ᠡᠮᠦᠨᠡᠰᠢ ᠠᠶᠠᠯᠠᠭᠰᠠᠨ ᠰᠤᠯᠠ ᠳᠡᠮᠳᠡᠭᠯᠡᠯ

    ᠱᠠᠩᠬᠠᠢ ᠳ᠋ᠤ


ᠬᠦᠬᠡᠬᠤᠲᠠ ᠪᠠᠭᠤᠳᠠᠯ ᠡᠴᠠ

ᠨᠢᠰᠴᠤ ᠱᠠᠩᠬᠠᠢ ᠳᠤ ᠭᠦᠷᠦᠭ᠍ᠰᠡᠨ ᠴᠤ ᠶᠤᠮ

ᠰᠦᠷᠯᠢᠭ᠌ ᠦᠨᠳᠦᠷ ᠠᠰᠠᠷ ᠤᠳ ᠢ

ᠡ᠊ᠨᠳᠡ ᠡᠴᠠ ᠨᠢᠳᠤ ᠬᠤᠵᠢᠷᠯᠠᠵᠤ ᠪᠢᠯᠠ

ᠠᠭᠤᠯᠠ ᠣᠰᠤ ᠨᠢ ᠨᠤᠭᠤᠭᠠᠨ

ᠳᠤᠭᠤᠰᠤ ᠪᠣᠰᠬᠤ ᠣᠷᠤᠨ ᠥᠭᠡᠢ

ᠦᠨᠦ ᠮᠠᠷᠭᠠᠰᠢ ᠶᠢᠨ ᠵᠠᠢ ᠳ᠋ᠤ

ᠪᠣᠷᠤᠭᠠᠨ ᠶᠢᠡᠷ ᠳᠤᠳᠠᠭᠤᠯᠤᠭ᠎ᠠ ᠦᠭᠡᠶ ᠨᠤᠳᠤᠭ

ᠰᠡᠡᠩᠭᠢᠨᠡᠭ᠍ᠰᠡᠨ ᠳᠠᠯᠠᠢ ᠰᠠᠯᠭᠢ

ᠵᠤᠨ ᠠᠭᠠᠭᠢᠮ᠎ᠠ ᠶᠢ ᠰᠡᠷᠢᠭᠦᠴᠡᠭᠦᠯᠤᠨ᠎ᠡ

ᠣᠮᠠᠷᠠᠳᠤ ᠶᠢᠨ ᠡᠯᠡᠰᠤᠨ ᠮᠥᠭᠦᠯᠢᠭ᠌

ᠣᠢ᠌ᠮᠠᠷᠠᠵᠤ ᠳᠦᠢᠪᠠᠭᠡᠭᠦ ᠭᠠᠵᠠᠷ ᠥᠭᠡᠢ

ᠬᠤᠸᠠᠩᠫᠦ᠋ ᠮᠦᠷᠠᠨ ᠤ ᠵᠠᠬ᠎ᠠ ᠳ᠋ᠤ

ᠪᠦᠯᠭᠦᠮ ᠶᠢᠡᠨ ᠳᠠᠭᠠᠵᠤ ᠭᠦᠷᠦᠭ᠍ᠰᠡᠨ ᠯᠠ ᠶᠤᠮ

ᠬᠤᠶᠠᠳᠠᠭᠢ ᠣᠳᠠᠭ᠎ᠠ ᠪᠠᠨ ᠢᠷᠠᠯ᠎ᠠ ᠴᠤ

ᠦᠵᠡᠮᠵᠢ ᠨᠢ ᠨᠠᠩ ᠭᠣᠢ᠌ᠳᠠ ᠯᠠ ᠪᠠᠢ᠌ᠨ᠎ᠠ

ᠭᠠᠷᠠᠮ ᠳᠤ ᠤᠢ᠌ᠷᠠᠳᠤᠭᠰᠠᠨ ᠣᠩᠭ᠋ᠤᠴᠠ

ᠣᠰᠤ ᠴᠠᠯᠭᠢᠭᠤᠯᠤᠨ ᠢᠷᠡᠳᠡᠭ᠌ ᠪᠠᠢ᠌ᠨ᠎ᠠ

ᠥᠵᠦᠭᠦᠷ ᠨᠢ ᠬᠠᠷᠠᠭᠳᠠᠬᠤ ᠦᠭᠡᠶ ᠳᠡᠷᠳᠡᠭᠡ ᠡᠴᠠ

ᠰᠦᠷᠦᠭ᠌ ᠲᠤ ᠵᠢᠠᠠᠰᠠᠭᠠᠭᠳᠠᠨ ᠴᠤᠪᠣᠳᠠᠭ ᠴᠤ ᠪᠠᠢ᠌ᠨ᠎ᠠ

ᠱᠠᠩᠬᠠᠢ ᠳᠤ ᠢᠷᠡᠭ᠍ᠰᠡᠨ ᠭᠦᠮᠤᠨ

ᠭᠠᠳᠠᠭᠠᠳᠤ ᠳᠠᠠᠵᠢ ᠶᠢ ᠳᠤᠭᠤᠷᠢᠬᠤ ᠦᠭᠡᠶ ᠪᠣᠯ

ᠡᠨᠡ ᠬᠤᠳᠠ ᠳᠤ ᠢᠷᠡᠭ᠍ᠰᠡᠨ ᠵᠢᠠᠨ

ᠥᠭᠡᠷ᠎ᠡ ᠭᠦᠮᠤᠨ ᠳᠤ ᠶᠠᠷᠢᠳᠠᠭ ᠦᠭᠡᠶ ᠭᠡᠨ᠎ᠡ

ᠮᠦᠩᠭᠦᠨ ᠭᠦᠢᠯᠭᠡᠭᠡᠨ ᠤ ᠳᠤᠮᠤ ᠠᠰᠠᠷ

ᠮᠦᠷᠤᠢ ᠪᠠᠨ ᠦᠭ‍ᠭᠦ ᠦᠭᠡᠶ ᠰᠦᠨᠳᠠᠷᠯᠠᠨ᠎ᠡ

ᠡᠭᠦᠯᠡ ᠶᠢ ᠮᠦᠷᠤ ᠪᠠᠷ ᠶᠢᠡᠨ ᠡᠷᠭᠦᠨ᠎ᠡ ᠭᠡᠮᠡᠷ

ᠵᠢᠰᠤ ᠪᠠᠨ ᠳᠡᠭ᠍ᠷᠢ ᠳᠤ ᠨᠢᠭᠤᠳᠠᠭ ᠴᠤ ᠪᠠᠢ᠌ᠨ᠎ᠠ

《ᠳ᠋ᠦ᠋ᠩ ᠹᠠᠩ》 ᠰᠤᠪᠣᠤᠨ ᠠᠰᠠᠷ ᠴᠤ

ᠮᠦᠴᠡ ᠪᠠᠨ ᠦᠭ‍ᠭᠦ ᠦᠭᠡᠶ ᠭᠢᠯᠠᠯᠠᠵᠠᠨ᠎ᠠ

ᠳᠡᠯᠡᠭᠡᠢ ᠳᠤ ᠳᠤᠩᠬᠠᠭᠯᠠᠭᠰᠠᠨ ᠨᠠᠷ᠎ᠠ ᠲᠡᠶ ᠪᠠᠨ

ᠣᠳᠤᠨ ᠭᠢᠯᠪᠠᠭ᠎ᠠ ᠲᠡᠶ ᠪᠠᠨ ᠰᠥᠡᠳᠡᠷᠯᠡᠭᠦ ᠴᠤ ᠶᠤᠮ    ᠱᠸᠠᠵᠧᠨ ᠳ᠋ᠤ


ᠠᠭᠠᠷ ᠰᠦᠨᠢ ᠶᠢᠨ ᠠᠶᠠᠯᠠᠯ ᠳ᠋ᠤ

ᠠᠯᠵᠢᠶ᠎ᠠ ᠲᠡᠶ ᠪᠠᠨ ᠨᠣᠢ᠌ᠷᠰᠤᠵᠤ ᠶᠠᠪᠣᠭᠰᠠᠨ

ᠰᠦᠷᠭᠡᠤ ᠣᠷᠤᠰᠬᠠᠯ ᠤᠨ ᠰᠠᠵᠢᠯᠠᠯ ᠵᠢᠠᠷ

ᠪᠦᠪᠠᠢ ᠳᠤ ᠪᠠᠨ ᠰᠠᠵᠢᠯᠠᠵᠤ ᠠᠶᠠᠯᠠᠭᠰᠠᠨ ᠴᠤ ᠶᠤᠮ

ᠱᠸᠠᠵᠧᠨ ᠬᠤᠳᠠ ᠢᠷᠡᠴᠢᠭᠡᠯ᠎ᠡ ᠭᠡᠵᠤ

ᠬᠠᠵᠠᠭᠤᠳᠠᠭᠢ ᠮᠢᠨᠢ ᠨᠠᠳᠠ ᠶᠢ ᠳᠠᠭᠤᠳᠠᠬᠤ ᠪᠠᠷ

ᠳᠤᠳᠠᠭᠤ ᠣᠠᠳᠠᠭᠰᠠᠨ ᠨᠣᠢ᠌ᠷ ᠡᠴᠠ ᠪᠠᠨ

ᠨᠢᠳᠤ ᠪᠠᠨ ᠨᠤᠬᠤᠯᠠᠵᠤ ᠰᠡᠷᠢᠭ᠍ᠰᠡᠨ ᠶᠤᠮ

ᠴᠤᠩᠬᠤᠨ ᠰᠢᠯ ᠢ ᠳᠠᠭᠠᠵᠤ

ᠬᠤᠳᠠ ᠶᠢ ᠳᠡᠭᠡᠷ᠎ᠡ ᠡᠴᠠ ᠨᠢ ᠬᠠᠷᠠᠯ᠎ᠠ

ᠰᠦᠨᠢ ᠭᠤᠷᠪᠠᠨ ᠴᠠᠭ ᠲᠤ ᠴᠤ

ᠡᠳᠦᠷ ᠰᠢᠭ ᠶᠢᠡᠨ ᠳᠤᠩᠭ᠋ᠠᠯᠠᠭ ᠬᠤᠳᠠ

ᠮᠥᠩᠭᠡ ᠶᠢᠨ ᠭᠤᠸᠠᠯᠢᠭ ᠳ᠋ᠸᠩ ᠤᠳ ᠨᠢ

ᠳᠡᠭ᠍ᠷᠢ ᠡᠴᠠ ᠪᠠᠭᠤᠭᠰᠠᠨ ᠣᠳᠤᠳ ᠴᠤ ᠭᠡᠮᠡᠷ

ᠰᠤᠯᠤᠩᠭ᠋ᠠᠨ ᠳᠤᠯᠤᠭᠠᠨ ᠪᠣᠳᠤᠭ

ᠡ᠊ᠨᠳᠡ ᠳᠤᠳᠠᠬᠤ ᠭᠠᠵᠠᠷ ᠥᠭᠡᠢ

ᠵᠢᠭᠤᠴᠢᠯᠠᠯ ᠳᠠᠭᠠᠭᠤᠯᠤᠭᠴᠢ ᠦᠬᠢᠨ

ᠳᠤᠭ ᠶᠢᠡᠨ ᠨᠠᠮᠢᠷᠭᠠᠨ ᠣᠭᠳᠤᠵᠤ ᠪᠠᠢ᠌ᠨ᠎ᠠ

ᠢᠵᠢᠯᠭᠡᠨ ᠮᠠᠯᠠᠭᠠᠢ ᠲᠡᠶ ᠪᠦᠯᠭᠦᠮ ᠲᠡᠶ ᠪᠠᠨ ᠪᠢ

ᠵᠢᠠᠠᠰᠠᠭᠠᠯ ᠳᠤ ᠮᠦᠷᠤᠯᠠᠨ ᠳᠠᠭᠠᠳᠠᠭ ᠪᠠᠢ᠌ᠨ᠎ᠠ

ᠪᠠᠭᠤᠳᠠᠯ ᠭᠦᠷᠭᠦ ᠵᠠᠮ ᠳ᠋ᠤ

ᠵᠢᠭᠤᠴᠢᠯᠠᠭᠴᠢ ᠳᠠᠢ᠌ᠯᠪᠣᠷᠢ ᠪᠠᠨ ᠡᠭᠢᠯᠡᠭᠦᠯᠤᠨ᠎ᠡ

ᠱᠸᠠᠵᠧᠨ ᠬᠤᠳᠠ ᠶᠢᠨ ᠳᠡᠦᠭᠡ ᠵᠢ

ᠦᠵᠡᠮᠵᠢ ᠳᠤ ᠬᠠᠪᠰᠤᠷᠭᠠᠨ ᠶᠠᠷᠢᠬᠤ ᠴᠤ ᠶᠤᠮ

ᠣᠮᠠᠷᠠᠳᠤ ᠶᠢᠨ ᠰᠡᠷᠢᠭᠦᠨ ᠨᠤᠳᠤᠭ ᠲᠤ ᠪᠣᠯ

ᠪᠦᠯᠢᠶᠡᠨ ᠭᠦᠡᠵᠢᠯᠡ ᠳᠤ ᠪᠠᠨ ᠨᠣᠢ᠌ᠷᠰᠤᠳᠠᠭ ᠴᠠᠭ

ᠳᠡᠭᠡᠭᠦ ᠳᠤ ᠡᠨᠡ ᠭᠠᠵᠠᠷ ᠭᠡᠭ᠍ᠴᠢ

ᠭᠦᠭ᠍ᠵᠢᠶᠡᠡᠳᠤ ᠵᠠᠬ᠎ᠠ ᠳᠡᠯᠭᠡᠭᠦᠷ ᠨᠢ

ᠭᠦᠮᠤᠨ ᠶᠢᠡᠷ ᠳᠦᠭᠦᠷᠡᠩ ᠴᠠᠯᠭᠢᠬᠤ ᠴᠤ ᠶᠤᠮ

ᠳᠠᠮᠤᠷ ᠭᠤᠤᠯ ᠶᠢᠡᠷ ᠪᠦᠳᠦᠯ᠎ᠡ ᠭᠡᠮᠡᠷ

ᠡᠳᠦᠷᠵᠢᠨ ᠰᠦᠨᠢᠵᠢᠨ ᠶᠠᠭᠠᠷᠠᠳᠠᠭ ᠯᠠ ᠬᠤᠳᠠ ︕    ᠰᠢᠶᠠᠩᠭ᠋ᠠᠩ ᠳ᠋ᠤ


ᠭᠡᠯᠡᠭᠡᠢ ᠬᠡᠦᠬᠡᠳ ᠳᠠᠷᠨᠢᠳᠠᠬᠤ ᠰᠢᠭ

ᠬᠤᠸᠠᠩ ᠳᠠᠩ ᠭᠡᠵᠤ ᠶᠠᠷᠢᠬᠤ ᠴᠤ ᠶᠤᠮ

ᠣᠮᠠᠷᠠᠳᠤ ᠮᠤᠩᠭ᠋ᠤᠯ ᠤᠨ ᠪᠠᠭᠡᠵᠢᠩ ᠶᠠᠷᠢᠶ᠎ᠠ

ᠡᠨᠡ ᠭᠠᠵᠠᠷ ᠳᠦᠩᠭᠡᠴᠢᠭᠦ ᠶᠤᠮ ᠪᠠᠢ᠌ᠨ᠎ᠠ

ᠠᠷᠠᠤᠨ ᠤᠨ ᠮᠦᠩᠭᠦ

ᠰᠢᠶᠠᠩᠭ᠋ᠠᠩ ᠵᠤᠭᠤᠰ

ᠵᠢᠭᠢᠷᠭᠡᠨ ᠶᠢᠡᠷ ᠬᠠᠷᠠᠵᠤ

ᠵᠠᠷᠤᠳᠠᠭ ᠴᠤ ᠶᠤᠮ ︕

ᠡᠭᠡ ᠬᠠᠭᠤᠷᠠᠢ ᠳᠤ ᠪᠣᠴᠠᠬᠤ ᠪᠠᠷ

ᠵᠤᠴᠢᠳ ᠤᠨ ᠳᠤᠭ᠎ᠠ ᠣᠯᠠᠰᠢᠷᠠᠭᠰᠠᠨ ᠪᠠᠢ᠌ᠨ᠎ᠠ

ᠡᠳ᠋ ᠤᠨ ᠣᠷᠤᠯᠭ᠎ᠠ ᠶᠢᠨ ᠳᠤᠯᠤᠭᠠᠨ ᠬᠤᠪᠢ ᠵᠢ

ᠴᠢ ᠪᠢᠳᠠᠨ ᠥᠭ᠍ᠳᠡᠭ᠌ ᠶᠤᠮ ᠪᠠᠢ᠌ᠨ᠎ᠠ

ᠵᠤᠭᠤᠰ ᠲᠡᠶ ᠭᠦᠮᠤᠨ ᠳᠠᠭᠠᠯᠠᠭᠤᠷ ᠭᠡᠳᠡᠭ᠌

ᠬᠠᠮᠢᠶ᠎ᠠ ᠣᠴᠢᠭᠰᠠᠨ ᠴᠤ ᠶᠤᠰᠤ ᠲᠡᠶ ᠥᠭᠡ

ᠯᠢ ᠵᠢᠶᠠ ᠰᠢᠨ ᠢ ᠮᠡᠳᠡᠭᠦ ᠦᠭᠡᠶ ᠭᠦᠮᠤᠨ

ᠡᠨᠡ ᠭᠠᠵᠠᠷ ᠪᠠᠢ᠌ᠳᠠᠭ ᠥᠭᠡᠢ

《ᠳᠦᠷᠪᠠᠨ ᠯᠤᠤᠳᠤ》 ᠲ᠋ᠤᠭᠯᠠᠭᠴᠢ ᠵᠢ

ᠳᠠᠨᠢᠬᠤ ᠦᠭᠡᠶ ᠢᠷᠭᠡᠳ ᠭᠡᠵᠤ ᠥᠭᠡᠢ

ᠯᠢᠤ ᠳ᠋ᠧ ᠬᠤᠧᠨ ᠶᠢ ᠪᠢᠰᠢᠷᠡᠳᠡᠭ᠌ ᠦᠬᠢᠨ

ᠸᠸᠳᠤᠯᠢᠶ᠎ᠠ ᠬᠤᠭᠤᠯᠠᠢ ᠳᠤ ᠦᠰᠦᠷᠤᠯ᠎ᠠ ᠭᠡᠭᠦ ᠶᠤᠮ

ᠦᠨᠡᠨ ᠴᠠᠭᠠᠨ ᠳᠤᠷᠠᠯᠠᠯ ᠶᠢᠡᠨ ᠴᠠᠭᠠᠳᠬᠠᠵᠤ

ᠳ᠋ᠸᠪᠠᠵᠠᠨ ᠳᠤ ᠰᠦᠨᠠᠰᠤ ᠲᠡᠶ ᠪᠠᠨ ᠶᠠᠪᠣᠯ᠎ᠠ ᠭᠡᠭᠦ ᠶᠤᠮ ᠁

ᠮᠢᠬ᠎ᠠ ᠪᠣᠭᠤᠳᠠᠢ ᠶᠢᠨ ᠭᠤᠯᠢᠷ ᠢ

ᠡ᠊ᠨᠳᠡ ᠣᠯᠵᠤ ᠬᠠᠷᠠᠬᠤ ᠦᠭᠡᠶ ᠶᠤᠮ

ᠬᠤᠶᠠᠷ ᠰᠢᠶᠠ

ᠨᠢᠭᠡ ᠠᠶᠠᠭ᠎ᠠ ᠪᠣᠳᠠᠭ᠎ᠠ ᠪᠠᠷ

ᠬᠤᠨᠤᠭ ᠶᠢᠡᠨ ᠠᠷᠭᠠᠴᠠᠭᠠᠳᠠᠭ ᠣᠷᠤᠨ ᠪᠠᠢ᠌ᠨ᠎ᠠ

ᠳᠠᠪᠢ ᠵᠢᠷᠠ ᠭᠦᠷᠴᠢᠭᠡᠳ ᠪᠠᠰᠠ

ᠳᠤᠭᠤᠭᠠᠨ ᠭᠡᠷ ᠶᠢᠡᠷ ᠥᠢᠯᠡᠴᠢᠯᠡᠳᠡᠭ᠌ ᠯᠠ ᠪᠠᠢ᠌ᠨ᠎ᠠ

ᠠᠵᠢᠯᠠᠯᠠᠵᠤ ᠠᠮᠠᠷᠠᠬᠤ ᠴᠠᠭ

ᠡ᠊ᠨᠳᠡ ᠳᠠᠩᠴᠤ ᠬᠤᠪᠣᠷ

ᠠᠮᠢᠳᠤᠷᠠᠯ ᠤᠨ ᠭᠦᠭ᠌ ᠠᠢ᠌ᠵᠢᠮ

ᠠᠯᠬᠤᠴᠠ ᠳᠤ ᠳᠠᠰᠢᠭᠤᠷ ᠨᠡᠮᠡᠳᠡᠭ᠌ ᠴᠤ ᠪᠠᠢ᠌ᠨ᠎ᠠ ᠁    ᠣᠤᠮᠧᠨ ᠳ᠋ᠤ


ᠡᠳᠦᠷ ᠤᠨ ᠨᠠᠷᠠ ᠪᠠᠷ ᠨᠣᠢ᠌ᠷᠮᠤᠭᠯᠠᠭᠰᠠᠨ

ᠣᠤᠮᠧᠨ ᠤ ᠬᠠᠭᠤᠴᠢᠨ ᠪᠠᠭᠤᠷᠠᠢ

ᠫᠦᠷᠲ᠋ᠤᠭᠠᠯ ᠨᠠᠮᠪᠠ ᠶᠢᠨ ᠭᠢᠴᠠ ᠪᠠᠷ

ᠨᠢᠳᠤ ᠪᠠᠨ ᠨᠤᠬᠤᠯᠵᠤ ᠰᠠᠷᠢᠨ᠎ᠡ


ᠦᠳᠡᠰᠢ ᠶᠢᠨ ᠪᠦᠷᠦᠢ ᠰᠡᠭᠦᠭᠦ ᠪᠠᠷ

ᠦᠩᠭᠡᠨ ᠰᠤᠯᠤᠩᠭ᠋ᠠᠨ ᠳᠠᠳᠠᠵᠤ

ᠣᠰᠤᠨ ᠴᠡᠩᠭᠡᠷ ᠭᠦᠪᠠᠭᠡ ᠪᠠᠷ

ᠳᠡᠭ᠍ᠷᠢ ᠳᠤ ᠮᠥᠴᠡᠭᠡᠷᠭᠡᠨ ᠰᠤᠯᠤᠩᠭ᠋ᠠᠷᠠᠨ᠎ᠠ


ᠭᠡᠷ ᠲᠤ ᠠᠳᠤᠷᠢᠭᠰᠠᠨ ᠠᠷᠠᠤᠨ

ᠵᠥᠭ᠌ ᠡᠴᠠ ᠡ᠊ᠨᠳᠡ ᠴᠤᠭᠯᠠᠷᠠᠨ᠎ᠠ

ᠠᠵᠠ ᠶᠢᠨ ᠣᠯᠠᠨ ᠮᠠᠢ᠌ᠮᠠᠢ

ᠡ᠊ᠨᠳᠡ ᠦᠨ᠎ᠡ ᠲᠡᠶ ᠪᠠᠨ ᠪᠣᠰᠤᠨ᠎ᠠ

ᠬᠠᠤᠯᠢ ᠪᠠᠷ ᠪᠠᠳᠤᠯᠠᠭᠰᠠᠨ ᠳᠠᠯᠠᠪᠣᠷ ᠳᠤ

ᠵᠤᠭᠤᠰ ᠮᠦᠷᠣᠢ᠌ᠰᠠᠤᠨ ᠶᠢᠡᠷ ᠪᠢᠯᠬᠠᠨ᠎ᠠ

ᠠᠷᠪᠠᠨ ᠵᠥᠭ᠌ ᠤᠨ ᠬᠤᠷᠤᠬᠠᠢ᠌ᠴᠤᠤᠯ

ᠮᠦᠩᠭᠦ ᠰᠢᠨᠤᠨ ᠣᠪᠣᠭᠠᠷᠠᠨ᠎ᠠ


ᠭᠤᠷᠪᠠᠯᠵᠢᠨ ᠰᠠ ᠰᠠ ᠲᠡᠶ ᠭᠡᠦᠭᠡᠡᠴᠦᠳ

ᠭᠦᠡᠳᠡᠰᠢᠯᠭᠢᠨ ᠵᠠᠮ ᠳᠤᠰᠬᠤ ᠨᠢ ᠡ

ᠳᠠᠯᠠᠩ ᠳᠠᠷᠤᠪᠴᠢ ᠶᠢᠨ ᠶᠢᠡᠨ ᠣᠭᠤᠰᠤᠷ ᠵᠢᠠᠨ

ᠳᠡᠯᠳᠡᠩᠭᠡᠨ ᠪᠣᠯᠤᠭᠠᠤᠨ ᠢᠰᠪᠠᠯᠵᠠᠬᠤ ᠶᠤᠮ


ᠵᠤᠭᠤᠰᠤᠨ ᠨᠥᠭᠡ ᠪᠠᠷ ᠱᠠᠭᠠᠢ᠌ᠭᠰᠠᠨ

ᠵᠢᠰᠤᠷ ᠱᠠᠩᠳᠠᠩ ᠶ‍ᠢᠷᠳᠢᠠᠴᠤ

ᠵᠣᠢ᠌ᠯ ᠤᠨ ᠬᠤᠭᠤᠯᠠ ᠵᠤᠯᠪᠢᠭᠰᠠᠨ

ᠵᠤᠪᠠᠯᠠᠩᠳᠤ ᠢᠪᠴᠠᠤᠬᠠᠨ ᠬᠤᠷᠸ᠎ᠠ    ᠵᠦᠬᠠᠢ


ᠡᠷ᠎ᠡ ᠶᠢᠨ ᠬᠤᠯᠠ ᠠᠯᠬᠤᠮ ᠵᠢᠠᠷ

ᠨᠠᠷᠢᠬᠠᠨ ᠭᠤᠤᠯ ᠢ ᠨᠢ ᠳᠤᠭᠤᠯᠤᠭᠰᠠᠨ ᠶᠤᠮ

ᠨᠢᠳᠤ ᠢᠷᠮᠡᠭᠦ ᠵᠠᠪᠰᠠᠷ

ᠣᠤᠮᠧᠨ ᠡᠴᠠ ᠡ᠊ᠨᠳᠡ ᠭᠠᠷᠤᠭᠰᠠᠨ ᠪᠠᠢ᠌ᠪᠠ

ᠵᠤᠭᠠᠴᠠᠯ ᠳᠤ ᠪᠡᠯᠡᠳᠭᠡᠭ᠍ᠰᠡᠨ ᠳᠡᠯᠭᠡᠭᠦᠷ

ᠵᠠᠮᠴᠢᠯᠠᠭᠴᠢ ᠲᠡᠶ ᠪᠠᠨ ᠨᠠᠢ᠌ᠯᠠᠵᠤ ᠭᠢᠬᠠᠳᠠᠭ

ᠳᠠᠭᠠᠭᠤᠯᠵᠤ ᠢᠷᠡᠭ᠍ᠰᠡᠨ ᠳᠤᠭ᠎ᠠ ᠪᠠᠷ

ᠠᠰᠢᠭ ᠶᠢᠡᠨ ᠬᠤᠪᠢᠶᠠᠵᠤ ᠬᠠᠷᠮᠠᠯᠠᠨ᠎ᠠ

ᠰᠤᠠᠳᠤᠷ ᠡᠷᠳᠡᠨᠢ ᠶᠢᠨ ᠦᠨ᠎ᠡ

ᠬᠠᠪᠢᠳᠠᠬᠤ ᠡᠴᠠ ᠬᠤᠯᠠ ᠦᠷᠳᠡᠭ᠌

ᠰᠤᠯᠠ ᠡᠷᠭᠢᠴᠡᠭᠡᠳ ᠭᠠᠷᠬᠤ ᠪᠠᠷ

ᠥᠢᠯᠡᠴᠢᠯᠡᠭ᠍ᠴᠢ ᠨᠢ ᠳᠤᠰᠤᠭᠠᠤᠨ ᠢᠨᠢᠶᠡᠳᠡᠭ᠌ ᠪᠠᠢ᠌ᠨ᠎ᠠ

ᠠᠩᠬ᠎ᠠ ᠣᠳᠠᠭ᠎ᠠ ᠢᠷᠠᠵᠤ ᠤᠤ

ᠠᠪᠠᠬᠠᠢ ᠳᠤ ᠪᠠᠨ ᠨᠢᠭᠡ ᠠᠪᠴᠢᠬ᠎ᠠ

ᠦᠨᠦᠳᠤᠷ ᠣᠠᠴᠠ ᠶᠢᠨ ᠨᠤᠭᠤᠯᠤᠭ᠎ᠠ ᠳᠠᠢ

ᠳᠡᠭᠡᠷ᠎ᠡ ᠨᠢ ᠪᠠᠰᠠ ᠪᠠᠯᠡᠭ᠌ ᠲᠡᠶ ᠭᠡᠨ᠎ᠡ

ᠲᠦᠮᠡᠨ ᠳᠦᠭᠦᠷᠡᠭ᠌ ᠤᠨ ᠰᠤᠠᠳᠤᠷ

ᠰᠢᠪᠳᠤᠷᠴᠤ ᠮᠢᠩᠭ᠎ᠠ ᠳᠤ ᠪᠠᠭᠤᠪᠠ

ᠳᠠᠳᠠᠭ ᠶᠠᠳᠠᠭ ᠭᠡᠪᠠᠯ

ᠳᠠ ᠥᠪᠡᠷᠳᠡᠭᠡᠨ ᠳᠤᠭᠳᠠᠭᠠᠴᠢᠬ᠎ᠠ ᠴᠤ ᠭᠡᠨ᠎ᠡ

ᠬᠤᠳᠠᠯᠳᠤᠭᠠᠴᠢᠨ ᠶᠡᠭᠡ ᠨᠠᠷ᠎ᠠ

ᠡᠨᠡ ᠣᠷᠤᠨ ᠳᠤ ᠮᠢᠠᠳᠠᠭ ᠥᠭᠡᠢ

ᠬᠤᠳᠠᠯ ᠭᠡᠯᠡᠳᠡᠭ᠌ ᠣᠴᠢᠷ

ᠡᠨᠡ ᠭᠠᠵᠠᠷ ᠲᠤ ᠨᠢᠳᠤ ᠥᠭᠡᠢ


    ᠭᠤᠸᠠᠩᠵᠸᠤ ᠳ᠋ᠤ


ᠵᠦᠵᠢᠶᠠᠩ ᠮᠦᠷᠠᠨ ᠤ ᠣᠰᠤᠨ

ᠣᠩᠭ᠋ᠤᠴᠠ ᠳᠤ ᠴᠠᠯᠭᠢᠨ ᠣᠷᠤᠰᠤᠨ᠎ᠠ

ᠬᠠᠰᠢᠯᠭ᠎ᠠ ᠶᠢᠨ ᠬᠤᠶᠠᠷ ᠳᠠᠠᠵᠢ ᠪᠠᠷ

ᠬᠤᠳᠠ ᠭᠦᠭ᠍ᠵᠢᠶᠡᠨ ᠶᠢᠡᠷ ᠪᠢᠯᠬᠠᠨ᠎ᠠ


ᠳ᠋ᠸᠩ ᠰᠢᠶᠤᠤ ᠫᠢᠩ ᠤᠨ ᠣᠨᠤᠯ

ᠡ᠊ᠨᠳᠡ ᠥᠢᠯᠡᠳᠦᠯᠭᠡ ᠪᠠᠨ ᠪᠠᠶᠡᠯᠡᠭᠦᠯᠦᠭ᠍ᠰᠡᠨ ᠶᠤᠮ

ᠳᠡᠯᠡᠭᠡᠢ ᠬᠠᠷᠠᠬᠤ ᠴᠤᠩᠬᠤ

ᠰᠤᠪᠣᠷᠭ᠎ᠠ ᠪᠠᠨ ᠡ᠊ᠨᠳᠡ ᠪᠣᠰᠬᠠᠭᠰᠠᠨ ᠶᠤᠮ


ᠨᠡᠭᠡᠭᠡᠯᠳᠡ ᠶᠢᠨ ᠡᠷᠳᠡ ᠣᠷᠤᠨ

ᠠᠮᠢᠯᠠᠯ ᠤᠨ ᠳᠠᠭᠤᠨ ᠳᠤ ᠪᠠᠶᠠᠰᠤᠯᠴᠠᠨ᠎ᠠ

ᠳᠤᠳᠤᠭᠠᠳᠤ ᠭᠠᠵᠠᠷ ᠤᠨ ᠵᠠᠬ᠎ᠠ

ᠡ᠊ᠨᠳᠡ ᠡᠴᠠ ᠦᠷᠭᠡᠵᠢᠵᠤ ᠳᠡᠯᠭᠡᠷᠡᠯ᠎ᠡ


ᠠᠷᠪᠠᠨ ᠵᠥᠭ᠌ ᠤᠨ ᠳᠠᠸᠠᠷᠴᠢᠨ

ᠪᠦᠭᠡᠮ ᠶᠢᠡᠷ ᠪᠠᠷᠠᠭ᠎ᠠ ᠳᠡᠭᠡᠭᠡᠨ᠎ᠡ

ᠵᠠᠮ ᠵᠠᠷᠤᠳᠠᠯ ᠶᠢᠡᠨ ᠭᠠᠷᠭᠠᠭᠠᠤᠨ

ᠪᠠᠶᠠᠵᠢᠯ ᠤᠨ ᠬᠠᠷᠭᠤᠢ ᠳᠤ ᠭᠦᠷᠦᠩᠭᠡᠵᠢᠨ᠎ᠡ


ᠪᠠᠷᠢᠯᠭ᠎ᠠ ᠶᠢᠨ ᠦᠨᠳᠦᠷ ᠠᠰᠠᠷ

ᠪᠠᠭᠰᠢᠷᠠᠵᠤ ᠣᠪᠣᠭᠠᠷᠠᠭᠠᠤᠨ ᠭᠠᠵᠠᠷ ᠥᠭᠡᠢ

ᠪᠠᠷᠠᠭᠤᠨ ᠵᠡᠭᠦᠨ ᠵᠥᠭ᠌ ᠢ

ᠪᠠᠷᠢᠭᠰᠠᠭᠠᠷ ᠪᠠᠢ᠌ᠵᠤ ᠳᠦᠭᠡᠷᠡᠭᠦ ᠨᠢ ᠦᠦ ︖


ᠢᠮᠠᠭᠠᠳᠤ ᠬᠤᠳᠠ ᠶᠢᠡᠨ ᠦᠳᠡᠰᠢ

ᠦᠵᠡᠮᠵᠢ ᠪᠠᠨ ᠶᠠᠭᠠᠭᠢᠵᠤ ᠬᠠᠷᠠᠭ᠎ᠠ ᠪᠣᠯ

ᠳᠠᠯᠠᠨ ᠥᠩᠭᠡ ᠶᠢᠨ ᠰᠤᠯᠤᠩᠭ᠎ᠠ

ᠳᠡᠭ᠍ᠷᠢ ᠳᠤ ᠮᠥᠴᠡᠭᠡᠷᠭᠡᠨ ᠭᠢᠯᠠᠯᠵᠠᠨ᠎ᠠ ᠁
ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠬᠠᠷᠢᠶ᠎ᠠ᠄ ᠰᠢᠯᠦᠭ
ᠳᠠᠷᠤᠮ᠄ 1897
ᠴᠠᠭ᠄ 2012 ᠤᠨ ᠤ 02 ᠰᠠᠷ᠎ᠠ ᠶᠢᠨ 17