ᠰᠢᠯ ᠤᠨ ᠴᠠᠭᠠᠨᠠᠭᠢ ᠰᠢᠭᠢᠷ

ᠣᠳᠤ ᠰᠤᠮᠤ ᠭᠦᠳᠡᠭᠡ ᠪᠠᠷ ᠴᠤ ᠵᠢᠵᠢᠭ᠌ ᠬᠤᠳᠠᠯᠳᠤᠭ᠎ᠠ ᠵᠥᠩᠳᠡᠭᠡᠨ ᠬᠠᠷᠠᠭᠳᠠᠬᠤ ᠪᠣᠯᠵᠠᠢ᠃ ᠵᠢᠵᠢᠭ᠌ ᠬᠤᠳᠠᠯᠳᠤᠭᠠᠨ ᠤ ᠭᠡᠷ ᠲᠤ ᠣᠷᠤᠵᠤ ᠣᠴᠢᠬᠤ ᠳᠤ ᠳᠦᠷᠪᠠ ᠳᠠᠪᠤᠨ ᠨᠠᠰᠤᠨ ᠤ ᠣᠷᠴᠢᠮ ᠤᠨ ᠨᠢᠭᠡ ᠵᠢᠭᠠᠯ ᠭᠦᠤ ᠪᠠᠷᠠᠭᠠᠨ ᠤ ᠰᠢᠯᠢᠨ ᠳᠤ ᠬᠠᠮᠠᠷ ᠶᠢᠡᠨ ᠶᠠᠭ ᠨᠠᠭᠠᠯᠳᠤᠭᠤᠯᠤᠨ ᠰᠢᠯ ᠤᠨ ᠴᠠᠭᠠᠨᠠᠭᠢ ᠰᠢᠭᠢᠷ ᠢ ᠰᠢᠷᠳᠠᠵᠤ ᠵᠤᠭᠰᠤᠨ᠎ᠠ ᠁

ᠨᠠᠳᠠ ᠶᠢ ᠪᠠᠭ᠎ᠠ ᠪᠠᠢ᠌ᠬᠤ ᠳᠤ ᠮᠠᠨᠠᠢ᠌ᠭᠢᠨ ᠠᠯᠳᠠᠨ ᠳᠤᠯᠤᠭᠠᠢ ᠭᠡᠭᠦ ᠠᠭᠤᠯᠠ ᠶᠢᠨ ᠦᠪᠣᠷ ᠲᠤ ᠰᠠᠭᠤᠷᠢᠰᠢᠳᠠᠭ ᠪᠠᠢ᠌ᠪᠠ᠃ ᠪᠢᠳᠠᠨ ᠤ ᠳᠤᠭᠯᠠᠳᠠᠭ ᠨᠢ ᠨᠢᠭᠤᠯᠴᠠᠬᠤ᠂ ᠱᠠᠭᠠᠵᠠᠩ ᠤᠨ ᠭᠡᠯᠳᠡᠷᠭᠡᠢ ᠴᠤᠭᠯᠠᠭᠤᠯᠤᠨ ᠰᠢᠨᠠᠯᠠᠵᠤ ᠠᠢ᠌ᠯᠴᠢᠯᠠᠬᠤ᠂ ᠰᠢᠪᠠᠭᠤᠨ ᠡᠭᠦᠷ ᠠᠭᠤᠳᠠᠯᠠᠬᠤ ᠮᠠᠳᠤ᠃

《ᠰᠢᠪᠠᠭᠤᠨ ᠡᠭᠦᠷ ᠠᠭᠤᠳᠠᠯᠠᠪᠠᠯ ᠨᠢᠭᠤᠷ ᠳᠤᠨᠢ ᠥᠡᠳᠡᠭᠡᠨ ᠴᠤᠬᠤᠷ ᠲᠡᠶ ᠪᠣᠯᠳᠠᠭ》 ᠭᠡᠵᠤ ᠡᠮᠡᠭᠡ ᠥᠭᠦᠯᠡᠭᠦ ᠳᠤ 《ᠰᠢᠪᠠᠭᠤᠨ ᠤ ᠡᠭᠦᠷ ᠲᠤ ᠮᠤᠭᠠᠢ ᠪᠠᠢ᠌ᠳᠠᠭ》 ᠭᠡᠵᠤ ᠠᠪᠣ ᠠᠶᠤᠯᠭᠠᠨ᠎ᠠ᠃ ᠬᠠᠷᠢᠨ ᠡᠵᠢ ᠮᠢᠨᠢ 《ᠰᠢᠪᠠᠭᠤᠨ ᠡᠭᠦᠷ ᠠᠭᠤᠳᠠᠯᠳᠠᠭ ᠬᠡᠦᠬᠡᠳ ᠲᠤ ᠬᠤᠷᠰᠢᠶᠠᠨ ᠤ ᠭᠢᠨ ᠰᠢᠭᠢᠷ ᠥᠭ᠍ᠳᠡᠭ᠌ ᠦᠭᠡᠶ》 ᠭᠡᠵᠤ ᠭᠡᠯᠡᠨ᠎ᠡ᠃

ᠨᠤᠬᠠᠢ ᠭᠡᠯᠡ ᠪᠠᠨ ᠣᠠᠵᠢᠭᠤᠯᠤᠭᠰᠠᠨ ᠵᠤᠨ ᠤ ᠨᠢᠭᠡᠨ ᠡᠳᠦᠷ ᠡᠵᠢ ᠭᠡᠳᠤᠨ ᠬᠠᠳᠠᠭᠰᠠᠨ ᠠᠷᠠᠰᠤ ᠪᠠᠨ ᠬᠠᠷ᠎ᠠ ᠡᠯᠵᠢᠭᠡᠨ ᠳᠤ ᠠᠴᠢᠨ ᠬᠤᠷᠰᠢᠶ᠎ᠠ ᠣᠷᠤᠵᠤ ᠴᠠᠢ ᠳᠠᠪᠣᠰᠤ ᠰᠤᠯᠢᠬᠤ ᠪᠠᠷ ᠶᠠᠪᠣᠬᠤ ᠪᠣᠯᠤᠯ᠎ᠠ᠃

ᠡᠵᠢ ᠄ 《ᠭᠦᠤ ᠮᠢᠨᠢ ᠢᠰᠢᠭᠡ ᠬᠤᠷᠠᠭ᠎ᠠ ᠪᠠᠨ ᠬᠠᠷᠠᠭᠠᠤᠨ ᠰᠠᠭᠤᠵᠤ ᠪᠠᠢ᠂ ᠡᠵᠢ ᠨᠢ ᠬᠤᠷᠰᠢᠶᠠᠨ ᠳᠤ ᠣᠷᠤᠨ᠎ᠠ》 ᠭᠡᠯ᠎ᠡ᠃

ᠪᠢ᠄ 《ᠨᠠᠮᠢ᠋ᠢ ᠪᠠᠰᠠ ᠳᠠᠭᠠᠭᠤᠯᠤᠭᠠᠤᠨ ᠶᠠᠪᠣᠬᠤ ᠦᠭᠡᠶ ᠦᠦ》 ᠭᠤᠶᠤᠪᠠᠯ ᠡᠵᠢ᠄

《ᠴᠢᠨᠤ ᠳᠠᠷᠠ ᠴᠤᠬᠤᠷ ᠬᠠᠮᠠᠷ ᠢ ᠬᠤᠷᠰᠢᠶᠠᠨ ᠤ ᠭᠢ ᠦᠵᠡᠪᠠᠯ ᠰᠢᠪᠠᠭᠤᠨ ᠡᠭᠦᠷ ᠠᠭᠤᠳᠠᠯᠠᠭᠰᠠᠨ ᠬᠡᠦᠬᠡᠳ ᠭᠡᠳᠡᠭ᠌ ᠢ ᠴᠢᠨᠢ ᠮᠡᠳᠡᠴᠢᠭᠡᠨ᠎ᠡ᠂ ᠶᠠᠪᠣᠬᠤ ᠪᠠᠨ ᠪᠣᠯᠢ᠂ ᠭᠦᠤ ᠮᠢᠨᠢ ᠭᠡᠷ ᠳᠡᠷᠭᠡ ᠪᠠᠨ ᠬᠠᠷᠠᠭᠠᠤᠨ ᠰᠠᠭᠤᠵᠤ ᠪᠠᠢ᠂ ᠡᠵᠢ ᠨᠢ ᠭᠠᠭᠴᠠ ᠬᠤᠶᠠᠷ ᠰᠢᠭᠢᠷ ᠠᠪᠴᠢᠷᠠᠵᠤ ᠦᠭ‍ᠭᠦᠶ᠎ᠡ》 ᠭᠡᠯ᠎ᠡ᠃

ᠪᠢ ᠳᠤᠯᠢ ᠪᠠᠷᠢᠵᠤ ᠥᠡᠳᠡᠭᠡᠨ ᠴᠤᠬᠤᠷ ᠬᠠᠮᠠᠷ ᠶᠢᠡᠨ ᠨᠣᠢ᠌ᠳᠠᠨ ᠠᠯᠴᠢᠭᠤᠷ ᠶᠢᠡᠷ ᠣᠯᠠᠢ᠌ᠳᠠᠯ᠎ᠠ ᠵᠥᠯᠭᠦᠭ᠍ᠰᠡᠨ ᠪᠣᠯᠪᠠᠴᠤ ᠴᠤᠬᠤᠷ ᠨᠢ ᠶᠠᠷᠤ ᠠᠷᠢᠯᠵᠤ ᠦᠭ‍ᠭᠦ ᠦᠭᠡᠶ ᠵᠤᠪᠠᠭᠠᠵᠤ ᠪᠠᠢ᠌ᠯ᠎ᠠ᠃ ᠳᠡᠭᠦᠨ ᠡᠴᠠ ᠬᠣᠢ᠌ᠰᠢ ᠪᠢ ᠰᠢᠪᠠᠭᠤᠨ ᠡᠭᠦᠷ ᠠᠭᠤᠳᠠᠯᠬᠤ ᠪᠠᠨ ᠪᠣᠯᠢᠭᠰᠠᠨ ᠶᠤᠮ᠃

ᠨᠢᠭᠡᠨ ᠡᠳᠦᠷ ᠱᠤᠤᠶᠤ ᠭᠤᠸᠠᠢ ᠭᠡᠭ᠍ᠴᠢ ᠮᠠᠯ ᠤᠨ ᠡᠮᠴᠢ ᠮᠠᠨᠠᠢ᠌ᠭᠢ ᠪᠠᠷ ᠠᠢ᠌ᠯᠴᠢᠯᠠᠨ ᠢᠷᠠᠯ᠎ᠠ᠃ ᠨᠠᠳᠠ ᠨᠢᠭᠡ ᠭᠡᠰᠡᠭ᠌ ᠮᠦᠰᠤᠨ ᠰᠢᠭᠢᠷ ᠠᠳᠬᠤᠭᠤᠯᠵᠠᠢ᠃ ᠡᠨᠡ ᠱᠤᠤᠶᠤ ᠭᠤᠸᠠᠢ ᠭᠡᠭ᠍ᠴᠢ ᠰᠠᠢ᠌ᠨ ᠭᠦᠮᠤᠨ ᠪᠠᠢ᠌ᠬᠤ ᠨᠢ ᠭᠡᠵᠤ ᠰᠢᠭᠢᠷ ᠶᠢᠡᠨ ᠰᠢᠮᠠᠨ ᠪᠣᠳᠤᠯ᠎ᠠ᠃ ᠳᠡᠭᠡᠳᠡᠯ᠎ᠡ ᠱᠤᠤᠶᠤ ᠭᠤᠸᠠᠢ᠄ 《ᠵᠠ᠂ ᠥᠡᠳᠡᠭᠡᠨ ᠴᠤᠬᠤᠷ ᠬᠠᠮᠠᠷ ᠲᠡᠶ ᠭᠦᠤ᠂ ᠪᠦᠰᠡᠭᠦᠢ ᠠᠪᠬᠤ ᠦᠦ︖》 ᠭᠡᠵᠤ ᠥᠭᠦᠯᠡᠪᠡ᠃ ᠪᠢ ᠱᠤᠤᠶᠤ ᠭᠤᠸᠠᠢ ᠶᠢ ᠣᠢ᠌ᠰᠢᠶᠠᠯ ᠦᠭᠡᠶ ᠰᠢᠭᠢᠷ ᠶᠢᠡᠨ ᠰᠢᠮᠡᠭ᠍ᠰᠡᠨ ᠴᠢᠭ᠌ ᠶᠢᠡᠷ᠃ ᠪᠦᠰᠡᠭᠦᠢ ᠪᠣᠯᠤᠨ ᠰᠢᠭᠢᠷ ᠭᠡᠭ᠍ᠴᠢ ᠠᠳᠠᠯᠢᠬᠠᠨ ᠠᠮᠳᠠᠳᠠᠢ ᠶᠠᠭᠤᠮ᠎ᠠ ᠰᠢᠤ ᠭᠡᠵᠤ ᠱᠤᠤᠶᠤ ᠭᠤᠸᠠᠢ ᠭᠠᠩᠰᠠ ᠪᠠᠨ ᠨᠠᠷᠠᠵᠤ ᠢᠨᠢᠶᠠᠯ᠎ᠠ᠃ 《ᠥᠨᠡᠭᠡᠷ ᠦᠦ︖》 ᠭᠡᠪᠠᠯ 《ᠳᠡᠭᠡᠯᠭᠦᠢ᠂ ᠴᠤᠬᠤᠷ ᠬᠠᠮᠠᠷ ᠲᠡᠶ ᠭᠦᠤ ᠪᠦᠰᠡᠭᠦᠢ ᠠᠪᠬᠤ ᠦᠦ》 ᠭᠡᠵᠤ ᠳᠦᠷᠦᠭᠦᠴᠢ ᠶᠢᠨ ᠠᠰᠠᠭᠤᠯᠳᠠ ᠪᠠᠨ ᠳᠠᠪᠳᠠᠯ᠎ᠠ᠃ 《ᠠᠪᠣᠨ᠎ᠠ》 ᠭᠡᠪᠠᠯ 《ᠭᠡᠳᠤ ᠠᠪᠬᠤ ᠪᠣᠢ︖》 ᠭᠡᠵᠤ ᠣᠯᠠᠮ ᠴᠢᠨᠠᠭᠰᠢᠯᠠᠭᠤᠯᠤᠨ᠎ᠠ᠃ 《ᠬᠤᠶᠠᠷ ᠬᠡᠦᠳᠡᠢ》 ᠭᠡᠵᠤ ᠭᠡᠯᠡᠴᠢᠭᠡᠭᠡᠳ ᠦᠭ‍ᠭᠦ ᠶᠢ ᠨᠢ ᠭᠤᠷᠢᠳᠠᠪᠠᠯ 《ᠪᠦᠰᠡᠭᠦᠢ ᠠᠪᠴᠢᠬᠠᠭᠠᠤᠨ ᠶᠠᠭᠠᠭᠢᠬᠤ ᠶᠤᠮ ︖》 ᠭᠡᠵᠤ ᠮᠦᠨ ᠯᠠ ᠣᠬᠤᠴᠢᠯᠠᠨ᠎ᠠ᠃ 《ᠰᠢᠮᠠᠨ᠎ᠡ》 ᠭᠡᠵᠤ ᠭᠡᠨᠡᠭ᠌ ᠴᠤ ᠦᠭᠡᠶ ᠭᠡᠯᠡᠪᠠᠯ ᠭᠡᠷ ᠳᠦᠭᠦᠷᠡᠩ ᠭᠦᠮᠤᠨ ᠡᠯᠢᠭᠡ ᠪᠠᠨ ᠭᠦᠰᠢᠳᠡᠯ᠎ᠡ ᠢᠨᠢᠶᠠᠯᠴᠠᠯ᠎ᠠ᠃ ᠣᠳᠤ ᠪᠣᠳᠤᠬᠤ ᠳᠤ ᠰᠢᠭᠢᠷ ᠲᠤ ᠠᠮᠢ ᠦᠭᠡᠶ ᠳᠤᠷᠠᠳᠠᠢ ᠬᠡᠦᠬᠡᠳ ᠶᠢᠡᠷ ᠶᠡᠭᠡᠴᠦᠦᠯ ᠳᠤᠭᠤᠭᠢ ᠭᠢᠭ᠍ᠰᠡᠨ ᠪᠠᠢ᠌ᠵᠤ ᠳ᠋ᠠ᠃

ᠪᠢ ᠨᠥᠭᠦᠭᠡ ᠭᠦᠭᠡᠷᠦᠭᠦᠨ ᠵᠢᠭᠠᠯ ᠭᠦᠤ ᠳᠤ ᠭᠡᠳᠤᠨ ᠰᠢᠭᠢᠷ ᠠᠪᠴᠤ ᠥᠭ᠍ᠴᠢᠭᠡᠭᠡᠳ ᠭᠠᠷᠴᠤ ᠶᠠᠪᠣᠯ᠎ᠠ᠃

ᠰᠢᠭᠢᠷ ᠲᠤ ᠳᠤᠷᠠᠯᠠᠳᠠᠭ ᠨᠠᠰᠤ ᠮᠢᠨᠢ ᠡᠭᠡᠯ ᠦᠭᠡᠶ ᠣᠳᠴᠠᠢ᠃


ᠵᠤᠬᠢᠶᠠᠭᠴᠢ ᠶᠢᠨ ᠬᠠ‍‌ᠶᠢᠭ ᠄ ᠣᠷᠠᠤᠨ

ᠵᠤᠬᠢᠶᠠᠭᠴᠢ᠄ ᠬᠠᠯᠳᠠᠷ
ᠬᠠᠷᠢᠶ᠎ᠠ᠄ ᠨᠠᠢᠷᠠᠭᠤᠯᠤᠯ
ᠳᠠᠷᠤᠮ᠄ 3419
ᠴᠠᠭ᠄ 2010 ᠤᠨ ᠤ 11 ᠰᠠᠷ᠎ᠠ ᠶᠢᠨ 23