ᠠᠯᠳᠠᠨ ᠣᠪᠣᠭ᠎ᠠ
(ᠳᠠᠭᠤᠨ ᠤ ᠥᠭᠡ)


  ᠡᠷᠳᠡᠨᠢᠳᠤ ᠶᠡᠭᠡ ᠳᠡᠭ᠍ᠷᠢ ᠶᠢᠨ ᠣᠪᠢᠳᠠᠰ ᠤᠨ ᠭᠦᠷᠳᠤ ᠪᠠᠷ

  ᠡᠰᠡᠨᠢᠯ ᠤᠨ ᠠᠷᠪᠠᠨ ᠪᠣᠶᠠᠨ ᠵᠢᠠᠨ ᠬᠤᠷᠣᠢ᠌ᠯᠠᠨ ᠬᠤᠷᠣᠢ᠌ᠯᠠᠭᠰᠠᠨ

  ᠠᠷᠠᠤᠨ ᠲᠦᠮᠡᠨ ᠤ ᠠᠯᠠᠭᠠᠨ ᠳᠠᠭᠠᠨ ᠳᠤᠰᠤᠭᠰᠠᠨ ᠰᠢᠳᠦᠭᠡᠨ

  ᠠᠮᠢᠨ ᠬᠠᠢ᠌ᠷ᠎ᠠ ᠶᠢᠨ ᠥᠮᠴᠢᠯᠡᠭᠦ ᠭᠠᠭᠴᠠᠬᠠᠨ ᠰᠠᠭᠢᠶ᠎ᠠ

             ᠠᠷᠢᠭᠤᠨ ᠵᠢᠷᠦᠭᠡᠨ ᠤ ᠮᠥᠩᠭᠡ ᠶᠢᠨ ᠵᠦᠩᠨᠠᠯᠳᠤ

             ᠠᠯᠳᠠᠨ ᠣᠪᠣᠭ᠎ᠠ ᠮᠢᠨᠤ ᠰᠡᠳᠭᠢᠯ ᠤᠨ ᠰᠢᠳᠦᠭᠡᠨ

  ᠠᠭᠤᠯᠠ ᠳᠦᠰᠢᠭ᠍ᠰᠡᠨ ᠪᠣᠷᠤ ᠳᠤᠬᠤᠢ ᠨᠤᠳᠤᠭ ᠳᠤ

  ᠷᠠᠰᠢᠶᠠᠨ ᠬᠤᠷ᠎ᠠ ᠶᠢᠨ ᠰᠢᠮ᠎ᠠ ᠶᠢ ᠬᠤᠷᠣᠢ᠌ᠯᠠᠨ ᠬᠤᠷᠣᠢ᠌ᠯᠠᠭᠰᠠᠨ 

  ᠬᠠᠷᠠᠴᠤ ᠲᠦᠮᠡᠨ ᠤ ᠠᠮᠢᠨ ᠳᠡᠵᠢᠭᠡᠯ ᠪᠠᠯᠴᠢᠭᠡᠷ ᠣᠰᠤ

  ᠬᠠᠨ ᠳᠡᠭ᠍ᠷᠢ ᠶᠢᠨ ᠭᠡᠰᠢᠭ᠌ ᠢ ᠳᠡᠭᠡᠳᠦᠯᠡᠭᠦ ᠵᠠᠩᠭᠢᠶ᠎ᠠ

             ᠠᠷᠢᠭᠤᠨ ᠵᠢᠷᠦᠭᠡᠨ ᠤ ᠮᠥᠩᠭᠡ ᠶᠢᠨ ᠵᠦᠩᠨᠠᠯᠳᠤ

             ᠠᠯᠳᠠᠨ ᠣᠪᠣᠭ᠎ᠠ ᠮᠢᠨᠤ ᠰᠡᠳᠭᠢᠯ ᠤᠨ ᠰᠢᠳᠦᠭᠡᠨ

  ᠡᠷᠳᠡᠨᠢᠳᠤ ᠶ‍ᠢᠰᠤᠨ ᠭᠦᠰᠡᠯ ᠤᠨ ᠳᠡᠵᠢᠭᠡᠯ ᠰᠢᠮ᠎ᠠ ᠪᠠᠷ  

  ᠡᠪ ᠨᠠᠢ᠌ᠷᠠᠯᠳᠤ ᠲᠦᠮᠡᠨ ᠤ ᠨᠢᠠᠠᠳᠠᠷᠠᠯ ᠢ ᠣᠶᠠᠰᠬᠠᠭᠰᠠᠨ

  ᠡᠪᠦᠭᠡᠳ ᠡᠴᠡ ᠥᠪᠯᠡᠭᠦ ᠳᠠᠩᠰᠤᠭ ᠵᠢᠷᠭᠠᠯ ᠤᠨ ᠣᠷᠤᠨ

  ᠥᠭᠯᠢᠭᠡᠴᠢ ᠲᠦᠮᠡᠨ ᠤ ᠰᠡᠳᠭᠢᠯ ᠭᠦᠰᠡᠯ ᠤᠨ ᠳᠠᠮᠢᠷ

              ᠠᠷᠢᠭᠤᠨ ᠵᠢᠷᠦᠭᠡᠨ ᠤ ᠮᠥᠩᠭᠡ ᠶᠢᠨ ᠵᠦᠩᠨᠠᠯᠳᠤ 

              ᠠᠯᠳᠠᠨ ᠣᠪᠣᠭ᠎ᠠ ᠮᠢᠨᠤ ᠰᠡᠳᠭᠢᠯ ᠤᠨ ᠰᠢᠳᠦᠭᠡᠨ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠤᠠᠬᠤᠠᠪᠠᠭᠠᠳᠤᠷ
ᠬᠠᠷᠢᠶ᠎ᠠ᠄ ᠰᠢᠯᠦᠭ
ᠳᠠᠷᠤᠮ᠄ 1910
ᠴᠠᠭ᠄ 2011 ᠤᠨ ᠤ 07 ᠰᠠᠷ᠎ᠠ ᠶᠢᠨ 20