ᠳᠤᠮᠤᠭ᠎ᠠ ᠦᠭᠡᠶ ᠪᠠᠭ᠎ᠠ ᠨᠠᠰᠤ

     ᠨᠠᠳᠠ ᠶᠢ ᠠᠩᠬ᠎ᠠ ᠰᠤᠷᠭᠠᠭᠤᠯᠢ ᠳᠤ ᠣᠷᠤᠬᠤ ᠦᠶ᠎ᠡ ᠳᠤ ᠮᠢᠨᠤ ᠡᠭᠡ ᠰᠤᠷᠭᠠᠭᠤᠯᠢ ᠭᠡᠵᠤ ᠭᠤᠷᠪᠠᠨ ᠳᠠᠰᠤᠯᠭ᠎ᠠ ᠰᠢᠪᠠᠷ ᠪᠠᠢ᠌ᠰᠢᠩ ᠠᠢ᠌ᠯ ᠤᠨ ᠪᠠᠷᠠᠭᠤᠨ ᠵᠤ᠋ ᠶᠢᠨ ᠡᠩᠭᠡᠷ ᠲᠤ ᠪᠠᠢ᠌ᠷᠢᠰᠢᠵᠤ ᠪᠠᠢ᠌ᠭᠰᠠᠨ ᠶᠤᠮ᠃ ᠪᠢ ᠡ᠊ᠨᠳᠡ ᠪᠠᠶᠠᠷ ᠭᠤᠨᠢᠭ ᠤᠨ ᠳᠠᠭᠤᠤ ᠪᠠᠨ ᠬᠤᠴᠤᠷᠭᠠᠵᠤ ᠶᠠᠪᠣᠭᠰᠠᠨ ᠶᠤᠮ᠃ ᠪᠢ ᠡ᠊ᠨᠳᠡ ᠡᠴᠠ ᠭᠦᠭᠡ ᠮᠤᠩᠭ᠋ᠤᠯ ᠰᠤᠶᠤᠯ ᠤᠨ ᠠᠩᠬᠠᠨ ᠤ ᠵᠠᠮ ᠶᠢᠡᠨ ᠡᠯᠭᠦᠭ᠍ᠰᠡᠨ ᠶᠤᠮ᠃

     ᠣᠤᠯ ᠳᠤ ᠪᠠᠨ ᠮᠢᠨᠤ ᠠᠪᠣ ᠠᠢ᠌ᠯ ᠤᠨ ᠰᠤᠷᠭᠠᠭᠤᠯᠢ ᠳᠤ ᠭᠠᠭᠴᠠᠭᠠᠷ ᠳᠠᠪᠤᠨ ᠣᠨ ᠳᠤ ᠭᠢᠴᠢᠶᠠᠯᠯᠠᠵᠤ ᠪᠠᠢ᠌ᠭᠰᠠᠨ ᠶᠤᠮ᠃ ᠶᠠᠭ ᠨᠠᠳᠠ ᠶᠢ ᠰᠤᠷᠭᠠᠭᠤᠯᠢ ᠳᠤ ᠣᠷᠤᠬᠤ ᠦᠶ᠎ᠡ ᠳᠤ ᠠᠪᠣ ᠶᠢᠨ ᠮᠢᠨᠢ ᠳᠤᠯᠤᠭᠠᠢ ᠶᠢᠨ ᠡᠪᠡᠳᠴᠢᠨ ᠨᠢ ᠭᠦᠡᠳᠦᠷᠡᠵᠤ ᠠᠮᠠᠷᠠᠬᠤ ᠴᠢᠬᠤᠯᠠ ᠲᠡᠶ ᠪᠣᠯᠤᠭᠰᠠᠨ ᠡᠴᠠ ᠨᠢᠭᠡ ᠡᠴᠡᠩᠭᠡᠷ ᠰᠢᠷ᠎ᠠ ᠭᠦᠮᠤᠨ ᠠᠪᠣ ᠶᠢᠨ ᠣᠷᠤᠨ ᠳᠤ ᠭᠦᠡᠳᠤ ᠡᠭᠦᠷᠭᠡ ᠶᠢ ᠡᠭᠦᠷᠭᠡᠯᠡᠵᠤ ᠠᠪᠴᠠᠢ᠃

     ᠪᠢ ᠭᠡᠵᠤ ᠭᠤᠷᠪᠠᠨ ᠨᠠᠰᠤᠨ ᠡᠴᠠ ᠪᠠᠨ ᠠᠪᠣ ᠪᠠᠨ ᠳᠠᠭᠠᠵᠤ ᠰᠤᠷᠭᠠᠭᠤᠯᠢ ᠳᠤ ᠣᠯᠠᠨ ᠣᠳᠠᠭ᠎ᠠ ᠢᠷᠠᠵᠤ ᠳᠤᠮᠪᠣᠢ᠌ᠵᠤ ᠰᠠᠭᠭᠤᠭᠠᠤᠨ ᠠᠪᠣ ᠶᠢᠨ ᠭᠢᠴᠢᠶᠠᠯ ᠳᠠᠢ᠌ᠯᠪᠣᠷᠢᠯᠠᠬᠤ ᠶᠢ ᠰᠤᠨᠤᠰᠳᠠᠭ ᠪᠠᠢ᠌ᠭᠰᠠᠨ ᠣᠴᠢᠷ ᠡᠴᠠ ᠡᠨᠡ ᠰᠤᠷᠭᠠᠭᠤᠯᠢ ᠶᠢᠨ ᠶᠠᠭᠤ ᠪᠦᠭᠦᠨ ᠨᠠᠳᠠ ᠳᠤ ᠬᠠᠴᠢᠨ ᠰᠤᠨᠢᠨ ᠪᠢᠰᠢ ᠪᠣᠯᠤᠭᠰᠠᠨ ᠪᠦᠭᠡᠳ ᠰᠤᠷᠭᠠᠭᠤᠯᠢ ᠳᠤ ᠣᠷᠤᠬᠤ ᠡᠴᠠ ᠡᠮᠤᠨ᠎ᠡ ᠴᠠᠭᠠᠨ ᠳᠤᠯᠤᠭᠠᠢ ᠶᠢᠨ ᠭᠤᠷᠪᠠᠨ ᠬᠤᠪᠢᠷᠠᠯ ᠪᠠ ᠨᠢᠭᠡ ᠡᠴᠠ ᠵᠠᠭᠤ ᠭᠦᠷᠳᠡᠯ᠎ᠡ ᠳᠤᠭᠠᠨ ᠤ ᠨᠠᠮᠠᠵᠤ ᠬᠠᠰᠤᠬᠤ ᠣᠢ᠌ᠯᠠᠳᠤᠯ ᠢ ᠪᠦᠷᠢᠨ ᠴᠢᠳᠠᠬᠤ ᠪᠣᠯᠤᠭᠰᠠᠨ ᠡᠴᠠ ᠰᠤᠷᠤᠯᠭ᠎ᠠ ᠶᠢᠨ ᠳᠠᠯ᠎ᠠ ᠪᠠᠷ ᠣᠮᠤᠭᠯᠠᠩ᠃ ᠭᠡᠪᠠᠴᠤ ᠰᠠ‍‌ᠶᠢ ᠠᠭᠤᠯᠵᠠᠭᠰᠠᠨ ᠳᠠᠷᠠ ᠡᠴᠡᠩᠭᠡᠷ ᠰᠢᠷ᠎ᠠ ᠪᠠᠭᠰᠢ ᠡᠴᠠ ᠪᠠᠬᠠᠨ ᠪᠦᠱᠦᠭᠦᠷᠭᠡᠵᠤ ᠪᠠᠢ᠌ᠭᠰᠠᠨ᠃ ᠭᠡᠳᠡᠯ᠎ᠡ ᠳᠠᠷᠠ ᠪᠠᠭᠰᠢ ᠭᠡᠵᠤ ᠬᠠᠷᠢᠨ ᠣᠪᠣᠭ᠎ᠠ ᠡᠶᠡᠯᠰᠡᠭ᠌ ᠮᠦᠷᠳᠡᠭᠡᠨ ᠠᠶᠤᠮᠠᠷ ᠱᠤᠭᠴᠢ ᠭᠦᠮᠤᠨ ᠪᠠᠢ᠌ᠭᠰᠠᠨ ᠳᠤᠯᠠ ᠳᠤᠤᠷᠠᠬᠠᠨ ᠪᠦᠭᠦ ᠰᠤᠷᠤᠭᠴᠢᠳ ᠤᠨ ᠰᠡᠳᠭᠢᠯ ᠤᠨ ᠬᠠᠨᠢ᠂ ᠪᠢᠰᠢᠷᠠᠯ ᠤᠨ ᠰᠢᠳᠦᠭᠡᠨ ᠪᠣᠯᠤᠭᠰᠠᠨ ᠪᠠᠢ᠌ᠯ᠎ᠠ᠃ ᠡᠨᠡ ᠡᠴᠡᠩᠭᠡᠷ ᠰᠢᠷ᠎ᠠ ᠪᠠᠭᠰᠢ ᠶᠢ ᠰᠧ᠊ ᠪᠠᠭᠰᠢ ᠭᠡᠳᠡᠭ᠌᠃ ᠰᠧ᠊ ᠪᠠᠭᠰᠢ ᠦᠷᠯᠦᠭᠡ ᠪᠦᠷᠢ ᠨᠠᠷᠠᠨ ᠪᠢᠳᠡᠭᠦᠤ ᠪᠠᠷ ᠠᠢ᠌ᠯ ᠡᠴᠠ ᠪᠠᠨ ᠰᠤᠷᠭᠠᠭᠤᠯᠢ ᠳᠤ ᠢᠷᠠᠵᠤ ᠳᠠᠪᠤᠨ ᠠᠩᠭᠢ ᠰᠤᠷᠤᠭᠴᠢ ᠳᠤ ᠪᠠᠨ ᠨᠢᠭᠡ ᠳᠠᠯ᠎ᠠ ᠡᠴᠠ ᠨᠢ ᠭᠢᠴᠢᠶᠠᠯ ᠣᠷᠤᠵᠤ᠂ ᠳᠠᠰᠬᠠᠯ ᠥᠯᠡᠳᠡᠭᠡᠵᠤ᠂ ᠳᠠᠰᠬᠠᠯ ᠵᠠᠰᠠᠵᠤ ᠶᠠᠭᠠᠷᠠᠨ᠎ᠠ᠃ ᠭᠡᠴᠦᠨᠡᠨ ᠣᠯᠠᠨ ᠵᠢᠯ ᠤᠨ ᠬᠣᠢ᠌ᠨ᠎ᠠ ᠪᠢ ᠦᠪᠡᠷ ᠶᠢᠡᠨ ᠪᠠᠭᠰᠢ ᠶᠢᠨ ᠠᠵᠢᠯ ᠭᠢᠭᠡᠳ ᠰᠠ‍‌ᠶᠢ ᠰᠧ᠊ ᠪᠠᠭᠰᠢ ᠳᠠᠷᠠ ᠦᠶ᠎ᠡ ᠳᠠᠩᠳᠠ ᠣᠢ᠌ᠯᠠ ᠪᠠᠨ ᠪᠠᠷᠠᠵᠤ ᠦᠰᠦ ᠪᠠᠨ ᠳᠡᠭᠦᠯ᠎ᠡ ᠭᠡᠵᠤ ᠪᠣᠳᠤᠬᠤ ᠡᠴᠠ ᠵᠢᠷᠦᠭᠡ ᠰᠢᠮᠰᠢᠷᠠᠵᠤ ᠨᠢᠳᠤᠨ ᠵᠤᠪᠭᠢ ᠣᠯᠠᠢ᠌ᠭᠰᠠᠨ᠃

     ᠰᠢᠨ᠎ᠡ ᠰᠤᠷᠤᠯᠭ᠎ᠠ ᠶᠢᠨ ᠬᠤᠭᠤᠴᠠᠭ᠎ᠠ ᠡᠭᠢᠯᠡᠭᠦ ᠪᠦᠷᠢ ᠪᠢ ᠰᠢᠨ᠎ᠡ ᠨᠤᠮ ᠤᠨ ᠠᠩᠭᠢᠯᠤᠮ᠎ᠠ ᠦᠨᠦᠷ ᠪᠠ ᠰᠢᠨᠡᠭᠡᠨ ᠰᠠᠢ᠌ᠬᠠᠨ ᠵᠢᠷᠤᠭ ᠲᠤ ᠨᠢ ᠰᠤᠭᠳᠤᠳᠠᠭ ᠪᠠᠢ᠌ᠭᠰᠠᠨ ᠶᠤᠮ᠃ ᠨᠠᠩ ᠰᠧ᠊ ᠪᠠᠭᠰᠢ ᠶᠢᠨ ᠣᠠᠴᠠ ᠱᠤᠭᠳᠠᠢ ᠭᠢᠴᠢᠶᠠᠯ ᠳᠠᠢ᠌ᠯᠪᠣᠷᠢᠯᠠᠬᠤ ᠳᠤ ᠨᠢ ᠰᠡᠳᠭᠢᠯ ᠳᠠᠳᠠᠭᠳᠠᠵᠤ ᠰᠤᠷᠭᠠᠭᠤᠯᠢ ᠶᠢᠨ ᠠᠮᠢᠳᠤᠷᠠᠯ ᠶᠢᠡᠨ ᠪᠠᠶᠠᠷ ᠵᠢᠷᠭᠠᠯ ᠲᠡᠶ ᠥᠩᠭᠡᠷᠭᠡᠵᠤ ᠪᠠᠢ᠌ᠯ᠎ᠠ᠃ ᠰᠧ᠊ ᠪᠠᠭᠰᠢ ᠰᠤᠯᠠ ᠰᠡᠯᠡᠭᠦᠤ ᠴᠠᠭ ᠶᠢᠡᠷ ᠶᠢᠡᠨ ᠪᠢᠳᠠᠨ ᠲᠡᠶ ᠨᠠᠭᠠᠳᠤᠨ ᠳᠤᠭᠯᠠᠵᠤ᠂ ᠣᠯᠠᠨ ᠣᠯᠠᠨ ᠬᠤᠱᠤᠩ ᠶᠦᠮᠤᠷ ᠥᠯᠢᠭᠡᠷ ᠶᠠᠷᠢᠵᠤ ᠥᠭ᠍ᠳᠡᠭ᠌ ᠡᠴᠠ ᠪᠦᠭᠦ ᠰᠤᠷᠤᠭᠴᠢᠳ ᠤᠨ ᠰᠡᠳᠭᠢᠯ ᠢ ᠨᠢᠭᠡᠮᠦᠰᠤᠨ ᠡᠵᠡᠮᠳᠡᠵᠤ ᠴᠢᠳᠠᠭᠰᠠᠨ ᠶᠤᠮ᠃

     ᠨᠠᠳᠠ ᠶᠢ ᠭᠤᠷᠪᠠᠳᠤᠭᠠᠷ ᠣᠨ ᠪᠣᠯᠬᠤ ᠳᠠᠷᠠ ᠵᠢᠯ ᠰᠧ᠊ ᠪᠠᠭᠰᠢ ᠶᠢ ᠨᠢᠭᠡᠳᠦᠯ (ᠣᠳᠤ ᠶᠢᠨ ᠰᠤᠮᠤ) ᠊ᠤᠨ ᠳᠤᠮᠳᠠᠳᠤ ᠰᠤᠷᠭᠠᠭᠤᠯᠢ ᠳᠤ ᠠᠵᠢᠯ ᠰᠢᠯᠵᠢᠭᠦᠯᠵᠤ᠂ ᠣᠷᠤᠨ ᠳᠤ ᠨᠢ ᠭᠤᠷᠪᠠᠨ ᠡᠮᠡᠭ᠍ᠳᠡᠢ ᠪᠠᠭᠰᠢ ᠢᠷᠡᠭ᠍ᠰᠡᠨ ᠶᠤᠮ᠃ ᠰᠠ‍‌ᠶᠢ ᠡᠭᠢᠯᠡᠭᠡᠳ ᠳᠠᠷᠠ ᠭᠤᠷᠪᠠᠨ ᠪᠠᠭᠰᠢ ᠣᠯᠠᠩᠭᠢ ᠭᠦᠮᠦᠰ ᠲᠤ ᠶᠠᠷᠤ ᠳᠠᠭᠠᠯᠠᠭᠳᠠᠳᠠᠭ ᠦᠭᠡᠶ᠃ ᠣᠴᠢᠷ ᠨᠢ ᠳᠠᠳᠠ ᠰᠧ᠊ ᠪᠠᠭᠰᠢ ᠰᠢᠭ ᠱᠤᠭᠳᠠᠢ ᠥᠯᠢᠭᠡᠷ ᠶᠠᠷᠢᠵᠤ ᠴᠢᠳᠠᠳᠠᠭ ᠦᠭᠡᠶ᠂ ᠵᠥᠪᠭᠡᠨ ᠣᠯᠠᠩᠭᠢ ᠴᠠᠭ ᠢ ᠠᠰᠢᠭᠯᠠᠵᠤ ᠪᠢᠳᠠᠨ ᠳᠤ ᠳᠠᠭᠤᠤ ᠪᠦᠵᠢᠭ᠌ ᠵᠢᠭᠠᠳᠠᠭ᠃ ᠪᠢ ᠭᠡᠵᠤ ᠳᠠᠭᠤᠤ ᠪᠦᠵᠢᠭ᠌ ᠵᠢᠭᠠᠳᠠᠭ ᠲᠤ ᠨᠢ ᠶᠡᠭᠡ ᠡᠭ᠍ᠳᠡᠭᠦᠤ ᠭᠦᠷᠳᠡᠭ᠌ ᠪᠠᠢ᠌ᠭᠰᠠᠨ᠃ ᠨᠢᠭᠡ ᠣᠳᠠᠭ᠎ᠠ ᠪᠠᠭᠰᠢ ᠨᠠᠳᠠ ᠶᠢ ᠵᠠᠪᠠᠯ ᠨᠢᠭᠡ ᠳᠠᠭᠤᠤ ᠳᠠᠭᠤᠯᠠ ᠭᠡᠨ᠎ᠡ᠃ ᠪᠢ ᠴᠢᠨᠢ ᠨᠢᠭᠡ ᠰᠤᠷᠤᠭᠰᠠᠨ 《ᠯᠸᠢ ᠹᠸᠩ ᠡᠴᠠ ᠰᠤᠷᠤᠯᠴᠠᠶ᠎ᠠ》 ᠭᠡᠳᠡᠭ᠌ ᠳᠠᠭᠤᠤ ᠶᠢ ᠦᠪᠡᠷ ᠤᠨ ᠵᠤᠬᠢᠶᠠᠭᠰᠠᠨ ᠠᠶᠠᠰ ᠶᠢᠡᠷ ᠶᠢᠡᠨ ᠡᠷᠢᠶᠡᠨ ᠮᠠᠷᠢᠶᠠᠨ ᠬᠤᠭᠤᠯᠠᠢ ᠪᠠᠷ ᠨᠢᠭᠡ ᠯᠠ ᠥᠭᠦᠯᠡᠪᠦᠷᠢ ᠪᠠᠰᠠ ᠳᠠᠭᠤᠯᠠᠵᠤ ᠪᠠᠷᠠᠬᠤ ᠡᠴᠠ ᠡᠮᠤᠨ᠎ᠡ ᠮᠠᠨ ᠤ ᠪᠠᠭᠰᠢ ᠪᠠ ᠬᠠᠮᠳᠤ ᠨᠥᠭᠦᠤᠨ ᠨᠢᠳᠤᠨ ᠡᠴᠠ ᠪᠠᠨ ᠨᠢᠯᠪᠣᠰᠤ ᠪᠦᠮᠪᠦᠷᠢᠳᠡᠯ᠎ᠡ᠂ ᠣᠩᠬᠤᠯᠢᠵᠤ ᠳᠤᠩᠬᠤᠯᠢᠳᠤᠯ᠎ᠠ ᠢᠨᠢᠶᠠᠯᠳᠤᠯ᠎ᠠ᠃ ᠪᠢ ᠴᠢᠷᠠᠢ ᠪᠠᠨ ᠫᠠᠤᠨ ᠣᠯᠠᠢ᠌ᠯᠭᠠᠵᠤ ᠳᠠᠭᠤᠯᠬᠤ ᠪᠠᠨ ᠵᠤᠭᠰᠤᠭᠰᠠᠨ ᠳᠤ ᠪᠠᠭᠰᠢ ᠨᠠᠳᠠ ᠶᠢ᠄ 《ᠴᠢ ᠭᠡᠵᠤ ᠶᠠᠭ ᠳᠠᠭᠤᠤ ᠳᠠᠭᠤᠯᠠᠵᠤ ᠴᠢᠳᠠᠬᠤ ᠦᠭᠡᠶ ᠭᠦᠮᠤᠨ ᠪᠠᠢ᠌ᠨ᠎ᠠ ᠳ᠋ᠠ᠃ ᠡᠭᠦᠨ ᠡᠴᠠ ᠬᠣᠢ᠌ᠰᠢ ᠳᠠᠭᠤᠤ ᠳᠠᠭᠤᠯᠠᠬᠤ ᠪᠠᠨ ᠪᠣᠯᠢ》 ᠭᠡᠳ ᠳᠠᠭᠢᠨ ᠣᠯᠠᠨ ᠤ ᠵᠥᠭ᠌ ᠬᠠᠠᠳᠤᠨ᠄ 《ᠦᠨᠦ ᠮᠠᠨ ᠤ ᠰᠤᠷᠭᠠᠭᠤᠯᠢ ᠥᠭᠡᠷ᠎ᠡ ᠠᠢ᠌ᠯ ᠤᠳ ᠶᠢᠡᠷ ᠶᠠᠪᠣᠵᠤ ᠣᠷᠠᠨ ᠰᠠᠢ᠌ᠬᠠᠨ ᠤ ᠳᠤᠭᠯᠠᠯᠳᠠ ᠭᠠᠷᠭᠠᠬᠤ ᠪᠠᠷ ᠳᠤᠭᠳᠠᠭᠰᠠᠨ ᠶᠤᠮ᠃ ᠳᠠᠭᠤ ᠪᠦᠵᠢᠭ᠌ ᠲᠤ ᠪᠠᠨ ᠳᠤᠰᠠ ᠦᠭᠡᠶ ᠨᠢ ᠳᠠᠭᠤᠤ ᠪᠦᠵᠢᠭ᠌ ᠪᠣᠯᠪᠠᠰᠤᠷᠠᠬᠤ ᠴᠠᠭ ᠥᠪᠠᠷᠳᠡᠭᠡᠨ ᠨᠠᠭᠠᠳᠴᠢᠬ᠎ᠠ︕》 ᠭᠡᠵᠤ ᠵᠠᠭᠢᠯ᠎ᠠ᠃

     ᠳᠡᠭᠦᠨ ᠡᠴᠠ ᠬᠣᠢ᠌ᠰᠢ ᠪᠢᠳᠠᠨ ᠤ ᠳᠠᠭᠤ ᠪᠦᠵᠢᠭ᠌ ᠲᠤ ᠪᠠᠨ ᠳᠠᠭ ᠭᠡᠳᠤᠨ ᠭᠦᠮᠦᠰ᠂ ᠳᠠᠭᠤᠤ ᠪᠦᠵᠢᠭ᠌ ᠪᠣᠯᠪᠠᠰᠤᠷᠠᠬᠤ ᠴᠠᠭ ᠪᠣᠯᠭᠠᠨ ᠳᠤᠷ᠎ᠠ ᠵᠤᠷᠢᠭ ᠶᠢᠡᠷ ᠶᠢᠡᠨ ᠳᠦᠷᠰᠤ ᠥᠭᠡᠢ᠌ᠳᠡᠳᠡᠭ᠌ ᠪᠣᠯᠤᠭᠰᠠᠨ ᠶᠤᠮ᠃ ᠨᠢᠭᠡ ᠣᠳᠠᠭ᠎ᠠ ᠳᠠᠭᠤᠤ ᠪᠦᠵᠢᠭ᠌ ᠪᠣᠯᠪᠠᠰᠤᠷᠠᠬᠤ ᠭᠢᠴᠢᠶᠠᠯ ᠳᠡᠭᠡᠷ᠎ᠡ ᠪᠢᠳᠠᠨ ᠤ 《ᠴᠥᠯᠡᠭ᠍ᠳᠡᠭ᠍ᠰᠡᠨ》 ᠭᠡᠳᠦᠭᠦᠯᠡ ᠪᠠᠰᠠ ᠯᠠ ᠠᠩᠭᠢ ᠳᠤ ᠪᠠᠨ ᠣᠴᠢᠵᠤ ᠨᠠᠭᠠᠳᠴᠠᠢ᠃ ᠪᠢᠴᠢᠭ᠍ᠳᠤ ᠭᠡᠳᠡᠭ᠌ ᠨᠠᠷ᠎ᠠ ᠲᠡᠶ ᠮᠠᠨ ᠤ ᠨᠢᠭᠡ ᠨᠠᠢ᠌ᠵᠠ ᠳᠡᠭᠦᠨ ᠤ ᠳᠠᠰᠬᠠᠯ ᠤᠨ ᠳᠠᠪᠳᠠᠷ ᠨᠢ ᠭᠠᠵᠠᠷ ᠣᠨᠠᠭᠠᠤᠨ ᠰᠢᠷᠡᠭᠡᠨ ᠭᠦᠯ ᠤᠨ ᠳᠤᠤᠷ᠎ᠠ ᠳᠠᠷᠤᠭᠳᠠᠭᠠᠤᠨ ᠪᠠᠢ᠌ᠭᠰᠠᠨ ᠳᠤ ᠪᠢᠴᠢᠭ᠍ᠳᠤ ᠰᠢᠭᠤᠳ ᠳᠠᠰᠬᠠᠯ ᠤᠨ ᠳᠠᠪᠳᠠᠷ ᠶᠢᠡᠨ ᠠᠪᠬᠤ ᠭᠡᠳ ᠴᠢᠩᠭ᠋ᠠᠭᠠᠭᠰᠠᠨ ᠴᠢᠨᠢ ᠳᠠᠰᠬᠠᠯ ᠤᠨ ᠳᠠᠪᠳᠠᠷ ᠨᠢ ᠣᠷᠠᠭᠳᠠᠴᠢᠬᠠᠪᠠ᠃ ᠳᠠᠷᠠ ᠦᠶ᠎ᠡ ᠶᠢᠨ ᠠᠷᠪᠠᠨ ᠮᠦᠩᠭᠦ ᠶᠢᠨ ᠳᠠᠰᠬᠠᠯ ᠤᠨ ᠳᠠᠪᠳᠠᠷ ᠭᠡᠵᠤ ᠶᠡᠭᠡ ᠵᠤᠭᠤᠰ ᠤᠨ ᠶᠠᠭᠤᠮ᠎ᠠ ᠰᠢᠤ᠃ ᠪᠢᠴᠢᠭ᠍ᠳᠤ ᠳᠠᠷᠠ ᠳᠠᠷᠤᠢ ᠳ᠋ᠤᠨᠢ ᠣᠭᠢᠯᠠᠭᠰᠠᠭᠠᠷ ᠪᠠᠭᠰᠢ ᠳᠤ ᠣᠴᠢᠵᠤ ᠵᠠᠭᠠᠯᠳᠤᠪᠠ᠃ ᠪᠠᠭᠰᠢ ᠳᠡᠭᠦᠨ ᠡᠴᠠ ᠶᠠᠭᠠᠭᠢᠵᠤ ᠣᠷᠠᠭᠳᠠᠭᠰᠠᠨ ᠢ ᠠᠰᠠᠭᠤᠭᠰᠠᠨ ᠳᠤ ᠳᠠᠷᠠ 《ᠮᠡᠳᠡᠭᠦ ᠦᠭᠡᠶ》 ᠭᠡᠯ᠎ᠡ᠃ ᠪᠠᠭᠰᠢ᠄ 《ᠴᠢᠮ᠎ᠠ ᠶᠢ ᠠᠩᠭᠢ ᠳᠤ ᠣᠷᠤᠬᠤ ᠳᠤ ᠭᠦᠮᠤᠨ ᠪᠠᠢ᠌ᠭᠰᠠᠨ ᠦᠦ︖》 ᠭᠡᠭᠦ ᠳᠤ ᠪᠢᠴᠢᠭ᠍ᠳᠤ᠄ 《ᠰᠦᠯᠳᠡ ᠭᠠᠭᠴᠠᠭᠠᠷ ᠪᠠᠢ᠌ᠭᠰᠠᠨ》 ᠭᠡᠰᠡᠨ ᠡᠴᠠ ᠪᠠᠭᠰᠢ ᠳᠠᠷᠠ ᠳᠠᠷᠤᠢ ᠳ᠋ᠤᠨᠢ ᠨᠠᠳᠠ ᠶᠢ ᠠᠯᠪᠠᠨ ᠭᠡᠷ ᠲᠤ ᠪᠠᠨ ᠳᠠᠭᠤᠳᠠᠪᠠ᠃ ᠨᠠᠳᠠ ᠶᠢ ᠪᠠᠭᠰᠢ ᠶᠢᠨ ᠠᠯᠪᠠᠨ ᠭᠡᠷ ᠤᠨ ᠡᠭᠦᠳᠡ ᠶᠢ ᠳᠤᠭᠰᠢᠨ ᠣᠷᠤᠬᠤ ᠳᠤ ᠪᠠᠭᠰᠢ ᠪᠢᠴᠢᠭ᠍ᠳᠤ ᠶᠢᠨ ᠣᠷᠠᠭᠳᠠᠭᠰᠠᠨ ᠳᠠᠰᠬᠠᠯ ᠤᠨ ᠳᠠᠪᠳᠠᠷ ᠢ ᠮᠢᠨᠤ ᠡᠮᠤᠨ᠎ᠡ ᠳᠠᠯᠪᠢᠵᠤ ᠦᠨᠳᠦᠷ ᠳᠠᠭᠤᠤ ᠪᠠᠷ᠄ 《ᠭᠡᠨ ᠪᠢᠴᠢᠭ᠍ᠳᠤ ᠶᠢᠨ ᠳᠠᠰᠬᠠᠯ ᠶᠢᠨ ᠤᠨ ᠳᠠᠪᠳᠠᠷ ᠢ ᠣᠷᠠᠭᠰᠠᠨ ᠪᠣᠢ︖》 ᠭᠡᠵᠤ ᠵᠠᠩᠳᠤᠷᠪᠠ᠃ ᠪᠢ ᠳᠤᠳᠤᠷ᠎ᠠ ᠪᠠᠨ ᠶᠡᠭᠡᠳᠡ ᠭᠠᠢ᠌ᠬᠠᠭᠰᠠᠨ ᠪᠣᠯᠪᠠᠴᠤ ᠨᠢᠭᠡ ᠳᠤ ᠵᠦᠷᠢᠭᠦᠤᠨ ᠵᠠᠩ ᠭᠦᠳᠡᠯᠵᠤ᠂ ᠬᠤᠶᠠᠷ ᠲᠤ ᠪᠠᠭᠰᠢ ᠨᠡᠷ ᠤᠨ ᠳᠠᠭᠤᠤ ᠪᠦᠵᠢᠭ᠌ ᠤᠨ ᠪᠣᠯᠪᠠᠰᠤᠷᠠᠬᠤ ᠠᠩᠭᠢ ᠳᠤ ᠪᠠᠨ ᠣᠷᠤᠭᠤᠯᠤᠭᠰᠠᠨ ᠦᠭᠡᠶ ᠮᠦᠷᠳᠡᠭᠡᠨ ᠮᠠᠨ ᠢ ᠣᠢ᠌ᠰᠢᠶᠠᠬᠤ ᠦᠭᠡᠶ ᠪᠠᠢ᠌ᠬᠤ ᠳᠤ ᠨᠢ ᠥᠰᠢᠶᠡᠷᠭᠡᠵᠤ᠄ 《ᠮᠡᠳᠡᠭᠦ ᠦᠭᠡᠶ》 ᠭᠡᠵᠤ ᠴᠢᠩᠭ᠎ᠠ ᠰᠢᠭ ᠭᠡᠯᠡᠪᠡ᠃ ᠭᠤᠷᠪᠠᠨ ᠪᠠᠭᠰᠢ ᠨᠠᠳᠠ ᠶᠢ ᠡᠭᠡᠯᠵᠢᠶ᠎ᠡ ᠪᠠᠷ ᠠᠷᠭᠠᠳᠠᠨ᠎ᠠ᠂ ᠵᠠᠩᠳᠤᠷᠠᠨ᠎ᠠ᠃ ᠭᠡᠪᠠᠴᠤ ᠮᠢᠨᠤ ᠠᠮᠠᠨ ᠡᠴᠠ 《ᠮᠡᠳᠡᠭᠦ ᠦᠭᠡᠶ》 ᠭᠡᠰᠡᠨ ᠥᠭᠡ ᠡᠴᠠ ᠪᠣᠰᠤᠳ ᠶᠠᠭᠤ ᠴᠤ ᠣᠯᠤᠭ᠎ᠠ ᠦᠭᠡᠶ᠃ ᠭᠡᠪᠠᠴᠤ ᠳᠠᠷᠠ ᠡᠳᠦᠷ ᠡᠴᠠ ᠬᠣᠢ᠌ᠰᠢ ᠪᠢ 《ᠭᠡᠷᠡᠭ᠍ᠳᠡᠨ》 ᠪᠣᠯᠵᠤ ᠡᠳᠦᠷ ᠪᠦᠷᠢ ᠪᠠᠭᠰᠢ ᠶᠢᠨ ᠠᠯᠪᠠᠨ ᠭᠡᠷ ᠲᠤ ᠳᠦᠷᠪᠠᠳᠦᠭᠡᠷ ᠪᠠᠭᠰᠢ ᠪᠣᠯᠵᠤ 《ᠠᠵᠢᠯᠯᠠᠬᠤ》 ᠪᠣᠯᠤᠭᠰᠠᠨ ᠶᠤᠮ᠃ ᠡᠨᠡ ᠣᠴᠢᠷ ᠪᠠᠷᠤᠭ ᠨᠢᠭᠡ ᠬᠤᠭᠤᠴᠠᠭ᠎ᠠ ᠦᠷᠭᠦᠯᠵᠢᠯᠡᠵᠤ᠂ ᠳᠠᠷᠠᠭ᠎ᠠ ᠬᠤᠭᠤᠴᠠᠭ᠎ᠠ ᠨᠢ ᠮᠢᠨᠤ ᠠᠪᠠᠭ᠎ᠠ ᠡᠭᠡᠴᠢ ᠶᠢᠨ ᠭᠦᠤ ᠪᠢᠴᠢᠭ᠍ᠳᠤ ᠲᠡᠶ ᠰᠠᠢ᠌ᠨ ᠨᠠᠢ᠌ᠵᠠ ᠪᠣᠯᠬᠤᠷ ᠳᠡᠭᠦᠨ ᠲᠡᠶ ᠵᠦᠪᠳᠠᠵᠤ ᠪᠠᠢ᠌ᠭᠠᠤᠨ ᠨᠠᠮ᠎ᠠ ᠶᠢ ᠴᠠᠭᠠᠳᠬᠠᠵᠤ ᠠᠪᠣᠭᠰᠠᠨ ᠡᠴᠠ ᠰᠠ‍‌ᠶᠢ ᠳᠠᠭᠤᠰᠤᠭᠰᠠᠨ ᠶᠤᠮ᠃

     ᠳᠠᠷᠠ ᠦᠶ᠎ᠡ ᠶᠢᠨ ᠮᠢᠨᠤ ᠵᠦᠷᠢᠭᠦᠤᠨ ᠵᠤᠵᠢᠭ ᠵᠠᠩ ᠭᠡᠵᠤ ᠭᠦᠮᠦᠰ ᠢ ᠰᠤᠴᠢᠭᠠᠮ᠎ᠠ ᠪᠠᠢ᠌ᠭᠰᠠᠨ ᠳ᠋ᠠᠭ᠃ ᠨᠢᠭᠡ ᠣᠳᠠᠭ᠎ᠠ ᠮᠠᠨ ᠤ ᠪᠠᠭᠰᠢ ᠨᠠᠳᠠ ᠪᠠᠷ ᠮᠤᠩᠭ᠋ᠤᠯ ᠭᠡᠯᠡ ᠣᠩᠰᠢᠭᠤᠯᠬᠤ ᠳᠤ ᠪᠢ ᠮᠦᠨ ᠪᠠᠭᠰᠢ ᠲᠡᠶ ᠥᠰᠢᠶᠡᠷᠭᠡᠵᠤ 《ᠡᠭᠡ ᠣᠯᠤᠰ ᠶᠢᠡᠨ ᠬᠠᠢ᠌ᠷᠠᠯᠠᠵᠤ》 ᠭᠡᠰᠡᠨ ᠥᠭᠦᠯᠡᠪᠦᠷᠢ ᠶᠢᠨ ᠬᠠᠢ᠌ᠷᠠᠯᠠᠵᠤ ᠭᠡᠰᠡᠨ ᠥᠰᠦᠭ᠌ ᠤᠨ ᠰᠡᠭᠦᠯ ᠤᠨ ᠬᠤᠶᠠᠷ ᠦᠶ᠎ᠡ ᠶᠢ ᠵᠤᠷᠢᠭᠤᠳᠠ ᠰᠠᠯᠭᠠᠵᠤ ᠳᠠᠭᠤ ᠪᠠᠨ ᠥᠡᠳᠦᠷᠵᠢᠭᠦᠯᠵᠤ ᠠᠶ᠎ᠠ ᠶᠢ ᠨᠢ ᠣᠷᠳᠤᠳᠬᠠᠵᠤ ᠣᠩᠰᠢᠭᠰᠠᠨ ᠴᠢᠨᠢ ᠮᠠᠨ ᠤ ᠭᠢᠳ ᠭᠦᠷᠴᠢᠭᠢᠨᠡᠳᠡᠯ᠎ᠡ ᠢᠨᠢᠶᠠᠯᠳᠤᠵᠤ ᠭᠠᠷᠪᠠ᠃ ᠪᠠᠭᠰᠢ ᠡᠨᠡ ᠪᠠᠢ᠌ᠳᠠᠯ ᠳᠤ ᠠᠷᠭ᠎ᠠ ᠪᠠᠨ ᠪᠠᠷᠠᠬᠤ ᠳᠤ ᠪᠠᠨ ᠨᠠᠳᠠ ᠶᠢ 《ᠣᠬᠠᠭᠠᠨ》 ᠲᠡᠶ ᠭᠡᠵᠤ ᠠᠷᠭᠠᠳᠠᠪᠠ᠃

     ᠳᠠᠷᠠ ᠦᠶ᠎ᠡ ᠡᠴᠠ ᠡᠭᠢᠯᠡᠵᠤ ᠪᠢ ᠪᠣᠯᠤᠨ ᠪᠠᠭᠰᠢ 《ᠦᠰᠢᠶᠠᠳᠠᠨ》 ᠪᠣᠯᠤᠭᠰᠠᠨ ᠶᠤᠮ᠃ ᠪᠠᠭᠰᠢ ᠨᠠᠮ᠎ᠠ ᠶᠢ ᠳᠦᠢᠳᠭᠡᠷ ᠤᠨ ᠡᠵᠡᠨ ᠭᠡᠵᠤ ᠠᠩᠭᠢ ᠶᠢᠨ ᠭᠡᠷ ᠤᠨ ᠵᠡᠭᠦᠨ ᠬᠣᠢ᠌ᠳᠤ ᠪᠣᠯᠤᠩ ᠳᠤ ᠰᠠᠭᠤᠯᠭᠠᠭᠰᠠᠨ ᠴᠢᠨᠢ ᠨᠠᠩ ᠴᠤ ᠪᠠᠷᠠᠯ᠎ᠠ᠃ ᠪᠢ ᠣᠯᠠᠮ 《ᠳᠤᠭᠰᠢᠷᠠᠵᠤ》 ᠪᠠᠭ᠎ᠠ ᠯᠠ ᠴᠠᠭ ᠢ ᠠᠠᠳᠠᠯ ᠦᠭᠡᠶ ᠠᠩᠭᠢ ᠶᠢ 《ᠳᠦᠢᠪᠠᠭᠡᠭᠦ》 ᠪᠣᠯᠪᠠ᠃ ᠨᠢᠭᠡᠨ ᠣᠳᠠᠭ᠎ᠠ ᠪᠢ ᠪᠠᠭᠰᠢ ᠶᠢ ᠳᠠᠯᠪᠠ ᠠᠭᠤᠷᠯᠠᠭᠤᠯᠵᠤ ᠳᠠᠯᠪᠢᠭᠰᠠᠨ ᠡᠴᠠ ᠪᠠᠭᠰᠢ ᠶᠢᠨ ᠬᠤᠭᠤᠯᠠᠢ ᠨᠢ ᠭᠦᠷᠳᠡᠯ᠎ᠡ ᠴᠠᠴᠠᠷᠭᠢᠯᠠᠵᠤ ᠨᠠᠳᠠ ᠶᠢ ᠵᠢᠭᠠᠵᠤ᠄ 《ᠭᠢᠯᠠᠩ ᠳᠤᠳᠤᠷ᠎ᠠ ᠰᠠᠭᠤᠭᠠᠤᠨ ᠪᠣᠯᠤᠩ ᠪᠣᠯᠤᠩ (ᠪᠣᠯᠤᠩ ᠪᠣᠯᠤᠨ ᠭᠢᠯᠠᠩ ᠢ ᠰᠤᠯᠢᠵᠠᠢ) ᠭᠡᠳ ᠴᠢ ᠰᠠᠢ᠌ᠨ ᠶᠠᠭᠤᠮ᠎ᠠ ᠪᠢᠰᠢ᠃ ᠭᠡᠩᠭᠡᠷᠭᠡ ᠶᠢᠨ ᠡᠵᠡᠨ ᠭᠡᠷᠡᠭ᠌ ᠤᠨ ᠳᠤᠭᠢᠭᠤᠷ (ᠭᠡᠩᠭᠡᠷᠭᠡ ᠪᠠ ᠭᠡᠷᠡᠭ᠌ ᠢ ᠰᠤᠯᠢᠵᠠᠢ) ᠴᠢ ᠪᠠᠶ᠎ᠠ ᠪᠠᠨ ᠮᠠᠳᠠᠪᠠᠯ ᠮᠠᠯ᠂ ᠪᠠᠯᠴᠢᠭᠡᠷ ᠶᠢᠡᠨ ᠳᠠᠨᠢᠪᠠᠯ ᠭᠦᠮᠤᠨ (ᠭᠦᠮᠤᠨ ᠮᠠᠯ ᠢ ᠰᠤᠯᠢᠵᠠᠢ)》 ᠭᠡᠵᠤ ᠵᠠᠩᠳᠤᠷᠬᠤ ᠳᠤ ᠮᠠᠨ ᠤ ᠭᠢᠳ ᠪᠠᠭᠰᠢ ᠶᠢᠨ ᠠᠭᠤᠷᠯᠠᠬᠤ ᠡᠴᠠ ᠠᠶᠤᠭᠰᠠᠨ ᠶᠤᠮ ᠦᠦ᠂ ᠡᠰᠡᠭᠦᠯ᠎ᠡ ᠠᠩᠬᠠᠷᠤᠭᠰᠠᠨ ᠦᠭᠡᠶ ᠶᠤᠮ ᠦᠦ︖ ᠶᠠᠭᠤ ᠴᠤ ᠭᠡᠰᠡᠨ ᠨᠢᠳᠤ ᠪᠠᠨ ᠳᠤᠳᠣᠢ᠌ᠨ ᠰᠠᠭᠤᠵᠠᠭᠠᠵᠤ ᠯᠠ ᠪᠠᠢ᠌ᠯ᠎ᠠ᠃ ᠪᠢ ᠭᠡᠵᠤ ᠳᠠᠢ᠌ᠮᠤ ᠣᠴᠢᠷ ᠲᠤ ᠰᠠᠷ ᠭᠡᠪᠠᠯ ᠵᠢᠷ ᠭᠡᠭᠦ ᠶᠢ ᠠᠠᠳᠠᠳᠠᠭ ᠦᠭᠡᠶ ᠠᠮᠢᠳᠠᠨ᠂ ᠪᠠᠭᠰᠢ ᠶᠢᠨ ᠪᠣᠷᠤᠭᠤ ᠭᠡᠯᠡᠭ᠍ᠰᠡᠨ ᠢ ᠰᠤᠨᠤᠰᠮᠠᠭᠴᠠ ᠬᠠᠳᠠᠭᠠᠨᠠᠳᠠᠯ᠎ᠠ ᠢᠨᠢᠶᠠᠪᠠ᠃ ᠬᠠᠮᠳᠤ ᠨᠥᠭᠦᠤᠨ ᠨᠡᠷ ᠨᠠᠳᠠ ᠶᠢ ᠪᠠᠷᠤᠭ ᠰᠤᠯᠢᠶᠠᠷᠴᠢᠬᠠᠯ᠎ᠠ ᠭᠡᠵᠤ ᠪᠣᠳᠤᠭᠰᠠᠨ ᠪᠣᠯᠤᠯᠳᠠᠢ ᠨᠠᠳᠠ ᠶᠢ ᠬᠠᠴᠢᠨ ᠬᠠᠷᠠᠴᠠ ᠪᠠᠷ ᠬᠠᠷᠠᠵᠠᠭᠠᠵᠤ ᠪᠠᠢ᠌ᠯ᠎ᠠ᠃ ᠪᠠᠭᠰᠢ ᠣᠯᠠᠮ ᠴᠠᠴᠠᠷᠳᠠᠯ᠎ᠠ ᠠᠭᠤᠷᠯᠠᠵᠤ ᠨᠠᠳᠠ ᠶᠢ 《ᠭᠠᠳᠠᠨ᠎ᠠ ᠭᠠᠷ》 ᠭᠡᠵᠤ ᠵᠠᠩᠳᠤᠪᠠ᠃ ᠡᠭᠦᠨ ᠳᠤ ᠪᠢ᠄ 《ᠪᠠᠭᠰᠢ ᠡ᠂ ᠴᠢ ᠰᠠ‍‌ᠶᠢ ᠪᠣᠷᠤᠭᠤ ᠶᠠᠷᠢᠯ᠎ᠠ》 ᠭᠡᠭᠦ ᠳᠤ ᠬᠠᠮᠳᠤ ᠨᠥᠭᠦᠤᠨ ᠶᠢᠨ ᠨᠢᠳᠤ ᠪᠦᠷ ᠣᠷᠤᠢ ᠪᠠᠷ ᠶᠢᠡᠨ ᠭᠠᠷᠬᠤ ᠰᠢᠬᠠᠪᠠ᠃ ᠪᠠᠭᠰᠢ ᠶᠡᠭᠡᠯᠡ ᠳᠤᠷᠠᠮᠠᠭᠴᠢᠬᠠᠨ ᠨᠠᠳᠠ ᠣᠷᠤᠭᠤ ᠬᠠᠷᠠᠵᠤ᠄ 《ᠪᠢ ᠬᠠᠮᠢᠭ᠎ᠠ ᠨᠢ ᠪᠣᠷᠤᠭᠤ ᠶᠠᠷᠢᠭᠰᠠᠨ ᠪᠣᠢ︖ ᠴᠢ ᠭᠡᠯᠡᠵᠤ ᠭᠠᠷᠭᠠᠪᠠᠯ ᠪᠢ ᠴᠢᠮ᠎ᠠ ᠲᠡᠶ ᠨᠠᠢ᠌ᠵᠠᠯᠠᠶ᠎ᠠ︕》 ᠭᠡᠨ᠎ᠡ᠃ ᠪᠢ ᠪᠠᠭᠰᠢ ᠶᠢᠨ ᠰᠠᠶ‍ᠢ ᠶᠢᠨ ᠠᠭᠤᠷᠯᠠᠵᠤ ᠭᠡᠯᠡᠭ᠍ᠰᠡᠨ ᠢ ᠳᠠᠷᠠ ᠶᠠᠩᠵᠤ ᠪᠠᠷ ᠨᠢ ᠨᠤᠷᠰᠢᠵᠤ ᠶᠠᠷᠢᠭᠰᠠᠨ ᠴᠢᠨᠢ ᠪᠦᠭᠦ ᠨᠥᠭᠦᠤᠨ ᠳᠦᠷᠴᠢᠭᠢᠨᠠᠳᠠᠯ᠎ᠠ ᠢᠨᠢᠶᠠᠯᠴᠠᠯ᠎ᠠ᠃ ᠪᠠᠭᠰᠢ ᠴᠤ ᠢᠨᠢᠶᠡᠴᠢᠭᠡᠯ᠎ᠡ᠃ ᠪᠠᠭᠰᠢ ᠢᠨᠢᠶᠡᠭ᠍ᠰᠡᠭᠡᠷ ᠮᠢᠨᠤ ᠬᠠᠵᠠᠭᠤ ᠳᠤ ᠢᠷᠡᠭᠡᠳ᠄ 《ᠴᠢᠨᠤ ᠳᠠᠷᠢᠭᠢ ᠦᠨᠡᠨ ᠳᠤ ᠪᠠᠨ ᠲᠤᠢ᠌ᠯ ᠤᠨ ᠰᠡᠷᠭᠡᠭ᠌ ᠪᠠᠢ᠌ᠨ᠎ᠠ᠃ ᠪᠠᠰᠠ ᠶᠡᠭᠡ ᠠᠯᠢᠶ᠎ᠠ ᠠᠮᠢᠳᠠᠨ ᠪᠠᠢ᠌ᠨ᠎ᠠ᠃ ᠡᠭᠦᠨ ᠡᠴᠠ ᠬᠤᠵᠢᠮ ᠭᠢᠴᠢᠶᠠᠯ ᠳᠤ ᠪᠠᠨ ᠰᠢᠮᠳᠠ᠃ ᠰᠠᠢ᠌ᠨ ᠴᠢᠷᠮᠠᠢ᠌ᠪᠠᠯ ᠬᠣᠢ᠌ᠳᠠᠢ ᠡᠳᠦᠷ ᠭᠡᠷᠡᠭ᠍ᠴᠡᠭᠡ ᠲᠡᠶ ᠭᠦᠮᠤᠨ ᠪᠣᠯᠤᠨ᠎ᠠ᠃ ᠡᠨᠡ ᠮᠠᠳᠤ ᠳᠤᠮᠤᠭ᠎ᠠ ᠦᠭᠡᠶ ᠠᠭᠠᠰᠢᠯᠠᠭᠠᠤᠨ ᠪᠠᠢ᠌ᠪᠠᠯ ᠰᠠᠮᠵᠠ ᠪᠣᠯᠵᠤ ᠴᠤ ᠮᠠᠳᠠᠨ᠎ᠡ》 ᠭᠡᠵᠤ ᠰᠤᠷᠭᠠᠬᠤ ᠳᠤ ᠪᠢ᠄ 《ᠪᠢ ᠮᠠᠳᠠᠯ᠎ᠠ᠂ ᠪᠠᠭᠰᠢ ᠡ︕ ᠭᠦᠮᠤᠨ ᠡᠴᠠ ᠮᠠᠯ ᠪᠣᠯᠬᠤ ᠳᠤ ᠭᠢᠯᠪᠠᠷ᠂ ᠮᠠᠯ ᠡᠴᠠ ᠭᠦᠮᠤᠨ ᠪᠣᠯᠵᠤ ᠭᠡᠵᠢᠶᠡᠳᠡ ᠳᠡᠢ᠌ᠯᠭᠦ ᠦᠭᠡᠶ᠃ ᠳᠠᠢ᠌ᠮᠤ ᠪᠢᠵᠠ︖》 ᠭᠡᠭᠦ ᠳᠤ ᠪᠠᠭᠰᠢ ᠳᠠᠢ᠌ᠮᠤ ᠰᠢᠷᠦᠭᠦᠨ ᠪᠢᠰᠢ ᠬᠠᠷᠠᠴᠠ ᠪᠠᠷ ᠨᠠᠳᠠ ᠶᠢ ᠰᠢᠷᠪᠢᠭᠡᠳ᠄ 《ᠴᠢ ᠯᠠ ᠮᠡᠷᠭᠡᠨ》 ᠭᠡᠯ᠎ᠡ᠃ ᠳᠡᠭᠦᠨ ᠡᠴᠠ ᠬᠣᠢ᠌ᠰᠢ ᠪᠠᠭᠰᠢ ᠥᠨᠡᠭᠡᠷ ᠨᠠᠳᠠ ᠲᠡᠶ ᠰᠠᠢ᠌ᠨ ᠨᠠᠢ᠌ᠵᠠ ᠪᠣᠯᠤᠭᠰᠠᠨ ᠶᠤᠮ᠃

     ᠵᠤᠨ ᠤ ᠨᠢᠭᠡᠨ ᠭᠠᠷᠠᠭ ᠤᠨ ᠨᠢᠭᠡᠨ ᠤ ᠦᠷᠯᠦᠭᠡ ᠪᠢᠳᠠ ᠰᠤᠷᠭᠠᠭᠤᠯᠢ ᠳᠤ ᠪᠠᠨ ᠭᠢᠴᠢᠶᠡᠯᠯᠡᠭᠦ ᠪᠠᠷ ᠢᠷᠡᠭ᠍ᠰᠡᠨ ᠳᠤ ᠰᠤᠷᠭᠠᠭᠤᠯᠢ ᠳᠤ ᠳᠤᠮᠤ ᠭᠡᠷᠡᠭ᠌ ᠭᠠᠷᠴᠢᠬᠠᠭᠠᠤᠨ ᠪᠠᠢ᠌ᠯ᠎ᠠ᠃ ᠠᠢ᠌ᠯ ᠤᠨ ᠠᠯᠢ ᠭᠡᠳᠤᠨ ᠠᠯᠢᠶ᠎ᠠ ᠵᠠᠯᠠᠭᠤᠴᠤᠳ ᠨᠢ ᠥᠢᠯᠡᠳᠦᠭ᠍ᠰᠡᠨ ᠢ ᠪᠣᠤ ᠮᠠᠳᠠ᠂ ᠮᠠᠨ ᠤ ᠠᠩᠭᠢ ᠶᠢᠨ ᠴᠤᠩᠬᠤ ᠶᠢ ᠡᠪᠳᠡᠵᠤ ᠣᠷᠤᠵᠤ ᠢᠷᠡᠭᠡᠳ᠂ ᠰᠠᠮᠪᠠᠷ᠎ᠠ ᠳᠡᠭᠡᠷ᠎ᠡ ᠭᠤᠷᠪᠠᠨ ᠪᠦᠳᠦᠭᠦᠨ ᠡᠷ᠎ᠡ ᠶᠢ ᠬᠤᠪᠴᠠᠰᠤ ᠬᠤᠨᠠᠷ ᠦᠭᠡᠶ ᠡᠭᠡ ᠡᠴᠠ ᠳᠦᠷᠦᠭ᠍ᠰᠡᠨ ᠪᠠᠶ᠎ᠠ ᠪᠠᠷ ᠨᠢ ᠵᠢᠷᠤᠴᠢᠬᠠᠭᠠᠤᠨ ᠳᠠᠯᠪᠢᠵᠤ ᠪᠠᠢ᠌ᠯ᠎ᠠ᠃ ᠮᠠᠨ ᠤ ᠭᠤᠷᠪᠠᠨ ᠡᠮᠡᠭ᠍ᠳᠡᠢ ᠪᠠᠭᠰᠢ ᠪᠦᠷ ᠬᠤᠷᠢᠮᠯᠠᠭ᠎ᠠ ᠦᠭᠡᠶ ᠬᠤᠷᠢᠨ ᠭᠡᠳᠦᠳᠡᠢ ᠭᠡᠦᠭᠡᠨ ᠭᠦᠮᠤᠨ ᠪᠠᠢ᠌ᠭᠰᠠᠨ ᠶᠤᠮ᠃ ᠳᠡᠭᠦᠨ ᠢ ᠥᠵᠡᠮᠡᠭ᠍ᠴᠡ ᠠᠭᠤᠷᠯᠠᠵᠤ ᠢᠴᠢᠭᠦ ᠬᠤᠤᠰᠯᠠᠭᠠᠤᠨ ᠣᠭᠢᠯᠠᠴᠢᠬᠠᠪᠠ᠃ ᠪᠢ ᠪᠠᠭᠰᠢ ᠶᠢᠨ ᠬᠠᠵᠠᠭᠤ ᠳᠤ ᠭᠦᠷᠦᠭᠡᠳ ᠳᠤᠤᠷ᠎ᠠ ᠳᠠᠭᠤᠨ ᠶᠢᠡᠷ᠄ 《ᠪᠠᠭᠰᠢ ᠡ᠂ ᠳᠠ ᠪᠢᠳᠡᠭᠡᠢ ᠣᠭᠢᠯᠠ᠃ ᠪᠠᠷᠢᠭᠠᠳᠠ ᠶᠢᠨ ᠳᠠᠷᠤᠭ᠎ᠠ ᠶᠢ ᠡᠷᠢᠭᠦ ᠦᠭᠡᠶ ᠦᠦ︖》 ᠭᠡᠰᠡᠨ ᠳᠤ ᠪᠠᠭᠰᠢ ᠰᠡᠭᠡᠰᠭᠢᠭ᠍ᠰᠡᠨ ᠪᠣᠯᠤᠯᠳᠠᠢ ᠮᠢᠨᠤ ᠳᠤᠯᠤᠭᠠᠢ ᠶᠢ ᠢᠯᠪᠢᠵᠤ᠂ ᠮᠠᠩᠨᠠᠢ ᠳᠡᠭᠡᠷ᠎ᠡ ᠱᠤᠪ ᠭᠢᠳᠠᠯ᠎ᠠ ᠥᠨᠦᠰᠦᠭᠡᠳ ᠪᠠᠷᠢᠭᠠᠳᠠ ᠶᠢᠨ ᠳᠠᠷᠤᠭ᠎ᠠ ᠳᠤ ᠣᠴᠢᠵᠤ ᠮᠡᠳᠡᠭᠦᠯᠪᠡ᠃

    ᠲ᠋ᠠᠷᠠ ᠦᠶ᠎ᠡ ᠳᠤ 《ᠰᠤᠶᠤᠯ ᠤᠨ ᠬᠤᠪᠢᠰᠬᠠᠯ》 ᠊ᠤᠨ ᠬᠠᠷ᠎ᠠ ᠰᠢᠭᠤᠷᠭ᠎ᠠ ᠰᠢᠪᠳᠤᠷᠭᠠᠨ ᠳᠤ ᠪᠠᠨ ᠣᠷᠤᠭᠰᠠᠨ ᠪᠣᠯᠪᠠᠴᠤ ᠵᠠᠷᠢᠮ ᠰᠠᠯᠭᠢ ᠬᠠᠷᠬᠠᠨ ᠨᠠᠮᠳᠠᠭ᠎ᠠ ᠦᠭᠡᠶ ᠪᠠᠢ᠌ᠭᠰᠠᠨ ᠴᠠᠭ᠂ ᠳᠡᠭᠡᠭᠡᠳ ᠪᠠᠷᠢᠭᠠᠳᠠ ᠶᠢᠨ ᠭᠡᠷ ᠲᠤ ᠣᠷᠤᠢ ᠪᠦᠷᠢ ᠬᠤᠷᠠᠯ ᠨᠡᠭᠡᠭᠡᠵᠤ ᠬᠡᠷᠡᠭ᠍ᠳᠡᠨ ᠢ ᠡᠷᠢᠵᠤ ᠯᠠ ᠪᠠᠢ᠌ᠯ᠎ᠠ᠃ ᠪᠢ ᠭᠡᠵᠤ ᠶᠠᠭᠤᠮᠠᠨ ᠳᠤ ᠳᠤᠷ᠎ᠠ ᠲᠡᠶ ᠭᠦᠮᠤᠨ᠃ ᠣᠷᠤᠢ ᠪᠦᠷᠢ ᠭᠡᠷ ᠡᠴᠠ ᠪᠠᠨ ᠭᠤᠯᠭᠤᠵᠤ ᠭᠠᠷᠤᠭᠠᠤᠨ ᠪᠠᠷᠢᠭᠠᠳᠠ ᠶᠢᠨ ᠭᠡᠷ ᠲᠤ ᠭᠦᠷᠴᠤ ᠭᠡᠷᠡᠭ᠍ᠳᠡᠨ ᠨᠢ ᠭᠡᠨ ᠪᠣᠯ ᠭᠡᠵᠤ ᠡᠭᠦᠳᠡ ᠴᠤᠩᠬᠤ ᠪᠠᠷ ᠨᠢ ᠥᠩᠭᠡᠢ᠌ᠨ᠎ᠡ᠃ ᠳᠡᠭᠡᠭᠡᠳ ᠳᠤᠮᠤᠴᠤᠤᠯ ᠳᠤ ᠰᠡᠷᠡᠭ᠍ᠳᠡᠵᠤ 《ᠶᠠᠭᠤᠮᠠᠨ ᠳᠤ ᠳᠤᠷ᠎ᠠ ᠲᠡᠶ ᠬᠡᠦᠬᠡᠳ》 ᠭᠡᠵᠤ ᠭᠦᠭᠡᠭᠡᠭ᠍ᠳᠡᠵᠤ ᠭᠦᠳᠦᠯᠦᠭ᠍ᠳᠡᠨ᠎ᠡ᠃ ᠭᠡᠴᠦᠨᠡᠨ ᠣᠯᠠᠨ ᠡᠳᠦᠷ ᠤᠨ ᠰᠢᠭᠦᠯᠳᠡ ᠪᠠᠷ ᠳᠠᠮᠵᠢᠨ ᠭᠠᠴᠠᠭᠠᠨ ᠳᠠᠷᠤᠭ᠎ᠠ ᠭᠡᠷᠡᠭ᠍ᠳᠡᠨ ᠶᠢᠡᠨ ᠢᠯᠡᠷᠡᠭᠦᠯᠵᠤ᠂ ᠪᠠᠭᠰᠢ ᠳᠤ ᠮᠢᠨᠢ ᠪᠣᠷᠤᠭᠤ ᠮᠡᠳᠡᠭᠦᠯᠵᠤ᠂ ᠬᠠᠭᠠᠰ ᠵᠢᠯ ᠤᠨ ᠭᠦᠳᠡᠯᠮᠦᠷᠢᠯᠡᠭ᠍ᠰᠡᠨ ᠬᠤᠪᠢ ᠶᠢ ᠨᠢ ᠬᠠᠰᠤᠵᠤ᠂ ᠨᠢᠭᠡ ᠭᠠᠷᠠᠭ ᠳᠡᠭᠡᠷᠮ᠎ᠡ ᠶᠢᠨ ᠭᠡᠷ ᠲᠤ ᠬᠤᠷᠢᠵᠤ ᠳᠡᠳᠡᠭᠡᠷ ᠭᠡᠷᠡᠭ᠍ᠳᠡᠨ ᠤ ᠶᠠᠯ᠎ᠠ ᠶᠢ ᠨᠢ ᠪᠠᠷᠭᠠᠪᠠ᠃

     ᠳᠠᠷᠠ ᠦᠶ᠎ᠡ ᠶᠠᠭ ᠣᠯᠤᠰ ᠳᠠᠶᠠᠭᠠᠷ ᠯᠸᠢ ᠹᠧᠩ ᠡᠴᠠ ᠲᠠᠭᠠᠨ ᠰᠤᠷᠤᠯᠴᠠᠬᠤ ᠭᠦᠳᠡᠯᠭᠡᠭᠡᠨ ᠦᠷᠨᠢᠵᠤ ᠪᠠᠢ᠌ᠭᠰᠠᠨ ᠴᠠᠭ ᠶᠤᠮ᠃ ᠪᠢᠳᠠ ᠭᠢᠴᠢᠶᠠᠯ ᠤᠨ ᠪᠢᠴᠢᠭ᠌ ᠡᠴᠠ ᠯᠸᠢ ᠹᠧᠩ ᠠᠪᠠᠭ᠎ᠠ ᠨᠢᠭᠡ ᠭᠦᠭ᠍ᠰᠢᠨ ᠡᠮᠡᠭᠡ ᠶᠢ ᠵᠠᠮ ᠭᠠᠳᠤᠯᠠᠭᠤᠯᠤᠭᠰᠠᠨ ᠥᠯᠢᠭᠡᠷ ᠢ ᠰᠤᠷᠴᠠᠢ᠃ ᠪᠠᠭᠰᠢ ᠪᠠᠰᠠ ᠮᠠᠨ ᠳᠤ 《ᠯᠸᠢ ᠹᠧᠩ ᠰᠢᠭ᠌ ᠠᠷᠠᠤᠨ ᠲᠦᠮᠡᠨ ᠳᠤ ᠪᠠᠨ ᠳᠤᠰᠠᠳᠠᠢ ᠭᠦᠮᠤᠨ ᠪᠣᠯᠤᠭᠠᠷᠠᠢ︕》 ᠭᠡᠵᠤ ᠦᠷᠭᠦᠯᠵᠢ ᠵᠠᠭᠢᠵᠤ ᠰᠤᠷᠭᠠᠳᠠᠭ ᠪᠠᠢ᠌ᠭᠰᠠᠨ᠃ ᠪᠢᠳᠠ ᠴᠤ ᠨᠢᠭᠡ ᠭᠦᠭ᠍ᠰᠢᠨ ᠡᠮᠡᠭᠡ ᠣᠯᠵᠤ ᠯᠸᠢ ᠹᠧᠩ ᠰᠢᠭ᠌ ᠵᠠᠮ ᠭᠠᠳᠤᠯᠠᠭᠤᠯᠤᠶ᠎ᠠ ᠭᠡᠭᠦ ᠳᠤ ᠮᠠᠨ ᠤ ᠭᠦᠳᠡᠭᠡ ᠠᠢ᠌ᠯ ᠳᠤ ᠭᠡᠳᠤᠨ ᠭᠦᠭ᠍ᠰᠢᠨ ᠡᠮᠡᠭᠡ ᠪᠠᠢ᠌ᠨ᠎ᠠ ᠭᠡᠵᠢ᠃ ᠨᠠᠩ ᠬᠤᠳᠠ ᠰᠢᠭ ᠪᠢᠰᠢ ᠪᠣᠯᠬᠤᠷ ᠵᠠᠮ ᠭᠠᠳᠤᠯᠬᠤ ᠶᠠᠪᠣᠳᠠᠯ ᠳᠤᠩ ᠴᠥᠭᠡᠨ ᠲᠤᠬᠢᠶᠠᠯᠳᠤᠳᠠᠭ ᠡᠴᠠ ᠪᠢᠳᠠᠨ ᠤ ᠭᠦᠭ᠍ᠰᠢᠨ ᠡᠮᠡᠭᠡ ᠶᠢ ᠵᠠᠮ ᠭᠠᠳᠤᠯᠠᠭᠤᠯᠬᠤ ᠶᠠᠪᠣᠳᠠᠯ ᠨᠢ ᠳᠤᠮᠤ ᠠᠰᠠᠭᠤᠳᠠᠯ ᠪᠣᠯᠵᠠᠢ᠃ ᠪᠢᠳᠠ ᠡᠳᠦᠷ ᠳᠤᠵᠢ ᠭᠦᠭ᠍ᠰᠢᠨ ᠡᠮᠡᠭᠡ ᠵᠠᠮ ᠤᠨ ᠬᠠᠵᠠᠭᠤ ᠳᠤ ᠪᠠᠢ᠌ᠬᠤ ᠶᠢ ᠠᠩᠬᠠᠷᠤᠨ᠎ᠠ᠃ ᠨᠢᠭᠡ ᠡᠳᠦᠷ ᠵᠤᠯ ᠤᠨ ᠳᠡᠭ᠍ᠷᠢ ᠢᠪᠠᠭᠡᠵᠤ ᠠᠢ᠌ᠯ ᠤᠨ ᠵᠡᠭᠦᠨ ᠡᠮᠤᠨ᠎ᠡ ᠵᠠᠬ᠎ᠠ ᠶᠢᠨ ᠭᠦᠭ᠍ᠰᠢᠨ ᠡᠮᠡᠭᠡ ᠵᠠᠮ ᠤᠨ ᠬᠠᠵᠠᠭᠤ ᠳᠤ ᠰᠠᠭᠤᠵᠤ ᠪᠠᠢ᠌ᠬᠤ ᠶᠢ ᠣᠯᠵᠤ ᠬᠠᠷᠠᠮᠠᠭᠴᠠ ᠪᠠᠨ ᠪᠢᠳᠠ ᠭᠡᠳᠦᠭᠦᠯᠡ ᠪᠠᠨ ᠪᠣᠯᠢᠶᠠᠯᠳᠤᠨ ᠭᠦᠶ‍ᠦᠵᠤ ᠣᠴᠢᠭᠠᠤᠨ ᠭᠦᠭ᠍ᠰᠢᠨ ᠡᠮᠡᠭᠡ ᠶᠢ ᠰᠤᠭᠤᠨ ᠡᠴᠠ ᠨᠢ ᠲᠦᠰᠢᠨ ᠪᠣᠰᠬᠠᠵᠤ᠄ 《ᠡᠮᠡᠭᠡ ᠡ᠂ ᠪᠢᠳᠠ ᠴᠢᠮ᠎ᠠ ᠶᠢ ᠵᠠᠮ ᠭᠠᠳᠤᠯᠠᠭᠤᠯᠵᠤ ᠦᠭ‍ᠭᠦᠶ᠎ᠡ》 ᠭᠡᠵᠤ ᠡᠨᠡ ᠨᠢ ᠭᠡᠯᠡᠳᠡᠯ᠎ᠡ᠂ ᠳᠠᠷᠠ ᠨᠢ ᠱᠠᠯᠠᠨ᠎ᠠ᠃ ᠡᠭᠦᠨ ᠳᠤ ᠭᠦᠭ᠍ᠰᠢᠨ ᠡᠮᠡᠭᠡ ᠦᠷᠴᠢᠭᠡᠷ ᠴᠢᠷᠠᠢ ᠳᠤ ᠪᠠᠨ ᠮᠦᠰᠢᠶᠠᠳᠤ ᠪᠢᠯᠬᠠᠭᠤᠯᠤᠭᠰᠠᠭᠠᠷ᠄ 《ᠪᠣᠯᠵᠠᠢ᠂ ᠬᠡᠦᠬᠡᠳ ᠮᠢᠨᠢ》 ᠭᠡᠵᠤ ᠪᠠᠢ᠌ᠳᠠᠯ᠎ᠠ ᠪᠢᠳᠠ ᠭᠦᠭ᠍ᠰᠢᠨ ᠡᠮᠡᠭᠡ ᠶᠢ ᠵᠥᠭ᠌ ᠳᠤᠯᠤᠭᠠᠢ ᠮᠡᠳᠡᠭᠦᠯᠦᠯ ᠦᠭᠡᠶ᠂ ᠪᠠᠷᠤᠭ ᠴᠢᠷᠴᠤ ᠡᠭᠦᠷᠦᠭ᠍ᠰᠡᠭᠡᠷ ᠵᠠᠮ ᠢ ᠭᠠᠳᠤᠯᠠᠭᠤᠯᠵᠤ 《ᠡᠭᠦᠷᠭᠡ》 ᠪᠠᠨ ᠠᠮᠵᠢᠯᠳᠠ ᠲᠡᠶ ᠪᠠᠶᠡᠯᠡᠭᠦᠯᠴᠢᠭᠡᠭᠡᠳ ᠭᠦᠭ᠍ᠰᠢᠨ ᠡᠮᠡᠭᠡ ᠮᠠᠨ ᠢ ᠮᠠᠭᠳᠠᠬᠤ ᠪᠠᠢ᠌ᠯᠭᠦᠢ ᠭᠡᠵᠤ ᠪᠣᠳᠤᠭᠰᠠᠨ ᠴᠢᠨᠢ ᠶᠠᠭᠤᠨ ᠤ ᠭᠢᠨᠢ ᠳᠠᠯᠠᠷᠬᠠᠬᠤ ᠪᠣᠢ᠂ ᠭᠦᠭ᠍ᠰᠢᠨ ᠡᠮᠡᠭᠡ ᠶᠡᠭᠡ ᠠᠭᠤᠷᠯᠠᠵᠤ ᠠᠮᠢᠰᠬᠤᠳᠠᠭᠰᠠᠭᠠᠷ᠄ 《ᠡᠨᠡ ᠮᠠᠭᠤ ᠵᠤᠯᠠᠭ᠎ᠠ ᠤᠳ ᠢ ᠵᠥᠭᠡᠷ᠂ ᠪᠢ ᠰᠠ‍‌ᠶᠢ ᠴᠠᠭᠠᠨ᠎ᠠ ᠳᠠᠯ᠎ᠠ ᠡᠴᠠ ᠢᠷᠡᠭᠡᠳ ᠡ᠊ᠨᠳᠡ ᠵᠢᠭᠠᠬᠠᠨ ᠠᠮᠢᠰᠬᠤᠶ᠎ᠠ ᠭᠡᠵᠤ ᠰᠠᠭᠤᠵᠤ ᠪᠠᠢ᠌ᠳᠠᠯ᠎ᠠ᠂ ᠡᠨᠡ ᠮᠠᠭᠤ ᠭᠠᠢ᠌ᠬᠠᠯ ᠤᠳ ᠨᠠᠳᠠ ᠶᠢ ᠡᠷᠭᠢᠭᠡᠳ ᠣᠭ ᠤᠨ ᠣᠷᠤᠨ ᠳᠤ ᠠᠪᠴᠢᠷᠠᠭᠠᠤᠨ ᠬᠠᠶᠠᠴᠢᠬᠠᠯ᠎ᠠ》 ᠭᠡᠨ᠎ᠡ᠃ ᠪᠢᠳᠠ ᠭᠡᠳᠦᠭᠦᠯᠡ ᠨᠢᠭᠡᠨ ᠨᠢᠭᠡ ᠪᠠᠨ ᠬᠠᠷᠠᠭᠠᠤᠨ ᠭᠡᠯᠡ ᠪᠠᠨ ᠪᠣᠯᠳᠠᠢ᠌ᠯᠭᠠᠵᠤ ᠮᠤᠳᠤᠨ ᠭᠦᠮᠤᠨ ᠪᠣᠯᠪᠠ᠃ ᠠᠢ᠂ ᠳᠠᠷᠠ ᠦᠶ᠎ᠡ ᠳᠤ ᠭᠦᠭ᠍ᠰᠢᠨ ᠡᠮᠡᠭᠡ ᠡᠷᠢᠭᠡᠳ ᠣᠯᠳᠠᠬᠤ ᠦᠭᠡᠶ 《ᠯᠸᠢ ᠹᠧᠩ》 ᠊ᠢ ᠵᠤᠪᠠᠭᠠᠨ᠎ᠠ᠃ ᠣᠳᠤ ᠳᠤ ᠭᠦᠭ᠍ᠰᠢᠨ ᠡᠮᠡᠭᠡ ᠣᠯᠠᠰᠢᠷᠠᠬᠤ ᠳᠤ 《ᠯᠸᠢ ᠹᠧᠩ》 ᠬᠠᠷᠢᠨ ᠠᠯᠠᠭ᠎ᠠ ᠪᠣᠯᠴᠢᠬᠠᠭᠰᠠᠨ ᠢ ᠶᠠᠭᠠᠭᠢᠯᠳᠠᠢ ᠪᠢᠯᠠ ⁈

     ᠨᠢᠭᠡ ᠣᠳᠠᠭ᠎ᠠ ᠪᠢᠳᠠ ᠪᠠᠭᠰᠢ ᠡᠴᠠ ᠯᠸᠢ ᠹᠧᠩ ᠠᠪᠠᠭ᠎ᠠ ᠡᠪᠦᠭᠡᠨ ᠠᠪᠣ ᠶᠢᠨ ᠪᠠᠶ᠎ᠠ ᠶᠢ ᠣᠭᠢᠶᠠᠵᠤ ᠦᠭ‍ᠭᠦᠭ᠍ᠰᠡᠨ ᠥᠯᠢᠭᠡᠷ ᠢ ᠳᠤᠭᠤᠯᠠᠭᠠᠤᠨ ᠡᠪᠦᠭᠡᠨ ᠠᠪᠣ ᠡᠷᠢᠭᠡᠳ ᠰᠣᠢ᠌ᠤᠨ ᠪᠣᠯᠤᠭᠰᠠᠨ ᠶᠤᠮ᠃ ᠡᠪᠦᠭᠡᠨ ᠠᠪᠣ ᠡᠷᠢᠭᠡᠳ ᠶᠠᠭ ᠣᠯᠬᠤ ᠦᠭᠡᠶ ᠪᠣᠯᠬᠤ ᠳᠤ ᠪᠠᠨ ᠨᠢᠭᠡ ᠨᠢ ᠡᠪᠦᠭᠡᠨ ᠠᠪᠣ ᠪᠣᠯᠵᠤ ᠪᠣᠰᠤᠳ ᠨᠢ 《ᠯᠸᠢ ᠹᠧᠩ》 ᠪᠣᠯᠵᠤ 《ᠡᠪᠦᠭᠡᠨ ᠠᠪᠣ》 ᠵᠢ ᠬᠤᠪᠴᠠᠰᠤ ᠡᠮᠦᠰᠭᠦ ᠵᠠᠪ ᠦᠭᠡᠶ ᠪᠣᠯᠭᠠᠵᠤ 《ᠡᠪᠦᠭᠡᠨ ᠠᠪᠣ》 ᠵᠢᠨ ᠠᠪᠣ ᠪᠠᠷ ᠨᠢ ᠵᠠᠩᠨᠠᠭᠤᠯᠵᠤ ᠪᠠᠢ᠌ᠭᠰᠠᠨ᠃ ᠪᠠᠰᠠ ᠨᠢᠭᠡᠨ ᠣᠳᠠᠭ᠎ᠠ ᠪᠢᠳᠠ ᠯᠸᠢ ᠹᠧᠩ ᠠᠪᠠᠭ᠎ᠠ ᠭᠦᠭ᠍ᠰᠢᠨ ᠡᠮᠡᠭᠡ ᠶᠢᠨ ᠦᠰᠦ ᠶᠢ ᠵᠠᠰᠠᠵᠤ ᠦᠭ‍ᠭᠦᠭ᠍ᠰᠡᠨ ᠥᠯᠢᠭᠡᠷ ᠢ ᠰᠤᠷᠤᠭᠠᠤᠨ ᠭᠡᠳᠦᠭᠦᠯᠡ ᠪᠠᠨ ᠡᠵᠢ ᠶᠢᠨ ᠶᠢᠡᠨ ᠬᠠᠢ᠌ᠴᠢ ᠶᠢ ᠬᠤᠯᠠᠭᠠᠢ᠌ᠯᠠᠨ ᠠᠪᠴᠤ ᠵᠡᠭᠦᠨ ᠬᠣᠢ᠌ᠳᠤ ᠭᠡᠷ ᠤᠨ ᠭᠦᠭ᠍ᠰᠢᠨ ᠡᠮᠡᠭᠡ ᠶᠢᠨ ᠦᠰᠦ ᠶᠢ ᠵᠠᠰᠠᠵᠤ ᠦᠭ‍ᠭᠦ ᠪᠠᠷ ᠣᠴᠢᠵᠠᠢ᠃ ᠭᠦᠭ᠍ᠰᠢᠨ ᠡᠮᠡᠭᠡ ᠶᠠᠭ ᠨᠤᠭᠤᠭᠠᠨ ᠬᠠᠰᠢᠶᠠᠨ ᠳᠤ ᠪᠠᠨ ᠡᠪᠠᠰᠤ ᠥᠭ᠍ᠳᠡᠭᠡᠵᠤ ᠪᠠᠢ᠌ᠵᠠᠢ᠃ ᠪᠢᠳᠠ ᠬᠠᠢ᠌ᠴᠢ ᠪᠠᠨ ᠠᠷᠤ ᠳᠤ ᠪᠠᠨ ᠨᠢᠭᠤᠭᠰᠠᠭᠠᠷ ᠭᠦᠭ᠍ᠰᠢᠨ ᠡᠮᠡᠭᠡ ᠶᠢᠨ ᠵᠠᠬ᠎ᠠ ᠳᠤ ᠭᠦᠷᠦᠭᠡᠳ ᠢᠷᠡᠭ᠍ᠰᠡᠨ ᠣᠴᠢᠷ ᠶᠢᠡᠨ ᠭᠡᠯᠡᠪᠠᠯ᠂ ᠭᠦᠭ᠍ᠰᠢᠨ ᠡᠮᠡᠭᠡ ᠮᠥᠰᠢᠶᠡᠭ᠍ᠰᠡᠭᠡᠷ᠄ 《ᠵᠠ᠂ ᠬᠡᠦᠬᠡᠳ ᠮᠢᠨᠢ︕ ᠳᠠ ᠨᠡᠷ ᠦᠰᠦ ᠠᠪᠴᠤ ᠴᠢᠳᠠᠨ᠎ᠠ ᠦᠦ︖》 ᠭᠡᠵᠤ ᠠᠰᠠᠭᠤᠭᠰᠠᠨ ᠳᠤ ᠪᠢᠳᠠ ᠳᠠᠷᠠ ᠳᠠᠷᠤᠢ ᠳᠤ ᠨᠢ 《ᠴᠢᠳᠠᠨ᠎ᠠ》 ᠭᠡᠵᠤ ᠳᠠᠭᠤ ᠨᠢᠭᠡᠳᠡᠢ ᠬᠠᠷᠢᠭᠤᠯᠪᠠ᠃ ᠭᠦᠭ᠍ᠰᠢᠨ ᠡᠮᠡᠭᠡ ᠵᠦᠪᠰᠢᠶᠠᠷᠠᠨ ᠭᠡᠷ ᠲᠤ ᠪᠠᠨ ᠣᠷᠤᠭᠠᠤᠨ ᠰᠠᠠᠳᠠᠯᠢ ᠳᠤ ᠪᠠᠨ ᠰᠠᠭᠤᠪᠠ᠃ ᠪᠢᠳᠠ ᠥᠯᠢᠭᠡᠷ ᠤᠨ ᠶᠤᠰᠤᠭᠠᠷ ᠭᠦᠭ᠍ᠰᠢᠨ ᠡᠮᠡᠭᠡ ᠶᠢᠨ ᠦᠰᠦ ᠶᠢ ᠵᠠᠰᠠᠪᠠ᠃ ᠡᠭᠡᠯᠵᠢᠯᠡᠨ ᠵᠠᠰᠠᠭᠰᠠᠭᠠᠷ ᠭᠦᠭ᠍ᠰᠢᠨ ᠡᠮᠡᠭᠡ ᠶᠢᠨ ᠮᠦᠷᠤ ᠳᠠᠪᠠᠭᠰᠠᠨ ᠰᠠᠢ᠌ᠬᠠᠨ ᠭᠡᠵᠢᠭᠡ ᠲᠡᠶ ᠳᠤᠯᠤᠭᠠᠢ ᠶᠢ ᠨᠢ ᠴᠠᠪᠠᠭᠠᠠᠴᠠ ᠶᠢᠨ ᠳᠤᠯᠤᠭᠠᠢ ᠪᠣᠯᠭᠠᠵᠤ ᠳᠠᠯᠪᠢᠭᠠᠤᠨ ᠠᠪᠣ ᠶᠢᠨ ᠶᠢᠡᠨ 《ᠳᠠᠰᠢᠭᠤᠷ ᠳᠠᠩ》 ᠊ᠢ ᠰᠠᠢ᠌ᠨ ᠨᠢᠭᠡ 《ᠠᠮᠰᠠᠭᠰᠠᠨ》 ᠶᠤᠮ᠃

    ᠨᠠᠳᠠ ᠶᠢ ᠳᠠᠪᠣᠳᠤᠭᠠᠷ ᠣᠨ ᠤ ᠳᠠᠷᠠ ᠵᠢᠯ ᠮᠠᠨ ᠤ ᠭᠤᠷᠪᠠᠨ ᠪᠠᠭᠰᠢ ᠶᠢᠨ ᠨᠢᠭᠡ ᠨᠢ ᠨᠢᠭᠡᠳᠦᠯ ᠤᠨ ᠳᠤᠮᠳᠠᠳᠤ ᠰᠤᠷᠭᠠᠭᠤᠯᠢ ᠳᠤ ᠠᠵᠢᠯ ᠰᠢᠯᠵᠢᠵᠤ᠂ ᠨᠢᠭᠡ ᠨᠢ ᠠᠢ᠌ᠯ ᠳᠤ ᠪᠠᠨ ᠰᠢᠯᠵᠢᠵᠤ ᠶᠠᠪᠣᠭᠰᠠᠨ ᠡᠴᠠ ᠨᠢᠭᠡ ᠯᠠ ᠡᠮᠡᠭ᠍ᠳᠡᠢ ᠪᠠᠭᠰᠢ ᠬᠤᠴᠤᠷᠠᠪᠠ᠃ ᠳᠡᠭᠡᠭᠡᠳ ᠳᠡᠭ᠍ᠡᠷ᠎ᠡ ᠱᠠᠳᠤᠨ ᠡᠴᠠ ᠨᠢᠭᠡ ᠡᠷᠡᠭ᠍ᠳᠡᠢ ᠪᠠᠭᠰᠢ ᠳᠤᠭᠢᠷᠠᠭᠤᠯᠵᠤ ᠦᠭ‍ᠭᠦᠭ᠍ᠰᠡᠨ ᠶᠤᠮ᠃ ᠳᠠᠷᠠ ᠡᠷᠡᠭ᠍ᠳᠡᠢ ᠪᠠᠭᠰᠢ ᠭᠡᠵᠤ ᠰᠠ‍‌ᠶᠢ ᠬᠤᠷᠢᠨ ᠭᠡᠳᠦᠳᠡᠢ ᠵᠠᠯᠭᠠᠤ ᠪᠠᠢ᠌ᠳᠠᠯ᠎ᠠ ᠪᠠᠨ ᠳᠤᠯᠤᠭᠠᠢ ᠶᠢᠨ ᠭᠢᠨᠢ ᠦᠰᠦ ᠨᠢ ᠪᠦᠷ ᠬᠠᠯᠴᠠᠭᠠᠢ᠌ᠷᠠᠭᠰᠠᠨ ᠡᠴᠠ ᠭᠦᠮᠦᠰ ᠲᠤ ᠨᠠᠯᠢᠶᠠᠤᠨ ᠡᠪᠦᠭᠡᠵᠢᠶᠡᠷ ᠬᠠᠷᠠᠭᠳᠠᠨ᠎ᠠ᠃ ᠳᠠᠷᠠ ᠪᠠᠭᠰᠢ ᠮᠠᠨ ᠲᠡᠶ ᠬᠤᠯᠠ ᠶᠢᠨ ᠰᠠᠳᠤᠨ ᠪᠣᠯᠤᠨ᠎ᠠ ᠭᠡᠨ᠎ᠡ᠃ ᠳᠠᠷᠠ ᠦᠷᠭᠦᠯᠵᠢ ᠮᠠᠨ ᠤ ᠳᠤ ᠠᠢ᠌ᠯᠴᠢᠯᠠᠵᠤ ᠣᠴᠢᠳᠠᠭ ᠡᠴᠠ ᠨᠠᠳᠠ ᠲᠡᠶ ᠭᠡᠮᠵᠢᠶ᠎ᠡ ᠦᠭᠡᠶ ᠳᠠᠰᠤᠯᠴᠠᠵᠠᠢ᠃ ᠳᠠᠷᠠ ᠡᠷᠡᠭ᠍ᠳᠡᠢ ᠪᠠᠭᠰᠢ ᠰᠧ᠊ ᠪᠠᠭᠰᠢ ᠰᠢᠭ ᠱᠤᠭ ᠶ‍ᠥᠮᠦᠷᠯᠢᠭ᠌ ᠪᠢᠰᠢ᠃ ᠡᠮᠡᠭ᠍ᠳᠡᠢ ᠪᠠᠭᠰᠢ ᠨᠡᠷ ᠰᠢᠭ ᠳᠠᠭᠤᠤ ᠪᠦᠵᠢᠭ᠌ ᠲᠤ ᠪᠠᠨ ᠠᠪᠢᠶᠠᠰ ᠲᠡᠶ ᠴᠤ ᠪᠢᠰᠢ᠃ ᠭᠡᠳᠡᠯ᠎ᠡ ᠳᠡᠭᠦᠨ ᠤ ᠪᠠᠰᠠ ᠬᠤᠪᠢ ᠶᠢᠨ ᠣᠷ᠎ᠠ ᠴᠢᠳᠠᠪᠣᠷᠢ ᠪᠠᠢ᠌ᠳᠠᠭ᠃ ᠳᠠᠷᠠ ᠰᠤᠯᠠ ᠰᠡᠯᠡᠭᠦᠤ ᠴᠠᠭ ᠲᠤ ᠪᠠᠨ ᠨᠠᠳᠠ ᠲᠡᠶ ᠦᠷᠭᠦᠯᠵᠢ ᠵᠤᠭᠤᠭᠳᠠᠳᠠᠭ᠃ ᠳᠠᠷᠠ ᠨᠠᠳᠠ ᠳᠤ ᠣᠯᠠᠨ ᠣᠠᠯᠠ ᠡᠷᠳᠡ ᠡᠳᠦᠭᠡᠭᠢ 《ᠭᠡᠷᠡᠭ᠌ ᠢ ᠢᠯᠡᠷᠡᠭᠦᠯᠦᠭ᠍ᠰᠡᠨ ᠥᠯᠢᠭᠡᠷ》 ᠶᠠᠷᠢᠵᠤ ᠥᠭ᠍ᠳᠡᠭ᠌᠃ ᠪᠢ ᠳᠠᠷᠠ ᠦᠶ᠎ᠡ ᠡᠴᠠ ᠬᠤᠯᠮᠤᠰ ᠭᠡᠰᠡᠨ ᠨᠠᠷ᠎ᠠ ᠶᠢ ᠰᠤᠨᠤᠰᠤᠭᠰᠠᠨ ᠪᠦᠭᠡᠳ ᠳᠠᠷᠠ ᠪᠠᠭᠰᠢ ᠶᠢ ᠶᠡᠭᠡ ᠣᠯᠠᠨ ᠶᠠᠭᠤᠮ᠎ᠠ ᠮᠡᠳᠡᠳᠡᠭ᠌ ᠭᠦᠮᠤᠨ ᠭᠡᠵᠤ ᠳᠤᠳᠤᠷ᠎ᠠ ᠪᠠᠨ ᠪᠢᠰᠢᠷᠡᠳᠡᠭ᠌ ᠪᠣᠯᠪᠠ᠃ ᠪᠢ ᠳᠤᠳᠤᠷ᠎ᠠ ᠪᠠᠨ ᠡᠨᠡ ᠪᠠᠭᠰᠢ ᠡᠷᠳᠡ ᠢᠡᠷᠭ᠍ᠰᠡᠨ ᠪᠣᠯ ᠮᠠᠨ ᠤ ᠠᠢ᠌ᠯ ᠤᠨ ᠳᠠᠷᠠ ᠭᠡᠳᠤᠨ ᠭᠡᠷᠡᠭ᠍ᠳᠡᠨ ᠢ ᠡᠷᠢᠵᠤ ᠭᠠᠷᠭᠠᠬᠤ ᠳᠤ ᠯᠠᠪ ᠳᠠᠳᠤᠢ ᠣᠳᠠᠬᠤ ᠦᠭᠡᠶ ᠭᠡᠵᠤ ᠢᠳᠡᠭᠡᠨ ᠪᠣᠳᠤᠨ᠎ᠠ᠃ ᠬᠤᠯᠮᠤᠰ ᠤᠨ ᠳᠤᠬᠠᠢ ᠰᠤᠨᠤᠰᠤᠭᠰᠠᠭᠠᠷ ᠪᠢ ᠬᠤᠵᠢᠮ ᠥᠭᠡᠯᠡᠢ ᠪᠣᠯᠪᠠᠯ ᠬᠤᠯᠮᠤᠰ ᠰᠢᠭ ᠳᠡᠯᠡᠭᠡᠢ ᠳ᠋ᠠᠭᠢᠨ ᠳᠤ ᠨᠠᠷ᠎ᠠ ᠲᠡᠶ ᠳᠠᠩᠨᠠᠭᠤᠯ ᠪᠣᠯᠤᠶ᠎ᠠ ᠭᠡᠵᠤ ᠪᠣᠳᠤᠨ᠎ᠠ᠃ ᠬᠠᠶᠠ ᠵᠠᠷᠢᠮ ᠳᠤ ᠪᠠᠨ ᠠᠢ᠌ᠯ ᠪᠣᠯᠤᠨ ᠰᠤᠷᠭᠠᠭᠤᠯᠢ ᠳᠤ ᠭᠡᠷᠡᠭ᠌ ᠭᠠᠷᠤᠭᠠᠰᠠᠢ ᠭᠡᠵᠤ ᠭᠦᠰᠡᠨ᠎ᠡ᠃ ᠳᠡᠭᠡᠪᠠᠯ ᠪᠢ ᠬᠤᠯᠮᠤᠰ ᠰᠢᠭ ᠳᠡᠳᠡᠭᠡᠷ ᠭᠡᠷᠡᠭ᠍ᠳᠡᠨ ᠢ ᠳᠠᠩᠨᠠᠨ ᠮᠦᠷᠳᠠᠵᠤ ᠪᠠᠢ᠌ᠭᠠᠤᠨ ᠪᠠᠷᠢᠪᠴᠢᠯᠠᠬᠤ ᠦᠭᠡᠶ ᠦᠦ ᠳ᠋ᠠ ᠭᠡᠵᠤ ᠴᠤ ᠪᠣᠳᠤᠨ᠎ᠠ᠃ ᠰᠤᠷᠭᠠᠭᠤᠯᠢ ᠳᠤ ᠪᠠᠢ᠌ᠨ ᠪᠠᠢ᠌ᠨ 《ᠭᠡᠷᠡᠭ᠌》 ᠭᠠᠷᠳᠠᠭ ᠪᠣᠯᠪᠠᠴᠤ ᠮᠢᠨᠤ ᠣᠷᠤᠯᠴᠠᠬᠤ ᠵᠠᠪᠰᠢᠶᠠᠨ ᠣᠯᠬᠤ ᠡᠴᠠ ᠡᠮᠤᠨ᠎ᠡ ᠡᠨᠡ ᠪᠠᠭᠰᠢ ᠰᠢ᠌ᠳᠪᠦᠷᠢᠯᠡᠭᠡᠳ ᠪᠠᠷᠠᠭᠠᠴᠢᠬᠠᠨ᠎ᠠ᠃ ᠡᠨᠡ ᠪᠠᠭᠰᠢ ᠥᠨᠡᠭᠡᠷ ᠬᠤᠯᠮᠤᠰ ᠰᠢᠭ ᠮᠡᠷᠭᠡᠨ ᠭᠦᠮᠤᠨ ᠪᠣᠯᠴᠢᠬᠠᠭᠠᠤᠨ ᠳᠠᠩᠳᠠ ᠮᠢᠨᠤ ᠣᠷᠮ᠎ᠠ ᠶᠢ ᠬᠤᠭᠤᠯᠤᠨ᠎ᠠ᠃

     ᠬᠠᠪᠢᠷᠭᠠᠨ ᠰᠠᠷᠠ ᠲᠡᠶ ᠨᠢᠭᠡ ᠰᠦᠨᠢ ᠪᠢ ᠰᠡᠮᠡᠭᠡᠷ ᠪᠣᠰᠴᠤ ᠬᠤᠪᠴᠠᠰᠤᠯᠠᠭᠠᠤᠨ᠂ ᠣᠠᠳᠠᠬᠤ ᠡᠴᠠ ᠪᠠᠨ ᠡᠮᠤᠨ᠎ᠡ ᠪᠡᠯᠡᠳᠭᠡᠭ᠍ᠰᠡᠨ ᠡᠵᠢ ᠶᠢᠨ ᠬᠠᠢ᠌ᠴᠢ ᠶᠢ ᠠᠪᠴᠤ ᠦᠯᠮᠠᠢ ᠪᠠᠷ ᠶᠢᠡᠨ ᠠᠯᠬᠤᠭᠰᠠᠭᠠᠷ ᠭᠡᠷ ᠡᠴᠠ ᠭᠠᠷᠪᠠ᠃ ᠪᠢ ᠭᠡᠷ ᠡᠴᠠ ᠭᠠᠷᠤᠭᠠᠤᠨ ᠮᠤᠤᠷ ᠰᠢᠭ ᠮᠢᠷᠢᠶᠠᠨ ᠠᠯᠬᠤᠭᠰᠠᠭᠠᠷ ᠪᠠᠷᠠᠭᠤᠨ ᠭᠡᠷ ᠤᠨ ᠠᠪᠠᠭ᠎ᠠ ᠶᠢᠨ ᠳᠤ ᠭᠦᠷᠴᠤ ᠬᠠᠰᠢᠶᠠᠨ ᠳᠤ ᠨᠢ ᠣᠷᠤᠵᠤ 《ᠨᠤᠮᠤᠬᠠᠨ ᠪᠣᠷᠤ》 ᠵᠢᠨ ᠭᠢᠨᠢ ᠰᠡᠭᠦᠯ ᠢ ᠨᠢ 《ᠱᠤᠪᠳᠤᠩ ᠪᠣᠷᠤ》 ᠪᠣᠯᠳᠠᠯ᠎ᠠ ᠬᠠᠢ᠌ᠴᠢᠯᠠᠭᠠᠤᠨ ᠡᠮᠤᠨ᠎ᠡ ᠭᠡᠷ ᠤᠨ ᠭᠦᠮᠤᠨ ᠤ ᠰᠠᠷᠠᠪᠴᠢᠨ ᠳᠤ ᠠᠪᠠᠴᠢᠵᠤ ᠨᠢᠭᠤᠵᠤ ᠳᠠᠯᠪᠢᠭᠠᠤᠨ ᠣᠳᠤ ᠮᠠᠨ ᠤ 《ᠬᠤᠯᠮᠤᠰ》 ᠊ᠤᠨ ᠭᠡᠷᠡᠭ᠌ ᠢᠯᠡᠷᠡᠭᠦᠯᠭᠦ ᠴᠢᠳᠠᠪᠣᠷᠢ ᠶᠢ ᠨᠢ ᠨᠢᠭᠡ ᠦᠵᠡᠶ᠎ᠠ ᠭᠡᠵᠤ ᠪᠠᠶᠠᠷᠳᠠᠢ᠌ᠬᠠᠨ ᠪᠣᠴᠠᠵᠤ ᠣᠠᠳᠠᠪᠠ᠃

ᠮᠠᠷᠭᠠᠰᠢ ᠨᠢ ᠨᠢᠭᠡ ᠠᠢ᠌ᠯ ᠳᠠᠪᠵᠢᠶᠠᠨ ᠪᠣᠯᠪᠠ᠃ ᠦᠳᠡ ᠶᠢᠨ ᠡᠮᠤᠨ᠎ᠡ ᠪᠢ ᠳᠤᠳᠤᠷ᠎ᠠ ᠪᠠᠨ ᠳᠦᠭ᠌ ᠳᠠᠭ ᠲᠡᠶ ᠭᠢᠴᠢᠶᠠᠯ ᠰᠤᠨᠤᠰᠪᠠ᠃ ᠦᠳᠡ ᠳᠤ ᠮᠠᠨ ᠤ 《ᠬᠤᠯᠮᠤᠰ》 ᠨᠠᠳᠠ ᠶᠢ ᠠᠯᠪᠠᠨ ᠭᠡᠷ ᠲᠤ ᠪᠠᠨ ᠳᠠᠭᠤᠳᠠᠪᠠ᠃ ᠮᠠᠨ ᠤ 《ᠬᠤᠯᠮᠤᠰ》 ᠨᠠᠳᠠ ᠶᠢ ᠥᠵᠡᠭᠡᠳ ᠠᠢ᠌ᠯ ᠤᠨ ᠭᠡᠷᠡᠭ᠌ ᠤᠨ ᠳᠤᠬᠠᠢ ᠶᠠᠭᠤ ᠴᠤ ᠶᠠᠷᠢᠭᠰᠠᠨ ᠦᠭᠡᠶ᠂ ᠡᠨᠡ ᠦᠳᠡ ᠳᠤ ᠡ᠊ᠨᠳᠡ ᠬᠤᠭᠤᠯᠠ ᠢᠳᠡᠴᠢᠭᠡ᠂ ᠪᠢ ᠭᠡᠷ ᠲᠤ ᠴᠢᠨᠢ ᠴᠢᠮᠡᠭᠡ ᠭᠡᠯᠡᠭᠦᠯᠴᠢᠭᠡᠭ᠍ᠰᠡᠨ ᠭᠡᠰᠡᠨ ᠳᠤ ᠪᠢ ᠳᠤᠯᠤᠭᠠᠢ ᠳᠤᠭᠢᠪᠠ᠃ ᠦᠳᠡ ᠶᠢᠨ ᠬᠤᠭᠤᠯᠠᠨ ᠤ ᠳᠠᠷᠠᠭ᠎ᠠ ᠮᠠᠨ ᠤ 《ᠬᠤᠯᠮᠤᠰ》 ᠨᠠᠳᠠ ᠳᠤ ᠣᠯᠠᠨ ᠠᠷᠪᠢᠨ ᠭᠦᠮᠤᠨ ᠪᠣᠯᠬᠤ ᠵᠦᠪ ᠶᠤᠰᠤ ᠶᠢ ᠶᠠᠷᠢᠵᠤ ᠦᠭ‍ᠭᠦᠯ᠎ᠡ᠃ ᠪᠢ ᠣᠬᠠᠮᠰᠠᠷᠠᠨ ᠭᠡᠮᠰᠢᠵᠤ ᠪᠠᠭᠰᠢ ᠳᠤ ᠪᠠᠨ ᠦᠨᠡᠨ ᠶᠢᠡᠨ ᠭᠡᠯᠡᠪᠡ᠃ ᠭᠡᠪᠠᠴᠤ ᠭᠡᠷᠡᠭ᠌ ᠶᠢᠡᠨ ᠳᠠᠳᠠᠴᠢᠬᠠᠭᠠᠤᠨ ᠣᠳᠤ ᠠᠪᠣ ᠳᠤ ᠪᠠᠨ ᠠᠷᠠᠰᠤ ᠪᠠᠨ ᠱᠠᠭᠠᠯᠠᠭᠳᠠᠬᠤ ᠡᠴᠠ ᠶᠡᠭᠡ ᠠᠶᠤᠵᠤ ᠪᠠᠢ᠌ᠬᠤ ᠳᠤ ᠪᠠᠭᠰᠢ ᠮᠠᠨᠢ ᠨᠠᠳᠠ ᠶᠢ ᠳᠠᠭᠠᠭᠤᠯᠵᠤ ᠠᠪᠠᠭ᠎ᠠ ᠠᠪᠣ ᠶᠢᠨ ᠳᠤ ᠣᠴᠢᠵᠤ ᠪᠣᠷᠤᠭᠤ ᠮᠡᠳᠡᠭᠦᠯᠵᠤ᠂ ᠠᠪᠠᠭ᠎ᠠ ᠠᠪᠣ ᠲᠡᠶ ᠠᠪᠣ ᠳᠤ ᠣᠴᠢᠵᠤ ᠭᠡᠯᠡᠭᠡᠳ ᠮᠢᠨᠤ 《ᠶᠠᠯ᠎ᠠ》 ᠵᠢ ᠭᠡᠯᠳᠦᠷᠢᠭᠦᠯᠦᠭ᠍ᠰᠡᠨ ᠶᠤᠮ᠃

     ᠣᠨ ᠤ ᠣᠷᠤᠰᠬᠠᠯ ᠮᠠᠰᠢ ᠳᠦᠷᠭᠡᠨ ᠣᠷᠤᠰᠤᠭᠰᠠᠭᠠᠷ᠂ ᠪᠢ ᠴᠢᠨᠢ ᠨᠢᠭᠡᠨᠲᠡ ᠳᠦᠴᠢ ᠶᠢᠨ ᠳᠠᠪᠠᠭ᠎ᠠ ᠳᠠᠪᠠᠴᠢᠬᠠᠭᠠᠤᠨ ᠶᠠᠪᠣᠵᠤ ᠪᠠᠢ᠌ᠨ᠎ᠠ᠃ ᠪᠠᠰᠠ ᠪᠠᠭᠰᠢ ᠶᠢᠨ ᠠᠵᠢᠯ ᠭᠢᠭᠡᠳ ᠬᠤᠷᠢ ᠭᠠᠷᠤᠢ ᠵᠢᠯ ᠪᠣᠯᠵᠤ ᠪᠠᠢ᠌ᠨ᠎ᠠ᠃ ᠨᠢᠭᠡ ᠰᠤᠨᠢᠨ ᠣᠴᠢᠷ ᠭᠡᠪᠠᠯ ᠮᠢᠨᠤ ᠠᠯᠢᠶ᠎ᠠ ᠰᠤᠷᠤᠭᠴᠢᠳ ᠪᠦᠷ ᠨᠠᠳᠠ ᠲᠡᠶ ᠬᠠᠮᠤᠭ ᠳᠤᠳᠤᠨᠤ ᠨᠠᠢ᠌ᠵᠠ ᠪᠣᠯᠵᠤ᠂ ᠶᠠᠮᠠᠷ ᠣᠴᠢᠷ ᠶᠢᠡᠨ ᠴᠤ ᠨᠢᠭᠤᠯᠳᠠ ᠦᠭᠡᠶ ᠭᠡᠯᠡᠳᠡᠭ᠌ ᠡᠴᠠ ᠠᠩᠭᠢ ᠶᠢᠨ ᠭᠡᠷᠡᠭ᠌ ᠣᠴᠢᠷ ᠰᠢ᠌ᠳᠪᠦᠷᠢᠯᠡᠭᠦ ᠳᠤ ᠶᠡᠭᠡ ᠳᠦᠭᠦᠮ ᠪᠣᠯᠤᠭᠰᠠᠭᠠᠷ ᠢᠷᠡᠭ᠍ᠰᠡᠨ ᠶᠤᠮ᠃

     ᠳᠤᠮᠤᠭ᠎ᠠ ᠦᠭᠡᠶ ᠬᠡᠦᠬᠡᠳ ᠨᠠᠰᠤ ᠡ︕ ᠳᠤᠮᠤᠭ ᠰᠢᠭ ᠪᠠᠭ᠎ᠠ ᠶᠢᠨ ᠦᠶ᠎ᠡ ᠡ︕ ᠳᠤᠷᠠᠰᠤᠯ ᠤᠨ ᠳᠡᠭ᠍ᠷᠢ ᠳᠤ ᠮᠢᠨᠢ ᠡᠭᠦᠯᠡᠰ ᠰᠢᠭ᠌ ᠬᠠᠶᠠ ᠢᠷᠠᠵᠤ ᠬᠠᠶᠠ ᠪᠣᠴᠠᠨ᠎ᠠ᠃

     ᠬᠡᠦᠬᠡᠳ ᠨᠠᠰᠤᠨ ᠤ ᠳᠠᠷᠠ ᠦᠶ᠎ᠡ ᠳᠤ ᠭᠦᠴᠤ ᠪᠠᠨ ᠰᠢᠪᠬᠠᠵᠤ᠂ ᠭᠦᠯᠦᠰᠤ ᠪᠠᠨ ᠣᠷᠤᠰᠬᠠᠵᠤ᠂ ᠭᠦᠴᠢᠷ ᠢ ᠳᠤᠭᠤᠯᠠᠭᠰᠠᠨ ᠪᠠᠭᠰᠢᠨᠠᠷ ᠮᠢᠨᠢ ᠡ︕ ᠭᠡᠭᠦᠳᠡᠭ᠌ ᠴᠡᠭᠡᠵᠢᠨ ᠳᠤ ᠮᠥᠩᠭᠡ ᠶᠢᠨ ᠭᠦᠰᠢᠶ᠎ᠡ ᠪᠣᠯᠵᠤ ᠰᠡᠭᠦᠢᠨ᠎ᠡ᠃

     ᠠᠯᠢᠶ᠎ᠠ ᠭᠦᠤ ᠪᠠᠨ ᠦᠷᠤᠴᠠᠨ ᠳᠤ ᠪᠠᠨ ᠪᠦᠪᠠᠢ᠌ᠯᠠᠵᠤ᠂ ᠠᠯᠳᠠᠨ ᠰᠤᠶᠤᠯ ᠢ ᠠᠩᠬ᠎ᠠ ᠨᠢᠳᠦᠯᠡᠭᠦᠯᠦᠭ᠍ᠰᠡᠨ ᠠᠢ᠌ᠯ ᠤᠨ ᠮᠢᠨᠢ ᠰᠤᠷᠭᠠᠭᠤᠯᠢ ᠊᠊᠊᠊᠊᠊᠊᠊᠊᠊᠊᠊᠊᠊᠊ ᠨᠠᠪᠳᠠᠢ᠌ᠭᠰᠠᠨ ᠰᠢᠪᠠᠷ ᠪᠠᠢ᠌ᠰᠢᠩ ᠠᠯᠠᠭ ᠨᠢᠳᠤᠨ ᠳᠤ ᠠᠭᠢᠨ ᠳᠠᠭᠢᠨ ᠪᠦᠷᠳᠦᠯᠵᠡᠨ᠎ᠡ ᠁


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠢᠷᠢᠮ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠩ ᠳᠢᠶ‍ᠧ ᠯᠦᠩ
ᠬᠠᠷᠢᠶ᠎ᠠ᠄ ᠨᠠᠢᠷᠠᠭᠤᠯᠤᠯ
ᠳᠠᠷᠤᠮ᠄ 3509
ᠴᠠᠭ᠄ 2011 ᠤᠨ ᠤ 02 ᠰᠠᠷ᠎ᠠ ᠶᠢᠨ 25