤ ᠣᠷᠠᠨ ᠳᠠᠮ᠂ ᠣᠬᠠᠭᠠᠨ ᠪᠢᠯᠢᠭ᠌᠂ ᠰᠦᠰᠦ ᠵᠤᠷᠢᠭ ᠢ ᠰᠢᠯᠭᠠᠬᠤ ᠰᠠᠢ᠌ᠨ ᠡᠷᠡᠴᠦᠳ ᠤᠨ ᠨᠢᠭᠡᠨ ᠣᠳᠠᠭᠠᠨ ᠤ ᠥᠷᠢᠰᠦᠯᠳᠦᠭᠡᠨ ᠪᠣᠯᠬᠤ ᠳᠤᠯᠠ ᠠᠪᠣ ᠮᠢᠨᠢ ᠠᠯᠢ ᠡᠷᠳᠡ ᠡᠴᠠ ᠣᠷᠭ᠎ᠠ ᠪᠠᠨ ᠵᠠᠰᠠᠵᠤ᠂ ᠣᠷᠭᠠᠨ ᠮᠤᠷᠢ ᠪᠠᠨ ᠰᠣᠢ᠌ᠵᠤ ᠪᠠᠢ᠌ᠳᠠᠭ ᠣᠬᠠᠭᠠᠨ ᠢ ᠨᠢ ᠮᠠᠳᠠᠯ᠎ᠠ᠃ ᠮᠢᠨᠤ ᠠᠪᠣ ᠨᠠᠷᠠᠳᠠᠢ ᠣᠷᠭᠠᠴᠢᠨ ᠪᠠᠢ᠌ᠵᠠᠢ᠃

ᠥᠷᠯᠦᠭᠡ ᠨᠢ ᠠᠪᠣ ᠮᠢᠨᠢ ᠮᠢᠬ᠎ᠠ ᠭᠦᠰᠭᠦᠯᠦᠭ᠍ᠰᠡᠨ ᠴᠠᠢ ᠪᠠᠨ ᠭᠦᠯᠦᠷᠡᠳᠡᠯ᠎ᠡ ᠣᠤᠭᠤᠴᠢᠬᠠᠭᠠᠤᠨ ᠮᠤᠷᠢᠨ ᠳᠠᠭᠠᠨ ᠮᠤᠷᠳᠠᠭᠠᠤᠨ᠂ ᠣᠷᠭ᠎ᠠ ᠪᠠᠨ ᠳᠤᠭᠣᠢ᠌ᠯᠠᠨ ᠫᠠᠴᠢᠭᠢᠨᠠᠳᠠᠯ᠎ᠠ ᠳᠤᠪᠳᠤᠯᠭᠠᠵᠤ ᠣᠤᠠᠳᠠᠭ ᠰᠠᠨ᠃ ᠡᠨᠡ ᠦᠶᠡᠰ ᠳᠦᠷᠪᠡᠨ ᠵᠥᠭ᠌ ᠨᠢ᠋ᠮᠠᠨ ᠵᠤᠪᠭᠢᠰ ᠡᠴᠠ 《ᠭᠤ᠋ ᠱᠥ᠋》 ᠳᠠᠭᠤ ᠠᠪᠣᠯᠴᠠᠵᠤ ᠠᠳᠤᠭᠤᠨ ᠰᠥᠷᠦᠭ᠌ ᠤᠨ ᠵᠥᠭ᠌ ᠪᠦᠷᠢ ᠡᠴᠠ ᠳᠤᠭᠤᠰᠤ ᠮᠠᠨᠠᠷᠠᠭᠤᠯᠤᠨ ᠳᠠᠪᠭᠢᠯᠳᠤᠬᠤ ᠳᠦᠷᠪᠠᠭᠡᠨ ᠳᠤ ᠥᠷᠯᠦᠭᠡ ᠡᠷᠳᠡ ᠶᠢᠨ ᠡᠪᠠᠰᠤᠨ ᠰᠢᠭᠦᠳᠡᠷᠢ ᠭᠡᠯᠭᠢᠶ᠎ᠡ ᠨᠢ ᠳᠠᠰᠤᠷᠠᠭᠰᠠᠨ ᠰᠤᠪᠣᠤᠨ ᠤᠨ ᠮᠥᠭᠦᠯᠢᠭ᠌ ᠰᠢᠭ᠌ ᠴᠠᠢ᠌ᠯᠵᠠᠨ ᠪᠣᠳᠠᠷᠠᠬᠤ ᠨᠢ ᠬᠠᠷᠠᠭᠳᠠᠨ᠎ᠠ᠃

ᠠᠵᠢᠷᠭ᠎ᠠ ᠠᠵᠢᠷᠭ᠎ᠠ ᠪᠠᠷ ᠠᠳᠤᠭᠤᠨ ᠰᠥᠷᠦᠭ᠌ ᠶᠢᠡᠨ ᠬᠤᠮᠢᠨ ᠨᠠᠰᠢ ᠴᠠᠰᠢ ᠠᠮᠠᠭᠠᠢ ᠵᠠᠯᠠᠨ ᠳᠤᠪᠳᠤᠯᠠᠭᠤᠯᠵᠤ ᠪᠠᠢ᠌ᠭ᠎ᠠ ᠠᠳᠤᠭᠤᠴᠢᠳ ᠢ ᠬᠠᠷᠠᠪᠠᠯ᠂ ᠵᠠᠯᠠᠭᠤ ᠴᠤ ᠪᠠᠢ᠌ᠨ᠎ᠠ᠂ ᠢᠳᠠᠷ ᠴᠤ ᠪᠠᠢ᠌ᠨ᠎ᠠ᠂ ᠵᠠᠵᠢᠨ ᠨᠢ ᠴᠠᠢ᠌ᠭᠰᠠᠨ ᠡᠪᠦᠭᠡᠨ ᠴᠤ ᠪᠠᠢ᠌ᠨ᠎ᠠ᠃ ᠳᠠᠨᠢᠬᠤ ᠳᠠᠨᠢᠬᠤ ᠦᠭᠡᠶ ᠣᠯᠠᠨ ᠠᠷᠪᠢᠨ ᠢᠷᠡᠭ᠍ᠰᠡᠨ ᠪᠠᠢ᠌ᠳᠠᠭ᠃ ᠳᠠᠳᠠᠨᠠᠷ ᠤᠨ ᠣᠨᠤᠭᠰᠠᠨ ᠮᠤᠷᠢᠳ ᠨᠢ ᠨᠢᠭᠡ ᠨᠢᠭᠡ ᠪᠠᠷ ᠶᠢᠡᠨ ᠠᠮᠠᠭᠠᠢ ᠪᠣᠯᠢᠶᠠᠯᠳᠤᠨ ᠳᠤᠭᠳᠠᠪᠣᠷᠢ ᠠᠯᠳᠠᠨ ᠭᠡᠢ᠌ᠷᠭᠡᠨ ᠣᠷᠤᠨ ᠳᠠᠭᠠᠨ ᠳᠡᠪᠭᠡᠴᠡᠭᠦ ᠨᠢ ᠰᠡᠳᠭᠢᠯ ᠢ ᠰᠡᠷᠭᠦᠭᠡᠮᠡᠷ ᠰᠠᠢ᠌ᠬᠠᠨ ᠪᠠᠢ᠌ᠭᠰᠠᠨ᠃

ᠠᠪᠣ ᠶᠢᠨ ᠣᠨᠤᠭᠰᠠᠨ ᠣᠷᠭᠠᠨ ᠪᠣᠷᠤ ᠣᠯᠠᠨ ᠮᠤᠷᠢᠳ ᠡᠴᠠ ᠣᠠᠴᠠᠭᠠᠢ᠌ᠷᠠᠵᠤ ᠬᠠᠷᠠᠭᠳᠠᠨ ᠭᠠᠵᠠᠷ ᠴᠠᠪᠴᠢᠯᠠᠨ ᠣᠨᠠᠭᠠᠨ ᠳᠠᠭᠤᠨ ᠶᠢᠡᠷ ᠥᠣᠷᠰᠡᠭᠦ ᠳᠤ ᠳᠡᠭᠦᠨ ᠤ ᠳᠡᠭᠡᠷ᠎ᠡ ᠭᠦᠭᠡ ᠳᠤᠷᠭᠠᠨ ᠳᠡᠷᠯᠢᠭ᠌ ᠢ ᠠᠭᠰᠤᠭᠠᠨ ᠪᠦᠰᠡᠯᠡᠵᠤ᠂ ᠠᠭᠤᠵᠢᠭᠤ ᠡᠯᠪᠠᠭ᠌ ᠬᠠᠷ᠎ᠠ ᠳᠠᠪᠣᠤ ᠦᠮᠦᠳᠦᠨ ᠰᠢᠷᠬᠤᠨᠠᠭ ᠢ ᠪᠣᠯᠢᠭᠠᠷᠢ ᠭᠤᠳᠤᠯ ᠤᠨ ᠳᠦᠷᠠᠢ ᠳᠤ ᠴᠢᠭᠢᠵᠤ᠂ ᠡᠮᠡᠭᠡᠯ ᠤᠨ ᠳᠦᠷᠦᠭᠡ ᠶᠢ ᠯᠠᠪᠳᠠᠭᠤᠨ ᠢᠰᠭᠦᠯᠡᠵᠤ᠂ ᠣᠷᠭ᠎ᠠ ᠪᠠᠨ ᠳᠤᠯᠵᠤ ᠡᠮᠡᠭᠡᠯ ᠳᠡᠭᠡᠷ᠎ᠡ ᠪᠠᠨ ᠳᠠᠯ᠎ᠠ ᠰᠡᠭᠦᠵᠢ ᠪᠠᠷ ᠶᠢᠡᠨ ᠰᠥᠪᠠᠭᠡ ᠳᠠᠷᠤᠨ ᠰᠠᠭᠤᠬᠤ ᠠᠪᠣ ᠪᠠᠨ ᠬᠠᠵᠠᠭᠤ ᠡᠴᠠ ᠨᠢ ᠬᠠᠷᠠᠪᠠᠯ ᠶᠠᠭ ᠯᠠ ᠳᠤᠯᠤᠯᠳᠤᠭᠠᠨ ᠳᠤ ᠣᠷᠤᠯᠴᠠᠬᠤ ᠭᠡᠵᠤ ᠪᠠᠢ᠌ᠬᠤ ᠵᠠᠩᠵᠤᠨ ᠪᠠᠭᠠᠳᠤᠷ ᠰᠢᠭ ᠰᠥᠷᠯᠢᠭ᠌ ᠰᠠᠨᠠᠭᠳᠠᠵᠤ ᠦᠷ᠎ᠡ ᠨᠠᠳᠠᠳᠤ ᠪᠠᠨ ᠣᠮᠤᠭ ᠪᠠᠬᠠᠳᠤᠯ ᠪᠣᠯᠤᠨ᠎ᠠ᠃ ᠬᠠᠷᠠᠵᠤ ᠪᠠᠢ᠌ᠳᠠᠯ᠎ᠠ ᠭᠡᠳᠤᠨ ᠠᠳᠤᠭᠤᠴᠢᠨ ᠮᠤᠷᠢ ᠳᠤᠪᠳᠤᠯᠭᠠᠨ ᠢᠷᠠᠵᠤ ᠦᠣᠷᠰᠠᠨ ᠢᠠᠴᠠᠭᠠᠵᠤ᠂ ᠢᠰᠭᠦᠯᠡᠯᠴᠡᠨ ᠣᠩᠭ᠋ᠤᠯᠳᠤᠬᠤ ᠠᠳᠤᠭᠤᠨ ᠰᠥᠷᠦᠭ᠌ ᠣᠷᠤᠭᠤ ᠵᠢᠭᠠᠵᠤ ᠳᠤᠭᠢᠵᠠᠭᠠᠨ ᠶᠠᠭᠤ ᠨᠢᠭᠡ ᠣᠴᠢᠷ ᠢ ᠵᠦᠪᠳᠠᠯᠴᠠᠨ᠎ᠡ ᠪᠢᠯᠠ᠃

ᠡᠨᠡ ᠳᠠᠰᠢᠷᠠᠮ ᠡᠵᠢ ᠴᠤ ᠰᠠᠭᠠᠯᠢ ᠶᠢᠨ ᠠᠷᠢᠭᠢ (ᠲ᠋ᠤᠰᠬᠠᠢ᠌ᠯᠠᠨ ᠦᠨᠦᠳᠤᠷ ᠵᠠᠷᠤᠬᠤ ᠭᠡᠵᠤ ᠨᠠᠷᠠᠵᠤ ᠪᠣᠳᠤᠩ ᠳᠤ ᠭᠢᠵᠤ ᠪᠦᠷᠢᠵᠤ ᠳᠠᠯᠪᠢᠳᠠᠭ)᠂ ᠰᠥ᠋᠂ ᠬᠤᠷᠤᠳ᠂ ᠰᠢᠷ᠎ᠠ ᠳᠤᠰᠤ᠂ ᠠᠮᠤᠰᠤ ᠪᠣᠳᠠᠭ᠎ᠠ ᠵᠡᠷᠭᠡ ᠪᠠᠨ ᠰᠥᠷᠦᠭ᠌ ᠡᠴᠠ ᠵᠠᠢ᠌ᠳᠠᠭᠤ᠂ ᠬᠠᠮ ᠳᠡᠷᠭᠡᠨ ᠤ ᠬᠠᠵᠠᠭᠤ ᠳᠤ ᠠᠶᠠᠭᠠᠨ ᠰᠢᠷᠡᠭᠡᠨ ᠳᠡᠭᠡᠷ᠎ᠡ ᠦᠷᠦᠨ ᠳᠠᠯᠪᠢᠵᠤ ᠭᠦᠯᠢᠶᠡᠨ᠎ᠡ᠃ ᠠᠬ᠎ᠠ ᠭᠡᠳᠦᠭᠦᠯᠡ ᠬᠠᠭᠤᠷᠠᠢ ᠴᠦᠪᠳᠠᠯ ᠳᠡᠭᠦᠵᠤ ᠢᠷᠡᠭᠡᠳ ᠭᠠᠯ ᠳᠦᠯᠠᠵᠤ ᠴᠤᠭ ᠭᠠᠷᠭᠠᠨ᠎ᠠ᠃ (ᠦᠷᠢᠶ᠎ᠠ ᠶᠢᠨ ᠪᠦᠭᠡᠷ᠎ᠡ ᠰᠢᠷᠠᠵᠤ ᠢᠳᠡᠭᠦ ᠪᠠ ᠳᠠᠮᠠᠭ᠎ᠠ ᠣᠯᠠᠢ᠌ᠯᠭᠠᠵᠤ ᠳᠠᠭ᠎ᠠ ᠪᠠᠷᠢᠯᠭᠢᠯᠠᠵᠤ ᠠᠳᠤᠭᠤᠨ ᠳᠠᠮᠠᠭ᠎ᠠ ᠳᠠᠷᠤᠬᠤ ᠳᠤ ᠪᠡᠯᠡᠳᠭᠡᠨ᠎ᠡ) ᠣᠳᠠᠯ ᠦᠭᠡᠶ ᠠᠪᠣ ᠠᠳᠤᠭᠤᠴᠢᠨ ᠠᠬ᠎ᠠ ᠳᠡᠭᠦᠤ ᠲᠡᠶ ᠪᠠᠨ ᠭᠦᠷᠴᠤ ᠢᠷᠡᠭᠡᠳ ᠡᠳᠡᠭᠡᠷ ᠢᠳᠡᠭᠡᠨ ᠣᠮᠳᠠᠭᠠᠨ ᠤ ᠳᠡᠭᠡᠵᠢ ᠪᠠᠨ ᠳᠡᠭ᠍ᠷᠢ ᠥᠭᠡᠳᠡ᠂ ᠭᠠᠵᠠᠷ ᠤᠨ ᠭᠦᠷᠦᠰᠤᠨ ᠳᠤ ᠢᠳᠠᠮᠯᠠᠵᠤ ᠰᠠᠴᠤᠯᠢ ᠡᠷᠭᠦᠵᠤ᠄ 《ᠵᠠ᠂ ᠣᠮ ᠰᠠᠢ᠌ᠨ ᠠᠮᠤᠭᠤᠯᠠᠩ ᠪᠣᠯᠳᠤᠭᠠᠢ᠂ ᠭᠦᠭᠡ ᠳᠡᠭ᠍ᠷᠢ᠂ ᠭᠦᠷᠦᠰᠦᠳᠤ ᠳᠡᠯᠡᠭᠡᠢ ᠥᠷᠦᠰᠢᠶᠡᠳᠦᠭᠡᠢ︕ ᠡᠴᠢᠭᠡ ᠳᠡᠭ᠍ᠷᠢ᠂ ᠡᠭᠡ ᠳᠡᠯᠡᠭᠡᠢ ᠪᠠᠶᠠᠰᠤᠭᠠᠷᠠᠢ︕ ᠠᠳᠤᠭᠤ ᠮᠢᠨᠢ ᠠᠳᠠᠷ ᠳᠦᠭᠦᠷᠴᠤ᠂ ᠬᠤᠳᠤᠭᠤᠷ ᠶᠢᠡᠷ ᠪᠢᠯᠬᠠᠬᠤ ᠪᠣᠯᠳᠤᠭᠠᠢ︕ ᠠᠳᠤᠭᠤᠴᠢᠨ ᠪᠢᠳᠠ ᠵᠢᠷᠭᠠᠯ ᠡᠳ᠋ᠯᠡᠵᠤ᠂ ᠦᠷ᠎ᠡ ᠶᠢᠨ ᠶᠢᠡᠨ ᠰᠠᠢ᠌ᠨ ᠢ ᠦᠵᠡᠵᠤ᠂ ᠡᠪᠡᠳᠴᠢᠨ ᠵᠤᠪᠠᠯᠠᠩ ᠦᠭᠡᠶ ᠪᠠᠢ᠌ᠭᠠᠰᠠᠢ︕》 ᠭᠡᠵᠤ ᠳᠠᠭᠠᠳᠬᠠᠨ ᠵᠠᠯᠪᠢᠷᠠᠳᠠᠭ᠃

ᠡᠨᠡ ᠦᠶᠡᠰ ᠭᠡᠳᠥᠢᠨ ᠬᠤᠯᠠ ᠣᠢ᠌ᠷ᠎ᠠ ᠶᠢᠨ ᠥᠳᠡᠯᠦᠭ᠍ᠰᠡᠨ ᠵᠠᠯᠠᠭᠤ᠂ ᠡᠪᠦᠭᠡᠨ ᠰᠠᠮᠠᠭᠠᠨ᠂ ᠬᠡᠦᠬᠡᠳ ᠨᠢᠯᠬ᠎ᠠ᠂ ᠪᠠᠷᠢᠶᠠᠤᠨ ᠦᠬᠢᠳ ᠵᠥᠭ᠌ ᠪᠦᠷᠢ ᠡᠴᠠ ᠭᠦᠷᠦᠯᠴᠡᠨ ᠢᠷᠡᠵᠡᠭᠡᠵᠤ᠂ ᠦᠨᠦᠳᠤᠷ ᠳᠡᠭᠡᠭᠡᠳ ᠯᠠ ᠬᠤᠪᠢ ᠪᠠᠨ ᠭᠦᠭᠡᠭᠡᠵᠤ ᠬᠤᠳᠠ ᠪᠠᠨ ᠰᠠᠭᠢᠭᠰᠠᠨ᠂ ᠭᠤᠤᠯ ᠶᠢᠡᠨ ᠳᠠᠭᠠᠵᠤ ᠭᠤᠭᠤᠳ ᠶᠢᠡᠨ ᠳᠡᠭᠦᠭ᠍ᠰᠡᠨ ᠮᠠᠯᠴᠢᠨ ᠠᠷᠠᠤᠨ ᠤᠨ ᠠᠭᠤᠯᠵᠠᠨ ᠵᠤᠯᠭᠠᠬᠤ ᠰᠠᠢ᠌ᠬᠠᠨ ᠵᠠᠪᠰᠢᠶᠠᠨ ᠪᠣᠯᠵᠤ᠂ ᠮᠦᠨ ᠴᠤ ᠵᠠᠯᠠᠭᠤᠴᠤᠳ ᠤᠨ ᠳᠠᠨᠢᠯᠴᠠᠨ ᠳᠠᠰᠤᠯᠴᠠᠵᠤ᠂ ᠢᠨᠠᠭ ᠠᠮᠠᠷᠠᠭ ᠪᠣᠯᠤᠯᠴᠠᠬᠤ ᠶᠢᠨ ᠰᠠᠢ᠌ᠨ ᠲᠤᠬᠢᠶᠠᠯ ᠭᠡᠳᠡᠭ᠌ ᠢ ᠬᠤᠵᠢᠮ ᠬᠣᠢ᠌ᠨ᠎ᠠ ᠨᠢ ᠡᠭᠡᠴᠢ ᠨᠡᠷ ᠤᠨ ᠵᠤᠭᠤᠭ ᠳᠤᠮᠳᠠ ᠡᠴᠠ ᠣᠯᠵᠤ ᠮᠡᠳᠡᠭ᠍ᠰᠡᠨ ᠶᠤᠮ᠃

ᠪᠢ ᠴᠤ ᠣᠯᠠᠨ ᠭᠦᠮᠤᠨ ᠢ ᠦᠵᠡᠪᠠᠯ ᠪᠦᠱᠦᠭᠦᠷᠭᠡᠭᠦ ᠪᠠᠨ ᠪᠣᠯᠢᠵᠤ᠂ ᠦᠶ᠎ᠡ ᠶᠢᠨ ᠭᠡᠦᠭᠡᠡᠴᠦᠳ ᠲᠡᠶ ᠨᠠᠢ᠌ᠯᠠᠵᠤ ᠭᠤᠤᠯ ᠤᠨ ᠭᠦᠪᠠᠭᠡ ᠪᠠᠷ ᠬᠤᠸᠠᠷ ᠳᠡᠭᠦᠵᠤ ᠡᠷᠪᠠᠭᠡᠢ ᠪᠠᠷᠢᠬᠤ ᠭᠡᠳ ᠭᠦᠶ‍ᠦᠳᠡᠭ᠌ ᠪᠠᠢ᠌ᠭᠰᠠᠨ᠃

ᠨᠥᠭᠦᠳᠤ ᠪᠠᠢ᠌ᠴᠠ ᠶᠢᠨ ᠡᠨᠡ ᠥᠷᠯᠦᠭᠡ ᠶᠤᠰᠤᠳᠠᠢ ᠭᠦᠷ ᠢᠨᠢᠶᠠᠳᠤ᠂ ᠳᠠᠭᠤ ᠱᠤᠤ ᠪᠠᠷ ᠪᠢᠯᠬᠠᠨ᠎ᠠ᠃ ᠬᠤᠷ ᠳᠠᠯ ᠲᠡᠶ ᠠᠵᠢᠷᠭ᠎ᠠ ᠨᠤᠭᠤᠳ ᠰᠥᠷᠦᠭ᠌ ᠶᠢᠡᠨ ᠬᠤᠮᠢᠵᠤ᠂ ᠭᠡᠭᠦᠤ ᠪᠠᠢ᠌ᠳᠠᠰᠤ ᠶᠢ ᠳᠠᠭᠤᠵᠤ ᠰᠠᠯᠭᠠᠵᠤ ᠭᠦᠶ‍ᠦᠭᠦ ᠪᠠ ᠬᠤᠭᠤᠷᠤ ᠬᠤᠭᠤᠷᠤᠠᠳᠤ ᠪᠠᠨ ᠳᠡᠮᠡᠴᠡᠭᠡᠨ ᠪᠣᠯᠵᠤ 《ᠳᠢᠱ ᠨᠢᠱ》 ᠢᠰᠭᠦᠯᠡᠯᠴᠡᠵᠤ᠂ ᠨᠢᠯᠬ᠎ᠠ ᠣᠨᠠᠭ᠎ᠠ ᠨᠤᠭᠤᠳ ᠥᠢᠮᠡᠭᠡᠨ ᠳᠠᠪᠵᠢᠶᠠᠨ ᠢ ᠦᠯᠦ ᠬᠠᠢ᠌ᠬᠤᠷᠤᠨ ᠡᠭᠡ ᠪᠠᠨ ᠭᠦᠭᠡᠰᠤ ᠰᠠᠬᠠᠷᠳᠠᠯ᠎ᠠ ᠭᠦᠭᠦᠵᠤ ᠶᠠᠭᠠᠷᠠᠨ᠎ᠠ᠃ ᠠᠯᠢᠶ᠎ᠠ ᠳᠠᠭ᠎ᠠ ᠰᠠᠷᠪᠠᠭ᠎ᠠ ᠨᠤᠭᠤᠳ ᠨᠠᠰᠢ ᠴᠠᠰᠢ ᠳᠠᠯ ᠱᠥᠭᠦᠷᠡᠨ ᠠᠭᠰᠤᠮᠨᠠᠨ ᠭᠦᠶ‍ᠦᠭᠦ ᠠᠵᠢᠷᠭ᠎ᠠ ᠡᠴᠠ ᠰᠦᠷᠳᠠᠵᠤ ᠳᠤᠳᠠᠭᠠᠬᠤ ᠳᠤ ᠥᠩᠭᠡ ᠵᠢᠰᠤ ᠨᠢ ᠭᠦᠯᠳᠦᠭᠡᠨᠡᠨ ᠬᠠᠷᠠᠭᠳᠠᠵᠤ ᠬᠤᠪᠢ ᠶᠢᠨ ᠭᠠᠳᠠᠨ᠎ᠠ ᠭᠦᠭᠡᠷᠦᠭᠦᠨ ᠰᠠᠨᠠᠭᠳᠠᠨ᠎ᠠ᠃ ᠭᠠᠭᠴᠠ ᠭᠦᠭ᠍ᠰᠢᠨ ᠭᠡᠭᠦᠤ ᠨᠤᠭᠦᠳ ᠶᠠᠭᠤ ᠪᠣᠯᠤᠭ᠎ᠠ ᠶᠢ ᠦᠯᠦ ᠬᠠᠢ᠌ᠬᠤᠷᠬᠤ ᠰᠢᠭ ᠨᠢᠷᠤᠭᠤ ᠪᠠᠨ ᠨᠠᠷᠠᠨ ᠳᠤ ᠡᠭᠡᠭᠡᠵᠤ ᠨᠢᠭᠡᠯᠡ ᠠᠮᠠᠷᠠᠭᠰᠠᠨ ᠰᠢᠭ ᠡ᠊ᠨᠳᠡ ᠳᠠᠠᠳᠠ ᠨᠣᠢ᠌ᠷᠤᠮᠤᠭᠯᠠᠨ ᠨᠤᠵᠤᠭᠠᠷᠤᠨ᠎ᠠ᠃ ᠵᠠᠷᠢᠮ ᠨᠢ ᠦᠷ᠎ᠡ ᠪᠠᠢ᠌ᠳᠠᠰᠤ ᠪᠠᠨ ᠥᠭᠦᠭᠡᠷᠳᠤᠨ ᠡᠪᠴᠢᠭᠦᠤ ᠭᠦᠵᠦᠭᠦᠤ ᠶᠢ ᠨᠢ ᠳᠤᠯᠢᠶᠠᠵᠤ ᠵᠤᠭᠰᠤᠨ᠎ᠠ᠃

ᠡᠷ᠎ᠡ ᠴᠢᠳᠠᠯ ᠶᠢᠡᠨ ᠰᠢᠯᠭᠠᠬᠤ ᠮᠦᠴᠡ ᠭᠦᠷᠴᠤ ᠢᠷᠠᠯ᠎ᠠ ᠭᠡᠮᠡᠷ ᠠᠳᠤᠭᠤᠴᠢᠳ ᠵᠥᠭ᠌ ᠵᠥᠭ᠌ ᠡᠴᠠ ᠠᠳᠤᠭᠤᠨ ᠰᠥᠷᠦᠭ᠌ ᠢ ᠬᠠᠭ᠎ᠠ ᠵᠦᠰᠤᠨ ᠣᠷᠭ᠎ᠠ ᠬᠠᠶᠠᠯᠴᠠᠨ ᠳᠠᠴᠢᠭᠢᠨᠠᠳᠠᠯ᠎ᠠ ᠳᠤᠪᠳᠤᠯᠭᠠᠨ ᠣᠷᠤᠵᠤ᠂ ᠡᠨᠡᠭᠦ ᠵᠠᠭᠤᠷ᠎ᠠ ᠶᠢᠨ ᠳᠠᠢ᠌ᠪᠣᠩ ᠪᠠᠢ᠌ᠳᠠᠯ ᠢ ᠡᠪᠳᠡᠨ᠎ᠡ᠃ ᠡᠨᠡ ᠦᠶᠡᠰ ᠠᠳᠤᠭᠤᠳ ᠳᠦᠷᠪᠡᠵᠤ᠂ ᠦᠶ᠎ᠡ ᠦᠶ᠎ᠡ ᠭᠠᠵᠠᠷ ᠳᠡᠯᠡᠭᠡᠢ ᠶᠡᠭᠦᠷᠡᠭᠦ ᠰᠢᠭ᠌ ᠭᠦᠴᠦᠳᠤ ᠳᠤᠩᠰᠤᠯᠭᠠᠨ ᠡᠭᠦᠰᠤᠨ᠎ᠡ᠃ ᠠᠳᠤᠭᠤᠨ ᠳᠦᠪᠤᠷᠬᠡᠨ ᠳᠤ ᠡᠪᠦᠳᠦᠭ᠌ ᠳᠠᠪᠠᠮ᠎ᠠ ᠨᠤᠭᠤᠭᠠᠨ ᠪᠠᠯᠴᠢᠭᠡᠷ ᠡᠪᠠᠰᠤ ᠵᠤᠯᠠᠭᠰᠠᠨ ᠢᠰᠡᠭᠡᠢ ᠰᠢᠭ᠌ ᠵᠥᠯᠭᠡᠷᠡᠵᠤ ᠭᠡᠪᠳᠡᠨ᠎ᠡ᠃ ᠭᠦᠮᠦᠰ ᠤᠨ ᠱᠤᠤᠭᠢᠶᠠᠨ᠂ ᠠᠭᠳᠠ ᠶᠢᠨ ᠥᠢᠮᠡᠭᠡᠨ ᠲᠡᠶ ᠨᠡᠢ᠌ᠯᠡᠭᠡᠳ ᠠᠭᠠᠷ ᠳᠡᠭ᠍ᠷᠢ ᠶᠢ ᠳᠤᠩᠰᠤᠯᠭᠠᠨ᠎ᠠ᠃ ᠠᠳᠤᠭᠤᠴᠢᠳ ᠣᠷᠭᠠᠯᠠᠭᠰᠠᠨ ᠦᠷᠢᠶ᠎ᠠ ᠪᠠᠨ ᠠᠳᠤᠷᠢᠳᠠᠯ᠎ᠠ ᠳᠠᠳᠠᠵᠤ ᠠᠷᠤᠠᠰᠢ ᠰᠠᠭᠤᠯᠭᠠᠵᠤ ᠪᠠᠢ᠌ᠨ᠎ᠠ ᠭᠡᠭᠦᠯᠡᠷ ᠠᠷᠭ᠎ᠠ ᠦᠭᠡᠶ ᠨᠢᠭᠡ ᠨᠢ ᠪᠠᠰᠠ ᠣᠨᠤᠭᠰᠠᠨ ᠮᠤᠷᠢᠨ ᠡᠴᠠ ᠪᠠᠨ ᠳᠤᠩᠭ᠋ᠤᠷᠴᠠᠭᠯᠠᠨ ᠣᠢ᠌ᠴᠢᠵᠤ᠂ ᠪᠠᠰᠠ ᠵᠠᠷᠢᠮ ᠨᠢ ᠣᠷᠭ᠎ᠠ ᠪᠠᠨ ᠡᠮᠨᠢᠭ᠌ ᠤᠨ ᠭᠦᠵᠦᠭᠦᠨ ᠳᠤ ᠴᠢᠷᠦᠭᠦᠯᠵᠤ ᠬᠣᠢ᠌ᠨ᠎ᠠ ᠡᠴᠠ ᠨᠢ ᠰᠠᠨᠠᠭ᠎ᠠ ᠠᠯᠳᠠᠨ ᠬᠠᠷᠠᠵᠤ ᠬᠤᠴᠤᠷᠬᠤ ᠳᠠᠭᠠᠨ ᠡᠷ᠎ᠡ ᠭᠦᠮᠤᠨ ᠤ ᠬᠤᠪᠢᠨ ᠳᠤ ᠡᠨᠡ ᠨᠠᠰᠤᠨ ᠤ ᠢᠴᠢᠩᠭᠦᠷᠢ ᠪᠣᠯᠤᠯ᠎ᠠ ᠭᠡᠰᠡᠨ ᠰᠢᠭ᠌ ᠡᠪ ᠥᠭᠡᠢ᠌ᠷᠡᠨ ᠵᠤᠭᠰᠤᠨ᠎ᠠ ᠪᠢᠯᠠ᠃ ᠭᠠᠭᠴᠠ ᠠᠪᠣ ᠪᠣᠯᠤᠨ ᠮᠢᠨᠤ ᠰᠠᠢ᠌ᠨ ᠳᠠᠨᠢᠯ ᠦᠨᠦ ᠭᠡᠳᠤᠨ ᠠᠪᠣ ᠨᠡᠷ ᠯᠠ ᠣᠯᠠᠨ ᠡᠴᠠ ᠣᠠᠴᠠᠭᠠᠢ ᠬᠠᠷᠠᠭᠳᠠᠵᠤ᠂ ᠦᠷᠢᠶ᠎ᠠ ᠪᠠᠷᠢᠯᠭᠢᠯᠠᠬᠤ ᠳᠡᠭᠡᠷ᠎ᠡ ᠳᠠᠮᠠᠢ ᠭᠦᠴᠤ ᠵᠠᠷᠤᠴᠠᠭᠤᠯᠬᠤ ᠦᠭᠡᠶ ᠪᠠᠢ᠌ᠵᠤ ᠬᠠᠷᠢᠨ ᠪᠠᠰᠠ ᠬᠤᠭᠤᠷᠤᠠᠳᠤ ᠨᠢ ᠡᠮᠨᠢᠭ᠌ ᠣᠷᠭᠠᠯᠠᠵᠤ ᠨᠤᠮᠤᠤᠠᠬᠠᠬᠤ᠂ ᠳᠠᠯ ᠰᠡᠭᠦᠯ ᠢ ᠨᠢ ᠵᠠᠰᠠᠬᠤ ᠭᠡᠳ ᠴᠢᠳᠠᠯ ᠴᠢᠳᠠᠯ ᠶᠢᠡᠨ ᠮᠥᠴᠡᠭᠡᠷᠭᠡᠵᠤ᠂ ᠭᠦᠴᠤ ᠭᠦᠴᠤ ᠪᠠᠨ ᠳᠠᠩᠰᠠᠯᠴᠠᠨ᠎ᠡ᠃

ᠨᠥᠭᠦᠳᠤ ᠪᠠᠢ᠌ᠴᠠ ᠦᠨᠦᠳᠤᠷ ᠶᠤᠰᠤᠳᠠᠢ ᠭᠦᠷ ᠨᠠᠷᠭᠢᠶᠠᠨ ᠪᠠᠷ ᠪᠢᠯᠬᠠᠪᠠ᠃ ᠣᠯᠠᠨ ᠭᠦᠮᠦᠰ ᠠᠳᠤᠭᠤᠨ ᠰᠥᠷᠦᠭ᠌ ᠡᠴᠠ ᠵᠠᠢ᠌ᠳᠠᠭᠤᠬᠠᠨ ᠳᠤᠭᠣᠢ᠌ᠯᠠᠨ ᠰᠠᠭᠤᠵᠠᠭᠠᠵᠤ ᠭᠦᠦᠴᠦᠦᠯ ᠪᠦᠭᠡ ᠪᠠᠷᠢᠯᠳᠤᠵᠤ 《ᠬᠠᠪᠰᠤᠷ》 ᠭᠡᠳᠡᠯ᠎ᠡ 《ᠳᠡᠭᠡᠯᠡ》 ᠭᠡᠳ ᠬᠠᠯᠠᠭᠤᠨ ᠳᠡᠭᠡᠷ᠎ᠡ ᠪᠠᠨ ᠪᠠᠢ᠌ᠬᠤ ᠳᠤ ᠬᠠᠵᠠᠭᠤ ᠳ᠋ᠤᠨᠢ ᠣᠷᠭᠠᠯᠠᠵᠤ ᠠᠪᠴᠢᠷᠠᠭᠰᠠᠨ ᠦᠷᠢᠶᠠᠤᠨ ᠶᠢᠡᠨ ᠡᠰᠭᠡᠭᠦ ᠪᠠᠷ ᠳᠠᠷᠤᠵᠤ ᠣᠨᠠᠭᠠᠬᠤ ᠭᠡᠳ ᠪᠦᠭᠡ ᠶᠢᠨ ᠳᠤᠷᠪᠢ ᠪᠠᠨ ᠭᠠᠢ᠌ᠬᠠᠭᠤᠯᠵᠠᠭᠠᠬᠤ ᠳᠤ ᠨᠠᠭᠠᠨ᠎ᠠ ᠨᠢ ᠪᠠᠰᠠ ᠬᠡᠦᠬᠡᠳ ᠤᠨ ᠪᠦᠭᠡ ᠶᠢᠨ ᠨᠠᠰᠤᠨ ᠤ ᠭᠢᠨᠢ ᠳᠠᠭ᠎ᠠ ᠭᠦᠵᠦᠭᠦᠳᠡᠵᠤ ᠳᠠᠮᠠᠭᠠᠯᠠᠬᠤ ᠠᠵᠢᠯ ᠳᠤ ᠶᠠᠭᠠᠷᠠᠨ᠎ᠠ᠃ ᠴᠠᠭᠠᠨ᠎ᠠ ᠨᠢ ᠬᠠᠩᠭᠢᠨᠠᠳᠠᠯ᠎ᠠ ᠭᠢᠰᠠᠢ᠌ᠯᠭᠠᠬᠤ ᠣᠷᠳᠤ ᠶᠢᠨ ᠳᠠᠭᠤᠤ ᠣᠭᠳᠠᠷᠭᠤᠢ ᠳᠤ ᠴᠤᠤᠷᠢᠶᠠᠳᠤᠵᠤ ᠭᠡᠦᠭᠡᠡᠴᠦᠳ ᠤᠨ ᠴᠠᠢ᠌ᠯᠭᠠᠨ ᠢᠨᠢᠶᠠᠳᠤ ᠭᠦᠮᠦᠰ ᠤᠨ ᠰᠡᠳᠭᠢᠯ ᠳᠤ ᠨᠠᠷᠠ ᠳᠤᠯᠠᠢ᠌ᠯᠭᠠᠨ᠎ᠠ᠃

ᠭᠦᠷ ᠭᠦᠭ᠍ᠵᠢᠶᠡᠨ ᠶᠢᠡᠷ ᠪᠢᠯᠬᠠᠭᠰᠠᠨ ᠶᠠᠷᠤ ᠪᠣᠰᠤ ᠶᠢᠨ ᠨᠢᠭᠡᠨ ᠡᠳᠦᠷ ᠮᠦᠨ ᠢᠩᠭᠢᠭᠡᠳ ᠥᠩᠭᠡᠷᠡᠴᠢᠭᠡᠯ᠎ᠡ᠃ ᠠᠪᠣ ᠠᠳᠤᠭᠤᠴᠢᠨ ᠠᠬ᠎ᠠ ᠳᠡᠭᠦᠤ ᠲᠡᠶ ᠪᠠᠨ ᠡᠳᠦᠷ ᠤᠨ ᠶᠠᠳᠠᠷᠠᠭ᠎ᠠ ᠴᠢᠯᠡᠭᠡ ᠪᠠᠨ ᠳᠠᠢ᠌ᠯᠠᠬᠤ ᠭᠡᠰᠡᠨ ᠶᠤᠮᠰᠢᠭ ᠳᠠᠯ᠎ᠠ ᠶᠢᠨ ᠶᠢᠡᠨ ᠨᠠᠮᠵᠢᠭᠤᠨ ᠰᠦᠨᠢ ᠳᠠᠷᠠᠭ ᠠᠢ᠌ᠷᠠᠭ᠂ ᠠᠷᠠᠵᠠ ᠬᠤᠷᠠᠵᠠ ᠪᠠᠨ ᠠᠶᠠᠭ᠎ᠠ ᠪᠠᠷ ᠭᠡᠮᠨᠡᠵᠤ ᠳᠠᠭᠤᠤ ᠥᠡᠳᠦᠷᠯᠡᠭᠦᠯᠭᠦ ᠳᠤ ᠭᠠᠳᠠᠨ᠎ᠠ ᠳᠦᠳᠡᠭ᠌ ᠭᠠᠯ ᠤᠨ ᠰᠤᠷ ᠳᠤᠯᠠᠰ ᠳᠤᠯᠠᠰ ᠬᠠᠷᠠᠭᠳᠠᠳᠠᠭ᠃

4

ᠮᠢᠨᠤ ᠪᠠᠭ᠎ᠠ ᠶᠢᠨ ᠦᠶ᠎ᠡ ᠶᠢᠨ ᠣᠢ ᠳᠤᠢ ᠳᠤ ᠬᠠᠳᠠᠩᠰᠢᠭᠰᠠᠨ ᠪᠠᠰᠠ ᠨᠢᠭᠡᠨ ᠮᠠᠷᠳᠠᠭᠳᠠᠰᠢ ᠦᠭᠡᠶ ᠶᠠᠪᠣᠳᠠᠯ ᠪᠣᠯ ᠵᠤᠰᠠᠯᠠᠩ ᠡᠴᠠ ᠡᠪᠦᠯᠵᠢᠶᠡᠨ ᠳᠡᠭᠡᠨ ᠨᠡᠭᠦᠵᠤ ᠢᠷᠡᠭᠦ ᠦᠶ᠎ᠡ ᠶᠢᠨ ᠵᠠᠮ ᠳᠤᠷᠰᠢᠭᠢ ᠶᠠᠪᠣᠳᠠᠯ ᠪᠣᠯᠤᠨ᠎ᠠ᠃ ᠬᠠᠪᠣᠷ ᠬᠠᠭᠳᠠ ᠭᠦᠭᠡᠷᠡᠭᠦ ᠶᠢᠨ ᠦᠶ᠎ᠡ ᠪᠠᠷ ᠣᠳᠤᠷ ᠶᠢᠡᠷ ᠶᠠᠪᠣᠳᠠᠭ ᠡᠴᠠ ᠨᠠᠮᠤᠷ ᠡᠪᠠᠰᠤᠨ ᠰᠤᠷ ᠰᠢᠷᠠᠯᠠᠬᠤ ᠶᠢᠨ ᠠᠯᠳᠠ ᠪᠠᠷ ᠡᠪᠦᠯᠵᠢᠶᠡᠨ ᠳᠡᠭᠡᠨ ᠪᠣᠴᠠᠳᠠᠭ᠃ ᠡᠨᠡ ᠨᠢ ᠨᠠᠮᠤᠷ ᠤᠨ ᠡᠪᠠᠰᠤ ᠪᠠᠨ ᠬᠤᠷᠢᠶᠠᠵᠤ ᠬᠤᠮᠢᠬᠤ ᠶᠢᠨ ᠣᠴᠢᠷ ᠴᠤ ᠪᠣᠯᠪᠠᠤ ᠳ᠋ᠠ ᠭᠡᠵᠤ ᠪᠢ ᠪᠣᠳᠤᠳᠠᠭ ᠶᠤᠮ᠃ ᠡᠪᠦᠯᠵᠢᠶᠡᠨ ᠳᠡᠭᠡᠨ ᠣᠷᠤᠵᠤ ᠡᠷᠭᠢ ᠠᠭᠤᠢ ᠪᠠᠷ ᠶᠢᠡᠨ ᠳᠤᠭᠤᠷᠢᠵᠤ ᠨᠠᠭᠠᠳᠤᠨ᠎ᠠ ᠳ᠋ᠠ ᠭᠡᠵᠤ ᠪᠣᠳᠤᠬᠤᠯᠠᠷ ᠣᠠᠳᠠᠭᠠᠤᠨ ᠨᠣᠢ᠌ᠷ ᠦᠭᠡᠶ ᠪᠣᠯᠵᠤ ᠦᠣᠷ ᠴᠠᠢ᠌ᠮᠠᠭᠴᠠ ᠡᠵᠢ ᠪᠠᠨ ᠳᠠᠭᠠᠵᠤ ᠪᠣᠰᠤᠭᠠᠤᠨ ᠬᠤᠮᠢᠵᠤ ᠪᠠᠭᠯᠠᠵᠤ ᠶᠠᠭᠤᠮ᠎ᠠ ᠪᠠᠨ ᠳᠦᠪᠭᠢᠨᠡᠭᠦᠯᠵᠤ ᠡᠭᠢᠯᠡᠳᠡᠭ᠌᠃ ᠥᠭᠡᠷ ᠤᠨ ᠰᠥᠷᠦᠭ᠌ ᠶᠢᠡᠨ ᠭᠡᠳᠤᠨ ᠭᠡᠷ ᠶᠢᠡᠷ ᠶᠢᠡᠨ ᠨᠡᠢ᠌ᠯᠡᠭᠦᠯᠵᠤ ᠳᠤᠭᠤᠯ ᠪᠢᠷᠠᠭᠤ ᠶᠢ ᠨᠢ ᠳᠠᠭᠠᠭᠤᠯᠵᠤ᠂ ᠠᠬ᠎ᠠ ᠠᠢ᠌ᠯ ᠤᠨ ᠠᠬ᠎ᠠ ᠨᠡᠷ ᠲᠡᠶ ᠴᠤᠭ᠂ ᠡᠪᠦᠯᠵᠢᠶᠡᠨ ᠣᠷᠤᠭᠤ ᠪᠠᠨ ᠪᠠᠯᠴᠢᠭᠡᠷᠯᠡᠭᠦᠯᠭᠦ ᠶᠢᠨ ᠳᠠᠭᠠᠤ ᠳᠠᠭᠤᠵᠤ ᠶᠠᠪᠣᠳᠠᠭ᠃ ᠡᠵᠢ ᠳᠡᠭᠦᠤ ᠪᠢᠳᠠ ᠭᠡᠳᠦᠭᠦᠯᠡ ᠳᠡᠭᠡᠭᠡᠰᠢᠨ ᠳᠡᠷᠭᠡᠨ ᠳᠡᠭᠡᠷ᠎ᠡ ᠪᠠᠨ ᠭᠡᠷ ᠭᠦᠰᠭᠡ ᠪᠠᠨ ᠳᠡᠭᠡᠭᠡᠵᠤ᠂ ᠪᠣᠳᠤᠩ ᠲᠡᠶ ᠳᠤᠰᠤ ᠪᠠᠨ ᠳᠦᠰᠢᠭᠡᠳ ᠬᠠᠮ ᠳᠡᠷᠭᠡᠨ ᠳᠡᠭᠡᠨ ᠰᠠᠭᠤᠵᠤ ᠠᠶᠠᠷᠬᠠᠨ ᠭᠠᠯᠭᠢᠭᠤᠯᠳᠠᠭ᠃

ᠠᠪᠣ ᠮᠢᠨᠢ ᠠᠷᠤ ᠡᠴᠠ ᠠᠳᠤᠭᠤᠨ ᠰᠥᠷᠦᠭ᠌ ᠶᠢᠡᠨ ᠳᠠᠭᠤᠵᠤ ᠶᠠᠪᠣᠳᠠᠭ᠃ ᠳᠤᠮᠳᠠ ᠶᠢᠨ ᠳᠠᠪᠠᠭ᠎ᠠ ᠶᠢ ᠳᠠᠪᠠᠵᠤ ᠣᠷᠤᠢ ᠳᠡᠭᠡᠷ᠎ᠡ ᠨᠢ ᠭᠠᠷᠴᠤ ᠢᠷᠡᠭᠡᠳ ᠴᠢᠯᠠᠭᠤᠨ ᠣᠪᠣᠭ᠎ᠠ ᠳᠤ ᠰᠥ᠋ ᠡᠷᠭᠦᠵᠤ᠂ ᠰᠢᠷ᠎ᠠ ᠳᠤᠰᠤ ᠪᠠᠷ ᠮᠢᠯᠢᠶᠠᠭᠠᠤᠨ ᠴᠢᠯᠠᠭᠤ ᠨᠠᠮᠠᠵᠤ ᠣᠪᠣᠭᠠᠯᠠᠬᠤ ᠶᠢᠨ ᠬᠤᠷᠤᠮ ᠡᠷᠭᠢᠵᠤ᠂ ᠣᠳᠤᠷ ᠤᠨ ᠪᠠᠭᠤᠴᠠ ᠵᠤᠰᠠᠯᠠᠩ ᠤᠨ ᠭᠠᠵᠠᠷ ᠨᠥᠭᠦᠳᠤ ᠪᠠᠢ᠌ᠴᠠ ᠪᠠᠨ ᠪᠠᠷᠠᠯᠠᠨ ᠵᠤᠭᠰᠤᠬᠤ ᠳᠤ ᠰᠡᠳᠭᠢᠯ ᠳᠤ ᠮᠢᠨᠢ ᠨᠢᠭᠡ ᠯᠠ ᠳᠦᠪᠳᠡᠭᠦ ᠦᠭᠡᠶ ᠪᠠᠢ᠌ᠵᠤ᠂ ᠠᠰ ᠪᠠᠷᠠᠭᠤᠠᠰᠢ ᠮᠤᠷᠤᠯᠵᠠᠨ ᠣᠷᠤᠰᠬᠤ ᠭᠤᠤᠯ ᠤᠨ ᠣᠰᠤ ᠴᠠᠢ᠌ᠯᠵᠠᠨ ᠬᠠᠷᠠᠭᠳᠠᠬᠤᠯᠠᠷ ᠭᠤᠤᠯ ᠤᠨ ᠣᠰᠤᠨ ᠳ᠋ᠠᠭᠢ ᠵᠢᠭᠠᠰᠤ ᠵᠢᠷᠭᠠᠬᠠᠢ ᠨᠢ ᠭᠦᠷᠳᠡᠯ᠎ᠡ ᠨᠠᠳᠠ ᠡᠴᠠ ᠰᠠᠯ ᠶᠠᠳᠠᠵᠤ ᠪᠠᠢ᠌ᠭ᠎ᠠ ᠰᠢᠭ ᠳᠦᠷᠦᠭ᠍ᠳᠡᠯ ᠣᠷᠤᠵᠤ ᠳᠤᠳᠤᠷ᠎ᠠ ᠣᠢ᠌ᠮᠤᠷᠠᠳᠠᠭ ᠢ ᠶᠠᠭᠤᠨ ᠭᠡᠯᠡᠭᠦ ᠠᠵᠠᠢ᠃ ᠦᠨᠢᠶᠠᠨ ᠰᠦ᠋ ᠪᠠᠷ ᠣᠭᠵᠢᠵᠤ ᠥᠰᠭᠡᠭᠡᠳ ᠳᠠᠯᠪᠢᠵᠤ ᠶᠠᠪᠣᠭᠤᠯᠤᠭᠰᠠᠨ᠂ ᠨᠠᠮ᠎ᠠ ᠶᠢ ᠪᠣᠷᠪᠢᠳᠠᠭᠠᠤᠨ ᠭᠦᠶ‍ᠦᠳᠡᠭ᠌ ᠨᠥᠷᠦᠭᠡ ᠮᠢᠨᠢ ᠳᠠᠷᠠ ᠠᠯᠤᠰ ᠡᠴᠠ ᠬᠠᠢ᠌ᠷᠠᠳᠤ ᠡᠵᠡᠨ ᠶᠢᠡᠨ ᠦᠳᠡᠨ ᠮᠤᠷᠳᠠᠭᠤᠯᠤᠭᠠᠤᠨ ᠳᠤᠭᠤᠷᠠᠢ ᠪᠠᠨ ᠴᠠᠪᠴᠢᠯᠠᠨ ᠵᠤᠭᠰᠤᠵᠤ ᠪᠠᠢ᠌ᠭ᠎ᠠ ᠰᠢᠭ ᠰᠠᠨᠠᠭᠳᠠᠵᠤ᠂ ᠣᠨᠢᠶᠠᠷᠳᠤᠨ ᠴᠡᠩᠭᠡᠷᠯᠡᠭᠦ ᠭᠦᠡᠳᠡᠢ ᠵᠠᠯᠠᠭ᠎ᠠ ᠥᠭᠡᠳᠡ ᠨᠢᠯᠪᠣᠰᠤᠳᠤ ᠨᠢᠳᠤ ᠪᠠᠷ ᠰᠠᠯ ᠶᠠᠳᠠᠨ ᠬᠠᠷᠠᠬᠤ ᠳᠤ ᠰᠡᠳᠭᠢᠯ ᠭᠠᠩᠰᠠᠷᠠᠨ ᠵᠢᠷᠦᠭᠡ ᠰᠢᠮᠰᠢᠷᠡᠭᠦ ᠭᠡᠵᠤ ᠳ᠋ᠠ︕ ᠳᠠᠭᠢᠨ ᠨᠢᠭᠡ ᠣᠳᠠᠭ᠎ᠠ ᠨᠢᠳᠤ ᠳᠦᠭᠦᠷᠡᠩ ᠬᠠᠷᠠᠬᠤ ᠶᠤᠮᠰᠠᠨ᠃ ᠳᠠᠪᠠᠭ᠎ᠠ ᠶᠢ ᠪᠠᠭᠤᠪᠠᠯ ᠡᠳᠡᠭᠡᠷ ᠳᠠᠷᠬᠠᠨ ᠪᠠᠢ᠌ᠭᠠᠯᠢᠯᠢᠭ ᠰᠠᠭᠢᠭᠤᠯᠰᠤᠨ ᠣᠷᠤᠨ ᠶᠢᠡᠨ ᠪᠢ ᠳᠠᠷᠠᠭ᠎ᠠ ᠬᠠᠪᠣᠷ ᠰᠠ‍‌ᠶᠢ ᠣᠯᠵᠤ ᠬᠠᠷᠠᠬᠤ ᠪᠣᠯᠤᠨ᠎ᠠ᠃ ᠳᠠᠷᠠᠭ᠎ᠠ ᠵᠢᠯ ᠨᠠᠮᠢ᠋ᠢ ᠪᠠᠨ ᠢᠷᠡᠭᠦ ᠳᠤ ᠨᠥᠷᠦᠭᠡ ᠮᠢᠨᠢ ᠳᠠᠤᠯᠠᠢ ᠮᠢᠨᠢ ᠪᠠᠢ᠌ᠳᠠᠭ ᠪᠣᠯᠪᠠᠤ︖ ᠡᠰᠡᠭᠦᠯ᠎ᠡ ᠰᠠᠢ᠌ᠬᠠᠨ ᠬᠠᠨ ᠠᠭᠤᠯᠠᠨ ᠳᠠᠭᠠᠨ ᠶᠠᠪᠣᠴᠢᠬᠠᠳᠠᠭ ᠴᠤ ᠪᠣᠯᠪᠠᠤ︕ ᠰᠠᠢ᠌ᠬᠠᠨ ᠬᠠᠨ᠂ ᠠᠷᠢᠶᠠᠳᠠᠨ ᠤ ᠣᠷᠤᠨ ᠭᠡᠵᠤ ᠡᠵᠢ ᠮᠢᠨᠢ ᠶᠠᠷᠢᠳᠠᠭ ᠶᠤᠮ ᠭᠡᠵᠤ ᠡᠯᠳᠡᠪ ᠢ ᠪᠣᠳᠤᠭᠰᠠᠭᠠᠷ ᠪᠢ ᠠᠷᠭ᠎ᠠ ᠪᠣᠰᠤ ᠳᠠᠪᠠᠭ᠎ᠠ ᠪᠠᠭᠤᠳᠠᠭ᠃

ᠡᠵᠢ ᠳᠡᠷᠡᠭᠦ ᠬᠤᠭᠤᠷᠤᠠᠳᠤ ᠳᠡᠭᠡᠭᠡᠰᠢ ᠶᠢᠨ ᠥᠭᠡᠷ ᠶᠢᠡᠨ ᠪᠠᠭ᠎ᠠ ᠠᠮᠢᠰᠬᠤᠭᠤᠯᠵᠤ ᠵᠢᠪᠠᠷ ᠥᠵᠡᠭᠦᠯᠦᠭᠡᠳ᠂ ᠬᠡᠦᠬᠡᠳ ᠶᠢᠡᠨ ᠳᠡᠭᠡᠭᠡᠵᠤ ᠳᠡᠭ᠍ᠰᠢᠯᠡᠵᠤ ᠵᠠᠰᠠᠭᠠᠤᠨ ᠳᠠᠪᠠᠭ᠎ᠠ ᠪᠠᠭᠤᠳᠠᠭ᠃ ᠡᠨᠡ ᠦᠶᠡᠰ ᠡᠵᠢ ᠴᠤ ᠰᠡᠳᠭᠢᠯ ᠰᠡᠷᠭᠦᠭ᠍ᠰᠡᠨ ᠦᠦ ᠠᠯᠢ ᠡᠰᠡᠭᠦᠯ᠎ᠡ ᠭᠦᠭ᠍ᠵᠢᠶᠡᠨᠳᠡᠢ ᠠᠮᠢᠳᠤᠷᠠᠵᠤ ᠳᠠᠰᠤᠭᠰᠠᠨ ᠵᠤᠰᠠᠯᠠᠩ ᠡᠴᠠ ᠪᠠᠨ ᠨᠠᠳᠠ ᠰᠢᠭ ᠰᠠᠯᠵᠤ ᠶᠠᠳᠠᠭᠰᠠᠨ ᠤ ᠦᠦ ⁈ ᠣᠶᠠᠷᠠᠯᠳᠠᠢ᠌ᠬᠠᠨ 《ᠨᠠᠮᠤᠷ ᠤᠨ ᠴᠠᠭ ᠨᠢ ᠪᠣᠯᠤᠭᠠᠤᠨ ᠢᠷᠠᠪᠠᠯ ᠨᠠᠪᠴᠢ ᠨᠤᠭᠤᠭ᠎ᠠ ᠨᠢ ᠰᠢᠷᠠᠯᠠᠭᠠᠤᠨ᠂ ᠨᠠᠮᠤᠷᠵᠢᠶ᠎ᠠ ᠳᠠᠭᠠᠨ ᠪᠣᠴᠠᠶ᠎ᠠ ᠭᠡᠭᠦᠯᠡᠷ ᠨᠤᠳᠤᠭ ᠮᠢᠨᠢ ᠬᠤᠯᠠ᠂ ᠭᠠᠵᠠᠷ ᠮᠢᠨᠢ ᠳᠠᠷᠠᠤ ᠯᠠ ᠪᠠᠢ᠌ᠨ᠎ᠠ ᠭᠠᠯᠭᠢᠭᠤᠯᠵᠠᠭᠠᠶ᠎ᠠ ᠪᠢᠳᠠ︕ ᠁》 ᠭᠡᠵᠤ ᠳᠠᠭᠤᠯᠠᠬᠤ ᠶᠢ ᠨᠢ ᠰᠤᠨᠤᠰᠴᠤ ᠪᠠᠢ᠌ᠭᠰᠠᠭᠠᠷ ᠨᠣᠢ᠌ᠷᠮᠤᠭᠯᠠᠵᠤ ᠡᠭᠢᠯᠡᠳᠡᠭ᠌᠃ ᠳᠠᠠᠵᠢᠨ ᠨᠤᠳᠤᠭ ᠢ ᠥᠩᠭᠡᠷᠡᠯ᠎ᠡ ᠭᠡᠭ᠍ᠰᠡᠭᠡᠷ ᠠᠭᠳᠠ ᠶᠢᠨ ᠳᠠᠯ᠎ᠠ ᠳᠠᠭᠠᠨ ᠣᠷᠤᠨ᠎ᠠ᠃

ᠠᠭᠳᠠ ᠶᠢᠨ ᠳᠠᠯ᠎ᠠ ᠭᠡᠵᠤ ᠳᠠᠷᠠ ᠦᠶᠡᠰ ᠶᠠᠭᠠᠭᠢᠭᠰᠠᠨ ᠰᠠᠢ᠌ᠬᠠᠨ ᠳᠠᠯ᠎ᠠ ᠪᠠᠢ᠌ᠯ᠎ᠠ ᠳ᠋ᠠ᠃ ᠡᠪᠦᠳᠦᠭ᠌ ᠳᠠᠪᠠᠮ᠎ᠠ ᠨᠡᠯᠥᠢᠭ᠍ᠰᠡᠨ ᠨᠤᠭᠤᠭᠠᠨ ᠳᠠᠯ᠎ᠠ ᠠᠯᠤᠰ ᠡᠴᠠ ᠤᠭ᠍ᠶ‍ᠦᠷᠡᠨ ᠳᠤᠯᠭᠢᠶᠠᠯᠠᠵᠤ ᠳᠠᠯ᠎ᠠ ᠶᠢᠨ ᠳᠤᠮᠳᠠᠭᠤᠷ ᠰᠤᠨᠤᠯᠵᠢᠨ ᠪᠠᠢ᠌ᠭ᠎ᠠ ᠵᠠᠮ ᠤᠨ ᠭᠤᠷᠪᠠᠨ ᠳᠠᠯᠠᠩ ᠢ ᠳᠤᠮᠳᠠᠭᠤᠷ ᠨᠢ ᠳᠡᠷᠭᠡ ᠶᠠᠪᠣᠪᠠᠯ ᠰᠠ‍‌ᠶᠢ ᠣᠯᠵᠤ ᠬᠠᠷᠠᠳᠠᠭ᠃

ᠳᠠᠯ᠎ᠠ ᠶᠢᠨ ᠳᠡᠷᠳᠡᠭᠡ ᠣᠭᠳᠠᠷᠭᠤᠢ ᠳᠤ ᠡᠯᠢᠶ᠎ᠡ᠂ ᠭᠢᠷᠭᠤᠢ ᠥᠭ᠍ᠶ‍ᠦᠭᠡ ᠥᠵᠡᠴᠢᠭᠡᠭ᠍ᠰᠡᠨ ᠪᠣᠯᠤᠯᠳᠠᠢ ᠣᠷᠤᠨ ᠳᠠᠭᠠᠨ ᠳᠤᠭᠳᠠᠨ ᠣᠳᠠᠳᠠᠯ᠎ᠠ ᠵᠢᠷᠭᠢᠭᠦ ᠨᠢ ᠰᠠᠯᠭᠢ ᠦᠭᠡᠶ ᠨᠠᠮᠵᠢᠭᠤᠨ ᠭᠦᠨ ᠨᠠᠮᠤᠷ ᠤᠨ ᠣᠭᠳᠠᠷᠭᠤᠢ ᠳᠤ ᠶᠠᠭ ᠯᠠ ᠰᠠᠯᠭᠢᠴᠢ ᠰᠢᠪᠠᠭᠤ ᠳᠡᠭ᠍ᠳᠡᠨ ᠭᠠᠷᠤᠭᠰᠠᠨ ᠰᠢᠭ ᠬᠠᠷᠠᠭᠳᠠᠳᠠᠭ᠃ ᠵᠣᠢ᠌ᠯ ᠪᠦᠷᠢ ᠶᠢᠨ ᠰᠢᠪᠠᠭᠤ ᠪᠣᠯᠵᠤᠮᠤᠷ ᠵᠢᠷᠭᠢᠨ ᠳᠤᠩᠭ᠋ᠤᠤᠠᠴᠤ᠂ ᠪᠣᠳᠠ ᠰᠥᠭᠡᠭ᠌ ᠤᠨ ᠳᠤᠮᠳᠠ ᠡᠴᠠ ᠪᠦᠳᠤᠨ᠎ᠡ 《ᠫᠦᠷᠳ᠋》 ᠭᠡᠵᠤ ᠰᠦᠷᠳᠠᠨ ᠳᠤᠳᠠᠭᠠᠨ᠎ᠠ᠃ ᠦᠯᠦᠩ ᠡᠪᠠᠰᠤᠨ ᠳᠤᠤᠷ᠎ᠠ ᠭᠤᠯᠢᠶ᠎ᠠ ᠳᠤᠤᠭᠠᠷᠴᠤ᠂ ᠴᠠᠷᠴᠠᠬᠠᠢ ᠡ᠊ᠨᠳᠡ ᠡᠴᠠ ᠳᠠᠠᠳᠠ ᠦᠰᠦᠷᠤᠨ ᠭᠠᠷᠤᠨ᠎ᠠ᠃

ᠳᠠᠯ᠎ᠠ ᠶᠢᠨ ᠳᠤᠮᠳᠠ ᠭᠦᠷᠴᠤ ᠢᠷᠡᠭ᠍ᠰᠡᠨ ᠴᠢᠨᠢ ᠳᠡᠷᠭᠡ ᠪᠠᠨ ᠳᠠᠭᠠᠭᠰᠠᠨ ᠨᠤᠬᠠᠢ᠌ᠳ ᠳᠠᠭᠤᠬᠤ ᠶᠠᠭᠤᠮ᠎ᠠ ᠨᠢ ᠠᠷᠪᠢᠳᠠᠵᠤ᠂ ᠳᠠᠤᠯᠠᠢ ᠡᠮᠤᠨ᠎ᠡ ᠨᠢ ᠳᠤᠩᠭ᠋ᠤᠰ ᠳᠤᠩᠭ᠋ᠤᠰ ᠭᠦᠶ‍ᠦᠭᠦ ᠳᠤ ᠬᠤᠶᠠᠷ ᠴᠢᠭᠢ ᠨᠢ ᠠᠰ ᠳᠡᠭᠡᠭ᠍ᠰᠢ ᠪᠠᠨ ᠭᠤᠷᠣᠢ᠌ᠭᠠᠤᠨ ᠪᠦᠭ᠍ᠰᠡ ᠨᠢ ᠴᠠᠢ᠌ᠯᠠᠰ ᠴᠠᠢ᠌ᠯᠠᠰ ᠬᠠᠷᠠᠭᠳᠠᠨ᠎ᠠ᠃

ᠠᠳᠤᠭᠤᠳ ᠴᠥᠷᠭᠦᠯᠡᠭ᠍ᠰᠡᠨ ᠳᠡᠷᠭᠡ ᠶᠢᠨ ᠬᠠᠪᠢ ᠪᠠᠷ ᠳᠤᠷᠭᠢᠯᠳᠤᠨ ᠥᠩᠭᠡᠷᠡᠭᠦ ᠳᠤ ᠠᠭᠳᠠ ᠶᠢᠨ ᠳᠠᠯ᠎ᠠ ᠶᠢᠨ ᠣᠯᠠᠭᠠᠨ ᠤ ᠮᠤᠳᠤ ᠢᠪ ᠳᠠᠭᠠᠷᠢᠭᠳᠠᠭᠠᠤᠨ ᠢᠷᠠᠭᠳᠠᠨ ᠣᠨᠠᠵᠤ᠂ ᠬᠠᠮᠠᠷ ᠲᠤ ᠰᠡᠪᠠᠭᠦᠨ ᠰᠠᠢ᠌ᠬᠠᠨ ᠵᠢᠮᠢᠰ ᠤᠨ ᠦᠨᠦᠷ ᠥᠨᠦᠷᠳᠦᠭ᠍ᠳᠡᠭᠦ ᠲᠡᠶ ᠵᠡᠷᠭᠡ ᠠᠳᠤᠭᠤᠨ ᠳᠤᠭᠤᠷᠠᠢ ᠶᠢ ᠬᠠᠷᠠᠵᠤ ᠦᠵᠡᠪᠠᠯ ᠰᠢᠷᠠᠰᠠ ᠳᠠᠭᠠᠨ ᠳᠤᠯᠳᠠᠯ᠎ᠠ ᠭᠦᠨ ᠣᠯᠠᠢ᠌ᠯᠴᠠᠵᠤ᠂ ᠳᠡᠷᠭᠡᠨ ᠪᠣᠯᠤᠨ ᠳᠤ ᠳᠠᠭᠠᠷᠢᠭᠳᠠᠵᠤ ᠨᠢᠯᠳᠠᠷᠠᠭᠰᠠᠨ ᠣᠯᠠᠭᠠᠨ ᠶᠠᠭ ᠯᠠ ᠢᠩ ᠳᠡᠭᠡᠷ᠎ᠡ ᠭᠦᠢᠯᠡᠰᠤ ᠢᠩᠳᠦᠭ᠍ᠰᠡᠨ ᠰᠢᠭ᠌ ᠬᠠᠷᠠᠭᠳᠠᠨ᠎ᠠ᠃ ᠠᠪᠣ ᠠᠳᠤᠭᠤ ᠪᠠᠨ ᠬᠤᠮᠢᠨ ᠲᠦᠷ ᠳᠤᠭᠳᠠᠭᠠᠭᠠᠤᠨ ᠮᠤᠷᠢᠨ ᠡᠴᠠ ᠪᠠᠨ ᠪᠠᠭᠤᠵᠤ ᠣᠯᠠᠭᠠᠨ ᠳᠡᠭᠦᠭᠡᠳ ᠪᠢᠳᠠᠨ ᠳᠤ ᠠᠪᠴᠢᠷᠠᠵᠤ ᠦᠭ‍ᠭᠦᠨ᠎ᠡ᠃

ᠠᠳᠤᠭᠤᠳ ᠴᠤ ᠶᠤᠰᠤᠳᠠᠢ ᠳᠡᠭ᠍ᠷᠢ ᠡᠴᠠ ᠳᠠᠳᠠᠨ ᠳᠤ ᠯᠠ ᠭᠡᠳ ᠢᠪᠠᠭᠡᠭ᠍ᠰᠡᠨ ᠰᠢᠭ᠌ ᠡᠨᠡᠭᠦ ᠳᠠᠩᠰᠤᠭ ᠪᠠᠢ᠌ᠭᠠᠯᠢ ᠳᠠᠭᠠᠨ ᠳᠠᠭᠠᠳᠠᠢ᠌ᠬᠠᠨ ᠢᠳᠠᠰᠢᠯᠠᠵᠤ ᠳᠠᠪᠠ ᠪᠠᠷ ᠶᠢᠡᠨ ᠳᠤᠭᠯᠠᠯᠳᠤᠨ᠎ᠠ ᠪᠢᠯᠠ᠃ ᠬᠤᠷ ᠳᠠᠯ ᠲᠡᠶ ᠬᠠᠷ᠎ᠠ ᠠᠵᠢᠷᠭ᠎ᠠ ᠳᠠᠯ ᠶᠢᠡᠨ ᠭᠠᠵᠠᠷ ᠴᠢᠷᠤᠨ ᠭᠦᠵᠦᠭᠦᠤ ᠭᠤᠳᠣᠢ᠌ᠯᠭᠠᠵᠤ ᠰᠥᠷᠦᠭ᠌ ᠳᠠᠭᠢ ᠪᠠᠢ᠌ᠳᠠᠰᠤ ᠪᠠᠨ ᠢᠯᠭᠠᠨ ᠰᠠᠯᠭᠠᠵᠤ ᠳᠡᠷᠳᠡᠭᠡ ᠳᠤᠭᠳᠠᠵᠤ ᠪᠠᠢ᠌ᠭ᠎ᠠ ᠬᠤᠯᠠ ᠠᠵᠢᠷᠭ᠎ᠠ ᠲᠡᠶ ᠠᠳᠤᠭᠤᠨ ᠵᠥᠭ᠌ ᠬᠠᠵᠠᠨ ᠳᠠᠭᠤᠬᠤ ᠪᠠ ᠪᠠᠰᠠ ᠪᠣᠰᠤᠳ ᠰᠥᠷᠦᠭ᠌ ᠡᠴᠠ ᠳᠠᠭᠤᠭᠠᠤᠨ ᠰᠥᠷᠦᠭ᠌ ᠲᠡᠭᠡᠨ ᠨᠡᠢ᠌ᠯᠡᠭᠦᠯᠵᠤ ᠪᠠᠢ᠌ᠬᠤ ᠶᠢ ᠨᠢ ᠳᠤᠩ ᠰᠤᠨᠢᠷᠬᠠᠨ ᠠᠵᠢᠭᠯᠠᠳᠠᠭ ᠶᠤᠮ᠃ ᠠᠵᠢᠷᠭ᠎ᠠ ᠨᠤᠭᠤᠳ ᠤᠨ ᠢᠩᠭᠢᠵᠤ ᠯᠠ ᠪᠠᠢ᠌ᠳᠠᠰᠤ ᠨᠤᠭᠤᠳ ᠢ ᠬᠠᠵᠠᠯᠠᠨ ᠳᠠᠭᠤᠵᠤ ᠭᠠᠷᠭᠠᠵᠤ ᠪᠠᠢ᠌ᠭ᠎ᠠ᠂ ᠪᠠᠰᠠ ᠨᠥᠭᠦᠭᠡ ᠰᠥᠷᠦᠭ᠌ ᠠᠳᠤᠭᠤ ᠡᠴᠠ ᠳᠠᠭᠤᠭᠠᠤᠨ ᠠᠪᠣᠭᠠᠤᠨ ᠢᠷᠠᠵᠤ ᠪᠠᠢ᠌ᠬᠤ ᠶᠢ ᠨᠢ ᠬᠠᠷᠠᠪᠠᠯ ᠵᠢᠭᠰᠠᠭᠠᠯ ᠳᠡᠭ᠍ᠰᠢᠯᠡᠵᠤ ᠪᠠᠢ᠌ᠭ᠎ᠠ ᠵᠠᠩᠵᠤᠨ ᠰᠢᠭ ᠰᠥᠷᠯᠢᠭ᠌ ᠪᠠᠢ᠌ᠳᠠᠭ᠃

ᠡ᠊ᠨᠳᠡ ᠥᠷᠯᠦᠭᠡ ᠡᠷᠳᠡ ᠶᠢᠨ ᠭᠠᠷᠴᠤ ᠢᠷᠡᠭ᠍ᠰᠡᠨ ᠥᠭᠡᠷ ᠬᠤᠨᠢᠨ ᠰᠥᠷᠦᠭ᠌ ᠴᠤ ᠠᠳᠤᠭᠤᠨ ᠰᠥᠷᠦᠭ᠌ ᠲᠡᠶ ᠵᠠᠬ᠎ᠠ ᠨᠡᠢ᠌ᠯᠡᠯᠳᠦᠭᠡᠳ ᠶᠤᠰᠤᠳᠠᠢ ᠡᠩ ᠦᠭᠡᠶ ᠨᠤᠭᠤᠭᠠᠨ ᠭᠡᠮᠡᠷᠯᠢᠭ᠌ ᠳᠡᠭᠡᠷ᠎ᠡ ᠥᠩᠭᠡ ᠶᠢᠨ ᠬᠤᠸᠠᠷ ᠴᠡᠴᠡᠭ᠌᠂ ᠬᠡ ᠣᠭᠠᠯᠵᠠ ᠬᠠᠳᠬᠤᠮᠠᠯᠯᠠᠭᠠᠤᠨ᠂ ᠳᠠᠨ᠎ᠠ ᠰᠤᠪᠣᠤᠨ ᠢ ᠰᠢᠭᠢᠦᠡᠭᠡᠭ᠍ᠰᠡᠨ ᠰᠢᠭ᠌ ᠬᠤᠪᠢ ᠶᠢᠨ ᠭᠠᠳᠠᠨ᠎ᠠ ᠭᠡᠭᠡᠡᠴᠢᠷ ᠭᠤᠶᠤ ᠬᠠᠷᠠᠭᠳᠠᠵᠤ ᠰᠡᠳᠭᠢᠯ ᠢ ᠰᠡᠷᠭᠦᠭᠡᠨ᠎ᠡ᠃ ᠪᠢ ᠳᠡᠷᠭᠡᠨ ᠡᠴᠠ ᠪᠠᠭᠤᠵᠤ ᠳᠤᠷ᠎ᠠ ᠪᠠᠷ ᠶᠢᠡᠨ ᠭᠦᠶ‍ᠦᠳᠡᠭ᠌ ᠦᠭᠡᠶ᠃ ᠣᠴᠢᠷ ᠨᠢ ᠡᠵᠢ᠄ 《ᠭᠦᠭᠡ ᠴᠢᠨ᠋ᠸ᠎ᠠ ᠭᠡᠪᠳᠡᠴᠢᠭᠡᠪᠠᠴᠤ ᠣᠯᠵᠤ ᠥᠵᠡᠭ᠍ᠳᠡᠭᠦ ᠦᠭᠡᠶ ᠪᠦᠰᠡᠯᠡᠭᠦᠷ ᠴᠢᠨᠡᠭᠡ ᠦᠯᠦᠩ ᠡᠪᠠᠰᠤᠨ ᠳᠤ ᠮᠤᠭᠠᠢ ᠰᠢᠮᠠᠭᠤᠯᠵᠢ ᠪᠠᠢ᠌ᠬᠤ ᠪᠠᠢ᠌ᠨ᠎ᠠ᠃ ᠪᠢᠳᠡᠭᠡᠢ ᠳᠡᠷᠭᠡᠨ ᠡᠴᠠ ᠪᠠᠭᠤ︕》 ᠭᠡᠳᠡᠭ᠌᠃ ᠳᠡᠭᠡᠭᠡᠳ ᠯᠠ ᠬᠠᠮ ᠳᠡᠷᠭᠡ ᠡᠪᠠᠰᠦᠳᠤ ᠳᠠᠯ᠎ᠠ ᠳᠤᠮᠳᠠᠭᠤᠷ ᠠᠯᠭᠤᠷ ᠰᠠᠵᠢᠯᠠᠨ᠂ ᠬᠠᠯᠠᠭᠤᠨ ᠰᠠᠯᠭᠢ ᠦᠶ᠎ᠡ ᠦᠶ᠎ᠡ ᠢᠯᠪᠢᠨ ᠢᠷᠡᠭᠦ ᠨᠢ ᠥᠯᠦᠭᠡᠢ ᠳᠤ ᠪᠦᠪᠠᠢ᠌ᠯᠡᠭ᠍ᠳᠡᠭ᠍ᠰᠡᠨ ᠶᠤᠮᠰᠢᠭ ᠳᠠᠭᠠᠳᠠᠢ ᠪᠠᠢ᠌ᠳᠠᠭ ᠢ ᠭᠡᠯᠡᠭᠦ ᠶᠠᠭᠤᠨ᠃

ᠠᠪᠣ ᠮᠢᠨᠢ ᠢᠩᠭᠢᠵᠤ ᠯᠠ ᠠᠳᠤᠭᠤ ᠮᠠᠯ᠂ ᠡᠷᠦᠭᠡ ᠭᠡᠷ᠂ ᠦᠷ᠎ᠡ ᠬᠡᠦᠬᠡᠳ ᠲᠡᠶ ᠪᠠᠨ ᠠᠭᠳᠠ ᠶᠢᠨ ᠳᠠᠯ᠎ᠠ ᠶᠢᠨ ᠶᠢᠡᠨ ᠵᠥᠭᠡᠯᠡᠡ ᠡᠯᠢᠭᠡᠨ ᠳᠤ ᠡᠷ᠎ᠡ ᠶᠢᠨ ᠵᠢᠷᠭᠠᠯ ᠢ ᠡᠳ᠋ᠯᠡᠵᠤ ᠡᠷᠭᠡ ᠴᠢᠯᠦᠭᠡ ᠲᠡᠶ ᠠᠮᠢᠳᠤᠷᠠᠵᠤ ᠣᠷᠤᠰᠢᠭᠰᠠᠭᠠᠷ ᠡᠨᠡ ᠨᠢᠭᠡ ᠨᠠᠰᠤ ᠪᠠᠨ ᠬᠠᠭᠠᠰᠤᠯᠠᠭᠰᠠᠨ ᠶᠤᠮ᠃

5

ᠬᠤᠵᠢᠮ ᠪᠣᠯᠵᠤ ᠢᠷᠡᠭᠡᠳ ᠨᠡᠭᠦᠳᠡᠯ ᠠᠮᠢᠳᠤᠷᠠᠯ ᠭᠢᠭᠡᠳ ᠠᠳᠤᠭᠤᠨ ᠰᠤᠶᠤᠯ ᠢᠳᠡᠭ᠌ ᠢᠳᠡᠭ᠌ ᠶᠢᠡᠷ ᠬᠠᠶᠠᠭᠳᠠᠵᠤ᠂ ᠠᠳᠤᠭᠤᠨ ᠰᠥᠷᠦᠭ᠌ ᠴᠤ ᠶᠠᠪᠣᠬᠤ ᠳᠤᠳᠤᠮ ᠴᠥᠭᠡᠷᠡᠵᠤ ᠢᠷᠠᠯ᠎ᠠ᠃ ᠠᠪᠣ ᠮᠢᠨᠢ ᠳᠡᠭᠡᠭᠡᠳ ᠯᠠ ᠠᠷᠭ᠎ᠠ ᠪᠣᠰᠤ ᠣᠳᠠᠭᠠᠨ ᠵᠢᠯ ᠴᠢᠷᠦᠭ᠍ᠰᠡᠨ ᠬᠤᠰᠤᠨ ᠣᠷᠭ᠎ᠠ ᠪᠠᠨ ᠪᠣᠷᠤᠭᠠᠨ ᠰᠠᠯᠭᠢᠨ ᠡᠴᠠ ᠳᠠᠯᠳᠠᠯᠠᠬᠤ ᠭᠡᠰᠡᠨ ᠭᠡᠮᠡᠷ ᠭᠡᠷ ᠤᠨ ᠰᠠᠷᠠᠪᠴᠢᠨ ᠳᠤᠤᠷ᠎ᠠ ᠳᠠᠮᠨᠠᠵᠤ ᠳᠠᠯᠪᠢᠭᠠᠤᠨ ᠣᠨ ᠣᠳᠠᠯ᠎ᠠ ᠳ᠋ᠠ ᠭᠦᠭᠡᠷᠦᠭᠦᠢ︕

ᠠᠪᠣ ᠬᠤᠵᠢᠮ ᠨᠢ ᠣᠢ᠌ᠯᠠᠳᠪᠣᠷᠢᠯᠠᠯ ᠤᠨ ᠪᠠᠷᠢᠭᠠᠳᠠ ᠳᠤ ᠳᠠᠷᠤᠭᠠᠯᠠᠵᠤ ᠪᠠᠢ᠌ᠭᠰᠠᠨ ᠴᠤ ᠮᠤᠷᠢᠨ ᠤ ᠳᠤᠬᠠᠢ ᠳᠤᠷ᠎ᠠ ᠰᠤᠨᠢᠷᠬᠠᠯ ᠶᠢᠡᠨ ᠶᠠᠷᠤ ᠬᠠᠶᠠᠭᠰᠠᠨ ᠦᠭᠡᠶ ᠵᠢᠯ ᠵᠢᠯ ᠣᠷᠤᠯᠳᠤᠭᠠᠨ ᠮᠤᠷᠢ ᠰᠣᠢ᠌ᠵᠤ ᠡᠯᠪᠠᠭ᠌ ᠬᠤᠷᠢᠶᠠᠯᠳᠠ ᠪᠠᠨ ᠪᠠᠯᠭᠡᠯᠡᠭᠦ ᠠᠷᠠᠤᠨ ᠤᠨ ᠭᠦᠩᠱᠧ ᠶᠢᠨ ᠨᠠᠭᠠᠳᠤᠮ ᠤᠨ ᠬᠤᠷᠠᠯ ᠳᠤ ᠮᠤᠷᠢᠨ ᠤ ᠳᠡᠷᠢᠭᠦᠨ ᠱᠠᠩ ᠢ ᠳᠤᠰᠳᠠᠭ ᠶᠤᠮ᠃ ᠢᠩᠭᠢᠵᠤ ᠯᠠ ᠠᠬ᠎ᠠ ᠮᠢᠨᠢ ᠬᠠᠷᠬᠠᠨ ᠪᠠᠭ᠎ᠠ ᠡᠴᠠ ᠪᠠᠨ ᠮᠤᠷᠢᠨ ᠨᠢᠷᠤᠭᠤᠨ ᠳᠡᠭᠡᠷ᠎ᠡ ᠦᠰᠴᠦ ᠠᠷᠪᠠ ᠶ‍ᠢᠰᠤ ᠭᠦᠷᠳᠡᠯ᠎ᠡ ᠣᠷᠤᠯᠳᠤᠭᠠᠨ ᠮᠤᠷᠢ ᠣᠨᠤᠵᠤ ᠪᠠᠢ᠌ᠭᠰᠠᠨ ᠶᠤᠮ᠃ ᠮᠢᠨᠤ ᠴᠡᠭᠡᠵᠢᠯᠡᠵᠤ ᠪᠠᠢ᠌ᠬᠤ ᠡᠴᠠ ᠬᠤᠷᠳᠤᠨ ᠮᠤᠷᠢ ᠡᠴᠠ ᠬᠤᠯᠠ ᠮᠤᠷᠢ᠂ ᠰᠠᠷᠠ ᠲᠡᠶ ᠭᠡᠭᠡᠷ᠂ ᠦᠨᠳᠦᠷ ᠭᠡᠭᠡᠷ᠂ ᠭᠡᠭᠡᠷ ᠬᠠᠯᠳᠠᠷ ᠁ ᠵᠢᠷᠤᠭ᠎ᠠ ᠮᠤᠷᠢ ᠡᠴᠠ ᠰᠢᠷᠭ᠎ᠠ ᠮᠤᠷᠢ᠂ ᠠᠯᠠᠭ ᠮᠤᠷᠢ᠂ ᠥᠭᠡᠳᠡᠩ ᠬᠠᠷ᠎ᠠ᠂ ᠴᠢᠪᠳᠤᠷ ᠭᠡᠭᠡᠷ ᠵᠡᠷᠭᠡ ᠮᠤᠷᠢ ᠪᠠᠢ᠌ᠭᠰᠠᠨ᠃

ᠪᠢ ᠠᠪᠣ ᠶᠢᠨ ᠶᠢᠡᠨ ᠡᠩ ᠤᠨ ᠴᠠᠭ ᠲᠤ ᠨᠢᠯᠪᠣᠰᠤ ᠣᠨᠠᠭᠠᠬᠤ ᠶᠢ ᠶᠠᠷᠤ ᠣᠯᠵᠤ ᠥᠵᠡᠳᠡᠭ᠌ ᠦᠭᠡᠶ᠃ ᠬᠠᠷᠢᠨ ᠣᠷᠤᠯᠳᠤᠭᠠᠨ ᠮᠤᠷᠢ ᠪᠠᠨ ᠰᠤᠯᠢᠬᠤ ᠪᠣᠶᠤ ᠬᠤᠳᠠᠯᠳᠤᠵᠤ ᠶᠠᠪᠣᠭᠤᠯᠬᠤ ᠪᠦᠷᠢ ᠰᠡᠮᠡᠭᠡᠷ ᠨᠢᠯᠪᠣᠰᠤ ᠣᠨᠠᠭᠠᠵᠤ ᠪᠠᠢ᠌ᠳᠠᠭ᠃ ᠨᠠᠩ ᠢᠯᠠᠩᠭ᠋ᠤᠶ᠎ᠠ ᠠᠬ᠎ᠠ ᠪᠣᠯ ᠨᠢᠭᠡ ᠮᠤᠷᠢ ᠬᠤᠳᠠᠯᠳᠤᠨ ᠶᠠᠪᠣᠭᠤᠯᠬᠤ ᠪᠦᠷᠢ ᠶᠡᠭᠡ ᠰᠣᠢ᠌ᠤᠨ ᠪᠣᠯᠵᠤ ᠳᠠᠭᠤ ᠳᠠᠯᠪᠢᠨ᠂ ᠮᠤᠷᠢᠨ ᠤ ᠪᠠᠨ ᠬᠣᠢ᠌ᠨ᠎ᠠ ᠡᠴᠠ ᠳᠠᠭᠠᠵᠤ ᠭᠦᠶ‍ᠦᠳᠡᠭ᠌ ᠪᠠᠢ᠌ᠭᠰᠠᠨ᠃

ᠠᠪᠣ ᠮᠢᠨᠢ ᠳᠠᠯᠠ ᠭᠠᠷᠳᠠᠯ᠎ᠠ ᠣᠷᠤᠯᠳᠤᠭᠠᠨ ᠮᠤᠷᠢ ᠰᠣᠢ᠌ᠵᠤ ᠠᠷᠠᠴᠢᠯᠠᠬᠤ ᠪᠠᠨ ᠶᠠᠷᠤ ᠬᠠᠶᠠᠭᠰᠠᠨ ᠦᠭᠡᠶ ᠳᠡᠭᠦᠨ ᠶᠢᠡᠷ ᠶᠢᠡᠨ ᠦᠪᠡᠷ ᠤᠨ ᠨᠢᠭᠡ ᠨᠠᠰᠤᠨ ᠤ ᠪᠠᠨ ᠣᠶᠤᠨ ᠰᠠᠨᠠᠭᠠᠨ ᠤ ᠳᠡᠵᠢᠭᠡᠯ᠂ ᠣᠮᠤᠭ ᠪᠠᠬᠠᠳᠤᠯ ᠤᠨ ᠭᠢᠨᠢ ᠳᠦᠰᠢᠭ᠌ ᠳᠤᠯᠭᠠᠭᠤᠷᠢ ᠪᠠᠨ ᠪᠣᠯᠭᠠᠵᠤ ᠪᠠᠢ᠌ᠵᠠᠢ᠃ ᠣᠮᠪᠣᠯᠤ ᠨᠢ ᠳᠦᠩᠭᠡᠵᠢ ᠭᠦᠯ ᠳᠤ ᠣᠷᠤᠵᠤ᠂ ᠳᠠᠯᠳᠠᠷ ᠮᠠᠯᠳᠠᠷ ᠠᠯᠬᠤᠵᠤ ᠴᠢᠳᠠᠮᠠᠭᠴᠠ ᠡᠪᠦᠭᠡ ᠨᠢ ᠳᠠᠭᠠᠭᠤᠯᠵᠤ ᠮᠤᠷᠢᠨ ᠳᠤ ᠶᠠᠪᠣᠬᠤ᠂ ᠮᠤᠷᠢ ᠠᠷᠠᠴᠢᠯᠠᠬᠤ ᠳᠠᠭᠠᠨ ᠪᠦᠷ ᠪᠠᠶ᠎ᠠ ᠡᠴᠠ ᠪᠠᠨ ᠳᠦᠭᠡ ᠰᠠᠯᠭᠠᠯ ᠦᠭᠡᠶ ᠳᠠᠭᠠᠭᠤᠯᠵᠤ᠂ ᠮᠤᠷᠢ ᠶᠢ ᠶᠠᠮᠠᠷ ᠴᠠᠭ ᠲᠤ ᠶᠠᠭᠠᠭᠢᠵᠤ ᠢᠳᠠᠰᠢ ᠣᠤᠭᠤᠰᠢ ᠶᠢ ᠨᠢ ᠲᠡᠩᠴᠡᠬᠦᠯᠭᠦ᠂ ᠵᠢᠯ ᠤᠨ ᠳᠦᠷᠪᠡᠨ ᠣᠯᠠᠷᠢᠯ ᠳᠤ ᠠᠯᠢ ᠠᠯᠢ ᠴᠠᠭ ᠳᠤᠨᠢ ᠭᠡᠭᠡᠷ᠎ᠡ ᠳᠠᠯᠪᠢᠬᠤ᠂ ᠠᠯᠢ ᠴᠠᠭ ᠲᠤ ᠣᠶᠠᠭᠠᠨ ᠳᠤ ᠰᠣᠢ᠌ᠬᠤ᠂ ᠶᠠᠮᠠᠷ ᠴᠠᠭ ᠲᠤ ᠶᠠᠮᠠᠷ ᠶᠠᠭᠤᠮ᠎ᠠ ᠢᠳᠡᠭᠦᠯᠪᠠᠯ ᠰᠠᠢ᠌ᠨ ᠭᠡᠭᠦ ᠳᠤᠬᠠᠢ ᠠᠷᠠᠢ ᠳᠦᠭᠦᠭᠡ ᠣᠷᠤᠭ᠎ᠠ ᠦᠭᠡᠶ ᠣᠮᠪᠣᠯᠤ ᠳᠠᠭᠠᠨ ᠠᠮᠠ ᠬᠠᠮᠭᠢᠯ ᠦᠭᠡᠶ ᠶᠠᠷᠢᠵᠤ ᠥᠭ᠍ᠳᠡᠭ᠌᠃ ᠡᠪᠦᠭᠡ ᠶᠢᠨ ᠭᠢᠨᠢ ᠡᠨᠡᠭᠦ ᠨᠥᠯᠦᠭᠡ ᠡᠴᠠ ᠪᠣᠯᠤᠭᠰᠠᠨ ᠪᠠᠢ᠌ᠬ᠎ᠠ᠂ ᠠᠴᠢ ᠭᠦᠤ ᠬᠠᠷᠬᠠᠨ ᠪᠠᠭ᠎ᠠ ᠡᠴᠠ ᠪᠠᠨ ᠮᠤᠷᠢ ᠳᠤ ᠬᠠᠢ᠌ᠷᠠᠳᠠᠢ ᠪᠠᠢ᠌ᠵᠤ ᠭᠤᠷᠪᠠᠨ ᠨᠠᠰᠤᠨ ᠡᠴᠠ ᠪᠠᠨ ᠡᠭᠢᠯᠡᠨ ᠡᠪᠦᠭᠡ ᠨᠢ ᠮᠤᠷᠢ ᠰᠣᠢ᠌ᠬᠤ ᠳᠤᠮᠳᠠ ᠪᠠᠨ ᠮᠤᠷᠢᠨ ᠳᠠᠭᠠᠨ ᠣᠨᠤᠭᠤᠯᠤᠭᠠᠤᠨ ᠨᠠᠰᠢ ᠴᠠᠰᠢ ᠭᠦᠳᠦᠯᠵᠤ ᠶᠠᠪᠣᠳᠠᠭ ᠡᠴᠠ ᠵᠢᠷᠭᠤᠭᠠᠨ ᠨᠠᠰᠤ ᠭᠦᠷᠦᠮᠡᠭ᠍ᠴᠡ ᠭᠠᠭᠴᠠᠭᠠᠷ ᠶᠢᠡᠨ ᠮᠤᠷᠢ ᠵᠠᠢ᠌ᠳᠠᠯᠠᠵᠤ ᠣᠨᠤᠭᠠᠤᠨ ᠡᠪᠦᠭᠡ ᠪᠠᠨ ᠪᠠᠶᠠᠷᠯᠠᠭᠤᠯᠵᠤ ᠪᠠᠢ᠌ᠳᠠᠭ᠃

ᠬᠤᠯᠠ ᠶᠠᠪᠣᠬᠤ ᠦᠭᠡᠶ ᠴᠤ ᠭᠤᠷᠪᠠᠨ ᠮᠠᠯᠵᠢᠬᠤ ᠰᠤᠮᠤ᠂ ᠣᠢ᠌ᠷ᠎ᠠ ᠬᠠᠪᠢ ᠶᠢᠨ ᠦᠵᠦᠮᠤᠴᠢᠨ ᠨᠤᠳᠤᠭ ᠶᠢᠡᠷ ᠨᠠᠢ᠌ᠷ ᠨᠠᠭᠠᠳᠤᠮ ᠭᠡᠭ᠍ᠰᠡᠭᠡᠷ ᠠᠪᠣ ᠮᠢᠨᠢ ᠰᠤᠷᠢᠭᠠᠨ ᠮᠤᠷᠢ ᠪᠠᠨ ᠣᠮᠪᠣᠯᠤ ᠭᠦᠤ ᠲᠡᠶ ᠪᠠᠨ ᠠᠪᠣᠭᠠᠤᠨ ᠭᠦᠷᠳᠡᠭ᠌᠃ ᠮᠤᠷᠢ ᠣᠷᠤᠯᠳᠤᠬᠤ ᠳᠤ ᠣᠮᠪᠣᠯᠤ ᠪᠠᠨ ᠳᠦᠩᠭᠡᠵᠢ ᠮᠤᠷᠢᠨ ᠨᠢᠷᠤᠭᠤᠨ ᠳᠡᠭᠡᠷ᠎ᠡ ᠳᠠᠪᠠᠷᠢᠵᠤ ᠭᠠᠷᠭᠠᠯ᠎ᠠ ᠭᠡᠭ᠍ᠰᠡᠭᠡᠷ᠂ ᠡᠴᠡᠩᠭᠡᠷ ᠣᠷᠳᠤ ᠭᠦᠯ ᠶᠢᠡᠷ ᠶᠢᠡᠨ ᠮᠤᠷᠢᠨ ᠭᠡᠳᠡᠰᠤ ᠶᠢ ᠴᠢᠩᠭ᠋ᠠᠬᠠᠨ ᠬᠠᠪᠴᠢᠵᠤ᠂ ᠮᠤᠷᠢᠨ ᠴᠤᠯᠪᠣᠭᠤᠷ ᠶᠢᠡᠨ ᠰᠤᠯᠠ ᠪᠠᠢ᠌ᠯᠭᠠᠵᠤ᠂ ᠳᠠᠯ ᠡᠴᠠ ᠨᠢ ᠪᠠᠵᠠᠭᠳᠠᠭᠠᠤᠨ ᠰᠠᠭᠤᠪᠠᠯ ᠳᠠᠯᠠᠨ ᠭᠠᠵᠠᠷ ᠪᠠᠢ᠌ᠳᠤᠭᠠᠢ ᠵᠠᠭᠤ ᠢᠯᠡᠭᠦᠤ ᠭᠠᠵᠠᠷ ᠤᠨ ᠬᠤᠯᠠ ᠶᠢ ᠴᠤ ᠠᠵᠢᠭ ᠦᠭᠡᠶ ᠳᠤᠭᠤᠯᠵᠤ᠂ ᠶᠠᠭ ᠯᠠ ᠮᠤᠷᠢᠨ ᠨᠢᠷᠤᠭᠤᠨ ᠳᠡᠭᠡᠷ᠎ᠡ ᠬᠠᠳᠠᠭᠠᠤᠨ ᠳᠠᠯᠪᠢᠴᠢᠬᠠᠭᠰᠠᠨ ᠶᠤᠮᠰᠢᠭ ᠯᠠᠪᠳᠠᠭᠤᠨ ᠪᠠᠢ᠌ᠵᠤ᠂ ᠳᠤᠯᠤᠭᠠᠢ ᠶᠢᠨ ᠴᠡᠩᠭᠡᠷ ᠣᠷᠢᠶᠠᠯᠳᠠ ᠨᠢ ᠠᠷᠤᠠᠰᠢ ᠨᠠᠮᠢᠷᠠᠨ᠂ ᠳᠠᠷᠪᠠᠯᠵᠡᠨ ᠭᠡᠢ᠌ᠰᠳᠡᠭ᠌᠃

ᠣᠷᠤᠯᠳᠤᠭᠠᠨ ᠮᠤᠷᠢ ᠪᠣᠴᠠᠵᠤ ᠢᠷᠡᠭᠦ ᠦᠶᠡᠰ᠂ ᠠᠪᠣ ᠮᠢᠨᠢ ᠭᠡᠳᠤᠨ ᠭᠠᠵᠠᠷ ᠤᠨ ᠥᠵᠦᠭᠦᠷ ᠡᠴᠠ ᠵᠡᠷᠭᠡᠴᠡᠨ ᠭᠦᠶ‍ᠦᠵᠤ ᠪᠠᠢ᠌ᠭ᠎ᠠ ᠮᠤᠷᠢᠳ ᠤᠨ ᠳᠤᠮᠳᠠ ᠡᠴᠠ ᠰᠤᠭᠤᠷᠠᠨ ᠭᠠᠷᠴᠤ ᠢᠷᠡᠭᠡ ᠨᠢ ᠦᠪᠡᠷ ᠤᠨ ᠭᠢᠨᠢ ᠮᠤᠷᠢ ᠪᠣᠯᠬᠤ ᠶᠢ ᠪᠠᠳᠤᠳᠠᠢ ᠳᠠᠨᠢᠵᠤ ᠳᠡᠭᠦᠰᠭᠡᠯ ᠤᠨ ᠴᠡᠭ᠌ ᠳᠠᠭᠢ ᠵᠢᠵᠢᠭ᠌ ᠣᠯᠠᠭᠠᠨ ᠳᠤᠭ ᠢ ᠰᠤᠭᠤ ᠳᠠᠳᠠᠨ ᠠᠪᠴᠤ ᠣᠮᠪᠣᠯᠤ ᠵᠥᠭ᠌ ᠶᠢᠡᠨ ᠣᠮ ᠳᠤᠮ ᠦᠭᠡᠶ ᠭᠦᠶ‍ᠦᠭᠦ ᠨᠢ ᠦᠪᠡᠷ ᠤᠨ ᠨᠠᠰᠤ ᠶᠢ ᠨᠢ ᠮᠠᠷᠳᠠᠭᠤᠯᠵᠤ ᠥᠵᠡᠭ᠍ᠰᠡᠳ ᠤᠨ ᠰᠡᠳᠭᠢᠯ ᠢ ᠪᠠᠶᠠᠰᠬᠠᠳᠠᠭ ᠪᠠᠢ᠌ᠭᠰᠠᠨ᠃

ᠭᠦᠭᠡᠷᠦᠭᠦᠢ ᠠᠪᠣ ᠶᠢᠨ ᠮᠢᠨᠢ ᠠᠳᠤᠭᠤ ᠮᠤᠷᠢᠨ ᠤ ᠰᠤᠶᠤᠯ ᠶᠢᠡᠨ ᠣᠷᠭᠢᠬᠤ ᠦᠭᠡᠶ ᠯᠠ ᠭᠡᠰᠡᠨ ᠵᠤᠷᠢᠮᠠᠭ ᠪᠣᠳᠤᠯ ᠪᠦᠭᠦ ᠪᠠᠶ᠎ᠠ ᠶᠢ ᠨᠢ ᠡᠵᠡᠮᠳᠡᠵᠤ᠂ ᠰᠡᠭᠦᠯ ᠤᠨ ᠵᠢᠯ ᠤᠳ ᠲᠤ ᠦᠨᠳᠦᠷ ᠭᠡᠭᠡᠷ ᠪᠣᠯᠤᠨ ᠣᠮᠪᠣᠯᠤ ᠬᠤᠶᠠᠷ ᠶᠢᠡᠨ ᠠᠮᠢ ᠭᠤᠤᠯ ᠡᠴᠠ ᠶᠢᠡᠨ ᠢᠯᠡᠭᠦᠤ ᠬᠠᠢ᠌ᠷᠠᠯᠠᠵᠤ ᠬᠠᠪᠣᠷ ᠤᠨ ᠠᠭᠤᠷ ᠶᠢᠡᠷ ᠠᠮᠢᠰᠬᠤᠯᠠᠵᠤ ᠬᠠᠭᠳᠠ ᠭᠦᠭᠡᠷᠡᠮᠡᠭ᠍ᠴᠡ ᠣᠷᠤᠯᠳᠤᠭᠠᠨ ᠮᠤᠷᠢ ᠪᠠᠨ ᠡᠭᠢᠯᠡᠨ ᠰᠣᠢ᠌ᠵᠤ᠂ ᠬᠠᠮᠢᠭ᠎ᠠ ᠨᠢᠭᠡ ᠨᠠᠢ᠌ᠷ ᠨᠠᠭᠠᠳᠤᠮ ᠪᠣᠯᠬᠤ ᠶᠢ ᠰᠤᠷᠠᠭᠯᠠᠨ ᠰᠠᠭᠤᠳᠠᠭ ᠪᠠᠢ᠌ᠭᠰᠠᠨ᠃ ᠨᠠᠮᠤᠷ ᠡᠷᠳᠡ ᠡᠴᠠ ᠬᠤᠤ ᠯᠤᠤᠪᠠᠩ ᠭᠡᠳᠡᠯ᠎ᠡ ᠴᠠᠭᠠᠨ ᠱᠠᠭᠠᠳᠠᠩ᠂ ᠬᠤᠨᠤᠭ ᠪᠣᠳᠠᠭ᠎ᠠ (ᠠᠮᠤ) ᠪᠡᠯᠡᠳᠭᠡᠵᠤ ᠮᠤᠷᠢᠨ ᠤ ᠪᠠᠨ ᠡᠪᠦᠯ ᠤᠨ ᠢᠳᠠᠰᠢ ᠶᠢ ᠳᠦᠭᠦᠭᠡᠷᠡᠵᠤ ᠡᠭᠢᠯᠡᠳᠡᠭ᠌᠃

ᠮᠤᠷᠢ ᠬᠤᠭᠤᠯᠠᠯᠬᠤ ᠴᠠᠭ ᠨᠢ ᠪᠣᠯᠪᠠᠯ ᠡᠪᠦᠭᠡ ᠨᠢ ᠳᠡᠪᠢᠭᠦᠷ ᠤᠨ ᠳᠤᠬᠤᠨ ᠳᠤ ᠳᠤᠭᠳᠠᠭᠰᠠᠨ ᠬᠠᠷᠢᠴᠠᠯ ᠶᠢᠡᠷ ᠨᠠᠢ᠌ᠷᠠᠭᠤᠯᠵᠤ ᠳᠠᠯᠪᠢᠭᠰᠠᠨ ᠬᠤᠭᠤᠯᠠ ᠶᠢ ᠨᠢ ᠣᠮᠪᠣᠯᠤ ᠨᠢ ᠠᠪᠴᠤ ᠭᠠᠷᠤᠭᠠᠤᠨ ᠶᠠᠮᠠᠷ ᠭᠦᠢᠳᠡᠨ ᠡᠳᠦᠷ ᠴᠤ ᠭᠡᠰᠡᠨ ᠮᠤᠷᠢᠨ ᠰᠠᠷᠠᠪᠴᠢᠨ ᠳᠤᠳᠤᠷ᠎ᠠ ᠵᠠᠪᠢᠯᠠᠨ ᠰᠠᠭᠤᠵᠤ᠂ ᠳᠡᠪᠢᠭᠦᠷ ᠤᠨ ᠳᠤᠬᠤ ᠶᠢ ᠡᠪᠦᠷ ᠳᠡᠭᠡᠷ᠎ᠡ ᠪᠠᠨ ᠳᠠᠯᠪᠢᠵᠤ ᠮᠤᠷᠢ ᠪᠠᠨ ᠬᠤᠭᠤᠯᠠᠯᠠᠳᠠᠭ ᠪᠦᠭᠡᠳ ᠪᠠᠭ᠎ᠠ ᠥᠯᠳᠡᠭᠦᠷ ᠳᠤᠰᠤᠭᠤᠷ ᠢ ᠨᠢ ᠪᠢᠴᠢᠬᠠᠨ ᠠᠯᠠᠭᠠᠨ ᠳᠡᠭᠡᠷ᠎ᠡ ᠪᠠᠨ ᠭᠦᠪᠢᠵᠤ ᠠᠪᠣᠭᠠᠤᠨ ᠮᠤᠷᠢ ᠪᠠᠨ ᠳᠤᠯᠢᠶᠠᠯᠭᠠᠵᠤ ᠳᠠᠭᠤᠰᠤᠭᠠᠤᠨ ᠭᠠᠷ ᠤᠨ ᠠᠯᠠᠭ᠎ᠠ ᠪᠠᠷ ᠶᠢᠡᠨ ᠮᠤᠷᠢᠨ ᠤ ᠪᠠᠨ ᠣᠷᠤᠭᠤᠯ ᠠᠮᠠ ᠶᠢ ᠨᠢ ᠭᠢᠴᠢᠶᠡᠮᠳᠡᠢ᠌ᠭᠡᠨ ᠠᠷᠴᠢᠵᠤ ᠦᠭ‍ᠭᠦᠭᠡᠳ ᠡᠪᠦᠭᠡ ᠶᠢᠨ ᠶᠢᠡᠨ ᠭᠢᠵᠤ ᠦᠭ‍ᠭᠦᠭ᠍ᠰᠡᠨ ᠮᠤᠷᠢᠨ ᠰᠠᠮᠨᠠᠭᠤᠷ ᠶᠢᠡᠷ ᠮᠤᠷᠢᠨ ᠤ ᠪᠠᠨ ᠭᠡᠳᠡᠰᠤ ᠶᠢ ᠨᠢ ᠳᠠᠭᠠᠭᠤᠯᠵᠤ ᠬᠨ ᠭᠤᠶ᠎ᠠ ᠳ᠋ᠤᠨᠢ ᠭᠦᠷᠳᠡᠯ᠎ᠡ ᠨᠢᠭᠡ ᠮᠦᠷ ᠰᠠᠮᠨᠠᠵᠤ ᠦᠭ‍ᠭᠦᠭᠡᠳ ᠰᠠ‍‌ᠶᠢ ᠭᠡᠷ ᠲᠡᠭᠡᠨ ᠪᠣᠴᠠᠳᠠᠭ᠃ ᠡᠨᠡ ᠦᠶᠡᠰ ᠠᠪᠣ ᠮᠢᠨᠢ ᠠᠮᠠ ᠪᠠᠨ ᠬᠠᠮᠭᠢᠯ ᠦᠭᠡᠶ ᠪᠠᠶᠠᠷᠯᠠᠵᠤ᠄ 《ᠮᠠᠭᠤ ᠭᠦᠤ ᠮᠢᠨᠢ᠂ ᠠᠪᠣ ᠡᠴᠠ ᠪᠠᠨ ᠠᠷᠪᠠᠨ ᠬᠤᠪᠢ ᠳᠡᠭᠡᠭᠦᠷ ᠳᠦᠷᠦᠴᠢᠭᠡᠵᠡᠢ᠃ ᠡᠪᠦᠭᠡ ᠨᠢ ᠮᠤᠷᠢ ᠠᠷᠠᠴᠢᠯᠠᠵᠤ ᠳᠤᠳᠤᠮᠳᠠᠬᠤ ᠣᠷ᠎ᠠ ᠮᠡᠷᠭᠡᠵᠢᠯ ᠶᠢᠡᠨ ᠴᠢᠮ᠎ᠠ ᠳᠤ ᠪᠦᠭᠦᠨ ᠢ ᠵᠢᠭᠠᠵᠤ ᠦᠭ‍ᠭᠦᠶ᠎ᠡ᠂ ᠭᠦᠤ ᠮᠢᠨᠢ ᠬᠤᠵᠢᠮ ᠮᠤᠷᠢ ᠡᠴᠠ ᠪᠠᠨ ᠪᠣᠤ ᠰᠠᠯ ᠡ︕ ᠮᠤᠩᠭ᠋ᠤᠯ ᠭᠦᠮᠤᠨ ᠮᠤᠷᠢ ᠲᠡᠶ ᠪᠠᠨ ᠬᠠᠮᠳᠤ ᠪᠠᠢ᠌ᠪᠠᠯ ᠰᠡᠳᠭᠢᠯ ᠥᠨᠦᠴᠢᠷᠡᠭᠦ ᠦᠭᠡᠶ ᠶᠤᠮ᠂ ᠡᠷ᠎ᠡ ᠭᠦᠮᠤᠨ ᠦᠳᠡᠰᠢ ᠶᠢᠨ ᠲᠦᠨᠡᠷ ᠬᠠᠷᠠᠩᠭ᠋ᠤᠢ ᠳᠤ ᠥᠭᠦᠭᠡᠷ ᠤᠨ ᠳᠤᠮᠳᠠ ᠳᠦᠭᠡᠷᠢᠭ᠍ᠰᠡᠨ ᠴᠤ ᠮᠤᠷᠢᠨ ᠳᠠᠯ ᠶᠢᠡᠨ ᠰᠦᠷᠴᠤ ᠢᠯᠡᠭᠡᠳ ᠪᠠᠢ᠌ᠪᠠᠯ ᠮᠠᠭᠤ ᠶᠠᠭᠤᠮ᠎ᠠ ᠬᠠᠯᠳᠠᠵᠤ ᠨᠠᠭᠠᠯᠳᠤᠵᠤ ᠴᠢᠳᠠᠬᠤ ᠦᠭᠡᠶ ᠭᠡᠳᠡᠭ᠌ ᠶᠤᠮ ᠰᠢᠤ︕》 ᠭᠡᠵᠤ ᠰᠤᠷᠭᠠᠵᠤ ᠭᠠᠷᠳᠠᠭ᠃ ᠪᠢ ᠳᠦᠷᠭᠦᠮᠴᠢᠯᠡᠵᠤ ᠣᠴᠢᠬᠤ ᠪᠣᠯᠭᠠᠨ ᠳᠤ ᠬᠠᠩᠵᠳ ᠳᠡᠭᠡᠷ᠎ᠡ ᠠᠪᠣ ᠶᠢᠨ ᠬᠠᠵᠠᠭᠤ ᠡᠴᠠ ᠣᠳᠠᠰᠤ ᠵᠡᠭᠦᠤ᠂ ᠬᠠᠢ᠌ᠴᠢ ᠰᠢᠪᠦᠭᠡ᠂ ᠥᠩᠭᠡ ᠥᠩᠭᠡ ᠶᠢᠨ ᠳᠤᠷᠭ᠎ᠠ ᠳᠤᠷᠳᠤᠩ ᠤᠨ ᠥᠭᠡᠳᠡᠰᠤ ᠡᠴᠠ ᠰᠤᠷ ᠰᠢᠷᠢ ᠳᠠᠰᠤᠷᠠᠬᠤ ᠦᠭᠡᠶ ᠪᠠᠢ᠌ᠵᠤ᠂ ᠶᠠᠷᠤᠨᠢ ᠣᠷᠤᠯᠳᠤᠭᠠᠨ ᠮᠤᠷᠢᠨ ᠤ ᠳᠤᠬᠤᠮ ᠭᠡᠳᠡᠯ᠎ᠡ ᠭᠡᠢ᠌ᠮᠦᠷᠢ ᠰᠡᠷᠭᠦᠭᠡᠭᠦ ᠰᠠᠴᠤᠭ᠂ ᠣᠮᠪᠣᠯᠤ ᠶᠢᠨ ᠪᠠᠷᠢᠬᠤ ᠳᠠᠩᠰᠠ ᠳᠠᠰᠢᠭᠤᠷ ᠭᠡᠳ ᠣᠶᠤᠵᠤ ᠯᠠ ᠪᠠᠢ᠌ᠨ᠎ᠠ᠂ ᠵᠠᠩᠭᠢᠤᠠᠴᠤ ᠯᠠ ᠰᠠᠭᠤᠨ᠎ᠠ ᠪᠢᠯᠠ᠃

ᠮᠤᠷᠢᠨ ᠣᠷᠤᠯᠳᠤᠭᠠᠨ ᠤ ᠱᠠᠩᠨᠠᠯ ᠭᠡᠳ ᠨᠠᠩᠬᠤ᠂ ᠳᠤᠭᠤᠭ᠎ᠠ ᠡᠴᠠ ᠡᠭᠢᠯᠡᠨ ᠰᠢᠩᠭᠡᠭᠡᠭᠦ ᠮᠠᠰᠢᠨ ᠭᠡᠳᠡᠯ᠎ᠡ ᠣᠭᠢᠶᠠᠬᠤ ᠮᠠᠰᠢᠨ ᠠᠪᠳᠠᠷ᠎ᠠ ᠶᠢᠨ ᠳᠡᠭᠡᠷ᠎ᠡ ᠳᠤᠤᠷ᠎ᠠ ᠭᠡᠰᠡᠨ ᠦᠭᠡᠶ ᠳᠦᠭᠦᠷᠳᠡᠯ᠎ᠡ ᠵᠡᠷᠭᠡᠯᠡᠨ ᠳᠠᠯᠪᠢᠵᠤ᠂ ᠱᠠᠩ ᠳᠤ ᠣᠯᠤᠭᠰᠠᠨ ᠬᠤᠨᠢᠳ ᠶᠢᠡᠨ ᠰᠠᠳᠠᠷᠯᠠᠵᠤ ᠰᠥᠷᠦᠭ᠌ ᠤᠨ ᠳᠦᠷᠦᠭᠦᠤ ᠳᠠᠯᠪᠢᠳᠠᠭ᠃ ᠣᠷᠤᠯᠳᠤᠭᠠᠨ ᠤ ᠳᠡᠷᠢᠭᠦᠨ ᠳᠤ ᠣᠯᠤᠭᠰᠠᠨ ᠬᠤᠶᠠᠷ ᠮᠤᠷᠢ ᠪᠠᠨ ᠴᠤ ᠨᠠᠷᠢᠯᠠᠭ ᠠᠷᠠᠴᠢᠯᠠᠵᠤ ᠳᠤᠳᠤᠮᠳᠠᠵᠤ ᠪᠠᠢ᠌ᠭᠰᠠᠭᠠᠷ ᠰᠤᠮᠤ ᠭᠠᠴᠠᠭ᠎ᠠ ᠭᠡᠪᠴᠢᠶᠡᠨ ᠤ ᠨᠠᠢ᠌ᠷ ᠲᠤ ᠳᠠᠯᠪᠢᠴᠢᠬᠠᠳᠠᠭ᠃

ᠠᠶᠤᠤᠯᠢᠬᠠᠢ ᠵᠢᠷᠦᠭᠡᠨ ᠤ ᠬᠤᠪᠳᠤᠯ ᠳ᠋ᠤᠨᠢ ᠲᠦᠮᠡᠨ ᠠᠭᠳᠠ ᠡᠷᠭᠢᠯᠳᠦᠳᠡᠭ᠌ ᠠᠪᠣ ᠶᠢᠨ ᠮᠢᠨᠢ ᠪᠠᠶ᠎ᠠ ᠠᠬᠠᠰᠢᠷᠠᠭᠠᠤᠨ ᠢᠷᠡᠭᠦᠯᠡᠷ ᠣᠷᠤᠯᠳᠤᠭᠠᠨ ᠮᠤᠷᠢ ᠦᠨᠳᠦᠷ ᠭᠡᠭᠡᠷ ᠭᠡᠳ ᠠᠯᠠᠭ ᠨᠢᠳᠤᠨ ᠤ ᠪᠠᠨ ᠴᠡᠴᠡᠭᠡᠢ ᠰᠢᠭ᠌ ᠬᠠᠢ᠌ᠷᠠᠯᠠᠵᠤ ᠳᠤᠳᠤᠮᠳᠠᠵᠤ ᠯᠠ ᠰᠠᠭᠤᠨ᠎ᠠ᠃ ᠠᠪᠣ ᠶᠢᠨ ᠦᠨᠳᠦᠷ ᠭᠡᠭᠡᠷ ᠭᠡᠵᠤ ᠰᠤᠭᠳᠠᠢ᠌ᠭᠰᠠᠨ ᠰᠠᠢ᠌ᠬᠠᠨ ᠪᠠᠶ᠎ᠠ ᠲᠡᠶ᠂ ᠥᠡᠳᠦᠷᠭᠡᠨ ᠳᠠᠰᠢᠶ᠎ᠠ ᠲᠡᠶ᠂ ᠭᠠᠯ ᠮᠠᠩᠨᠠᠢ ᠳᠤᠮᠳᠠ ᠨᠢ ᠣᠳᠤ ᠭᠡᠮᠡᠷ ᠴᠠᠭᠠᠨ ᠰᠠᠷᠠ ᠲᠡᠶ᠂ ᠭᠦᠶ‍ᠦᠭᠦ ᠪᠠᠷ ᠯᠠ ᠳᠦᠷᠦᠴᠢᠭᠡᠭ᠍ᠰᠡᠨ ᠶᠤᠮᠰᠢᠭ ᠣᠳᠠᠭ᠎ᠠ ᠪᠣᠯᠭᠠᠨ ᠤ ᠨᠠᠢ᠌ᠷ ᠲᠤ ᠣᠯᠠᠨ ᠮᠤᠷᠢᠳ ᠢ ᠠᠷᠤ ᠳᠠᠭᠠᠨ ᠬᠠᠶᠠᠵᠤ ᠴᠤᠯᠭᠤᠷᠠᠵᠤ ᠭᠠᠷᠳᠠᠭ ᠶᠢᠡᠷ ᠶᠢᠡᠨ 《ᠠᠳᠤᠭᠤᠴᠢᠨ ᠡᠪᠦᠭᠡᠨ ᠤ ᠦᠨᠳᠦᠷ ᠭᠡᠭᠡᠷ》 ᠭᠡᠭ᠍ᠰᠡᠭᠡᠷ ᠨᠤᠳᠤᠭ ᠣᠰᠤᠨ ᠳᠤ ᠮᠡᠳᠡᠭᠦ ᠦᠭᠡᠶ ᠭᠦᠮᠤᠨ ᠭᠡᠵᠤ ᠦᠭᠡᠶ ᠶᠤᠮ᠃

ᠠᠪᠣ ᠮᠢᠨᠢ ᠦᠨᠳᠦᠷ ᠭᠡᠭᠡᠷ ᠶᠢᠡᠨ ᠠᠮᠢ ᠲᠡᠶ ᠪᠠᠨ ᠬᠤᠯᠪᠤᠨ᠂ ᠬᠠᠮᠢᠭ᠎ᠠ ᠨᠢᠭᠡ ᠨᠠᠢ᠌ᠷ ᠨᠠᠭᠠᠳᠤᠮ ᠪᠣᠯᠪᠠᠯ ᠮᠤᠷᠢ ᠣᠷᠤᠯᠳᠤᠬᠤ ᠶᠢᠨ ᠳᠦᠷᠦᠭᠦᠤ ᠰᠦᠨᠢ ᠨᠢ ᠭᠡᠳᠤᠨ ᠡᠳᠦᠷ ᠰᠣᠢ᠌ᠭᠰᠠᠨ ᠮᠤᠷᠢ ᠪᠠᠨ ᠪᠠᠭ᠎ᠠ ᠭᠡᠭᠡᠯ ᠭᠠᠷᠭᠠᠬᠤ ᠭᠡᠵᠤ ᠨᠠᠢ᠌ᠷ ᠤᠨ ᠳᠠᠯᠠᠪᠠᠢ ᠡᠴᠠ ᠠᠷᠪᠠᠨ ᠭᠡᠳᠤᠨ ᠭᠠᠵᠠᠷ ᠭᠠᠷᠴᠤ ᠡᠪᠠᠰᠤᠨ ᠤ ᠰᠤᠷᠭᠤᠭ ᠢ ᠰᠤᠩᠭ᠋ᠤᠵᠤ ᠮᠤᠷᠢ ᠪᠠᠨ ᠪᠠᠭ᠎ᠠ ᠢᠳᠡᠭᠦᠯᠦᠭᠡᠳ ᠠᠪᠴᠢᠷᠠᠵᠤ ᠶᠠᠰᠤ ᠶᠠᠩᠭᠢᠨᠠᠮ᠎ᠠ ᠦᠣᠷ ᠤᠨ ᠵᠢᠪᠠᠷ ᠲᠤ ᠭᠡᠷᠡᠮ ᠤᠨ ᠪᠣᠯᠤᠩ ᠳᠤ ᠬᠠᠵᠠᠭᠤᠯᠤᠨ ᠮᠤᠷᠢ ᠳᠠᠯᠪᠢᠬᠤ ᠴᠠᠭ ᠢ ᠭᠦᠯᠢᠶᠡᠳᠡᠭ᠌ ᠭᠡᠳᠡᠭ᠌ ᠶᠤᠮ᠃

6

ᠠᠪᠣ ᠶᠢᠨ ᠮᠢᠨᠢ ᠪᠠᠶ᠎ᠠ ᠶᠠᠪᠣᠬᠤ ᠳᠤᠳᠤᠮ ᠳᠠᠮᠢᠷᠳᠠᠵᠤ 《ᠡᠪᠡᠳᠴᠢᠨ ᠭᠡᠭᠦᠯᠡᠷ ᠡᠪᠠᠦᠡᠭᠦ ᠶᠠᠭᠤᠮ᠎ᠠ ᠦᠭᠡᠶ᠂ ᠠᠪᠣ ᠨᠢ ᠣᠳᠤ ᠬᠠᠨᠠᠨ ᠭᠡᠷ ᠡᠴᠠ ᠪᠠᠨ ᠰᠠᠯᠵᠤ᠂ ᠬᠠᠳᠠᠨ ᠭᠡᠷ ᠲᠡᠭᠡᠨ ᠶᠠᠪᠣᠬᠤ ᠣᠢ᠌ᠷᠠᠳᠴᠤ ᠪᠠᠢ᠌ᠨ᠎ᠠ ᠪᠠ︕ ᠵᠠ᠂ ᠶᠠᠭᠠᠭᠢᠬᠤᠪ᠂ ᠭᠦᠮᠤᠨ ᠭᠡᠵᠤ ᠳᠦᠷᠦᠭ᠍ᠰᠡᠨ ᠮᠢᠨᠤ ᠨᠢᠭᠡ ᠨᠠᠰᠤ ᠴᠤ ᠭᠤᠮᠤᠳᠠᠬᠤ ᠭᠠᠵᠠᠷ ᠦᠭᠡᠶ ᠯᠠᠢ᠂ ᠭᠠᠭᠴᠠᠬᠦ ᠦᠨᠳᠦᠷ ᠭᠡᠭᠡᠷ ᠤᠨ ᠳᠦᠯᠦᠭᠡ ᠰᠠᠨᠠᠭ᠎ᠠ ᠠᠯᠠᠭᠰᠠᠭᠠᠤᠨ ᠪᠠᠢ᠌ᠬᠤ ᠶᠤᠮ᠃ ᠮᠢᠨᠤ ᠪᠠᠶ᠎ᠠ ᠴᠤ ᠠᠩᠬᠠᠨ ᠤ ᠬᠢ ᠪᠠᠨ ᠭᠦᠷᠭᠦ ᠦᠭᠡᠶ ᠪᠣᠯᠤᠭᠰᠠᠨ ᠳᠡᠭᠡᠷ᠎ᠡ ᠮᠤᠷᠢ ᠰᠣᠢ᠌ᠯ᠎ᠠ ᠴᠤ ᠭᠡᠰᠡᠨ ᠣᠨᠤᠬᠤ ᠡᠵᠡᠨ ᠢ ᠨᠢ ᠣᠯᠬᠤ ᠳᠤ ᠪᠠᠷᠭᠡ ᠪᠣᠯᠵᠠᠢ᠃ ᠶᠡᠭᠡ ᠠᠴᠢ ᠴᠢᠨᠢ ᠠᠷᠪᠠ ᠶ‍ᠢᠰᠤ ᠭᠦᠷᠴᠢᠭᠡᠯ᠎ᠡ ᠣᠷᠤᠯᠳᠤᠭᠠᠨ ᠮᠤᠷᠢᠨ ᠤ ᠨᠢᠷᠤᠭᠤ ᠳᠠᠷᠤᠭᠠᠤᠨ ᠪᠣᠯᠵᠤ ᠦᠭ‍ᠭᠦ ᠦᠭᠡᠶ᠂ ᠪᠠᠭ᠎ᠠ ᠠᠴᠢ ᠳᠤ ᠴᠢᠨᠢ ᠰᠠᠨᠠᠭ᠎ᠠ ᠳᠠᠯᠪᠢᠵᠤ ᠦᠵᠡᠯ᠎ᠠ᠂ ᠭᠡᠳᠡᠯ᠎ᠡ ᠦᠨᠦ ᠭᠠᠢ᠌ᠬᠠᠯ ᠴᠢᠨᠢ ᠪᠠᠭ᠎ᠠ ᠡᠴᠠ ᠪᠠᠨ ᠮᠤᠷᠢ ᠲᠡᠶ ᠣᠢ᠌ᠷᠠᠳᠤᠵᠤ ᠢᠵᠢᠯᠢᠰᠢᠭ᠍ᠰᠡᠨ ᠦᠭᠡᠶ ᠶᠤᠮ ᠴᠢᠨᠢ ᠵᠠᠢ᠌ᠳᠠᠩ ᠮᠤᠷᠢᠨ ᠨᠢᠷᠤᠭᠤᠨ ᠳᠡᠭᠡᠷ᠎ᠡ ᠪᠦᠭ᠍ᠰᠡ ᠨᠢ ᠬᠤᠯᠭᠤᠵᠤ ᠪᠦᠮᠪᠦᠷᠢᠵᠤ ᠣᠨᠠᠬᠤ ᠨᠢ ᠡᠨᠡᠦᠭᠡᠨ ᠭᠡᠷᠡᠭ᠌ ᠳ᠋ᠠ》 ᠭᠡᠵᠤ ᠶᠠᠷᠢᠵᠤ ᠪᠠᠢ᠌ᠭᠰᠠᠨ᠃

ᠮᠤᠷᠢᠨ ᠵᠢᠯ ᠤᠨ ᠥᠭᠡᠷ ᠤᠨ ᠭᠠᠪᠠᠯᠠ ᠳᠠᠯᠪᠠ ᠭᠦᠯᠳᠡᠮᠡᠷ ᠶ‍ᠢᠰᠤ ᠶᠢᠨ ᠭᠦᠢᠳᠡᠨ ᠤ ᠨᠢᠭᠡᠨ ᠡᠳᠦᠷ ᠠᠪᠣ ᠶᠢ ᠡᠪᠠᠦᠡᠴᠢᠯᠡᠯ᠎ᠡ ᠭᠡᠰᠡᠨ ᠣᠳᠠᠰᠤ ᠶᠢ ᠳᠤᠰᠤᠭᠠᠤᠨ ᠳᠠᠷᠤᠢ ᠳ᠋ᠤᠨᠢ ᠥᠷᠭᠦᠯᠵᠢ ᠭᠡᠷᠡᠭᠯᠡᠳᠡᠭ᠌ ᠡᠮ ᠳᠠᠩ ᠢ ᠨᠢ ᠠᠪᠣᠭᠠᠤᠨ ᠭᠦᠷᠦᠯ᠎ᠡ᠃ ᠬᠠᠩᠵᠤᠨ ᠳᠡᠭᠡᠷ᠎ᠡ ᠪᠠᠨ ᠭᠡᠪᠳᠡᠭᠡᠳ ᠡᠮ ᠳᠤᠰᠤᠯᠠᠭᠤᠯᠵᠤ ᠪᠠᠢ᠌ᠭᠰᠠᠨ ᠠᠪᠣ ᠪᠠᠨ ᠬᠠᠷᠠᠬᠤ ᠳᠤ ᠴᠢᠷᠠᠢ ᠵᠢᠰᠤ ᠨᠢ ᠠᠩᠬᠠᠨ ᠡᠴᠠ ᠪᠠᠨ ᠬᠤᠯᠠ ᠳᠤᠷᠠᠵᠤ ᠨᠢᠳᠤ ᠨᠢ ᠭᠦᠩᠭᠦᠢᠨ ᠰᠠᠭᠤᠭᠠᠤᠨ ᠨᠢᠭᠡ ᠯᠠ ᠭᠦᠡᠳᠤ ᠡᠪᠠᠦᠡᠴᠢᠯᠡᠭ᠍ᠰᠡᠨ ᠪᠠᠢ᠌ᠳᠠᠯ ᠲᠡᠶ ᠪᠠᠢ᠌ᠯ᠎ᠠ᠃

ᠪᠢ ᠳᠦᠷᠭᠦᠮ ᠳᠡᠭᠡᠨ ᠬᠤᠴᠤᠷᠠᠵᠤ ᠭᠡᠳᠤ ᠬᠤᠨᠤᠬᠤ ᠪᠠᠷ ᠪᠣᠯᠤᠭᠠᠤᠨ ᠠᠪᠣ ᠪᠠᠷ ᠶᠢᠡᠨ ᠠᠪᠠ ᠶᠢᠨ ᠵᠤᠭᠤᠭ᠂ ᠠᠳᠤᠭᠤᠴᠢᠨ ᠠᠮᠢᠳᠤᠷᠠᠯ ᠢ ᠨᠢ ᠭᠡᠯᠡᠭᠦᠯᠵᠤ ᠰᠡᠳᠭᠢᠯ ᠢ ᠨᠢ ᠰᠡᠷᠭᠦᠭᠡᠭᠦ ᠪᠠᠷ ᠣᠷᠤᠯᠳᠤᠯ᠎ᠠ᠃ ᠭᠡᠳᠡᠯ᠎ᠡ ᠠᠪᠣ ᠶᠢᠨ ᠡᠨᠡ ᠣᠳᠠᠭᠠᠨ ᠤ ᠵᠤᠭᠤᠭ ᠨᠢ ᠳᠠᠢ᠌ᠮᠤ ᠭᠦᠷ ᠭᠦᠭ᠍ᠵᠢᠶᠡᠨ ᠲᠡᠶ ᠶᠠᠪᠣᠭᠳᠠᠵᠤ ᠴᠢᠳᠠᠭᠰᠠᠨ ᠦᠭᠡᠶ᠂ ᠭᠡᠰᠡᠭ᠌ ᠲᠡᠭᠡᠨ ᠣᠷᠳᠤᠬᠠᠨ ᠰᠡᠭᠦᠷᠡᠰᠤ ᠠᠯᠳᠠᠵᠤ᠄ 《ᠦᠨᠦ ᠳᠠᠨ ᠤ ᠪᠠᠭ᠎ᠠ ᠶᠢᠨ ᠦᠶ᠎ᠡ ᠶᠢᠨ ᠪᠠᠬᠠᠳᠤᠯ ᠪᠣᠯᠵᠤ ᠪᠠᠢ᠌ᠭᠰᠠᠨ ᠨᠥᠭᠦᠳᠤ ᠪᠠᠢ᠌ᠴᠠ ᠴᠢᠨᠢ ᠪᠦᠷ ᠭᠢᠳᠠᠤᠨ ᠲᠤ ᠬᠤᠳᠠᠯᠳᠤᠭᠳᠠᠭᠠᠤᠨ ᠳᠠᠮᠤᠷ ᠰᠠᠷᠠᠯᠵᠢ᠂ ᠴᠢᠯᠠᠭᠤᠨ ᠭᠡᠷᠡᠮ ᠶᠢᠡᠷ ᠳᠦᠭᠦᠷᠴᠤ ᠨᠠᠢ᠌ᠳᠠᠮ ᠳᠠᠷᠢᠶ᠎ᠠ ᠳᠠᠷᠢᠴᠢᠬᠠᠭᠠᠤᠨ ᠭᠤᠤᠯ ᠨᠢ ᠴᠤ ᠰᠢᠷᠭᠢᠴᠢᠵᠠᠢ᠃ ᠠᠢ︕ ᠮᠠᠨ ᠢ ᠪᠠᠭ᠎ᠠ ᠳᠤ 〈ᠵᠡᠭᠦᠨ ᠨᠤᠶᠠᠨ〉 ᠵᠡᠷᠭᠡ ᠪᠠᠨ ᠠᠯᠳᠠᠵᠤ ᠭᠢᠳᠠᠤᠨ ᠣᠷᠤᠵᠤ ᠢᠷᠡᠭᠡᠳ ᠣᠭᠳᠤᠷ ᠴᠢᠨ᠋ᠸ᠎ᠠ ᠶᠢᠨ ᠭᠤᠤᠯ ᠳᠠᠭᠠᠤ ᠠᠳᠠᠷ ᠬᠠᠭᠠᠯᠪᠣᠷᠢᠯᠠᠵᠤ ᠳᠠᠷᠢᠶ᠎ᠠ ᠳᠠᠷᠢᠭᠠᠤᠨ᠂ ᠮᠠᠨ ᠤ ᠭᠢᠨ ᠭᠢᠳᠠᠤᠨ ᠤᠨ ᠠᠠᠵᠢᠰᠤᠨ ᠬᠤᠰᠢᠭᠤᠨ ᠡᠴᠠ ᠵᠢᠭᠤᠳᠠᠵᠤ ᠮᠠᠯ ᠶᠢᠡᠨ ᠭᠦᠭᠡᠭᠡᠳ ᠡ᠊ᠨᠳᠡ ᠢᠷᠠᠵᠤ ᠨᠤᠳᠤᠭᠰᠢᠭᠰᠠᠨ ᠶᠤᠮ᠃ ᠦᠨᠦ ᠴᠢᠨᠢ ᠬᠠᠷᠢᠨ ᠳᠠᠨᠢᠵᠤ ᠮᠡᠳᠡᠳᠡᠭ᠌ ᠨᠤᠳᠤᠭ ᠤᠨ ᠬᠡᠦᠬᠡᠳ ᠨᠤᠶᠠᠨ ᠰᠠᠭᠤᠭᠠᠤᠨ ᠬᠠᠷᠢᠨ ᠡᠪᠦᠭᠡ ᠳᠡᠭᠡᠳᠦᠰ ᠡᠴᠠ ᠪᠠᠨ ᠦᠮᠴᠢᠯᠠᠵᠤ ᠢᠷᠡᠭ᠍ᠰᠡᠨ ᠨᠤᠳᠤᠭ ᠪᠠᠯᠴᠢᠭᠡᠷ᠂ ᠠᠭᠤᠯᠠ ᠣᠰᠤᠨ ᠳᠠᠭᠠᠨ ᠭᠦᠷᠳᠡᠯ᠎ᠡ ᠬᠤᠳᠠᠯᠳᠤᠴᠢᠬᠠᠨ᠎ᠠ ᠭᠡᠳᠡᠭ᠌ ᠴᠢᠨᠢ ᠥᠨᠡᠭᠡᠷ ᠁》 ᠭᠡᠵᠤ ᠭᠦᠮᠦᠰᠭᠡ ᠠᠳᠤᠷᠢᠭᠤᠯᠤᠨ ᠳᠤᠷ᠎ᠠ ᠮᠠᠭᠤᠳᠠᠢ ᠶᠠᠷᠢᠵᠤ ᠭᠡᠰᠡᠭ᠌ ᠣᠳᠠᠭᠰᠠᠨ ᠶᠢᠡᠨ ᠣᠷᠳᠤᠬᠠᠨ ᠭᠡᠭ᠍ᠴᠢ ᠠᠮᠢᠰᠬᠤᠭ᠎ᠠ ᠠᠪᠴᠤ᠄ 《ᠳᠠᠷᠠ ᠡᠳᠦᠷ ᠦᠨᠳᠦᠷ ᠭᠡᠭᠡᠷ ᠢ ᠴᠢᠨᠢ ᠬᠤᠳᠠᠯᠳᠤᠭᠠᠤᠨ ᠶᠠᠪᠣᠭᠤᠯᠴᠢᠬᠠᠭᠰᠠᠨ ᠡ᠃ ᠪᠢ ᠪᠠᠶ᠎ᠠ ᠮᠠᠭᠤ ᠪᠣᠯᠤᠯ᠎ᠠ᠃ ᠳᠡᠭᠦᠨ ᠢ ᠡᠳᠡ ᠴᠢᠨᠢ ᠠᠷᠠᠴᠢᠯᠠᠵᠤ ᠳᠤᠳᠤᠮᠳᠠᠵᠤ ᠴᠢᠳᠠᠬᠤ ᠦᠭᠡᠶ᠂ ᠳᠠᠷᠠ ᠮᠢᠨᠢ ᠬᠤᠯᠠ ᠣᠢ᠌ᠷ᠎ᠠ ᠳᠠᠭᠠᠨ ᠨᠠᠷ᠎ᠠ ᠭᠠᠷᠤᠭᠰᠠᠨ ᠶᠤᠮ ᠳ᠋ᠠ ᠭᠦᠭᠡᠷᠦᠭᠦᠢ᠂ ᠡᠨᠡ ᠨᠠᠷᠢᠨ ᠰᠢᠯᠪᠢᠳᠤ ᠨᠤᠭᠦᠳ ᠳᠡᠭᠦᠨ ᠳᠡᠭᠡᠷ᠎ᠡ ᠭᠡᠴᠡᠭᠦᠤ ᠨᠢᠳᠤ ᠬᠠᠶᠠᠭᠠᠤᠨ ᠪᠠᠢ᠌ᠬᠤ ᠶᠤᠮ᠃ ᠬᠠᠩᠰᠢ ᠭᠦᠤ ᠠᠯᠢ ᠭᠡᠳᠥᠢᠨ ᠦᠨᠳᠦᠷ ᠭᠡᠭᠡᠷ ᠢ ᠮᠢᠨᠢ ᠦᠵᠡᠵᠤ ᠳᠤᠭᠤᠭᠠᠤᠨ ᠬᠤᠳᠠᠯᠳᠤᠵᠤ ᠠᠪᠣᠨ᠎ᠠ ᠭᠡᠳ ᠭᠤᠶᠤᠭᠰᠠᠭᠠᠷ ᠶᠤᠮ᠂ ᠳᠡᠭᠡᠭᠡᠳ ᠯᠠ ᠠᠪᠣ ᠨᠢ ᠦᠨᠳᠦᠷ ᠭᠡᠭᠡᠷ ᠢ ᠴᠢᠨᠢ ᠬᠠᠢ᠌ᠷᠠᠳᠠᠢ ᠡᠵᠡᠨ ᠳ᠋ᠤᠨᠢ ᠳᠦᠰᠢᠭᠦᠯᠴᠢᠭᠡᠭ᠍ᠰᠡᠨ ᠶᠤᠮ᠃ ᠳᠠᠷᠠ ᠭᠦᠤ ᠴᠤ ᠣᠷᠤᠯᠳᠤᠭᠠᠨ ᠮᠤᠷᠢ ᠰᠣᠢ᠌ᠭᠴᠢ ᠣᠳᠤᠮ ᠲᠡᠶ ᠳ᠋ᠠ ᠭᠦᠭᠡᠷᠦᠭᠦᠢ︕》 ᠭᠡᠵᠤ ᠶᠠᠷᠢᠬᠤ ᠳᠠᠭᠠᠨ ᠬᠤᠭᠤᠯᠠᠢ ᠨᠢ ᠴᠠᠴᠠᠷᠠᠵᠤ ᠣᠷᠤᠭᠤᠯ ᠨᠢ ᠳᠠᠳᠠᠪᠠᠯᠵᠠᠵᠤ ᠪᠠᠢ᠌ᠭᠰᠠᠨ ᠶᠤᠮ᠃ 《ᠳᠠᠨ ᠤ ᠡᠨᠡ ᠣᠳᠠᠭᠠᠨ ᠤ ᠡᠪᠡᠳᠴᠢᠨ ᠦᠨᠳᠦᠷ ᠭᠡᠭᠡᠷ ᠢ ᠬᠤᠳᠠᠯᠳᠤᠭᠰᠠᠨ ᠡᠴᠠ ᠪᠣᠯᠤᠭᠰᠠᠨ ᠪᠠ︖》 ᠭᠡᠵᠤ ᠠᠮᠠ ᠳᠦᠷᠭᠡᠨ ᠶᠢᠡᠷ ᠶᠢᠡᠨ ᠪᠢ ᠠᠰᠠᠭᠤᠵᠤ ᠳᠠᠭᠤᠰᠬᠤ ᠡᠴᠠ ᠡᠮᠤᠨ᠎ᠡ ᠠᠪᠣ ᠶᠢᠨ ᠮᠢᠨᠢ ᠨᠢᠯᠪᠣᠰᠤ ᠨᠢ ᠡᠴᠡᠩᠭᠡᠢ ᠦᠨᠳᠦᠷ ᠬᠠᠮᠠᠷ ᠢ ᠨᠢ ᠬᠠᠪᠴᠢᠨ ᠪᠠᠭᠤᠭᠠᠤᠨ ᠢᠷᠡᠴᠢᠭᠡᠭ᠍ᠰᠡᠨ ᠪᠠᠢ᠌ᠭᠰᠠᠨ᠃ ᠠᠢ᠂ ᠭᠦᠭᠡᠷᠦᠭᠦᠢ ᠠᠪᠣ ᠮᠢᠨᠢ ᠡᠨᠡ ᠨᠢᠭᠡ ᠨᠠᠰᠤ ᠪᠠᠷ ᠶᠢᠡᠨ ᠮᠤᠷᠢ ᠡᠴᠠ ᠰᠠᠯᠵᠤ ᠥᠵᠡᠭᠡᠳᠦᠢ ᠭᠦᠮᠤᠨ᠃ ᠥᠳᠡᠯᠡᠭᠦ ᠶᠢᠨ ᠥᠵᠦᠭᠦᠷ ᠬᠠᠮᠤᠭ ᠤᠨ ᠬᠠᠢ᠌ᠷᠠᠳᠠᠢ᠂ ᠮᠦᠨ ᠬᠠᠮᠤᠭ ᠡᠴᠦᠰ ᠤᠨ ᠮᠤᠷᠢ ᠡᠴᠠ ᠪᠠᠨ ᠰᠠᠯᠤᠨ᠎ᠠ ᠭᠡᠭ᠍ᠴᠢ ᠭᠡᠴᠦᠨᠡᠨ ᠶᠡᠭᠡ ᠰᠡᠳᠭᠢᠯ ᠤᠨ ᠵᠤᠪᠠᠨᠢᠯ᠂ ᠣᠶᠤᠨ ᠰᠠᠨᠠᠭᠠᠨ ᠤ ᠭᠢᠨᠢ ᠳᠠᠷᠴᠢᠯᠠᠯ ᠪᠣᠯᠤᠭᠰᠠᠨ ᠪᠣᠯ ᠳ᠋ᠠ᠃

ᠳᠠᠷᠠ ᠭᠡᠳᠤᠨ ᠡᠳᠦᠷ ᠪᠢᠳᠠ ᠡᠭᠡᠴᠢ ᠳᠡᠭᠦᠤ ᠭᠡᠳᠦᠭᠦᠯᠡ ᠪᠦᠷ ᠭᠦᠷᠦᠯᠴᠡᠨ ᠢᠷᠡᠵᠡᠭᠡᠵᠤ ᠠᠪᠣ ᠪᠠᠨ ᠠᠯᠢ ᠴᠢᠳᠠᠬᠤ ᠪᠠᠷ ᠪᠠᠶᠠᠷᠯᠠᠭᠤᠯᠬᠤ ᠪᠠᠷ ᠣᠷᠤᠯᠳᠤᠨ᠎ᠠ᠃ ᠦᠷᠦ ᠵᠢᠷᠦᠭᠡᠨ ᠳ᠋ᠤᠨᠢ ᠦᠷ᠎ᠡ ᠠᠴᠢᠷ ᠨᠢ ᠨᠠᠷᠠ ᠪᠠᠢ᠌ᠭᠰᠠᠨ ᠶᠤᠮ ᠡ᠃ ᠠᠪᠣ ᠮᠢᠨᠢ ᠰᠡᠳᠭᠢᠯ ᠨᠢ ᠪᠠᠭ᠎ᠠ ᠰᠡᠷᠭᠦᠵᠤ ᠰᠠᠨᠠᠭ᠎ᠠ ᠨᠢ ᠬᠤᠪᠢᠶᠠᠭᠳᠠᠭᠠᠤᠨ ᠳᠠᠭᠢᠭᠠᠤᠨ ᠵᠤᠭᠤᠭ ᠲᠠᠭᠠᠨ ᠣᠷᠤᠯ᠎ᠠ᠃ 《ᠮᠠᠨ ᠤ ᠨᠢᠭᠡ ᠦᠶ᠎ᠡ ᠶᠢᠨ ᠭᠢᠨᠢ ᠪᠦᠷ ᠯᠠ ᠬᠣᠢ᠌ᠨ᠎ᠠ ᠬᠣᠢ᠌ᠨ᠎ᠠ ᠡᠴᠠ ᠪᠠᠨ ᠶᠠᠪᠣᠴᠢᠬᠠᠯ᠎ᠠ᠃ ᠪᠢ ᠡᠨᠡ ᠨᠠᠮᠤᠷ ᠮᠦᠭ᠍ᠷᠡᠢ ᠠᠪᠣ ᠶᠢ ᠴᠢᠨᠢ ᠭᠦᠷᠴᠤ ᠥᠵᠡᠭ᠍ᠰᠡᠨ ᠶᠤᠮ᠃ ᠳᠠᠷᠠ ᠮᠢᠨᠢ ᠭᠦᠭᠡᠷᠦᠭᠦᠢ ᠠᠷᠢᠭᠢ ᠭᠠᠷᠭᠠᠴᠢᠬᠠᠭᠠᠤᠨ ᠵᠠᠪᠠᠯ ᠨᠠᠳᠠ ᠲᠡᠶ ᠪᠠᠨ ᠨᠢᠭᠡ ᠣᠤᠭᠤᠬᠤ ᠶᠤᠮ ᠭᠡᠨ᠎ᠡ᠃ ᠪᠢ ᠳᠠᠷᠠ ᠡᠳ᠋ ᠲᠡᠶ ᠴᠢᠨᠢ ᠬᠠᠨᠢᠯᠠᠬᠤ ᠪᠠᠨ ᠪᠠᠢ᠌ᠭᠠᠤᠨ ᠣᠳᠠᠵᠤ ᠪᠠᠢ᠌ᠬᠤ ᠶᠤᠮ ᠴᠢᠨᠢ ᠶᠠᠭᠠᠭᠢᠨ᠎ᠠ ᠳ᠋ᠠ︕ ᠳᠠᠷᠠ ᠴᠤ ᠪᠠᠰᠠ ᠪᠠᠶ᠎ᠠ ᠨᠢ ᠠᠨᠠᠢ ᠳ᠋ᠠ᠃ ᠳᠡᠭᠡᠭᠡᠳ ᠬᠤᠶᠠᠭᠤᠯᠠ ᠭᠦᠭᠡ ᠴᠠᠢ ᠪᠠᠷ ᠠᠷᠢᠭᠢ ᠶᠢ ᠣᠷᠤᠯᠠᠭᠤᠯᠵᠤ ᠬᠠᠠᠳᠠᠯ᠎ᠠ ᠪᠠᠨ ᠨᠢᠭᠡ ᠵᠤᠭᠤᠭᠳᠠᠯ᠎ᠠ ᠳ᠋ᠠ᠃ ᠪᠢᠳᠠ ᠬᠤᠶᠠᠭᠤᠯᠠ ᠳᠠᠷᠠᠭ᠎ᠠ ᠬᠠᠪᠣᠷ ᠬᠠᠭᠳᠠ ᠭᠦᠭᠡᠷᠡᠭ᠍ᠰᠡᠭᠡᠷ ᠨᠥᠭᠦᠳᠤ ᠳᠤ ᠭᠦᠷᠴᠤ ᠵᠠᠯᠠᠭᠤ ᠶᠢᠨ ᠦᠶ᠎ᠡ ᠶᠢᠨ ᠠᠳᠤᠭᠤ ᠳᠠᠭᠤᠵᠤ᠂ ᠠᠪᠠ ᠭᠢᠵᠤ ᠪᠠᠢ᠌ᠭᠰᠠᠨ ᠭᠠᠵᠠᠷ ᠶᠢᠡᠷ ᠶᠢᠡᠨ ᠨᠢᠭᠡ ᠳᠤᠭᠤᠷᠢᠵᠤ ᠦᠵᠡᠶ᠎ᠠ ᠭᠡᠵᠤ ᠭᠡᠯᠡᠯᠴᠡᠵᠤ ᠳᠤᠭᠳᠠᠭᠰᠠᠨ ᠶᠤᠮ》 ᠭᠡᠵᠤ ᠣᠷᠮ᠎ᠠ ᠰᠡᠷᠭᠦᠮᠡᠷ᠂ ᠣᠢ᠌ᠤᠠᠬᠠᠷ ᠭᠦᠷᠭᠡᠮᠡᠷ ᠶᠠᠭᠤ ᠴᠤ ᠭᠡᠰᠡᠨ ᠵᠢᠷᠦᠭᠡ ᠰᠢᠮᠰᠢᠷᠡᠭ᠍ᠰᠡᠨ ᠵᠤᠭᠤᠭ ᠢ ᠢᠳᠡᠭᠡᠯ ᠮᠠᠭᠤ ᠲᠡᠶ ᠶᠠᠷᠢᠵᠤ ᠪᠠᠢ᠌ᠭᠰᠠᠨ ᠴᠤ ᠠᠪᠣ ᠶᠢᠨ ᠶᠢᠡᠨ ᠠᠮᠳᠠᠳᠤ ᠵᠤᠭᠤᠭ ᠲᠤ ᠪᠢᠳᠠ ᠭᠡᠳᠦᠭᠦᠯᠡ ᠶᠢᠨ ᠰᠡᠳᠭᠢᠯ ᠳᠤ ᠨᠠᠷᠠ ᠳᠤᠯᠠᠢ᠌ᠵᠤ ᠭᠡᠷ ᠲᠤ ᠬᠠᠯᠠᠭᠤᠨ ᠳᠤᠯᠠᠭᠠᠨ ᠰᠠᠨᠠᠭᠳᠠᠵᠤ ᠠᠪᠣ ᠲᠡᠶ ᠬᠡᠦᠬᠡᠳ ᠤᠨ ᠠᠳᠠᠪᠠᠰᠢ ᠵᠢᠷᠭᠠᠯ ᠢ ᠡᠳ᠋ᠯᠡᠵᠤ ᠰᠠᠭᠤᠨ᠎ᠠ᠃

ᠳᠠᠷᠠ ᠵᠢᠯ ᠤᠨ 《5.1》 (ᠨᠢᠭᠡᠳᠦᠯᠳᠡᠢ ᠳᠠᠷᠬᠠᠯᠳᠠ ᠳᠤ ᠠᠪᠣ ᠪᠠᠨ ᠡᠷᠭᠢᠵᠤ ᠥᠵᠡᠭᠦ ᠪᠠᠷ ᠠᠯᠢ ᠢᠳᠡᠭᠦ ᠳᠤᠷᠠᠳᠠᠢ ᠶᠢ ᠨᠢ ᠪᠡᠯᠡᠳᠭᠡᠵᠤ ᠭᠦᠯᠢᠶᠡᠵᠤ ᠪᠠᠢ᠌ᠭᠰᠠᠨ) ᠴᠤ ᠭᠡᠳᠦᠭᠡᠨ ᠡᠳᠦᠷ ᠤᠨ ᠵᠠᠢ ᠦᠯᠠᠳᠠᠯ᠎ᠠ᠃ ᠬᠠᠩᠰᠢ ᠴᠤ ᠥᠩᠭᠡᠷᠡᠭᠡᠳ ᠳᠦᠷᠪᠡᠨ ᠡᠳᠦᠷ ᠪᠣᠯᠵᠤ ᠪᠠᠢ᠌ᠪᠠ᠃ ᠳᠠᠷᠠ ᠰᠦᠨᠢ ᠪᠢ ᠴᠡᠭᠡᠨ ᠳᠤᠩᠭ᠋ᠠᠯᠠᠭ ᠰᠠᠷᠠ ᠨᠢᠳᠤᠨ ᠡᠮᠦᠨᠡᠭᠦᠷ ᠣᠨᠠᠭᠠᠤᠨ ᠢᠷᠡᠴᠢᠭᠡᠯ᠎ᠡ ᠭᠡᠵᠤ ᠵᠡᠭᠦᠳᠡᠯᠡᠪᠡ᠃ ᠪᠢᠯᠢᠭ᠌ ᠤᠨ ᠣᠯᠠᠷᠢᠯ ᠤᠨ ᠭᠤᠷᠪᠠᠨ ᠰᠠᠷ᠎ᠠ ᠶᠢᠨ ᠰᠢᠨ᠎ᠠ ᠶᠢᠨ ᠶ‍ᠢᠰᠤᠨ ᠤ ᠡᠳᠦᠷ ᠳᠤᠩᠭ᠋ᠠᠯᠠᠭ ᠡᠳᠦᠷ ᠶᠢᠡᠷ ᠳᠡᠭ᠍ᠷᠢ ᠨᠢᠷᠭᠡᠭ᠍ᠰᠡᠨ ᠮᠠᠳᠤ ᠵᠤᠯ ᠪᠣᠰᠤ ᠴᠢᠮᠡᠭᠡ ᠭᠦᠷᠴᠤ ᠢᠷᠡᠭ᠍ᠰᠡᠨ᠃

ᠠᠪᠣ ᠮᠢᠨᠢ ᠣᠠᠳᠠᠭ᠎ᠠ ᠪᠠᠷ ᠶᠢᠡᠨ ᠳᠠᠯᠠᠢ᠌ᠭᠴᠢ ᠪᠣᠯᠤᠭᠰᠠᠨ ᠶᠤᠮ ᠭᠡᠨ᠎ᠡ᠃ ᠠᠪᠣ ᠡᠴᠠ ᠪᠠᠨ ᠰᠠᠯᠬᠤ ᠶᠢᠨ ᠵᠤᠪᠠᠯᠠᠩ ᠢ ᠠᠩᠬ᠎ᠠ ᠣᠳᠠᠭ᠎ᠠ ᠠᠮᠳᠠᠯᠠᠵᠤ᠂ ᠬᠠᠷᠠᠮᠰᠠᠯ ᠭᠤᠮᠤᠳᠠᠯ᠂ ᠬᠠᠢ᠌ᠷ᠎ᠠ ᠮᠥᠷᠦᠭᠡᠳᠦᠯ ᠤᠨ ᠭᠠᠰᠢᠭᠤᠨ ᠨᠢᠯᠪᠣᠰᠤ ᠨᠢᠳᠤ ᠶᠢ ᠪᠦᠷᠭᠦᠵᠤ᠂ ᠬᠠᠭᠠᠴᠠᠯ ᠭᠠᠩᠰᠠᠷᠠᠯ ᠤᠨ ᠪᠠᠷᠠᠭᠠᠨ ᠡᠭᠦᠯᠡ ᠣᠬᠠᠭᠠᠨ ᠰᠠᠷᠠᠯ ᠢ ᠢᠪ ᠳᠠᠷᠤᠵᠠᠢ᠃

ᠪᠢ ᠠᠪᠣ ᠶᠢᠨ ᠶᠢᠡᠨ ᠳᠤᠯᠤᠭᠠᠨ ᠬᠤᠨᠤᠭ ᠳᠡᠭᠡᠷ᠎ᠡ ᠴᠠᠭᠠᠰᠤ ᠪᠠᠷ ᠦᠨᠳᠦᠷ ᠰᠠᠢ᠌ᠬᠠᠨ ᠰᠠᠷᠠ ᠲᠡᠶ ᠭᠡᠭᠡᠷ ᠮᠤᠷᠢ ᠭᠢᠯᠭᠡᠵᠤ ᠪᠣᠩᠬᠤᠨ ᠤ ᠭᠢᠨᠢ ᠡᠮᠤᠨ᠎ᠡ ᠰᠢᠳᠠᠭᠠᠵᠤ ᠦᠭ‍ᠭᠦᠯ᠎ᠡ᠃ ᠠᠪᠣ ᠮᠢᠨᠢ ᠮᠤᠷᠢ ᠡᠴᠠ ᠪᠠᠨ ᠰᠠᠯᠵᠤ ᠥᠵᠡᠭᠡ ᠦᠭᠡᠶ ᠰᠢᠤ ᠳ᠋ᠠ᠃

ᠠᠪᠣ ᠮᠢᠨᠢ ᠵᠡᠭᠦᠳᠤᠨ ᠳᠤ ᠣᠷᠤᠬᠤ ᠪᠣᠯᠭᠠᠨ ᠮᠤᠷᠢ ᠪᠠᠨ ᠣᠨᠤᠭᠠᠤᠨ ᠣᠷᠭ᠎ᠠ ᠪᠠᠨ ᠴᠢᠷᠦᠭ᠍ᠰᠡᠭᠡᠷ ᠨᠢᠭᠡ ᠰᠥᠷᠦᠭ᠌ ᠠᠳᠤᠭᠤ ᠪᠠᠨ ᠳᠠᠭᠤᠭᠠᠤᠨ ᠡᠮᠦᠨᠡᠭᠦᠷ ᠥᠩᠭᠡᠷᠡᠨ ᠭᠠᠷᠳᠠᠭ ᠶᠤᠮ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠪᠠᠭᠠᠷᠢᠨ ᠵᠡᠭᠦᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠽᠠᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2675
ᠴᠠᠭ᠄ 2010 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ