ᠮᠥᠩᠭᠡᠷᠡᠵᠤ ᠶᠠᠪᠣᠨ᠎ᠠ

《ᠪᠣᠷᠬᠠᠨ ᠰᠡᠳᠭᠢᠯᠳᠤ ᠡᠵᠢ  》

ᠪᠣᠳᠤᠯᠭᠠᠨ ᠤ ᠭᠦᠰᠢᠭᠡᠨ ᠳᠤ ᠡᠵᠢ ᠶᠢ ᠮᠢᠨᠢ ᠳᠤᠳᠤᠷᠠᠭᠤᠯᠤᠨ᠎ᠠ᠂

ᠪᠣᠷᠵᠢᠭᠢᠨ ᠤ ᠬᠣᠢ᠌ᠴᠢᠰ ᠳᠡᠭ᠍ᠷᠢ ᠶᠢᠨ ᠮᠢᠨᠢ ᠬᠤᠭᠤᠯᠠᠢ

ᠪᠦᠮᠪᠦᠷᠢᠭᠦᠯᠤᠨ ᠪᠦᠮᠪᠦᠷᠢᠭᠦᠯᠤᠨ ᠨᠢᠯᠪᠣᠰᠤ ᠶᠢ ᠣᠷᠤᠰᠤᠭᠤᠯᠤᠨ᠎ᠠ᠃

ᠪᠣᠭᠤᠷᠤᠯ ᠬᠤᠷᠸ᠎ᠠ ᠳᠤ ᠡᠵᠢ ᠭᠦᠮᠤᠨ ᠮᠥᠩᠭᠡᠷᠡᠭᠦ ᠥᠭᠡᠢ

ᠪᠣᠰᠢᠭᠤᠬᠠᠨ ᠵᠠᠪᠳᠤᠵᠤ ᠠᠴᠢᠯᠠᠵᠤ ᠶᠠᠪᠣᠶ᠎ᠠ ᠡᠵᠢ ᠶᠢ ᠪᠠᠨ᠃

ᠨᠠᠰᠤᠨ ᠳᠤ ᠪᠠᠨ ᠰᠤᠨᠤᠰᠤᠭᠠᠤᠨ ᠬᠠᠨᠤᠰᠢ ᠦᠭᠡᠶ ᠡᠨᠡ ᠳᠠᠭᠤᠨ ᠤ ᠥᠭᠡ

ᠨᠠᠮᠤᠷ ᠤᠨ ᠨᠠᠮᠤᠷ ᠲᠤ ᠪᠠᠨ ᠴᠡᠯᠭᠡᠷᠡᠵᠤ ᠶᠠᠪᠣᠨ᠎ᠠ᠂

ᠨᠠᠮᠵᠢᠭᠤᠨ ᠰᠡᠳᠭᠢᠯ ᠢ ᠮᠢᠨᠢ ᠣᠶᠠᠰᠬᠠᠭᠰᠠᠨ ᠡᠨᠡ ᠠᠶᠠᠰ

ᠨᠠᠷᠠᠯᠠᠭ ᠬᠤᠷᠸ᠎ᠠ ᠳᠤ ᠮᠥᠩᠭᠡᠷᠡᠵᠤ ᠶᠠᠪᠣᠨ᠎ᠠ᠃

《ᠵᠢᠷᠦᠭᠡᠨ ᠤ ᠡᠷᠢᠯ》

ᠵᠡᠭᠦᠳᠤᠨ ᠤ ᠶ‍ᠢᠷᠳᠢᠠᠴᠤ ᠳᠤ ᠡᠵᠢ ᠲᠡᠶ ᠮᠢᠨᠢ ᠵᠤᠯᠭᠠᠭᠤᠯᠤᠨ᠎ᠠ᠂

ᠵᠢᠩᠭᠢᠨᠠᠮ᠎ᠠ ᠴᠢᠩᠭᠢᠨᠠᠮ᠎ᠠ ᠰᠠᠷᠵᠢᠮ᠎ᠠ ᠶᠢᠨ ᠮᠢᠨᠢ ᠬᠤᠭᠤᠯᠠᠢ

ᠵᠢᠭ᠍ᠳᠡᠯᠡᠭᠦᠯᠤᠨ ᠵᠢᠭ᠍ᠳᠡᠯᠡᠭᠦᠯᠤᠨ ᠨᠢᠯᠪᠣᠰᠤ ᠶᠢ ᠮᠢᠨᠢ ᠳᠤᠰᠤᠯᠤᠭᠤᠯᠤᠨ᠎ᠠ᠃

ᠵᠢᠰᠦᠯᠢᠭ᠌ ᠬᠤᠷᠸ᠎ᠠ ᠳᠤ ᠡᠵᠢ ᠭᠦᠮᠤᠨ ᠮᠥᠩᠭᠡᠷᠡᠭᠦ ᠥᠭᠡᠢ

ᠵᠢᠷᠭᠠᠯ ᠡᠳ᠋ᠯᠡᠭᠦᠯᠵᠤ ᠪᠠᠶᠠᠰᠤᠭᠤᠯᠵᠤ ᠶᠠᠪᠣᠶ᠎ᠠ ᠡᠵᠢ ᠶᠢ ᠪᠠᠨ᠂

ᠵᠥᠩᠳᠡᠭᠡᠨ ᠳᠤᠭᠤᠯᠤᠭᠠᠤᠨ ᠬᠠᠨᠤᠰᠢ ᠦᠭᠡᠶ ᠡᠨᠡ ᠳᠠᠭᠤᠨ ᠤ ᠥᠭᠡ

ᠵᠠᠭᠤᠨ ᠡᠷᠢᠨ ᠳᠤ ᠨᠤᠭᠤᠭᠠᠷᠠᠵᠤ ᠶᠠᠪᠣᠨ᠎ᠠ᠂

ᠵᠢᠷᠦᠭᠡ ᠰᠡᠳᠭᠢᠯ ᠢ ᠮᠢᠨᠢ ᠴᠢᠪᠬᠠᠳᠠᠭᠰᠠᠨ ᠡᠨᠡ ᠠᠶᠠᠰ

ᠽᠠᠠᠪᠣᠯᠢᠩ ᠳᠤ ᠮᠥᠩᠭᠡᠷᠡᠵᠤ ᠶᠠᠪᠣᠨ᠎ᠠ᠃


ᠵᠤᠬᠢᠶᠠᠭᠴᠢ ᠶᠢᠨ ᠬᠠᠶ‍ᠢᠭ ᠄   ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂   ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠢᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1526
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ