ᠨᠠᠳᠠ ᠳᠤ ᠪᠣᠴᠭᠠᠵᠤ ᠥᠭ᠌

ᠨᠠᠷᠠ

ᠨᠠᠪᠴᠢᠨ ᠳᠡᠭᠡᠷ᠎ᠡ ᠤᠢ᠌ᠴᠢᠴᠢᠬᠠᠭᠠᠤᠨ

ᠨᠠᠳᠠ ᠣᠷᠤᠭᠤ ᠢᠰᠪᠢᠯᠵᠢᠨ ᠢᠨᠢᠶᠡᠭᠦ ᠳᠤ

ᠮᠢᠨᠤ ᠴᠢᠷᠠᠢ ᠴᠢᠮ᠎ᠠ ᠡᠴᠠ ᠣᠯᠠᠢ᠌ᠨ᠎ᠠ

ᠰᠠᠷᠠ

ᠡᠵᠢ ᠶᠢᠨ ᠠᠶᠠᠭᠠᠨ ᠳᠤ ᠡᠷᠭᠡᠯᠡᠨ

ᠡᠯᠢᠭᠡ ᠡᠮᠳᠡᠷᠡᠮ᠎ᠡ ᠥᠯᠢᠭᠡᠷ ᠭᠦᠦᠷᠨᠢᠭᠦ ᠳᠤ

ᠪᠢ ᠨᠢᠯᠪᠣᠰᠤ ᠪᠠᠷ ᠵᠢᠷᠦᠭᠡ ᠪᠠᠨ ᠣᠭᠢᠶᠠᠨ᠎ᠠ

ᠣᠳᠤ

ᠠᠪᠣ ᠶᠢᠨ ᠬᠤᠠᠳᠠᠭᠠᠨ ᠳᠤ

ᠠᠷᠤ ᠠᠷᠤ ᠡᠴᠠ ᠪᠠᠨ ᠳᠤᠩᠭ᠋ᠤᠷᠴᠠᠭᠯᠠᠬᠤ ᠳᠤ

ᠠᠪᠣ ᠶᠢᠨ ᠰᠡᠭᠦᠷᠡᠰᠤᠨ ᠳᠤ ᠳᠡᠯᠡᠭᠡᠢ ᠴᠠᠷᠴᠠᠨ᠎ᠠ

ᠭᠠᠳᠠᠨ᠎ᠠ ᠰᠠᠯᠭᠢ ᠬᠠᠤᠭᠢᠨ᠎ᠠ

ᠭᠠᠯᠵᠠᠭᠤ ᠣᠷᠤᠰᠢᠭᠰᠠᠨ ᠮᠠᠳᠤ ᠢᠰᠭᠢᠷᠤᠨ᠎ᠡ

ᠪᠢ ᠵᠡᠭᠦᠳᠤ ᠪᠠᠷ ᠶᠢᠡᠨ

ᠭᠠᠯᠪᠠ ᠶᠡᠭᠦᠷᠡᠯ᠎ᠡ ᠭᠡᠵᠤ ᠬᠠᠰᠭᠢᠷᠬᠤ ᠳᠤ

ᠡᠵᠢ ᠮᠢᠨᠢ ᠮᠦᠷᠤ ᠶᠢ ᠳᠠᠪᠰᠢᠵᠤ ᠮᠥᠩᠭᠡᠷᠡᠨ᠎ᠡ

ᠴᠠᠭᠢᠯᠳᠠᠭ ᠤᠨ ᠴᠡᠴᠡᠭ᠌

ᠭᠡᠵᠢᠶ᠎ᠡ ᠳᠡᠯᠭᠡᠷᠭᠦ ᠶᠢ

ᠴᠠᠭ ᠡᠪᠦᠭᠡᠨ ᠡᠴᠠ ᠠᠰᠠᠭᠤᠭᠠᠤᠨ ᠪᠠᠢ᠌ᠬᠤᠯᠠᠷ

ᠴᠢᠮ᠎ᠠ ᠡᠴᠠ ᠢᠯᠡᠭᠦᠤ ᠪᠢ ᠶᠠᠭᠠᠷᠳᠠᠭ ᠭᠡᠵᠤ

ᠴᠠᠭᠢᠮ ᠳᠠᠭᠤᠨ ᠶᠢᠡᠷ ᠬᠠᠰᠭᠢᠴᠠᠨ᠎ᠠ

ᠪᠣᠷᠤᠭ᠎ᠠ ᠣᠷᠤᠨ᠎ᠠ ᠭᠡᠵᠤ

ᠪᠣᠷᠤᠭᠤ ᠮᠡᠳᠡᠭᠡᠯᠡᠭ᠍ᠰᠡᠨ

ᠪᠣᠭᠤᠷᠤᠯ ᠡᠭᠦᠯᠡᠰ

ᠪᠣᠳᠠᠨ ᠤ ᠳᠠᠯᠳᠠ ᠡᠴᠠ

ᠵᠠᠯᠢᠳᠠᠢ ᠢᠨᠢᠶᠠᠨ᠎ᠡ

ᠪᠢ ᠳᠠᠰᠴᠤ ᠳᠡᠢ᠌ᠯᠭᠦ ᠪᠠᠨ ᠪᠣᠯᠢᠪᠠ

ᠪᠣᠭᠳᠠ ᠶᠢᠨ ᠢᠳᠡᠭᠡᠯ ᠶᠢᠡᠷ ᠪᠣᠰᠴᠤ ᠵᠤᠭᠰᠤᠪᠠ

ᠪᠦᠮᠪᠦᠷᠴᠡᠭ᠌ ᠤᠨ ᠭᠦᠮᠦᠰ ᠡᠴᠠ ᠦᠷᠢ ᠨᠡᠭᠡᠭᠦ ᠪᠠᠷ

ᠨᠢᠳᠤᠷᠭ᠎ᠠ ᠪᠠᠨ ᠵᠠᠩᠭᠢᠳᠤᠨ ᠪᠣᠰᠴᠤ ᠵᠤᠭᠰᠤᠪᠠ

ᠪᠦᠮᠪᠦᠷᠴᠡᠭ᠌ ᠤᠨ ᠭᠦᠮᠦᠰ ᠡ ︕

ᠪᠠᠢ᠌ᠭᠠᠯᠢ ᠳᠡᠯᠡᠭᠡᠢ ᠶᠢ ᠮᠢᠨᠢ

ᠪᠠᠶᠠᠨ ᠳᠠᠩᠰᠤᠭ ᠵᠢᠷᠤᠭ ᠲᠡᠶ ᠨᠢ

ᠪᠠᠯ ᠪᠣᠷᠤᠮᠳᠤ ᠠᠮᠢᠳᠤᠷᠠᠯ ᠲᠡᠶ ᠨᠢ

ᠪᠣᠴᠠᠭᠠᠵᠤ ᠥᠭ᠌ ᠡ᠂   ᠨᠠᠳᠠ ᠳᠤ

ᠨᠤᠮᠢᠨ ᠨᠤᠭᠤᠭᠠᠨ ᠳᠠᠯ᠎ᠠ ᠶᠢ ᠮᠢᠨᠢ

ᠨᠤᠭᠤᠯᠠᠭ᠎ᠠ ᠳᠤ ᠪᠠᠨ ᠳᠤᠮᠤᠭ ᠲᠡᠶ ᠭᠤᠤᠯ ᠲᠡᠶ ᠨᠢ

ᠨᠠᠢ᠌ᠷᠠᠭ ᠤᠨ ᠳᠤᠯᠭᠢᠶ᠎ᠠ ᠲᠡᠶ ᠨᠠᠭᠤᠷ ᠲᠡᠶ ᠨᠢ

ᠨᠠᠷᠭᠢᠨ ᠭᠦᠭ᠍ᠵᠢᠯᠳᠦᠳᠡᠭ᠌ ᠰᠢᠪᠠᠭᠤᠳ ᠲᠡᠶ ᠨᠢ

ᠨᠠᠳᠠ ᠳᠤ ᠪᠣᠴᠠᠭᠠᠵᠤ ᠥᠭ᠌ ᠡ

ᠰᠠᠷᠠᠨ ᠳᠡᠷᠭᠡᠯ ᠨᠤᠳᠤᠭ ᠢ ᠮᠢᠨᠢ

ᠰᠠᠪᠠ ᠪᠢᠯᠬᠠᠭᠰᠠᠨ ᠰᠦ᠋ ᠲᠡᠶ ᠨᠢ

ᠰᠠᠮᠪᠠᠢ ᠴᠠᠭᠠᠨ ᠬᠠᠳᠠᠭ ᠲᠡᠶ ᠨᠢ

ᠰᠠᠢ᠌ᠬᠠᠨ ᠢᠷᠦᠭᠡᠯ ᠪᠦᠭᠦᠨ ᠲᠡᠶ ᠨᠢ

ᠰᠠᠭᠠᠷ ᠦᠭᠡᠶ ᠪᠣᠴᠠᠭᠠᠵᠤ ᠥᠭ᠌ ᠡ᠂   ᠨᠠᠳᠠ ᠳᠤ

ᠡᠪᠦᠭᠡ ᠳᠡᠭᠡᠳᠦᠰ ᠤᠨ ᠭᠠᠵᠠᠷ ᠰᠢᠷᠤᠢ ᠶᠢ ᠮᠢᠨᠢ

ᠡᠷᠳᠡᠨᠢ ᠠᠭᠤᠷᠬᠠᠢ ᠪᠣᠯᠠᠭᠳᠠᠴᠠ ᠲᠡᠶ ᠨᠢ

ᠡᠪᠠᠰᠤ᠂   ᠮᠤᠳᠤ᠂   ᠴᠡᠴᠡᠭ᠌ ᠲᠡᠶ ᠨᠢ

ᠡᠭᠡᠯᠵᠢᠯᠡᠨ ᠮᠠᠯᠵᠢᠳᠠᠭ ᠣᠳᠤᠷ ᠲᠡᠶ ᠨᠢ

ᠡᠷᠭᠡᠪᠰᠢ ᠪᠣᠴᠠᠭᠠᠵᠤ ᠥᠭ᠌ ᠡ᠂   ᠨᠠᠳᠠ ᠳᠤ

ᠣᠶᠠᠩᠭ᠋ᠠᠨ ᠦᠣᠷᠰᠡᠭᠡᠨ ᠲᠡᠶ ᠠᠳᠤᠭᠤᠳ ᠢ ᠮᠢᠨᠢ

ᠣᠨᠠᠭ᠎ᠠ ᠳᠠᠭ᠎ᠠ ᠶᠢᠨ ᠴᠣᠢ᠌ᠯᠭᠠᠨ ᠲᠡᠶ ᠨᠢ

ᠣᠭᠠᠯᠵᠠᠨ ᠭᠡ ᠲᠡᠶ ᠡᠮᠡᠭᠡᠯ ᠲᠡᠶ ᠨᠢ

ᠣᠷᠭ᠎ᠠ ᠡᠴᠠ ᠪᠣᠯᠳᠠᠭᠰᠠᠨ ᠲᠤᠢ᠌ᠯᠭᠠᠨ ᠲᠡᠶ ᠨᠢ

ᠣᠬᠤᠷᠠᠰᠢ ᠦᠭᠡᠶ ᠪᠣᠴᠠᠭᠠᠵᠤ ᠥᠭ᠌ ᠡ᠂   ᠨᠠᠳᠠ ᠳᠤ

ᠬᠤᠨ ᠴᠠᠭᠠᠨ ᠰᠦᠷᠦᠭ᠌ ᠢ ᠮᠢᠨᠢ

ᠬᠤᠷᠠᠭ᠎ᠠ ᠢᠰᠢᠭᠡ ᠶᠢᠨ ᠮᠠᠢ᠌ᠯᠠᠯ ᠲᠡᠶ ᠨᠢ

ᠬᠤᠷᠸ᠎ᠠ ᠳᠦᠭᠦᠷᠡᠭᠦ ᠵᠢᠷᠭᠠᠯ ᠲᠡᠶ ᠨᠢ

ᠬᠤᠳᠤᠭᠤᠷ ᠶᠢᠡᠷ ᠭᠡᠮᠵᠢᠭᠦ ᠢᠳᠡᠭᠡᠯ ᠲᠡᠶ ᠨᠢ

ᠬᠣᠢ᠌ᠰᠢᠯᠠᠯ ᠦᠭᠡᠶ ᠪᠣᠴᠠᠭᠠᠵᠤ ᠥᠭ᠌ ᠡ᠂   ᠨᠠᠳᠠ ᠳᠤ

ᠴᠡᠩᠭᠡᠷ ᠭᠦᠭᠡ ᠳᠡᠭ᠍ᠷᠢ ᠶᠢ ᠮᠢᠨᠢ

ᠴᠠᠪᠠᠷ ᠴᠠᠭᠠᠨ ᠡᠭᠦᠯᠡ ᠲᠡᠶ ᠨᠢ

ᠴᠡᠴᠡᠭ᠌ ᠤᠨ ᠦᠨᠦᠷ ᠲᠡᠶ ᠰᠠᠯᠭᠢ ᠲᠡᠶ ᠨᠢ

ᠴᠠᠭᠢᠯᠠᠭᠠᠨ ᠠᠶᠤᠩᠭ᠎ᠠ ᠬᠤᠷ᠎ᠠ ᠲᠡᠶ ᠨᠢ

ᠴᠠᠯᠴᠢᠵᠤ ᠶᠠᠷᠢᠯ ᠦᠭᠡᠶ ᠪᠣᠴᠠᠭᠠᠵᠤ ᠥᠭ᠌ ᠡ᠂   ᠨᠠᠳᠠ ᠳᠤ

ᠵᠠᠩᠭ᠋ᠠᠷ ᠭᠡᠰᠡᠷ ᠲᠡᠶ ᠣᠷᠤᠨ ᠢ ᠮᠢᠨᠢ

ᠵᠠᠶᠠᠭᠠᠨ ᠤ ᠠᠮᠠᠷᠠᠭ ᠥᠯᠦᠭᠡᠢ ᠶᠢ ᠮᠢᠨᠢ

ᠵᠢᠷᠭᠠᠯ ᠤᠨ ᠰᠤᠪᠢᠩ ᠲᠡᠶ ᠨᠤᠳᠤᠭ ᠢ ᠮᠢᠨᠢ

ᠵᠠᠪᠠᠯ ᠨᠠᠳᠠ ᠪᠣᠴᠠᠭᠠᠵᠤ ᠥᠭ᠌ ᠡ ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠭᠦᠩ ᠳᠢᠶ‍ᠧ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1576
ᠴᠠᠭ᠄ 2012 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ