ᠭᠤᠪᠢ ᠶᠢᠨ ᠵᠢᠷᠤᠭ ᠊᠊᠊᠊᠊᠊᠊᠊᠊᠊᠊᠊᠊᠊᠊ ᠭᠦᠳᠡᠭᠡ ᠴᠠᠭᠢᠯᠳᠠᠭ

《ᠭᠤᠪᠢ ᠶᠢᠨ ᠭᠦᠳᠡᠭᠡ ᠴᠠᠭᠢᠯᠳᠠᠭ ᠲᠤ ᠨᠠᠭᠠᠳᠬᠤ ᠪᠠᠷ ᠶᠠᠪᠣᠶ᠎ᠠ᠂ ᠵᠤᠨ ᠪᠣᠯᠬᠤ ᠳᠤ ᠶᠠᠩᠵᠤ ᠪᠠᠢ᠌ᠳᠠᠭ》 ᠭᠡᠰᠡᠨ ᠬᠠᠢ ᠶ‍ᠢᠩ᠂ ᠭᠦᠸᠧ ᠰᠢᠨ ᠬᠤᠧᠨ ᠬᠤᠶᠠᠷ ᠪᠠᠭᠰᠢ ᠶᠢᠨ ᠨᠥᠭᠦᠷᠰᠡᠭ᠌ ᠣᠷᠢᠯᠭ᠎ᠠ ᠶᠢ ᠭᠦᠯᠢᠶᠡᠵᠤ᠂ ᠪᠢᠳᠠ ᠭᠡᠳᠦᠭᠦᠯᠡ ᠵᠤᠨ ᠤ ᠴᠢᠯᠦᠭᠡ ᠳᠠᠭᠠᠷᠠᠭᠤᠯᠤᠨ ᠳᠡᠯᠡᠭᠡᠢ ᠵᠥᠭ᠌ ᠮᠤᠷᠳᠠᠯ᠎ᠠ᠃ ᠭᠦᠷᠭᠦ ᠳᠤ ᠬᠠᠢ ᠶ‍ᠢᠩ ᠪᠠᠭᠰᠢ ᠭᠡᠷ ᠲᠡᠭᠡᠨ ᠪᠣᠭᠤᠷᠰᠤᠭ ᠴᠠᠭ᠎ᠠ ᠪᠠᠨ ᠳᠦᠭᠦᠭᠡᠷᠴᠢᠭᠡᠭ᠍ᠰᠡᠨ᠂ ᠮᠢᠬ᠎ᠠ ᠪᠠᠨ ᠡᠪᠳᠡᠭᠡᠳ ᠳᠡᠯᠪᠢᠴᠢᠬᠠᠭᠰᠡᠨ᠂ ᠳᠡᠷᠭᠡ ᠣᠨᠤᠭ᠎ᠠ ᠪᠠᠨ ᠪᠠᠯᠡᠳᠴᠢᠭᠡᠭ᠍ᠰᠡᠨ ᠭᠦᠯᠢᠶᠡᠵᠤ ᠪᠠᠢ᠌ᠵᠠᠢ᠃ ᠪᠦᠰᠡᠭᠦᠢ ᠲᠡᠶ ᠪᠠᠨ ᠠᠮᠢ ᠵᠡᠭᠦᠳᠤ ᠦᠭᠡᠶ ᠱᠠᠯᠠᠵᠤ ᠢᠷᠡᠭᠦ ᠬᠤᠭᠤᠯᠠ ᠢᠳᠡᠭᠡᠨ ᠡᠴᠡ ᠨᠢ ᠡᠷᠡᠭᠡᠯᠡᠯ ᠦᠭᠡᠶ ᠢᠳᠠᠵᠤ ᠣᠤᠭᠤᠵᠤ᠂ ᠭᠡᠰᠡᠭ᠌ ᠨᠠᠭᠠᠳᠴᠤ ᠨᠠᠷᠭᠢᠵᠤ ᠠᠪᠣᠭᠠᠤᠨ ᠭᠤᠷᠪᠠᠨ ᠪᠠᠭ᠎ᠠ ᠳᠡᠷᠭᠡ ᠪᠠᠷ ᠭᠤᠪᠢ ᠶᠢᠨ ᠭᠦᠳᠡᠭᠡ ᠴᠠᠭᠢᠯᠳᠠᠭ ᠳᠠᠰᠢ ᠭᠦᠳᠡᠯᠪᠡ᠃ ᠵᠠᠮ ᠳᠠᠭᠠᠨ ᠬᠠᠰᠯᠤᠤ ᠠᠬ᠎ᠠ ᠶᠢ ᠭᠡᠷ ᠶᠢᠡᠷ ᠨᠢ ᠳᠠᠭᠠᠭᠤᠯᠵᠤ ᠨᠥᠭᠦᠤᠨ ᠳᠠᠳᠠᠯ᠎ᠠ᠃ ᠵᠠᠪ ᠴᠢᠯᠦᠭᠡ ᠪᠠᠨ ᠦᠵᠡᠵᠤ ᠪᠠᠢ᠌ᠭᠠᠤᠨ ᠭᠦᠳᠡᠭᠡ ᠶᠢᠨ ᠠᠭᠠᠷ ᠰᠠᠯᠭᠢᠨ ᠳᠤ ᠭᠠᠷᠬᠤ ᠰᠠᠢ᠌ᠬᠠᠨ ᠡ᠃ ᠰᠠᠭᠤᠭᠰᠠ ᠳᠡᠷᠭᠡ ᠭᠦᠳᠡᠭᠡ ᠶᠢᠨ ᠰᠢᠷᠭᠠᠯ ᠵᠠᠮ ᠶᠢᠡᠷ ᠳᠤᠰᠤ ᠨᠠᠮᠠᠨ ᠬᠤᠷᠳᠤᠯᠠᠬᠤ ᠳᠤ ᠰᠡᠷᠢᠭᠦᠨ ᠴᠠᠭᠠᠨ ᠵᠢᠪᠠᠷ ᠴᠡᠭᠡᠵᠢ ᠣᠩᠭ᠋ᠣᠢ᠌ᠳᠠᠯ᠎ᠠ ᠦᠨᠦᠰᠤᠨ ᠦᠯᠢᠶᠠᠵᠤ᠂ ᠬᠤᠳᠠ ᠶᠢᠨ ᠣᠳᠤᠭ᠎ᠠ ᠳᠤᠭᠤᠰᠤᠨ ᠳᠤ ᠬᠤᠷᠢᠭᠳᠠᠭᠠᠤᠨ ᠣᠳᠠᠭᠰᠠᠨ ᠪᠠᠶ᠎ᠠ ᠰᠡᠳᠭᠢᠯ ᠳᠡᠨᠡᠢ᠌ᠭᠦ ᠰᠢᠭ᠌ ᠪᠣᠯᠤᠨ᠎ᠡ᠃ ᠴᠠᠭ ᠭᠠᠷᠤᠢ ᠳᠠᠪᠭᠢᠭᠠᠤᠨ ᠭᠦᠳᠡᠭᠡ ᠴᠠᠭᠢᠯᠳᠠᠭ ᠤᠨ ᠪᠠᠷ᠎ᠠ ᠠᠪᠣᠯ᠎ᠠ᠃ ᠮᠤᠷᠢᠨ ᠤ ᠣᠶᠠᠭ᠎ᠠ᠂ ᠳᠤᠭᠤᠯ ᠤᠨ ᠵᠠᠯ᠎ᠠ ᠭᠡᠵᠤ ᠢᠯᠭᠠᠯ ᠦᠭᠡᠶ ᠪᠣᠳᠠᠯᠠᠨ ᠣᠷᠭᠤᠭᠰᠠᠨ ᠬᠠᠷ᠎ᠠ ᠨᠤᠭᠤᠭᠠᠨ ᠴᠠᠭᠢᠯᠳᠠᠭ ᠭᠡᠷ ᠤᠨ ᠢᠷᠭᠢ ᠡᠴᠡ ᠴᠠᠭᠠᠷ᠎ᠠ ᠰᠤᠨᠤᠨ ᠦᠷᠭᠦᠯᠵᠢᠯᠡᠵᠤ ᠪᠠᠷᠠᠭᠤᠨ ᠱᠠᠯᠠ ᠶᠢᠨ ᠬᠤᠷᠮᠤᠢ ᠳᠤᠯᠤᠭᠠᠤᠨ ᠪᠣᠴᠠᠨ᠎ᠠ᠃ ᠬᠠᠢ ᠶ‍ᠢᠩ ᠪᠠᠭᠰᠢ ᠳᠡᠷᠭᠡ ᠪᠠᠨ ᠰᠤᠷᠤᠮᠠᠭ ᠡᠷᠴᠢᠯᠡᠭᠦ ᠶᠢᠨ ᠳᠠᠭᠠᠤ 《ᠮᠠᠨᠤᠰ ᠵᠢᠭᠠᠬᠠᠨ ᠣᠷᠣᠢ᠌ᠳᠠᠴᠢᠬᠠᠵᠠᠢ᠃ ᠶᠠᠭ ᠴᠠᠭᠢᠯᠳᠠᠭ ᠤᠨ ᠴᠡᠴᠡᠭ᠌ ᠳᠡᠯᠭᠡᠷᠡᠭᠦ ᠦᠶ᠎ᠡ ᠪᠠᠷ ᠢᠷᠡᠭ᠍ᠰᠡᠨ ᠪᠣᠯ ᠁》 ᠭᠡᠳ ᠰᠠᠨᠠᠭ᠎ᠠ ᠠᠯᠳᠠᠨ᠎ᠠ᠃ ᠮᠤᠩᠭ᠋ᠤᠯ ᠨᠤᠳᠤᠭ ᠭᠡᠭ᠍ᠴᠢ ᠴᠡᠴᠡᠭ᠌ ᠲᠡᠶ ᠴᠡᠴᠡᠭ᠌ ᠦᠭᠡᠶ ᠨᠢᠭᠡᠨ ᠠᠳᠠᠯᠢᠬᠠᠨ ᠨᠢᠳᠤᠨ ᠳᠤ ᠬᠠᠯᠠᠭᠤᠬᠠᠨ ᠳᠤᠰᠳᠠᠭ ᠨᠢ ᠣᠴᠢᠷᠳᠠᠢ᠃ ᠨᠠᠩ ᠴᠤ ᠭᠦᠳᠡᠭᠡ ᠴᠠᠭᠢᠯᠳᠠᠭ ᠲᠤ ᠵᠤᠰᠠᠭ᠎ᠠ ᠠᠢ᠌ᠯ ᠪᠣᠯᠭᠠᠨ ᠭᠠᠳᠠᠨ᠎ᠠ ᠪᠠᠨ ᠠᠳᠤᠭᠤ ᠣᠶᠠᠨ ᠭᠡᠭᠦᠤ ᠰᠠᠭᠠᠭᠠᠤᠨ ᠴᠡᠭᠡ ᠢᠰᠭᠡᠵᠤ᠂ ᠡᠨᠡ ᠨᠤᠳᠤᠭ ᠤᠨ ᠵᠠᠬ᠎ᠠ ᠣᠷᠤᠭᠤ ᠭᠢᠰᠭᠡᠭᠦ ᠲᠡᠶ ᠵᠡᠷᠭᠡ ᠴᠡᠭᠡ ᠠᠢ᠌ᠷᠠᠭ ᠤᠨ ᠱᠠᠩᠳᠠᠭᠤᠨ ᠦᠨᠦᠷ ᠬᠠᠮᠠᠷ ᠳᠤᠰᠤᠯᠠᠭᠠᠤᠨ ᠢᠷᠡᠭᠦ ᠨᠢ ᠶᠠᠭᠠᠭᠢᠭᠰᠠᠨ ᠰᠠᠢ᠌ᠬᠠᠨ ᠭᠡᠵᠤ ᠰᠠᠨᠠᠨ᠎ᠠ᠃ ᠪᠣᠯᠳᠠᠭ ᠶᠤᠮ ᠪᠣᠯ ᠭᠦᠯ ᠳᠠᠯᠪᠢᠬᠤ ᠵᠠᠢ ᠦᠭᠡᠶ ᠦᠷᠭᠦᠯᠵᠢᠯᠡᠭ᠍ᠰᠡᠨ ᠬᠠᠷ᠎ᠠ ᠨᠤᠭᠤᠭᠠᠨ ᠴᠠᠭᠢᠯᠳᠠᠭ ᠳᠡᠭᠡᠷ᠎ᠡ ᠨᠢ ᠭᠦᠯᠪᠠᠷᠢᠨ ᠭᠡᠪᠳᠡᠴᠢᠭᠡᠭᠡᠳ ᠮᠤᠳᠤ ᠪᠠᠷᠢᠭᠠᠤᠨ ᠭᠦᠭᠡᠭᠡᠭ᠍ᠰᠡᠨ ᠴᠤ ᠶᠠᠪᠣᠮᠠᠷ ᠦᠭᠡᠶ ᠡ᠃ ᠭᠡᠯᠡᠪᠠᠯ ᠴᠤ ᠤᠢ᠌ᠷ᠎ᠡ ᠶᠢᠨ ᠵᠢᠯ ᠡᠴᠡ ᠮᠠᠨ ᠤ ᠳᠡᠭᠡᠳᠤ ᠮᠤᠩᠭ᠋ᠤᠯ ᠨᠤᠳᠤᠭ ᠶᠢᠡᠷ ᠣᠯᠠᠮᠵᠢᠯᠠᠯᠳᠤ ᠴᠠᠭᠠᠨ ᠢᠳᠡᠭᠡ ᠭᠢᠭᠦ ᠵᠠᠩᠰᠢᠯ ᠶᠢᠡᠨ ᠳᠠᠭᠢᠨ ᠰᠡᠷᠭᠦᠭᠡᠵᠤ᠂ ᠠᠢ᠌ᠷᠠᠭ ᠵᠠᠢ᠌ᠯᠠᠨ ᠴᠡᠭᠡ ᠢᠰᠭᠡᠭᠦ ᠪᠣᠯᠤᠭᠰᠠᠨ ᠨᠢ ᠴᠤᠬᠤᠮ ᠴᠠᠭ ᠢ ᠳᠠᠨᠢᠭᠰᠠᠨ ᠰᠠᠢ᠌ᠨ ᠣᠴᠢᠷ᠃ ᠡᠯᠳᠡᠪ ᠤᠨ ᠳᠤᠯᠤᠭᠠᠨ ᠬᠤᠯᠢᠴᠠ ᠬᠤᠯᠢᠭᠰᠠᠨ ᠣᠮᠳᠠᠭᠠᠨ ᠢ ᠣᠤᠭᠤᠭᠠᠤᠨ ᠡᠷᠡᠭᠦᠯ ᠪᠠᠶ᠎ᠠ ᠳᠡᠭᠡᠨ ᠡᠪᠡᠳᠴᠢᠨ ᠠᠪᠴᠢᠷᠠᠵᠤ ᠰᠠᠭᠤᠬᠤ ᠶᠢᠨ ᠣᠷᠤᠮ ᠳᠤ ᠦᠪᠡᠷ ᠲᠤ ᠪᠠᠢ᠌ᠳᠠᠭ ᠪᠠᠢ᠌ᠭᠠᠯᠢᠯᠢᠭ ᠠᠷᠢᠭᠤᠨ ᠣᠮᠳᠠᠭᠠᠨ ᠊᠊᠊᠊᠊᠊᠊᠊᠊᠊᠊᠊᠊᠊᠊ ᠴᠡᠭᠡ ᠠᠢ᠌ᠷᠠᠭ ᠶᠢᠡᠨ ᠣᠤᠭᠤᠵᠤ ᠡᠳ᠋ᠯᠡᠪᠠᠯ ᠭᠡᠨ ᠪᠢᠰᠢ ᠭᠡᠭᠦ ᠪᠣᠢ ︕ ᠶᠠᠩᠵᠤ ᠶᠢᠨ ᠮᠠᠭᠤ ᠡᠪᠡᠳᠴᠢᠨ ᠳᠤᠭᠠᠳᠠᠨ ᠮᠦᠩᠭᠦᠨ ᠤ ᠬᠣᠢ᠌ᠨ᠎ᠡ ᠡᠴᠡ ᠨᠢᠳᠤ ᠨᠢ ᠣᠯᠠᠢ᠌ᠭᠰᠠᠨ ᠭᠦᠮᠦᠰ ᠤᠨ ᠥᠢᠯᠡᠳᠦᠭ᠍ᠰᠡᠨ ᠢᠳᠡᠭᠡᠨ ᠣᠮᠳᠠᠭᠠᠨ ᠡᠴᠡ ᠢᠷᠠᠵᠤ ᠪᠠᠢ᠌ᠬᠤ ᠶᠢ ᠡᠷᠳᠡᠭᠡᠨ ᠣᠬᠠᠭᠠᠷᠠᠬᠤ ᠭᠡᠷᠡᠭ᠍ᠳᠡᠢ ᠪᠣᠯᠵᠤ ᠪᠠᠢ᠌ᠨ᠎ᠠ᠃ ᠡᠭᠦᠨ ᠢ ᠪᠢᠳᠠ ᠬᠠᠷ᠎ᠠ ᠣᠬᠠᠭᠠᠨ ᠶᠢᠡᠷ ᠪᠣᠳᠤᠪᠠᠴᠤ ᠪᠣᠳᠤᠭᠠᠤᠨ ᠣᠯᠴᠢᠬᠠᠨ᠎ᠠ᠃ ᠠᠮᠢᠳᠤᠷᠠᠯ ᠰᠠᠢ᠌ᠵᠠᠷᠠᠵᠤ᠂ ᠨᠠᠮᠪᠠ ᠨᠠᠴᠢᠭ ᠤᠨ ᠢᠳᠡᠭᠡᠨ ᠣᠮᠳᠠᠭᠠᠨ ᠭᠠᠷᠴᠤ ᠢᠷᠡᠭ᠍ᠰᠡᠨ ᠡᠴᠡ ᠡᠭᠢᠯᠡᠨ ᠡᠯᠳᠡᠪ ᠮᠠᠭᠤ ᠡᠪᠡᠳᠴᠢᠨ ᠴᠤ ᠳᠠᠭᠠᠯᠳᠤᠨ ᠭᠠᠷᠴᠤ ᠢᠷᠡᠭ᠍ᠰᠡᠨ᠃ ᠥᠩᠭᠡᠷᠡᠭ᠍ᠰᠡᠨ ᠳᠤ ᠰᠥ᠋ ᠳᠠᠷᠠᠭ ᠶᠢᠡᠨ ᠣᠤᠭᠤᠨ ᠮᠢᠬ᠎ᠠ ᠳᠤᠰᠤ ᠪᠠᠨ ᠢᠳᠡᠴᠢᠭᠡᠭᠡᠳ ᠵᠢᠷᠢ᠌ᠵᠤ ᠶᠠᠪᠣᠬᠤ ᠳᠤ ᠵᠥᠩᠳᠡᠭᠡᠨ ᠶᠠᠮᠠᠷ ᠡᠪᠡᠳᠴᠢᠨ ᠪᠣᠯᠤᠭᠠᠤᠨ ᠪᠠᠢ᠌ᠳᠠᠭ ᠪᠠᠢ᠌ᠯ᠎ᠠ ⁈ ᠭᠡᠳᠡᠯ᠎ᠡ ᠦᠨᠦᠳᠤᠷ ᠵᠠᠪ ᠭᠡᠭᠦ ᠳᠤ ᠯᠠ ᠮᠠᠭᠤ ᠡᠪᠡᠳᠴᠢᠨ ᠣᠯᠤᠭᠠᠤᠨ ᠪᠠᠢ᠌ᠳᠠᠭ ᠨᠢ ᠴᠤᠬᠤᠮ ᠶᠠᠭᠤ ᠪᠣᠯᠵᠤ ᠪᠠᠢ᠌ᠨ᠎ᠠ ︖ ᠮᠠᠨᠠᠢ᠌ᠭᠢᠰ ᠨᠠᠭᠠᠨ᠎ᠠ ᠴᠠᠭᠠᠨ᠎ᠠ ᠪᠠᠨ ᠮᠠᠳᠠᠯ ᠦᠭᠡᠶ ᠭᠦᠮᠤᠨ ᠢ ᠳᠠᠭᠠᠭᠠᠤᠨ ᠬᠤᠭᠤᠰᠤᠨ ᠳᠠᠷᠪᠠᠵᠤ ᠰᠠᠭᠤᠬᠤ ᠪᠠᠷ ᠶᠠᠭᠤᠮ᠎ᠠ ᠶᠢᠨ ᠨᠠᠷᠢᠨ ᠣᠴᠢᠷ ᠢ ᠨᠠᠮ ᠰᠠᠭᠤᠭᠠᠤᠨ ᠰᠠᠢ᠌ᠨ ᠳᠤᠩᠭ᠋ᠠᠭᠠᠵᠤ ᠦᠵᠡ ᠳ᠋ᠠ ︕

ᠪᠢᠳᠠ ᠬᠠᠢ ᠶ‍ᠢᠩ ᠪᠠᠭᠰᠢ ᠶᠢᠨ ᠠᠬ᠎ᠠ ᠪᠣᠯᠬᠤ ᠳᠤᠰᠤᠨ ᠳᠤᠰᠬᠤᠨ ᠤ ᠳᠤᠠᠳᠤᠨ ᠠᠬ᠎ᠠ ᠶᠢᠨ ᠭᠠᠳᠠᠰᠤᠨ ᠳᠡᠭᠡᠷ᠎ᠡ ᠭᠠᠠᠵᠤᠭ᠎ᠠ ᠨᠡᠢ᠌ᠯᠡᠭᠦᠯᠤᠨ ᠪᠠᠭᠤᠯ᠎ᠠ᠃ ᠵᠤᠨ ᠤ ᠴᠠᠭ ᠲᠤ ᠮᠠᠯ ᠶᠢᠡᠨ ᠠᠭᠤᠯᠠᠨ ᠳᠤ ᠶᠠᠪᠣᠭᠤᠯᠴᠢᠬᠠᠭᠠᠤᠨ ᠵᠥᠪᠭᠡᠨ ᠰᠠᠭᠠᠯᠢ ᠪᠠᠷ ᠶᠢᠡᠨ ᠪᠠᠢ᠌ᠭ᠎ᠠ ᠠᠬ᠎ᠠ ᠡᠭᠡᠴᠢ ᠬᠤᠶᠠᠷ ᠭᠡᠷ ᠶᠢᠡᠨ ᠭᠢᠯᠠ ᠳᠤᠰᠳᠠᠯ᠎ᠠ ᠴᠡᠪᠠᠷᠯᠡᠴᠢᠭᠡᠭᠡᠳ ᠮᠠᠨᠤᠰ ᠤᠨ ᠢᠷᠡᠭᠦ ᠶᠢ ᠭᠦᠯᠢᠶᠡᠵᠤ ᠪᠠᠢ᠌ᠪᠠ᠃ ᠶᠠᠭᠤ ᠪᠦᠭᠦᠨ ᠨᠢ ᠥᠩᠭᠡ ᠭᠠᠷᠤᠨ ᠭᠢᠯᠠᠯᠵᠠᠭᠠᠤᠨ ᠠᠵᠢᠯᠰᠠᠭ ᠠᠢ᠌ᠯ ᠭᠡᠳᠡᠭ᠌ ᠨᠢ ᠦᠵᠡᠳᠠᠯ᠎ᠠ ᠢᠯᠡᠭᠡᠨ᠃ ᠴᠠᠢ ᠪᠣᠭᠤᠷᠰᠤᠭ ᠶᠢᠡᠨ ᠳᠠᠯᠪᠢᠨ ᠬᠤᠶᠠᠷ ᠭᠠᠷᠯᠠᠨ ᠭᠦᠡᠳᠦᠯᠡᠭᠦ ᠶᠢᠨ ᠬᠠᠵᠠᠭᠤ ᠪᠠᠷ 《ᠠᠮᠠᠷ ᠶᠢᠡᠨ ᠪᠣᠳᠤᠭᠠᠤᠨ ᠡᠨᠡ ᠵᠢᠭᠠᠬᠠᠨ ᠳᠠᠮᠤᠷ ᠭᠡᠷ ᠶᠢᠡᠨ ᠪᠠᠷᠢᠴᠢᠬᠠᠭᠰᠠᠨ ᠴᠢᠨᠢ ᠭᠡᠢ᠌ᠴᠢᠨ ᠬᠠᠷ᠎ᠠ ᠢᠷᠡᠭᠦ ᠳᠤ ᠪᠠᠭᠠᠳᠠᠭᠠᠤᠨ ᠵᠠᠶᠠᠭᠠᠨ ᠳᠠᠭᠠᠨ ᠪᠣᠯᠬᠤ ᠥᠭᠡᠢ》 ᠭᠡᠵᠤ ᠳᠤᠠᠳᠤᠨ ᠠᠬ᠎ᠠ ᠭᠠᠷ ᠶᠢᠡᠨ ᠪᠠᠷᠢᠨ ᠡᠪ ᠥᠭᠡᠢ᠌ᠷᠭᠡᠨ᠎ᠡ᠃ ᠭᠡᠷ ᠲᠤ ᠪᠠᠭᠳᠠᠭᠰᠠᠨ ᠦᠭᠡᠶ ᠭᠡᠳ ᠣᠴᠠᠭᠠᠷᠳᠠᠬᠤ ᠪᠢᠰᠢ᠂ ᠭᠡᠷ ᠪᠠᠭᠠᠳᠠᠯ᠎ᠠ ᠭᠡᠳ ᠵᠤᠪᠠᠳᠠᠭ ᠨᠢ ᠮᠤᠩᠭ᠋ᠤᠯ ᠭᠦᠮᠤᠨ ᠤ ᠭᠡᠢ᠌ᠴᠢᠡᠰᠡᠭ᠌ ᠬᠠᠯᠠᠭᠤᠨ ᠵᠠᠩ᠃ ᠳᠠᠭᠠᠭ᠎ᠠ ᠶᠠᠳᠠᠳᠠᠯ᠎ᠠ ᠢᠳᠡᠭᠡ ᠴᠠᠭ᠎ᠠ᠂ ᠰᠢᠭᠢᠷ ᠵᠢᠮᠢᠰ ᠤᠪᠤᠭᠠᠯᠠᠭᠰᠠᠨ ᠰᠢᠷᠡᠭᠡᠨ ᠤ ᠠᠷᠤ ᠳᠤ ᠵᠠᠪᠢᠯᠠᠵᠤ ᠰᠠᠭᠤᠭᠠᠤᠨ ᠳᠤᠰᠤ ᠦᠷᠤᠮ᠎ᠠ ᠲᠡᠶ ᠴᠠᠢ ᠡᠴᠡ ᠣᠤᠭᠤᠬᠤ ᠳᠤ ᠰᠡᠳᠭᠢᠯ ᠳᠤ ᠨᠢᠭᠡ ᠯᠠ ᠳᠠᠭᠠᠳᠠᠢ᠃ ᠳᠤᠠᠳᠤᠨ ᠠᠬ᠎ᠠ ᠶᠢᠨ ᠭᠡᠷ ᠤᠨ ᠭᠦᠮᠤᠨ ᠪᠠᠢ᠌ᠨ ᠪᠠᠢ᠌ᠨ ᠴᠠᠢ ᠨᠠᠮᠠᠵᠤ᠂ 《ᠢᠳᠠ ᠣᠤᠭᠤ》 ᠭᠡᠳ ᠱᠠᠯᠠᠨ᠎ᠠ᠃ ᠭᠦᠯ ᠮᠠᠭᠤ ᠲᠡᠶ ᠴᠤ ᠭᠡᠷ ᠵᠠᠭᠤᠷ᠎ᠠ ᠶᠢᠨ ᠠᠵᠢᠯ ᠣᠢ᠌ᠯᠠ ᠪᠠᠨ ᠡᠭᠦᠨ ᠳᠡᠭᠦᠨ ᠳᠤ ᠦᠭᠡᠶ ᠠᠮᠵᠢᠭᠤᠯᠤᠭᠠᠤᠨ ᠪᠠᠢ᠌ᠬᠤ ᠳᠤ ᠨᠢ ᠠᠯᠠᠩ ᠪᠣᠯᠤᠮᠠᠷ᠃ ᠢᠷᠡᠭ᠍ᠰᠡᠨ ᠭᠡᠢ᠌ᠴᠢᠨ ᠶᠢᠡᠨ ᠭᠦᠡᠳᠦᠯᠡᠨ᠎ᠡ᠂ ᠭᠡᠷ ᠭᠠᠳᠠᠨᠠᠭᠢ ᠪᠠᠨ ᠠᠬᠣᠢ᠌ᠯᠠᠨ᠎ᠠ᠂ ᠬᠠᠵᠠᠭᠤ ᠪᠠᠷ ᠨᠢ ᠪᠠᠰᠠ ᠰᠠᠭᠠᠯᠢ ᠪᠠᠨ ᠰᠠᠭᠠᠨ᠎ᠠ᠃ ᠥᠨᠡᠭᠡᠷ ᠵᠢᠭᠠᠬᠠᠨ ᠴᠤ ᠨᠠᠮ ᠰᠠᠭᠤᠵᠤ ᠴᠢᠳᠠᠳᠠᠭ ᠦᠭᠡᠶ ᠭᠦᠳᠡᠯᠦᠭᠡᠳ ᠳᠠᠰᠤᠭᠰᠠᠨ ᠠᠵᠢᠯᠴᠢ ᠡᠭᠡᠴᠢ᠃ ᠳᠤᠠᠳᠤᠨ ᠠᠬ᠎ᠠ ᠴᠤ ᠮᠠᠰᠢᠨ ᠮᠤᠲ᠋ᠤᠷ ᠠᠯᠢ ᠶᠢ ᠨᠢ ᠪᠣᠯᠪᠠᠴᠤ ᠰᠠᠢ᠌ᠬᠠᠨ ᠡᠳ᠋ᠯᠡᠴᠢᠭᠡᠳᠡᠭ᠌ ᠰᠢᠨ᠎ᠡ ᠴᠠᠭ ᠤᠨ ᠮᠠᠯᠴᠢᠨ᠃ ᠦᠷ᠎ᠡ ᠬᠡᠦᠬᠡᠳ ᠶᠢᠡᠨ ᠪᠦᠭᠦᠳᠡ ᠶᠢ ᠰᠤᠷᠭᠠᠭᠤᠯᠢ ᠳᠤ ᠶᠠᠪᠣᠭᠤᠯᠳᠠᠭ ᠢ ᠨᠢ ᠰᠤᠷᠭᠠᠭᠤᠯᠢ ᠳᠤ ᠶᠠᠪᠣᠭᠤᠯᠵᠤ᠂ ᠠᠵᠢᠯ ᠣᠯᠭᠤᠳᠠᠭ ᠲᠤ ᠨᠢ ᠠᠵᠢᠯ ᠣᠯᠭᠤᠭᠠᠤᠨ ᠬᠠᠵᠠᠭᠤ ᠳᠠᠭᠠᠨ ᠨᠢᠭᠡ ᠶᠢ ᠨᠢ ᠴᠤ ᠠᠪᠴᠤ ᠰᠠᠭᠤᠭ᠎ᠠ ᠦᠭᠡᠶ᠃ ᠦᠷ᠎ᠡ ᠬᠡᠦᠬᠡᠳ ᠶᠢᠡᠨ ᠪᠠᠶ᠎ᠠ ᠲᠡᠶ ᠪᠠᠨ ᠠᠳᠠᠯᠢ ᠭᠦᠳᠡᠭᠡ ᠭᠡᠭᠡᠷ᠎ᠡ ᠮᠠᠯ ᠤᠨ ᠪᠠᠯᠴᠢᠭᠡᠷ ᠳᠡᠭᠡᠷ᠎ᠡ ᠣᠶᠠᠵᠤ ᠰᠠᠭᠤᠭ᠎ᠠ ᠦᠭᠡᠶ ᠬᠠᠷᠢᠨ ᠡᠷᠳᠡᠮ ᠨᠤᠮ ᠳᠤ ᠰᠤᠷᠭᠠᠨ ᠴᠠᠭ ᠨᠡᠢ᠌ᠭᠡᠮ ᠤᠨ ᠭᠦᠭ᠍ᠵᠢᠯᠳᠡ ᠶᠢ ᠳᠠᠨᠢᠭᠤᠯᠵᠤ᠂ ᠣᠯᠠᠮᠵᠢᠯᠠᠯᠳᠤ ᠮᠠᠯᠵᠢᠯ ᠠᠮᠢᠳᠤᠷᠠᠯ ᠡᠴᠡ ᠥᠮᠨᠦᠭᠡᠨ ᠰᠢᠨ᠎ᠡ ᠠᠮᠢᠳᠤᠷᠠᠬᠤ ᠵᠠᠮ ᠢ ᠡᠷᠢᠯᠭᠢᠯᠡᠨ ᠬᠠᠢ᠌ᠵᠤ ᠪᠠᠢ᠌ᠳᠠᠭ ᠶᠤᠮ ᠪᠠᠢ᠌ᠨ᠎ᠠ᠃ ᠪᠣᠳᠤᠪᠠᠴᠤ ᠮᠠᠯᠴᠢᠨ ᠤ ᠬᠣᠢ᠌ᠴᠢᠰ ᠵᠠᠪᠠᠯ ᠮᠠᠯᠴᠢᠨ ᠪᠣᠯᠳᠠᠭ ᠠᠯᠪᠠ ᠲᠡᠶ ᠴᠤ ᠪᠢᠰᠢ᠂ ᠴᠢᠳᠠᠯ ᠣᠬᠠᠭᠠᠨ ᠭᠦᠷᠳᠡᠭ᠌ ᠪᠣᠯ ᠶᠠᠭᠤ ᠭᠢᠭᠰᠡᠨ ᠴᠤ ᠪᠣᠯᠤᠨ᠎ᠠ ᠡ᠃

ᠭᠡᠷ ᠲᠤ ᠪᠠᠬᠠᠨ ᠬᠠᠯᠠᠭᠤᠨ ᠪᠣᠯᠬᠤ ᠪᠠᠷ ᠣᠷᠤᠢ ᠶᠢᠨ ᠰᠡᠷᠢᠭᠦᠤ ᠣᠷᠤᠭᠤᠯᠤᠭᠠᠤᠨ ᠪᠦᠭᠦᠳᠡᠭᠡᠷ ᠶᠢᠡᠨ ᠭᠠᠷᠴᠤ᠂ ᠭᠡᠷ ᠤᠨ ᠰᠡᠭᠦᠳᠡᠷ ᠲᠤ ᠭᠠᠳᠠᠨ᠎ᠠ ᠰᠠᠭᠤᠵᠠᠭᠠᠭᠠᠤᠨ ᠨᠠᠭᠠᠳᠤᠯ᠎ᠠ᠃ ᠴᠠᠭᠢᠯᠳᠠᠭ᠂ ᠰᠢᠨ᠎ᠡ ᠨᠤᠭᠤᠭᠠᠨ ᠤ ᠦᠨᠦᠷ ᠬᠤᠯᠢᠯᠳᠤᠨ ᠬᠠᠩᠬᠤᠯᠤᠭᠠᠤᠨ ᠭᠡᠭᠡᠷ᠎ᠡ ᠶᠢᠨ ᠴᠠᠭᠠᠨ ᠵᠢᠪᠠᠷ ᠪᠠᠢ᠌ᠨ ᠪᠠᠢ᠌ᠨ ᠰᠠᠪᠢᠯᠵᠠᠳᠠᠯ᠎ᠠ ᠦᠯᠢᠶᠠᠵᠤ᠂ ᠵᠤᠨ ᠤ ᠬᠠᠯᠠᠭᠤᠨ ᠢ ᠮᠠᠷᠳᠠᠭᠤᠯᠤᠨ᠎ᠠ᠃ ᠭᠠᠭᠴᠠ ᠠᠮᠤᠷ ᠵᠠᠶᠠᠭ᠎ᠠ ᠥᠵᠡᠭᠦᠯᠳᠡᠭ᠌ ᠦᠭᠡᠶ ᠭᠤᠪᠢ ᠶᠢᠨ ᠪᠠᠳᠠᠭᠠᠨ᠎ᠠ ᠯᠠ ᠭᠡᠴᠡᠭᠦᠤ᠃ ᠨᠤᠳᠤᠭ ᠤᠨ ᠮᠠᠯᠴᠢᠳ ᠤᠨ ᠭᠡᠯᠡᠭᠦ ᠪᠠᠷ ᠳᠦᠷᠤ ᠵᠠᠰᠠᠭ ᠡᠴᠡ ᠳᠤᠰᠬᠠᠢ ᠠᠷᠭ᠎ᠠ ᠭᠡᠮᠵᠢᠶ᠎ᠡ ᠠᠪᠴᠤ᠂ ᠵᠢᠯ ᠵᠢᠯ ᠨᠢᠰᠭᠡᠯ ᠶᠢᠡᠷ ᠡᠮ ᠡᠨᠡ ᠳᠠᠷᠠ ᠶᠢ ᠰᠠᠴᠤᠳᠠᠭ ᠪᠣᠯᠪᠠᠴᠤ ᠮᠦᠨ ᠳᠤᠰᠠ ᠦᠭᠡᠶ ᠣᠯᠠᠮ ᠭᠠᠯ ᠠᠪᠴᠤ ᠪᠠᠢ᠌ᠨ᠎ᠠ ᠭᠡᠨ᠎ᠡ᠃ ᠠᠷᠭ᠎ᠠ ᠴᠤ ᠦᠭᠡᠶ ᠡ᠂ ᠣᠤᠯ ᠳᠠᠭᠠᠨ ᠲᠡᠩᠴᠡᠬᠦᠷᠢ ᠲᠡᠶ ᠪᠠᠢ᠌ᠭᠰᠠᠨ ᠶᠠᠭᠤᠮᠠᠨ ᠤ ᠲᠡᠩᠴᠡᠬᠦᠷᠢ ᠶᠢ ᠠᠯᠳᠠᠭᠤᠯᠤᠭᠠᠤᠨ ᠳᠠᠯᠪᠢᠴᠢᠬᠠᠬᠤ ᠳᠤ ᠦᠳᠦ ᠰᠢᠪᠠᠵᠢᠨ ᠡᠴᠡ ᠡᠭᠢᠯᠡᠭᠡᠳ ᠭᠠᠯᠵᠠᠭᠤᠷᠠᠳᠠᠭ ᠨᠢ ᠳᠤᠯᠤᠭᠠᠨ ᠵᠦᠪ᠃ ᠢᠯᠠᠭ᠎ᠠ ᠪᠠᠳᠠᠭᠠᠨ᠎ᠠ ᠳᠤ ᠪᠣᠷᠤᠭᠤ ᠭᠡᠭᠦ ᠶᠢᠨ ᠠᠷᠭ᠎ᠠ ᠦᠭᠡᠶ᠃ ᠪᠢᠳᠠ ᠶᠠᠭ ᠳᠡᠰᠭᠦ ᠦᠭᠡᠶ ᠪᠣᠯᠬᠤ ᠳᠠᠭᠠᠨ ᠠᠷᠭᠠᠯ ᠣᠩᠭ᠋ᠤᠳᠬᠠᠨ ᠣᠳᠤᠭ᠎ᠠ ᠳᠠᠯᠪᠢᠵᠤ ᠦᠵᠡᠯ᠎ᠠ᠃ ᠶᠡᠭᠡ ᠣᠢ᠌ᠯᠠᠳᠤᠯ ᠭᠠᠷᠳᠠᠭ ᠶᠠᠩᠵᠤ ᠦᠭᠡᠶ᠃ ᠣᠳᠤ ᠴᠠᠭ ᠤᠨᠢᠯᠠᠭ᠎ᠠ ᠪᠠᠳᠠᠭᠠᠨ᠎ᠠ ᠣᠳᠤᠭᠠᠨ ᠡᠴᠡ ᠴᠤ ᠦᠷᠭᠦᠳᠡᠭ᠌ ᠦᠭᠡᠶ ᠪᠣᠯᠴᠢᠬᠠᠭᠰᠠᠨ ᠪᠢᠯᠠ ᠦᠦ ᠭᠡᠵᠤ ᠨᠠᠳᠠ ᠪᠣᠳᠤᠭᠳᠠᠯ᠎ᠠ᠃ ᠮᠢᠨᠤ ᠪᠠᠭ᠎ᠠ ᠳᠤ ᠢᠯᠠᠭ᠎ᠠ ᠪᠠᠳᠠᠭᠠᠨ᠎ᠠ ᠠᠷᠪᠢᠳᠠᠭᠠᠤᠨ ᠠᠵᠢᠯ ᠣᠢ᠌ᠯᠠ ᠡᠰᠡ ᠭᠢᠯᠭᠡᠭᠦᠯᠡᠷ ᠣᠳᠤᠭ᠎ᠠ ᠭᠠᠷᠭᠠᠪᠠᠯ ᠳᠤᠤᠷ᠎ᠠ ᠪᠠᠨ ᠨᠠᠮᠵᠢᠴᠢᠬᠠᠳᠠᠭ ᠪᠠᠢ᠌ᠭᠰᠠᠨ ᠰᠢᠭ ᠰᠠᠨᠠᠭᠳᠠᠵᠤ ᠪᠠᠢ᠌ᠨ᠎ᠠ᠃

ᠨᠠᠷᠠ ᠨᠢᠭᠤᠬᠤ ᠶᠢᠨ ᠦᠶᠡᠰ ᠶᠢᠡᠷ ᠡᠮᠤᠨ᠎ᠡ ᠠᠢ᠌ᠯ ᠳᠤ ᠢᠷᠡᠭ᠍ᠰᠡᠨ ᠳᠡᠷᠭᠡ ᠲᠡᠶ ᠭᠡᠢ᠌ᠴᠢᠳ ᠨᠢᠭᠡ ᠨᠢᠭᠡ ᠪᠠᠷ ᠬᠠᠷᠢᠵᠤ ᠡᠭᠢᠯᠡᠪᠡ᠃ ᠵᠤᠨ ᠤ ᠰᠡᠯᠡᠭᠦᠤ ᠴᠠᠭ ᠶᠢᠡᠨ ᠦᠵᠡᠨ ᠮᠤᠩᠭ᠋ᠤᠯ ᠭᠡᠷ ᠶᠢᠡᠨ ᠪᠠᠷᠢᠵᠤ᠂ ᠢᠷᠠᠵᠤ ᠵᠤᠭᠠᠴᠠᠬᠤ ᠭᠦᠮᠦᠰ ᠲᠤ ᠮᠤᠩᠭ᠋ᠤᠯ ᠵᠠᠩᠰᠢᠯ ᠶᠤᠰᠤᠨ ᠤ ᠥᠢᠯᠡᠴᠢᠯᠡᠭᠡ ᠬᠠᠩᠭ᠋ᠠᠨ ᠣᠷᠤᠯᠭ᠎ᠠ ᠪᠠᠨ ᠨᠡᠮᠡᠭ᠍ᠳᠡᠭᠦᠯᠵᠤ ᠪᠠᠢ᠌ᠭ᠎ᠠ ᠨᠢ ᠪᠠᠬᠠᠷᠬᠠᠭᠤᠰᠢᠳᠠᠢ᠃ ᠢᠩᠭᠢᠭᠦ ᠴᠤ ᠶᠤᠰᠤᠳᠠᠢ ︕ ᠮᠤᠩᠭ᠋ᠤᠯ ᠨᠤᠳᠤᠭ ᠤᠨ ᠪᠣᠶᠠᠨ ᠶᠢᠡᠨ ᠲᠦᠰᠢᠵᠤ ᠪᠠᠢ᠌ᠭᠰᠠᠨ ᠡᠳᠦᠷ ᠭᠠᠵᠠᠷ ᠣᠷᠤᠨ ᠤ ᠳᠠᠪᠠᠭᠤᠯᠢᠭ ᠶᠢᠡᠨ ᠠᠰᠢᠭᠯᠠᠨ ᠦᠪᠡᠷ ᠢ ᠪᠠᠨ ᠭᠦᠯᠵᠢᠭᠦᠯᠵᠤ ᠠᠪᠬᠤ ᠶᠢ ᠭᠡᠨ ᠴᠤ ᠪᠣᠷᠤᠭᠤᠳᠬᠠᠵᠤ ᠴᠢᠳᠠᠬᠤ ᠦᠭᠡᠶ᠃ ᠬᠠᠷᠢᠨ ᠬᠠᠵᠠᠭᠤ ᠳᠤ ᠪᠠᠢ᠌ᠬᠤ ᠪᠠᠯᠠᠨ ᠶᠠᠭᠤᠮ᠎ᠠ ᠪᠠᠨ ᠨᠡᠭᠡᠭᠡᠵᠤ ᠠᠰᠢᠭᠯᠠᠵᠤ ᠴᠢᠳᠠᠯ ᠦᠭᠡᠶ ᠭᠦᠮᠤᠨ ᠤ ᠭᠠᠷ ᠲᠤ ᠠᠯᠳᠠᠴᠢᠬᠠᠭᠠᠤᠨ ᠦᠪᠡᠷ ᠶᠢᠡᠨ ᠬᠤᠭᠤᠰᠤᠨ ᠬᠤᠴᠤᠷᠪᠠᠯ ᠭᠡᠨ ᠳᠡᠭᠡᠨ ᠭᠤᠮᠤᠳᠠᠬᠤ ᠪᠢᠯᠠ ⁈

ᠣᠤᠭᠤᠭᠰᠠᠨ ᠠᠷᠢᠭᠢ ᠰᠡᠮᠡᠭᠡᠷᠭᠡᠨ ᠳᠤᠯᠤᠭᠠᠢ ᠥᠭᠡᠳᠡ ᠭᠠᠷᠤᠨ ᠰᠡᠳᠭᠢᠯ ᠭᠦᠭ᠍ᠵᠢᠵᠤ ᠡᠭᠢᠯᠡᠭᠦ ᠳᠤ ᠨᠢᠭᠡ ᠨᠢᠭᠡ ᠪᠠᠷ ᠪᠣᠰᠤᠭᠠᠤᠨ ᠳᠠᠭᠤᠯᠠᠵᠠᠭᠠᠵᠤ᠂ ᠨᠠᠢ᠌ᠷ ᠨᠠᠭᠠᠳᠤᠮ ᠡᠭᠦᠰᠭᠡᠨ ᠢᠨᠢᠶᠠᠯᠳᠤᠨ ᠱᠤᠤᠭᠢᠭᠠᠤᠨ ᠳᠤᠠᠳᠤᠨ ᠠᠬ᠎ᠠ ᠶᠢᠨ ᠶᠢᠡᠨ ᠮᠠᠭᠤ ᠳᠠᠮᠤᠷ ᠭᠡᠷ ᠢ ᠡᠷᠭᠦᠵᠤ ᠬᠠᠶᠠᠮᠠᠷ ᠪᠣᠯᠤᠯ᠎ᠠ᠃ ᠬᠠᠢ ᠶ‍ᠢᠩ ᠪᠠᠭᠰᠢ ᠳᠠᠭᠤᠤ ᠳᠠᠭᠤᠯᠠᠬᠤ ᠳᠠᠭᠠᠨ ᠭᠡᠨ ᠶᠢᠡᠷ ᠴᠤ ᠱᠠᠯᠠᠭᠤᠯᠵᠤ ᠭᠡᠯᠡᠭᠦᠯᠳᠡᠭ᠌ ᠦᠭᠡᠶ᠂ ᠭᠡᠨᠡᠳᠲᠡ ᠨᠢᠭᠡ ᠮᠡᠳᠡᠭᠦ ᠳᠤ ᠬᠤᠠᠳᠠᠭ᠎ᠠ ᠪᠠᠨ ᠪᠠᠷᠢᠭᠠᠤᠨ ᠪᠣᠰᠴᠢᠬᠠᠭᠰᠠᠨ ᠳᠠᠭᠤᠯᠠᠵᠤ ᠪᠠᠢ᠌ᠳᠠᠭ᠃ ᠭᠦᠸᠧ ᠰᠢᠨ ᠬᠤᠧᠨ ᠪᠠᠭᠰᠢ ᠪᠠᠷᠤᠭ ᠲᠡᠶ ᠳᠤ ᠳᠠᠭᠤᠯᠠᠬᠤ ᠦᠭᠡᠶ ᠴᠤ ᠥᠭ᠍ᠳᠡᠭᠡ ᠭᠠᠷᠭᠠᠳᠠᠭ ᠤᠨ ᠳᠤᠯᠤᠭᠠᠢ᠂ ᠳᠠᠭᠤ ᠶᠢᠨ ᠥᠩᠭᠡ ᠶᠢ ᠳᠠᠭᠠᠷᠠᠭᠤᠯᠵᠤ ᠪᠣᠢ ᠭᠡᠳ ᠳᠠᠭᠤᠯᠠᠭᠰᠠᠨ ᠨᠢᠭᠡᠨ ᠤ ᠭᠢᠨᠢ ᠭᠡᠳᠡᠰᠤᠨ ᠡᠴᠡ ᠡᠷᠴᠢᠯᠡᠭᠡᠳ ᠠᠪᠣᠨ᠎ᠠ᠃ ᠬᠠᠰᠯᠤᠤ ᠠᠬ᠎ᠠ ᠬᠠᠶᠠ ᠭᠠᠭᠴᠠ ᠨᠠᠭᠠᠳᠤᠮ ᠤᠨ ᠥᠭᠡ ᠭᠡᠯᠡᠴᠢᠭᠡᠭᠡᠳ ᠡᠷᠭᠦᠭ᠍ᠰᠡᠨ ᠠᠷᠢᠭᠢ ᠶᠢ ᠰᠢᠭᠠᠷᠤ ᠦᠭᠡᠶ ᠭᠦᠡᠳᠡᠷᠤᠨ ᠢᠨᠢᠶᠠᠨ ᠰᠠᠭᠤᠨ᠎ᠠ᠃ ᠠᠩᠬ᠎ᠠ ᠣᠳᠠᠭ᠎ᠠ ᠨᠠᠢ᠌ᠷ ᠤᠨ ᠰᠢᠷᠡᠭᠡᠨ ᠳᠡᠭᠡᠷ᠎ᠡ ᠬᠠᠮᠳᠤᠷᠠᠭ᠎ᠠ ᠴᠤ ᠣᠪ ᠵᠢᠪ᠂ ᠱᠤᠮ ᠯᠠᠷᠵᠢᠶ᠎ᠠ ᠦᠭᠡᠶ ᠳᠤᠭᠳᠠᠭᠤᠨ ᠲᠦᠪ ᠭᠦᠮᠤᠨ ᠭᠡᠵᠤ ᠰᠡᠳᠭᠢᠯ ᠡᠴᠡ ᠪᠠᠨ ᠪᠢᠰᠢᠷᠠᠯ᠎ᠠ᠃ ᠰᠢᠶᠤᠤ ᠵᠢᠶᠠᠩ᠂ ᠵᠢᠶᠠᠩ ᠬᠤᠩ᠂ ᠮᠤ ᠯᠠᠨ᠂ ᠰᠠᠷᠠᠨ᠎ᠠ ᠭᠡᠳ ᠪᠦᠷ ᠨᠢᠭᠡ ᠨᠢᠭᠡ ᠪᠠᠨ ᠳᠠᠭᠤᠷᠢᠶᠠᠭᠰᠠᠨ ᠭᠡᠯᠡᠨ ᠳᠡᠭᠡᠨ ᠭᠠᠯ ᠲᠡᠶ ᠠᠮᠢᠳᠠᠰ᠂ ᠭᠡᠯᠡᠭ᠍ᠰᠡᠨ ᠥᠭᠡ ᠶᠢ ᠭᠠᠵᠠᠷ ᠣᠨᠠᠭᠠᠯ ᠦᠭᠡᠶ ᠡᠯᠭᠦᠵᠤ ᠠᠪᠣᠭᠠᠤᠨ ᠭᠡᠳᠡᠷᠭᠦ ᠰᠢᠪᠠᠷᠳᠠᠵᠤ ᠢᠨᠢᠶᠠᠯᠳᠠᠢ ᠴᠤ ᠪᠢᠰᠢ᠂ ᠠᠭᠤᠷᠯᠠᠯᠳᠠᠢ ᠴᠤ ᠪᠢᠰᠢ ᠪᠣᠯᠭᠠᠨ᠎ᠠ᠃ ᠪᠠᠶ᠎ᠠ ᠪᠠᠶᠠᠰ ᠶᠢᠡᠨ ᠳᠠᠨᠢᠨ ᠣᠢ᠌ᠯᠠᠭᠠᠵᠤ᠂ ᠬᠤᠭᠤᠷᠤᠠᠳᠤ ᠪᠠᠨ ᠡᠷᠡᠭᠡ ᠵᠢᠷᠤᠭ᠎ᠠ ᠦᠭᠡᠶ ᠨᠠᠭᠠᠳᠤᠭᠠᠤᠨ ᠳᠠᠰᠤᠭᠰᠠᠨ ᠨᠥᠭᠦᠤᠨ ᠤᠳ ᠪᠠᠰᠠ ᠰᠠᠢ᠌ᠬᠠᠨ ᠡ᠃ ᠥᠩᠭᠡᠷᠡᠭ᠍ᠰᠡᠨ ᠳᠤ ᠮᠠᠨ ᠤ ᠭᠦᠭ᠍ᠰᠢᠳ ᠤᠨ ᠨᠢᠭᠡ ᠪᠠᠨ ᠶᠡᠭᠡ ᠪᠠᠳᠠᠭᠠᠨ᠎ᠠ ᠳᠤᠳᠤᠷ᠎ᠠ ᠨᠢᠴᠦᠭᠦᠨ ᠭᠦᠯᠢᠵᠤ ᠬᠠᠶᠠᠴᠢᠬᠠᠭᠠᠤᠨ ᠶᠠᠪᠣᠬᠤ ᠳᠤ ᠢᠨᠢᠶᠡᠭᠦ ᠡᠴᠡ ᠥᠭᠡᠷ᠎ᠡ ᠶᠢ ᠮᠡᠳᠡᠳᠡᠭ᠌ ᠦᠭᠡᠶ ᠪᠠᠢ᠌ᠭᠰᠠᠨ ᠭᠡᠳᠡᠭ᠌᠃ ᠭᠡᠳᠡᠯ᠎ᠡ ᠣᠳᠤ ᠶᠢᠨ ᠵᠠᠯᠠᠭᠤᠴᠤᠳ ᠨᠠᠭᠠᠳᠴᠤ ᠴᠤ ᠰᠠᠢ᠌ᠨ ᠮᠡᠳᠡᠭᠦ ᠦᠭᠡᠶ᠂ ᠵᠠᠪ ᠭᠡᠭᠦ ᠳᠤ ᠠᠭᠤᠷᠯᠠᠬᠤ ᠪᠠᠨ ᠭᠢᠭᠡᠳ ᠭᠡᠳ ᠨᠠᠰᠤᠳᠠᠢ᠌ᠴᠤᠳ ᠮᠠᠨᠤᠰ ᠢ ᠮᠠᠭᠤ ᠭᠡᠯᠡᠨ ᠱᠤᠭᠯᠠᠨ᠎ᠠ᠃ ᠥᠨᠡᠭᠡᠷ ᠴᠤ ᠨᠠᠰᠤᠳᠠᠢ᠌ᠴᠤᠳ ᠤᠨ ᠪᠠᠭ᠎ᠠ ᠶᠢᠨ ᠦᠶᠡᠰ ᠲᠡᠶ ᠬᠠᠷᠢᠴᠠᠭᠤᠯᠪᠠᠯ ᠣᠳᠤ ᠴᠤᠬᠤᠮ ᠳᠡᠭ᠍ᠷᠢ ᠭᠠᠵᠠᠷ ᠤᠨ ᠵᠦᠷᠢᠶ᠎ᠠ ᠲᠡᠶ ᠪᠣᠯᠤᠭᠠᠤᠨ ᠪᠠᠢ᠌ᠨ᠎ᠠ᠃ ᠡᠭᠦᠨ ᠡᠴᠡ ᠥᠵᠡᠭᠦ ᠳᠤ ᠪᠢᠳᠠᠨ ᠤ ᠰᠡᠳᠭᠢᠯ ᠤᠨ ᠪᠠᠭᠳᠠᠭᠠᠮᠵᠢ ᠪᠠᠭᠠᠰᠤᠨ ᠠᠭᠤᠷ ᠭᠡᠯᠢᠩ ᠠᠬᠠᠳᠠᠵᠤ ᠪᠠᠢ᠌ᠨ᠎ᠠ ᠭᠡᠰᠡᠨ ᠥᠭᠡ᠃ ᠪᠢᠳᠠᠨ ᠤ ᠶᠠᠪᠣᠯᠴᠠᠭ᠎ᠠ ᠣᠢ᠌ᠯᠠᠭᠠᠯᠴᠠᠭ᠎ᠠ ᠯᠠ ᠮᠠᠭᠤᠳᠠᠵᠤ ᠪᠠᠢ ᠯᠠ ᠦᠭᠡᠶ᠂ ᠪᠢᠰᠢ ᠴᠠᠭ ᠨᠢ ᠭᠦᠭ᠍ᠵᠢᠭᠡᠳ ᠪᠠᠢ᠌ᠬᠤ ᠳᠤ ᠶᠠᠭᠠᠭᠢᠭᠠᠤᠨ ᠭᠦᠮᠤᠨ ᠨᠢ ᠭᠦᠮᠤᠨ ᠡᠴᠡ ᠪᠠᠨ ᠭᠠᠷᠤᠭᠠᠤᠨ ᠪᠠᠢ᠌ᠳᠠᠭ ᠪᠢᠯᠠ ⁈ ᠶᠠᠷᠤ ᠨᠢ ᠪᠠᠯᠠᠷᠠᠳᠠᠯ᠎ᠠ ᠣᠤᠭᠤᠨ ᠮᠠᠨᠠᠷᠠᠳᠠᠯ᠎ᠠ ᠠᠭᠠᠰᠢᠯᠠᠵᠤ ᠰᠠᠭᠤᠬᠤ ᠪᠠᠷ ᠳᠡᠭᠡᠳᠦᠰ ᠡᠴᠡ ᠣᠠᠯᠠᠮᠵᠢᠯᠠᠵᠤ ᠢᠷᠡᠭ᠍ᠰᠡᠨ ᠳᠠᠷᠠ ᠰᠠᠢ᠌ᠬᠠᠨ ᠪᠠᠶ᠎ᠠ ᠪᠠᠨ ᠪᠠᠷᠢᠵᠤ᠂ ᠳᠤᠭᠳᠠᠭᠠᠵᠤ᠂ ᠡᠵᠡᠮᠳᠡᠵᠤ ᠴᠢᠳᠠᠳᠠᠭ ᠵᠠᠩ ᠠᠷᠠᠠᠰᠢᠨ ᠢ ᠰᠤᠷᠤᠯᠴᠠᠭᠤᠰᠢᠳᠠᠢ᠃ ᠪᠢᠳᠠ ᠣᠷᠤᠢ ᠪᠣᠯᠳᠠᠯ᠎ᠠ ᠨᠠᠭᠠᠳᠴᠤ ᠨᠠᠷᠭᠢᠨ ᠰᠠᠭᠤᠭᠰᠠᠨ ᠴᠤ ᠰᠤᠭᠳᠤᠭᠰᠠᠨ ᠭᠦᠮᠤᠨ ᠦᠭᠡᠶ᠂ ᠣᠠᠳᠠᠬᠤ ᠪᠣᠯᠬᠤ ᠳᠤ ᠪᠦᠭᠦᠳᠡ ᠡᠷᠡᠭᠦᠯ ᠭᠡᠪ ᠶᠢᠡᠷ ᠪᠠᠢ᠌ᠯ᠎ᠠ᠃ 《ᠨᠠᠢ᠌ᠷ ᠤᠨ ᠶᠡᠭᠡ ᠨᠢ ᠰᠠᠢ᠌ᠨ᠂ ᠨᠠᠩᠴᠢᠳ ᠤᠨ ᠪᠠᠭ᠎ᠠ ᠨᠢ ᠰᠠᠢ᠌ᠨ》 ᠭᠡᠵᠤ ᠭᠡᠯᠡᠭ᠍ᠰᠡᠨ ᠬᠠᠭᠤᠴᠢᠨ ᠤ ᠥᠭᠡ ᠵᠥᠭᠡᠷ ᠨᠢᠭᠡ ᠥᠭᠡ ᠯᠠᠪ ᠪᠢᠰᠢ ᠳ᠋ᠠ ︕

ᠮᠠᠷᠭᠠᠰᠢ ᠨᠢ ᠳᠤᠰᠤᠨ ᠨᠠᠭᠤᠷ ᠤᠨ ᠭᠦᠪᠠᠭᠡᠨ ᠳᠤ ᠳᠤᠭᠯᠠᠵᠠᠭᠠᠬᠤ ᠪᠠᠷ ᠦᠷᠯᠦᠭᠡ ᠶᠢᠨ ᠰᠡᠷᠢᠭᠦᠨ ᠳᠡᠭᠡᠷ᠎ᠡ ᠭᠦᠳᠡᠯᠦᠯ᠎ᠡ᠃ ᠬᠠᠮᠢᠭᠠᠰᠢ ᠪᠠᠨ ᠬᠠᠷᠠᠪᠠᠴᠤ ᠬᠠᠷ᠎ᠠ ᠨᠤᠭᠤᠭᠠᠨ ᠴᠠᠭᠢᠯᠳᠠᠭ ᠬᠠᠷᠠᠭ᠎ᠠ ᠳᠠᠯᠠᠨ ᠦᠷᠭᠦᠯᠵᠢᠯᠡᠭᠡᠳ ᠰᠡᠳᠭᠢᠯ ᠤᠨ ᠶᠤᠩᠬᠤᠷ ᠡᠴᠡ ᠣᠭᠵᠢᠷᠠᠭᠠᠤᠨ ᠠᠪᠣᠨ᠎ᠠ᠃ ᠪᠢᠳᠠ ᠵᠠᠮ ᠳᠠᠭᠠᠨ ᠪᠠᠷᠠᠭᠤᠨ ᠱᠠᠯᠠ ᠶᠢᠨ ᠬᠤᠷᠮᠤᠢ ᠳᠡᠭᠡᠷ᠎ᠡ ᠪᠠᠢ᠌ᠷᠢᠯᠠᠭ᠎ᠠ ᠴᠤᠠᠵᠢ ᠶᠢ ᠰᠤᠨᠢᠷᠬᠠᠨ ᠭᠠᠢ᠌ᠬᠠᠪᠠ᠃ ᠣᠯᠠᠨ ᠵᠢᠯ ᠤᠨ ᠰᠠᠯᠭᠢ ᠪᠣᠷᠤᠭᠠᠨ ᠳ᠋ᠤ ᠢᠳᠡᠭ᠍ᠳᠡᠭᠡ ᠴᠤ ᠪᠠᠷᠤᠭ ᠪᠦᠳᠤᠨ ᠶᠢᠡᠷ ᠶᠢᠡᠨ ᠭᠡᠯᠳᠡᠢ ᠪᠠᠢ᠌ᠭ᠎ᠠ ᠰᠢᠪᠠᠷ ᠴᠤᠠᠵᠢ᠂ ᠴᠠᠭ ᠦᠶ᠎ᠡ ᠶᠢᠨ ᠳᠠᠮᠠᠭ᠎ᠠ ᠪᠣᠯᠤᠨ ᠭᠤᠪᠢ ᠶᠢᠨ ᠳᠤᠰᠤᠨ ᠭᠦᠷᠦᠰᠤᠨ ᠳᠡᠭᠡᠷ᠎ᠡ ᠬᠤᠯᠠ ᠡᠴᠡ ᠴᠠᠢ᠌ᠯᠵᠠᠭᠠᠤᠨ ᠳᠡᠦᠭᠡ ᠶᠢᠨ ᠦᠨᠡᠨ ᠢ ᠭᠦᠮᠦᠰ ᠲᠤ ᠰᠢᠪᠠᠨᠡᠭᠦ ᠮᠠᠳᠤ᠃ ᠭᠦᠷᠦᠰᠤᠨ ᠳᠡᠭᠡᠨ ᠳᠤᠰᠤᠳᠠᠢ ᠮᠤᠩᠭ᠋ᠤᠯ ᠨᠤᠳᠤᠭ ᠤᠨ ᠠᠮᠢᠳᠤ ᠬᠠᠷᠠᠭᠤᠯ ᠡᠨᠡ ᠰᠢᠪᠠᠷ ᠴᠤᠠᠵᠢ ᠶᠤᠮ ᠰᠢᠭ ᠨᠠᠳᠠ ᠪᠣᠳᠤᠭᠳᠠᠯ᠎ᠠ᠃

ᠭᠦᠳᠡᠭᠡ ᠶᠢᠨ ᠪᠣᠷᠤ ᠵᠠᠮ ᠶᠢᠡᠷ ᠴᠠᠭ ᠭᠠᠷᠤᠢ ᠳᠠᠪᠭᠢᠭᠠᠤᠨ ᠳᠤᠰᠤᠨ ᠨᠠᠭᠤᠷ ᠤᠨ ᠭᠦᠪᠠᠭᠡᠨ ᠳᠤ ᠭᠦᠷᠪᠡ᠃ ᠳᠡᠭ᠍ᠷᠢ ᠪᠠᠨ ᠰᠢᠷᠳᠠᠨ ᠨᠠᠮᠤᠭᠤᠬᠠᠨ ᠳᠤᠨᠤᠷᠠᠭᠰᠠᠨ ᠭᠠᠵᠠᠷ ᠤᠨ ᠳᠤᠩᠭ᠋ᠠᠯᠠᠭ ᠮᠠᠯᠮᠠᠢ ᠊᠊᠊᠊᠊᠊᠊᠊᠊᠊᠊᠊᠊᠊᠊ ᠳᠤᠰᠤᠨ ᠨᠠᠭᠤᠷ ᠡᠵᠢ ᠶᠢᠨ ᠵᠥᠭᠡᠯᠡᠨ ᠬᠠᠷᠠᠴᠠ ᠪᠠᠷ ᠳᠤᠰᠤᠨ ᠣᠭᠳᠤᠯ᠎ᠠ᠃ ᠨᠠᠭᠤᠷ ᠤᠨ ᠣᠰᠤᠨ ᠳᠤᠳᠤᠷ᠎ᠠ ᠥᠵᠡᠭ᠍ᠳᠡᠭᠡ ᠭᠦᠭᠡᠷᠦᠭᠦᠨ ᠴᠢᠯᠠᠭᠤᠳ ᠡᠴᠡ ᠠᠪᠤᠨ ᠵᠠᠷᠠᠭ ᠤᠨ ᠢᠷᠤᠭᠠᠷ ᠲᠤ ᠪᠠᠨ ᠳᠠᠯᠪᠢᠴᠢᠬᠠᠪᠠᠯ ᠳᠤᠰᠤᠨ ᠰᠠᠢ᠌ᠨ ᠣᠨᠠᠳᠠᠭ ᠭᠡᠵᠤ ᠨᠤᠳᠤᠭ ᠤᠨ ᠮᠠᠯᠴᠢᠳ ᠪᠠᠯᠭᠡᠰᠢᠶᠡᠨ᠎ᠡ᠃ ᠡᠢ᠌ᠮᠦᠷᠭᠦ ᠠᠰᠢᠳᠠ ᠶᠢᠨ ᠢᠷᠦᠭᠡᠯ᠂ ᠠᠮᠠᠨ ᠪᠠᠯᠭᠡᠳᠡᠯ ᠡᠴᠡ ᠪᠠᠨ ᠪᠣᠯᠤᠭᠠᠤᠨ ᠡᠨᠡ ᠨᠠᠭᠤᠷ ᠲᠤ ᠪᠠᠨ ᠳᠤᠰᠤᠨ ᠨᠠᠭᠤᠷ ᠭᠡᠮᠡᠭᠦ ᠭᠤᠶᠤ ᠨᠠᠷ᠎ᠠ ᠬᠠᠢ᠌ᠷᠠᠯᠠᠵᠠᠢ᠃ ᠮᠤᠩᠭ᠋ᠤᠯᠴᠤᠳ ᠤᠨ ᠨᠤᠳᠤᠭ ᠣᠰᠤᠨ ᠳᠠᠭᠠᠨ ᠬᠠᠢ᠌ᠷᠠᠯᠠᠭᠰᠠᠨ ᠭᠠᠭᠴᠠᠬᠠᠨ ᠨᠠᠷ᠎ᠠ ᠡᠴᠡ ᠡᠭᠡ ᠪᠠᠢ᠌ᠭᠠᠯᠢ ᠪᠠᠨ ᠭᠢᠷᠢ ᠵᠡᠷᠭᠡ ᠰᠢᠳᠤᠨ ᠪᠢᠰᠢᠷᠡᠳᠡᠭ᠌ ᠭᠡᠰᠡᠨ ᠢ ᠦᠵᠡᠨ ᠭᠠᠷᠴᠤ ᠪᠣᠯᠬᠤ ᠶᠤᠮ᠃ ᠨᠤᠳᠤᠭ ᠪᠠᠢ᠌ᠭᠠᠯᠢ ᠪᠠᠨ ᠡᠪᠳᠡᠯᠡᠭᠦ ᠪᠢᠰᠢ ᠡᠪᠯᠡᠭᠦ ᠭᠡᠳᠡᠭ᠌ ᠪᠣᠷᠬᠠᠨ ᠰᠡᠳᠭᠢᠯ᠂ ᠮᠤᠩᠭ᠋ᠤᠯᠴᠤᠳ ᠤᠨ ᠶᠠᠰᠤ ᠴᠢᠮᠦᠭᠡᠨ ᠳᠤ ᠣᠷᠤᠳᠠᠯ᠎ᠠ ᠨᠡᠪᠴᠢᠭ᠍ᠰᠡᠨ ᠵᠢᠷᠦᠭᠡᠨ ᠳᠠᠮᠢᠷ ︕ ᠠᠪᠠᠬᠠᠢ ᠳᠤᠯᠤᠭᠠᠢ᠂ ᠳᠠᠷᠠᠰᠤᠳᠤ᠂ ᠴᠠᠭᠠᠨ ᠣᠪᠣᠭ᠎ᠠ᠂ ᠯᠠᠳᠠᠭ ᠤᠨ ᠳᠠᠷᠢᠶᠠᠯᠠᠩ᠂ ᠠᠭᠤᠰᠭᠢ ᠣᠪᠣᠭ᠎ᠠ ᠭᠡᠳ ᠣᠯᠠᠨ ᠰᠠᠢ᠌ᠬᠠᠨ ᠠᠮᠢᠳᠤ ᠨᠠᠷᠠᠰ ᠰᠤᠨᠤᠷ ᠥᠨᠦᠰᠦᠭᠡᠳ ᠰᠡᠳᠭᠢᠯ ᠳᠤ ᠨᠢᠭᠡ ᠯᠠ ᠬᠠᠯᠠᠭᠤᠬᠠᠨ᠃ ᠮᠠᠨᠤᠰ ᠨᠠᠭᠤᠷ ᠤᠨ ᠭᠦᠪᠠᠭᠡᠨ ᠳᠤ ᠬᠠᠨᠤᠳᠠᠯ᠎ᠠ ᠳᠤᠭᠯᠠᠵᠤ᠂ ᠬᠠᠷᠢ ᠭᠠᠷᠠᠭ ᠤᠨ ᠭᠦᠮᠦᠰ ᠤᠨ ᠪᠠᠭᠤᠷᠢ ᠶᠢ ᠰᠤᠨᠢᠷᠬᠠᠨ ᠭᠠᠢ᠌ᠬᠠᠭᠠᠤᠨ ᠡᠷᠡᠭ᠍ᠳᠡᠢ᠌ᠴᠦᠳ ᠴᠠᠭᠠᠨ ᠣᠪᠣᠭ᠎ᠠ ᠳᠤ ᠭᠦᠷᠴᠤ ᠮᠦᠷᠭᠦᠨ ᠡᠷ᠎ᠡ ᠶᠢᠨ ᠭᠡᠢ᠌ᠮᠦᠷᠢ ᠪᠠᠨ ᠰᠡᠷᠭᠦᠭᠡᠪᠡ᠃ ᠴᠠᠭᠠᠨ ᠣᠪᠣᠭ᠎ᠠ ᠳᠡᠭᠡᠷ᠎ᠡ ᠭᠠᠷᠤᠭᠠᠤᠨ ᠳᠤᠰᠤᠨ ᠨᠠᠭᠤᠷ ᠢ ᠪᠠᠷᠠᠯᠠᠬᠤ ᠳᠤ ᠶᠠᠭ ᠨᠢᠰᠴᠤ ᠶᠠᠪᠣᠭ᠎ᠠ ᠡᠷᠪᠠᠭᠡᠢ ᠶᠢᠨ ᠭᠡᠯᠪᠠᠷᠢ ᠲᠡᠶ᠃ ᠨᠠᠭᠤᠷ ᠤᠨ ᠭᠦᠢᠰᠤᠨ ᠲ᠋ᠦᠮᠳᠡ ᠬᠣᠢ᠌ᠨ᠎ᠡ ᠡᠴᠡ ᠡᠮᠦᠷ᠎ᠡ ᠪᠠᠨ ᠰᠤᠨᠤᠭᠰᠠᠨ ᠵᠢᠵᠢᠭ᠌ ᠠᠷᠠᠯ ᠲᠡᠶ ᠪᠦᠭᠡᠳ ᠳᠡᠭᠡᠷ᠎ᠡ ᠨᠢ ᠵᠠᠭ᠂ ᠣᠷᠭᠤᠮᠠᠯ ᠠᠷᠪᠢᠨ ᠪᠠᠢ᠌ᠳᠠᠭ ᠭᠡᠨ᠎ᠡ᠃ ᠡᠪᠦᠯ ᠮᠦᠰᠤᠨ ᠳᠡᠭᠡᠭᠦᠷ ᠨᠢ ᠳᠡᠮᠡᠭᠡ ᠪᠠᠷ ᠭᠦᠷᠦᠭᠡᠳ ᠲᠦᠯᠡᠭᠡ ᠳᠡᠭᠦᠭᠦ ᠳᠤ ᠦᠬᠡᠷ᠎ᠠ ᠭᠦᠭᠡ ᠵᠠᠭ ᠭᠦᠰᠭᠡᠷᠡᠴᠢᠭᠡᠭ᠍ᠰᠡᠨ ᠪᠠᠢ᠌ᠳᠠᠭ ᠭᠡᠵᠤ ᠳᠤᠠᠳᠤᠨ ᠠᠬ᠎ᠠ ᠣᠮᠤᠷᠬᠠᠨ᠎ᠠ᠃ ᠳᠤᠰᠤᠨ ᠨᠠᠭᠤᠷ ᠪᠣᠯᠤᠨ ᠭᠦᠷᠯᠦᠭ᠌ ᠨᠠᠭᠤᠷ ᠬᠤᠭᠤᠷᠤᠠᠳᠤ ᠪᠠᠨ ᠵᠠᠯᠭᠠᠯᠳᠤᠵᠤ ᠪᠠᠢ᠌ᠪᠠᠴᠤ ᠨᠢᠭᠡ ᠨᠢ ᠱᠤᠷᠪᠣᠭ᠂ ᠨᠥᠭᠦᠭᠡ ᠨᠢ ᠴᠡᠩᠭᠡᠭ᠌ ᠪᠠᠢ᠌ᠳᠠᠭ ᠲᠤ ᠯᠠ ᠭᠠᠢ᠌ᠬᠠᠭᠠᠤᠨ ᠪᠠᠷᠠᠰᠢ ᠦᠭᠡᠶ᠃ ᠶᠠᠷᠤ ᠨᠢ ᠡᠭᠡ ᠪᠠᠢ᠌ᠭᠠᠯᠢ ᠡᠴᠡ ᠨᠡᠭᠦᠳᠡᠯᠴᠢᠳ ᠲᠤ ᠭᠦᠷᠭᠡᠭ᠍ᠰᠡᠨ ᠬᠤᠤᠰ ᠠᠶᠠᠭ᠎ᠠ ᠴᠡᠭᠡ᠂ ᠠᠢ᠌ᠷᠠᠭ ᠪᠢᠯᠠ ᠦᠦ ᠭᠡᠮᠡᠷ ︕ ᠨᠤᠳᠤᠭ ᠪᠠᠢ᠌ᠭᠠᠯᠢ ᠶᠢᠨ ᠳᠤᠬᠠᠢ ᠣᠯᠠᠨ ᠶᠠᠭᠤᠮ᠎ᠠ ᠵᠤᠭᠤᠭᠳᠠᠨ ᠴᠠᠭᠠᠨ ᠣᠪᠣᠭ᠎ᠠ ᠳᠡᠭᠡᠷ᠎ᠡ ᠣᠳᠠᠭᠠᠨ ᠰᠠᠭᠤᠯ᠎ᠠ᠃ ᠪᠦᠭᠦᠨ ᠤ ᠰᠠᠨᠠᠭ᠎ᠠ ᠭᠡᠯᠡ᠂ ᠰᠤᠶᠤᠯ᠂ ᠨᠤᠳᠤᠭ ᠭᠡᠮᠡᠭᠦ ᠭᠠᠭᠴᠠᠬᠠᠨ ᠴᠡᠭ᠌ ᠳᠡᠭᠡᠷ᠎ᠡ ᠳᠦᠪᠯᠡᠷᠡᠭᠡᠳ ᠢᠷᠡᠳᠡᠭ᠌ ᠲᠤ ᠣᠶᠠᠷᠠᠮᠠᠷ ᠡ ︕

ᠦᠳᠡ ᠭᠢᠯᠪᠠᠢ᠌ᠬᠤ ᠦᠶ᠎ᠡ ᠪᠠᠷ ᠪᠢᠳᠠ ᠭᠡᠳᠡᠷᠭᠦ ᠪᠣᠴᠠᠯ᠎ᠠ᠃ ᠨᠠᠭᠤᠷ ᠤᠨ ᠭᠦᠪᠠᠭᠡᠨ ᠳᠤ ᠣᠤᠭᠤᠵᠤ ᠢᠳᠡᠭ᠍ᠰᠡᠨ ᠢᠳᠡᠭᠡᠨ ᠣᠮᠳᠠᠭᠠᠨ ᠤ ᠰᠠᠪᠠ ᠡᠨᠡ ᠳᠠᠷᠠ ᠶᠢ ᠴᠠᠪᠠᠷᠯᠠᠨ ᠠᠪᠴᠤ ᠶᠠᠪᠣᠭᠠᠤᠨ ᠵᠠᠮ ᠳᠤ ᠪᠠᠨ ᠭᠡᠭᠡᠷ᠎ᠡ ᠲᠦᠯᠠᠵᠤ ᠣᠷᠭᠢᠪᠠ᠃ ᠳᠤᠰᠤᠨ ᠨᠠᠭᠤᠷ ᠣᠳᠤ ᠳᠠᠭᠠᠨ ᠪᠠᠢ᠌ᠭᠠᠯᠢᠯᠢᠭ ᠣᠩᠭ᠋ᠤᠨ ᠶᠠᠩᠵᠳ ᠳᠠᠭᠠᠨ ᠪᠠᠢ᠌ᠬᠤ ᠨᠢ ᠮᠢᠨᠤ ᠰᠡᠳᠭᠢᠯ ᠢ ᠠᠮᠤᠷᠵᠢᠭᠤᠯᠤᠯ᠎ᠠ᠃ ᠪᠠᠢ᠌ᠭᠠᠯᠢ ᠶᠢᠨ ᠶᠠᠭᠤᠮ᠎ᠠ ᠭᠡᠵᠢᠶᠡᠳᠡ ᠪᠠᠢ᠌ᠭᠠᠯᠢᠯᠢᠭ ᠣᠩᠭ᠋ᠤᠨ ᠳᠦᠷᠭᠦ ᠪᠠᠷ ᠶᠢᠡᠨ ᠪᠠᠢ᠌ᠪᠠᠯ ᠰᠠ‍‌ᠶᠢ ᠭᠦᠮᠦᠰ ᠤᠨ ᠨᠢᠳᠤᠨ ᠳᠤ ᠳᠤᠯᠠᠭᠠᠬᠠᠨ ᠳᠤᠰᠳᠠᠭ ᠡ᠃ ᠪᠠᠢ᠌ᠭᠠᠯᠢ ᠡᠭᠡ ᠶᠢᠨ ᠪᠦᠳᠦᠭᠡᠭ᠍ᠰᠡᠨ ᠣᠤᠯ ᠳᠦᠷᠭᠦ ᠶᠢ ᠨᠢ ᠵᠠᠰᠠᠵᠤ ᠪᠣᠢ ᠭᠡᠳ ᠦᠷᠡᠭᠡᠭᠦ ᠶᠢᠨ ᠣᠷᠤᠮ ᠳᠤ ᠨᠠᠮ ᠣᠷᠭᠢᠭᠰᠠᠨ ᠨᠢ ᠳᠡᠭᠡᠷ᠎ᠡ ᠳ᠋ᠠ ︕ ᠦᠨᠦᠳᠤᠷ ᠮᠢᠨᠤ ᠨᠤᠳᠤᠭ ᠤᠨ ᠨᠢᠳᠤ ᠴᠢᠮᠡᠭ᠌ ᠪᠣᠯᠤᠭᠰᠠᠨ ᠠᠯᠳᠠᠨ ᠪᠣᠯᠠᠭ ᠢ ᠨᠡᠭᠡᠭᠡᠨ ᠠᠰᠢᠭᠯᠠᠬᠤ ᠪᠠᠷ ᠪᠣᠢ ᠭᠡᠳ ᠨᠢᠭᠡ ᠭᠡᠰᠡᠭ᠌ ᠭᠦᠮᠦᠰ ᠬᠤᠭᠤᠰᠤᠨ ᠭᠡᠢ᠌ᠷᠭᠡᠨ ᠳᠠᠷᠪᠠᠵᠤ ᠪᠣᠢ᠃ ᠠᠯᠳᠠᠨ ᠪᠣᠯᠠᠭ ᠢ ᠳᠤᠷ᠎ᠠ ᠳᠠᠪᠠ ᠪᠠᠷ ᠶᠢᠡᠨ ᠭᠦᠡᠳᠡᠵᠤ ᠪᠣᠯᠳᠠᠭ ᠦᠭᠡᠶ ᠳᠤᠭᠰᠢᠨ ᠭᠠᠵᠠᠷ ᠭᠡᠳᠡᠭ᠌ ᠢ ᠡ᠊ᠨᠳᠡ ᠰᠠᠨᠠᠭᠤᠯᠤᠮᠠᠷ ᠪᠠᠢ᠌ᠨ᠎ᠠ᠃ ᠪᠦᠤ ᠯᠠ ᠵᠥᠪᠭᠡᠨ ᠵᠤᠭᠤᠰᠤᠨ ᠤ ᠬᠣᠢ᠌ᠨ᠎ᠡ ᠡᠴᠡ ᠨᠢᠳᠤ ᠣᠯᠠᠢ᠌ᠭᠰᠠᠭᠠᠷ ᠪᠠᠢ᠌ᠭᠠᠤᠨ ᠨᠤᠳᠤᠭ ᠤᠨ ᠮᠠᠯᠴᠢᠳ ᠤᠨ ᠵᠢᠷᠦᠭᠡᠨ ᠰᠢᠳᠦᠭᠡᠨ ᠪᠣᠯᠤᠭᠰᠠᠨ ᠠᠯᠳᠠᠨ ᠪᠣᠯᠠᠭ ᠢ ᠮᠢᠨᠢ ᠪᠠᠭᠠᠰᠤ ᠰᠢᠭᠡᠰᠤ ᠪᠠᠷ ᠳᠦᠭᠦᠷᠭᠡᠨ ᠭᠢᠯᠢᠩᠨᠡᠭᠦᠯᠦᠭ᠍ᠰᠡᠭᠡᠷ ᠪᠠᠢ᠌ᠭᠠᠤᠨ ᠰᠢᠷᠭᠢᠭᠡᠳ ᠬᠠᠳᠠᠭᠠᠴᠢᠬ᠎ᠠ ︕ ᠠᠯᠳᠠ ᠶᠢ ᠨᠢ ᠠᠪᠣᠭᠠᠤᠨ ᠠᠪᠳᠠᠷ᠎ᠠ ᠶᠢ ᠨᠢ ᠭᠡᠭ᠍ᠴᠢ ᠪᠠᠷ ᠠᠯᠳᠠ ᠶᠢ ᠨᠢ ᠠᠪᠣᠪᠠᠯ ᠠᠪᠳᠠᠷ᠎ᠠ ᠶᠢ ᠨᠢ ᠪᠠᠰᠠ ᠬᠠᠢ᠌ᠷᠠᠯᠠᠵᠤ ᠬᠠᠮᠠᠭᠠᠯᠠᠬᠤ ᠪᠠᠨ ᠮᠠᠳᠠ ︕

ᠭᠦᠳᠡᠭᠡ ᠴᠠᠭᠢᠯᠳᠠᠭ ᠡᠴᠡ ᠠᠶᠠᠷᠯᠠᠬᠤ ᠪᠣᠯᠬᠤ ᠳᠤ ᠳᠤᠠᠳᠤᠨ ᠠᠬ᠎ᠠ᠂ ᠡᠭᠡᠴᠢ ᠬᠤᠶᠠᠷ ᠶᠠᠭᠠᠷᠠᠵᠤ ᠪᠣᠳᠤᠯᠢᠨ ᠪᠠᠯᠡᠭ᠌ ᠬᠠᠳᠠᠭ ᠶᠢᠡᠨ ᠡᠷᠭᠦᠭᠡᠳ ᠭᠦᠯ ᠪᠣᠯᠪᠠ᠃ ᠵᠢᠭᠠᠬᠠᠨ ᠳᠤᠰᠤ ᠪᠠᠢ᠌ᠭᠰᠠᠨ ᠶᠢᠡᠨ ᠰᠠᠶ‍ᠢᠬᠠᠨ ᠪᠣᠭᠤᠴᠢᠬᠠᠭᠰᠠᠨ ᠪᠠᠢ᠌ᠯ᠎ᠠ ᠭᠡᠳ ᠡᠭᠡᠴᠢ ᠡᠪ ᠥᠭᠡᠢ᠌ᠷᠭᠡᠵᠤ᠂ ᠠᠢ᠌ᠯ ᠪᠣᠯᠭᠠᠨ ᠳᠤ ᠰᠢᠨ᠎ᠡ ᠥᠭᠡᠷ ᠤᠨ ᠴᠦᠷᠮ᠎ᠠ ᠳᠠᠰᠤᠯᠤᠨ ᠦᠭ‍ᠭᠦᠯ᠎ᠡ᠃ ᠥᠡᠵᠢᠭᠦᠳᠡ ᠬᠤᠨᠤᠭᠤᠳᠠ ᠰᠠᠭᠤᠵᠤ ᠪᠠᠢ᠌ᠭᠠᠤᠨ ᠢᠳᠡᠭ᠍ᠰᠡᠨ ᠣᠤᠭᠤᠭᠰᠠᠨ ᠢ ᠭᠡᠯᠡᠭᠦ ᠦᠭᠡᠶ ᠭᠡᠳᠡᠷᠭᠦ ᠬᠠᠷᠢᠨ ᠦᠭ‍ᠭᠦ ᠶᠠᠭᠤᠮ᠎ᠠ ᠪᠠᠨ ᠣᠯᠬᠤ ᠦᠭᠡᠶ ᠭᠠᠴᠢᠭᠳᠠᠨ ᠪᠠᠢ᠌ᠭ᠎ᠠ ᠳᠤ ᠥᠨᠡᠭᠡᠷ ᠰᠡᠳᠭᠢᠯ ᠭᠦᠳᠡᠯᠤᠨ᠎ᠡ᠃ ᠭᠦᠮᠤᠨ ᠤ ᠪᠠᠢ᠌ᠭᠰᠠᠨ ᠢ ᠠᠯᠳᠠᠭᠤᠯᠴᠢᠬᠠᠬᠤ ᠭᠡᠳ ᠵᠤᠪᠠᠭᠠᠬᠤ ᠪᠢᠰᠢ ᠭᠦᠮᠤᠨ ᠳᠤ ᠪᠠᠢ᠌ᠭᠰᠠᠨ ᠶᠢᠡᠨ ᠥᠭ᠍ᠴᠢᠭᠦ ᠭᠡᠳ ᠢᠴᠢᠭᠡᠳᠡᠭ᠌ ᠥᠭ᠍ᠭᠢᠶᠡᠮᠦᠷ ᠪᠠᠶᠠᠨ ᠰᠡᠳᠭᠢᠯ ᠨᠢᠭᠤᠷ ᠲᠤ ᠭᠦᠷᠤᠨ ᠠᠷᠭ᠎ᠠ ᠠᠭᠠᠰᠢ ᠪᠠᠷᠠᠭᠤᠯᠬᠤ ᠠᠵᠢ᠃ ᠭᠦᠭᠡᠷᠡᠨ ᠬᠠᠯᠢᠭᠤᠷᠠᠬᠤ ᠭᠦᠳᠡᠭᠡ ᠴᠠᠭᠢᠯᠳᠠᠭ ᠲᠡᠶ ᠪᠠᠨ ᠠᠳᠠᠯᠢ ᠭᠦᠪᠦᠯᠵᠡᠭᠡᠳ ᠢᠷᠡᠳᠡᠭ᠌ ᠭᠤᠪᠢ ᠶᠢᠨ ᠮᠠᠯᠴᠢᠳ ᠤᠨ ᠵᠤᠴᠢᠠᠰᠠᠭ ᠬᠠᠯᠠᠭᠤᠮᠰᠤᠭ ᠵᠠᠩ ᠰᠠᠨᠠᠭᠠᠨ ᠳᠤ ᠮᠥᠩᠭᠡᠷᠡᠨ ᠦᠯᠠᠳᠠᠯ᠎ᠠ᠃ ᠪᠠᠶᠠᠷᠳᠠᠢ᠂ ᠵᠢᠷᠤᠭ ᠤᠨ ᠭᠤᠪᠢ ᠊᠊᠊᠊᠊᠊᠊᠊᠊᠊᠊᠊᠊᠊᠊ ᠭᠦᠳᠡᠭᠡ ᠴᠠᠭᠢᠯᠳᠠᠭ ︕ ᠭᠡᠵᠢᠶᠡᠳᠡ ᠡᠨᠡ ᠶᠠᠩᠵᠤ ᠪᠠᠷ ᠶᠢᠡᠨ ᠪᠠᠢ᠌ᠭᠠᠰᠠᠢ ᠡ ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠬᠠᠷᠢᠶ᠎ᠠ᠄ ᠨᠠᠢᠷᠠᠭᠤᠯᠤᠯ
ᠳᠠᠷᠤᠮ᠄ 3628
ᠴᠠᠭ᠄ 2011 ᠤᠨ ᠤ 09 ᠰᠠᠷ᠎ᠠ ᠶᠢᠨ 07