ᠰᠡᠮᠡᠷᠭᠡᠢ ᠳᠡᠷᠯᠢᠭ᠌

       ᠮᠤᠩᠭ᠋ᠤᠯ

ᠶ‍ᠢᠷᠳᠢᠠᠴᠤ ᠬᠠᠷᠠᠭᠰᠠᠨ ᠡᠷ᠎ᠡ ᠨᠢ ᠪᠣᠰᠤᠭ᠎ᠠ

ᠶ‍ᠢᠷᠳᠢᠠᠴᠤ ᠬᠠᠷᠠᠭᠤᠯᠤᠭᠰᠠᠨ ᠥᠰᠦᠭ᠌ ᠨᠢ ᠪᠣᠰᠤᠭ᠎ᠠ

ᠠᠯᠬᠤᠵᠤ ᠶᠠᠪᠣᠭᠰᠠᠨ ᠭᠦᠮᠦᠰ ᠨᠢ ᠪᠣᠰᠤᠭ᠎ᠠ

ᠭᠦᠯ ᠳᠤ ᠣᠷᠤᠭᠤᠯᠤᠭᠰᠠᠨ ᠭᠤᠯᠤᠮᠳᠠ ᠨᠢ ᠪᠣᠰᠤᠭ᠎ᠠ

ᠰᠦᠯᠵᠢᠵᠤ ᠣᠶᠠᠭᠰᠠᠨ ᠬᠠᠨ᠎ᠠ ᠨᠢ ᠪᠣᠰᠤᠭ᠎ᠠ

ᠨᠠᠷᠠ ᠪᠠᠨ ᠳᠤᠯᠤᠭᠰᠠᠨ ᠳᠤᠭᠤᠨᠤ ᠨᠢ ᠪᠣᠰᠤᠭ᠎ᠠ

ᠬᠠᠨ᠎ᠠ ᠳᠦᠰᠢᠭᠦᠯᠦᠭ᠍ᠰᠡᠨ ᠣᠷᠭ᠎ᠠ ᠨᠢ ᠪᠣᠰᠤᠭ᠎ᠠ

ᠬᠠᠨ ᠳᠡᠯᠡᠭᠡᠢ ᠳᠤ ᠮᠤᠩᠭ᠋ᠤᠯ ᠮᠢᠨᠢ ᠪᠣᠰᠤᠭ᠎ᠠ

        ᠭᠤᠳᠤᠯ

ᠪᠣᠯᠢᠭᠠᠷᠢ ᠭᠤᠳᠤᠯ ᠭᠦᠡᠳᠤ ᠶᠢᠨ ᠣᠴᠢᠷ

ᠠᠵᠢᠯ ᠡᠴᠡ ᠪᠠᠨ 《ᠲ᠋ᠠᠷᠬᠠᠯᠠᠭᠳᠠᠪᠠ》

ᠠᠪᠳᠠᠷ᠎ᠠ ᠳᠤᠤᠷ᠎ᠠ ᠣᠷᠤᠩᠨᠠᠭᠰᠠᠨ ᠴᠢᠨᠢ

ᠬᠤᠯᠤᠭᠠᠨ᠎ᠠ ᠡᠭᠦᠷᠯᠡᠪᠡ

       ᠠᠳᠤᠭᠤ

ᠡᠷᠡᠰ ᠬᠠᠳᠠᠭᠤ ᠠᠷᠠᠠᠰᠢᠨ ᠨᠢ

ᠡᠳᠡᠭᠡᠳ ᠮᠠᠭᠤᠬᠠᠢ ᠰᠠᠨᠠᠭᠳᠠᠵᠤ

ᠴᠥᠯᠡᠯᠭᠡᠨ ᠳᠤ ᠭᠠᠷᠴᠤ

ᠡᠮᠦᠨᠡᠳᠤ ᠣᠷᠤᠨ ᠶᠢᠡᠷ

《ᠵᠢᠭᠤᠯᠴᠢᠯᠠᠨ᠎ᠠ》

       ᠴᠢᠨ᠋ᠸ᠎ᠠ

ᠦᠴᠦᠭᠡᠳᠦᠷ ᠤᠨ ᠮᠠᠯᠳᠠᠭᠤᠷᠴᠢᠨ

ᠦᠨᠦᠳᠤᠷ 《ᠲ᠋ᠤᠲ᠋ᠸᠮ》 ᠵᠢᠩᠰᠡ  ᠵᠡᠭᠦᠵᠤ

ᠮᠤᠩᠭ᠋ᠤᠯᠴᠤᠳ ᠤᠨ ᠳᠤᠮᠳᠠ

ᠰᠠᠭᠰᠠᠭᠤᠷᠠᠵᠤ ᠶᠠᠪᠣᠨ᠎ᠠ

ᠴᠠᠭ ᠳᠦᠷᠤ ᠭᠡᠵᠤ ᠁

       ᠨᠤᠳᠤᠭ

ᠮᠡᠷᠭᠡᠨ ᠭᠦᠮᠤᠨ ᠤ ᠳᠤᠯᠤᠭᠠᠢ ᠬᠠᠯᠴᠠᠭᠠᠢ

ᠮᠤᠩᠬᠠᠭ ᠭᠦᠮᠤᠨ ᠤ ᠴᠡᠭᠡᠵᠢ ᠬᠠᠯᠴᠠᠭᠠᠢ

ᠮᠠᠨ ᠤ ᠨᠤᠳᠤᠭ ᠤᠨ ᠠᠭᠤᠯᠠ ᠬᠠᠯᠴᠠᠭᠠᠢ

       ᠭᠠᠳᠠ ᠮᠠᠢ᠌ᠷᠠᠨ

《ᠭᠠᠳᠠ ᠮᠠᠢ᠌ᠷᠠᠨ》 ᠬᠤᠭᠤᠯᠠᠨ ᠭᠡᠷ ᠡᠷᠭᠢᠯᠡᠵᠤ

ᠵᠠᠰᠠᠭ ᠤᠨ ᠨᠤᠶᠠᠤᠨ ᠲᠤ

ᠦᠨ᠎ᠡ ᠦᠭᠡᠶ ᠪᠠᠷ

ᠪᠦᠭᠦᠯᠢ ᠰᠢᠭᠦᠰᠤ ᠳᠠᠪᠠᠭᠯᠠᠨ᠎ᠠ

ᠬᠠᠶᠠᠭᠠᠨ ᠳᠤ ᠨᠢ ᠡᠯᠭᠦᠭ᠍ᠳᠡᠭ᠍ᠰᠡᠨ

ᠴᠢᠩᠭᠢᠰ ᠬᠠᠭᠠᠨ ᠤ ᠭᠦᠷᠦᠭ᠌

ᠳᠠᠯᠪᠠᠷᠠᠳᠠᠯ᠎ᠠ ᠠᠭᠤᠷᠯᠠᠪᠠ

ᠨᠢ᠋ᠮᠠᠨ ᠵᠠᠭᠤᠨ ᠵᠢᠯ ᠤᠨ ᠡᠮᠦᠨ᠎ᠡ ᠪᠣᠯᠤᠭᠰᠠᠨ ᠪᠣᠯ

ᠭᠦᠯᠦᠭ᠌ ᠤᠨ ᠶᠢᠡᠨ ᠳᠤᠭᠤᠷᠠᠢ ᠪᠠᠷ

ᠭᠡᠮᠭᠡᠯᠡᠭᠦ ᠶᠤᠮᠰᠠᠨ ᠭᠡᠳ

ᠰᠡᠭᠦᠷᠡᠰᠦᠯᠡᠪᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1686
ᠴᠠᠭ᠄ 2011 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ