ᠮᠤᠩᠭ᠋ᠤᠯᠴᠤᠳ ᠤᠨ ᠤᠯᠠᠮᠵᠢᠯᠠᠯᠳᠤ ᠴᠠᠭᠠᠨ ᠢᠳᠡᠭᠡᠨ ᠤ ᠡᠷᠡᠭᠦᠯᠵᠢᠯ ᠤᠨ ᠦᠢᠯᠠᠳᠤᠯ

ᠮᠤᠩᠭ᠋ᠤᠯᠴᠤᠳ ᠠᠯᠢ ᠣᠵᠠᠭᠤᠷ ᠡᠴᠡ ᠨᠡᠭᠦᠳᠡᠯᠯᠡᠨ ᠮᠠᠯᠵᠢᠬᠤ ᠮᠠᠯ ᠠᠵᠤ ᠠᠬᠤᠢ ᠪᠣᠶᠤ ᠠᠩ ᠠᠪᠠ ᠪᠠᠷ ᠠᠮᠢᠳᠤᠷᠠᠯ ᠤᠨ ᠭᠡᠷᠡᠭ᠍ᠴᠡᠭᠡ ᠪᠠᠨ ᠬᠠᠩᠭ᠋ᠠᠵᠤ᠂ ᠠᠮᠢᠳᠠᠨ ᠭᠤᠤᠯᠳᠠᠨ ᠪᠠ ᠪᠠᠢ᠌ᠭᠠᠯᠢ ᠶ‍ᠢᠷᠳᠢᠠᠴᠤ ᠶᠢᠨ ᠡᠪ ᠵᠤᠭᠢᠴᠠᠯ ᠢ ᠣᠬᠠᠮᠰᠠᠷ ᠲᠡᠶ ᠠᠵᠢᠯᠯᠠᠭ᠎ᠠ ᠳᠤᠮᠳᠠ ᠪᠠᠨ ᠵᠤᠭᠢᠴᠠᠭᠤᠯᠤᠨ᠂ ᠠᠮᠢ ᠠᠬᠤᠢ ᠶᠢᠨ ᠳᠡᠩᠴᠡᠭᠦᠷᠢ ᠶᠢ ᠢᠳᠠᠪᠭᠢ ᠰᠠᠨᠠᠭᠠᠴᠢᠯᠠᠭ᠎ᠠ ᠲᠡᠶ ᠪᠠᠷ ᠬᠠᠮᠠᠭᠠᠯᠠᠭᠰᠠᠭᠠᠷ ᠢᠷᠡᠭ᠍ᠰᠡᠨ ᠪᠠᠢ᠌ᠨ᠎ᠠ᠃ ᠡᠢ᠌ᠡᠭᠦ᠂ ᠳᠤᠤᠷ᠎ᠠ ᠡᠪᠦᠭᠡ ᠳᠡᠭᠡᠳᠦᠰ ᠡᠴᠡ ᠪᠠᠨ ᠦᠪᠯᠠᠨ ᠢᠷᠡᠭ᠍ᠰᠡᠨ ᠳᠠᠪᠤᠨ ᠬᠤᠰᠢᠭᠤ ᠮᠠᠯ ᠤᠨ ᠠᠰᠢᠭ ᠰᠢᠮ᠎ᠠ ᠶᠢᠨ ᠨᠢᠭᠡᠨ ᠳᠦᠷᠤᠯ ᠪᠣᠯᠬᠤ ᠴᠠᠭᠠᠨ ᠢᠳᠡᠭᠡᠨ ᠭᠦᠮᠤᠨ ᠤ ᠪᠠᠶ᠎ᠠ ᠮᠠᠬᠠᠪᠣᠤᠨ ᠤᠨ ᠡᠷᠡᠭᠦᠯ ᠡᠩᠬᠡ ᠳᠤ ᠶᠠᠮᠠᠷᠰᠢᠤ ᠠᠴᠢ ᠣᠢ᠌ᠯᠠᠳᠤᠯ ᠲᠡᠶ ᠪᠠᠢ᠌ᠬᠤ ᠳᠤᠬᠠᠢ ᠰᠠᠨᠠᠯ ᠪᠣᠳᠤᠯ ᠶᠢᠡᠨ ᠬᠤᠪᠢᠶᠠᠯᠴᠠᠶ᠎ᠠ᠃

ᠮᠤᠩᠭ᠋ᠤᠯ ᠦᠨᠳᠦᠰᠦᠳᠠᠨ ᠤ ᠡᠪᠦᠭᠡ ᠳᠡᠭᠡᠳᠦᠰ ᠠᠯᠢ ᠡᠷᠳᠡ ᠡᠴᠡ ᠠᠩ ᠠᠪᠠ ᠪᠠ ᠳᠠᠪᠤᠨ ᠬᠤᠰᠢᠭᠤ ᠮᠠᠯ ᠤᠨ ᠠᠰᠢᠭ ᠰᠢᠮ᠎ᠠ ᠶᠢ ᠣᠠᠴᠠ ᠭᠦᠡᠳᠦᠳᠭᠡᠨ ᠳᠡᠭᠡᠵᠢᠯᠡᠵᠤ᠂ ᠮᠢᠬᠠᠨ ᠳᠦᠷᠤᠯ ᠤᠨ ᠢᠳᠡᠭᠡᠨ ᠢ (ᠣᠯᠠᠭᠠᠨ ᠢᠳᠡᠭᠡᠨ) ᠭᠡᠵᠤ᠂ ᠰᠥ᠋ ᠴᠠᠭ᠎ᠠ ᠶᠢᠨ ᠳᠦᠷᠤᠯ ᠤᠨ ᠢᠳᠡᠭᠡᠨ ᠢ (ᠴᠠᠭᠠᠨ ᠢᠳᠡᠭᠡᠨ) ᠭᠡᠵᠤ ᠥᠩᠭᠡ ᠪᠠᠷ ᠨᠢ ᠵᠣᠢ᠌ᠴᠢᠯᠠᠨ ᠨᠡᠷᠡᠯᠡᠳᠡᠭ᠌ ᠠᠵᠠᠢ᠃ ᠣᠯᠠᠮᠵᠢᠯᠠᠯᠳᠤ ᠶᠠᠷᠢᠶᠠᠨ ᠳᠤ᠂ ᠪᠣᠭᠳᠠ ᠴᠢᠩᠭᠢᠰ ᠤᠨ ᠳᠡᠭᠡᠳᠦᠰ ᠪᠦᠷᠳᠡ ᠴᠢᠨ᠋ᠸ᠎ᠠ ᠶᠢᠨ ᠦᠶᠡᠰ ᠡᠴᠡ ᠮᠤᠩᠭ᠋ᠤᠯᠴᠤᠳ ᠨᠡᠭᠦᠳᠡᠯᠯᠡᠨ ᠮᠠᠯᠵᠢᠬᠤ ᠠᠮᠢᠳᠤᠷᠠᠯ ᠳᠤᠮᠳᠠ ᠰᠥ᠋ ᠴᠠᠭ᠎ᠠ ᠶᠢ ᠪᠣᠯᠪᠠᠰᠤᠷᠠᠭᠤᠯᠤᠨ ᠣᠯᠠᠨ ᠳᠦᠷᠤᠯ ᠤᠨ ᠢᠳᠡᠭᠡᠨ ᠣᠮᠳᠠᠭᠠᠨ ᠪᠣᠯᠭᠠᠨ ᠡᠳ᠋ᠯᠡᠵᠤ ᠪᠠᠢ᠌ᠭᠰᠠᠨ ᠪᠣᠶᠤ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ᠂ 1206 ᠣᠨ ᠳᠤ᠂ ᠳᠠᠮᠤᠵᠢᠨ ᠶᠡᠭᠡ ᠮᠤᠩᠭ᠋ᠤᠯ ᠣᠯᠤᠰ ᠤᠨ ᠬᠠᠭᠠᠨ ᠰᠠᠭᠤᠷᠢᠨ ᠳᠤ ᠰᠠᠭᠤᠬᠤ ᠳᠠᠭᠠᠨ ᠨᠠᠷᠠᠮᠠᠯ 〈1〉 ᠣᠤᠭᠤᠵᠤ ᠪᠠᠶᠠᠷ ᠴᠡᠩᠭᠡᠯ ᠳᠡᠭᠡᠨ ᠥᠩᠭᠡ ᠪᠣᠳᠤᠭ ᠨᠠᠮᠠᠷᠢᠯᠠᠵᠤ ᠪᠠᠢ᠌ᠭᠰᠠᠨ ᠳᠡᠮᠳᠡᠭᠯᠡᠯ ᠲᠡᠶ ᠪᠠᠢ᠌ᠳᠠᠭ᠃ ᠤᠢ᠌ᠷᠠᠤᠨ ᠮᠤᠩᠭ᠋ᠤᠯᠴᠤᠳ ᠴᠡᠭᠡ 〈2〉 ᠭᠢᠭᠦ ᠮᠡᠷᠭᠡᠵᠢᠯ ᠢ ᠲᠤᠢ᠌ᠯ ᠤᠨ ᠡᠷᠳᠡ ᠡᠵᠡᠮᠰᠢᠵᠤ᠂ 《ᠮᠡᠷᠭᠦ ᠫᠣᠯᠤ ᠶᠢᠨ ᠵᠢᠭᠤᠯᠴᠢᠯᠠᠯ ᠤᠨ ᠳᠡᠮᠳᠡᠭᠯᠡᠯ》 ᠳ᠋ᠤ᠂ ᠤᠢ᠌ᠷᠠᠤᠨ ᠤᠨ ᠪᠠᠶᠠᠤᠨ ᠨᠤᠶᠠᠤᠨ ᠤᠨ ᠴᠤᠭᠯᠠᠭᠠᠨ ᠳᠤ ᠴᠡᠭᠡ ᠣᠤᠭᠤᠵᠤ ᠴᠡᠩᠭᠡᠯᠳᠦᠵᠤ ᠪᠠᠢ᠌ᠭᠰᠠᠨ ᠳᠡᠮᠳᠡᠭᠯᠡᠯ ᠪᠣᠢ᠃ ᠶᠠᠷᠤ ᠳᠡᠭᠡᠨ ᠮᠤᠩᠭ᠋ᠤᠯᠴᠤᠳ ᠭᠦᠡᠳᠤ ᠵᠤᠴᠢᠨ ᠢᠷᠠᠪᠠᠯ ᠶᠠᠭᠤᠨ ᠤ ᠣᠷᠢᠳᠠ ᠴᠠᠭᠠᠨ ᠢᠳᠡᠭᠡ ᠠᠮᠰᠠᠭᠤᠯᠵᠤ ᠳᠠᠷᠠᠭ᠎ᠠ ᠪᠠᠷ ᠴᠠᠢ ᠣᠮᠳᠠ᠂ ᠣᠯᠠᠭᠠᠨ ᠢᠳᠡᠭᠡ ᠪᠠᠷ ᠵᠤᠴᠢᠯᠠᠬᠤ ᠵᠠᠩᠰᠢᠯ ᠲᠡᠶ ᠪᠠᠢ᠌ᠳᠠᠭ᠃ ᠡᠢ᠌ᠮᠤ ᠳᠡᠭᠡᠨ ᠡᠷᠳᠡ ᠡᠳᠦᠭᠡ ᠶᠢᠨ ᠮᠤᠩᠭ᠋ᠤᠯᠴᠤᠳ ᠤᠨ ᠳᠤᠮᠳᠠ ᠴᠠᠭᠠᠨ ᠢᠳᠡᠭᠡᠨ ᠭᠡᠳᠦᠢ ᠡᠷᠭᠢᠮ ᠳᠡᠭᠡᠳᠤ ᠪᠠᠢ᠌ᠳᠠᠭ ᠢ ᠦᠵᠡᠵᠤ ᠭᠠᠷᠬᠤ ᠶᠤᠰᠤᠳᠠᠢ᠃

ᠮᠤᠩᠭ᠋ᠤᠯᠴᠤᠳ ᠤᠨ ᠣᠯᠠᠮᠵᠢᠯᠠᠯᠳᠤ ᠴᠠᠭᠠᠨ ᠢᠳᠡᠭᠡᠨ ᠳᠤ ᠥᠭᠡᠷ᠂ ᠡᠡᠳᠦᠭᠤ᠂ ᠬᠤᠨᠢ᠂ ᠢᠮᠠᠭ᠎ᠠ᠂ ᠳᠡᠮᠡᠭᠡ ᠶᠢᠨ ᠰᠥ᠋ ᠴᠠᠭ᠎ᠠ ᠪᠠᠷ ᠭᠤᠤᠯ ᠪᠣᠯᠭᠠᠳᠠᠭ᠃ ᠶᠡᠭᠡ ᠶᠤᠸᠠᠨ ᠣᠯᠤᠰ ᠤᠨ ᠰᠡᠭᠦᠯᠴᠢ ᠶᠢᠨ ᠦᠶ᠎ᠡ ᠪᠠᠷ ᠭᠡᠪᠯᠡᠭ᠍ᠳᠡᠭ᠍ᠰᠡᠨ 《ᠮᠤᠩᠭ᠋ᠤᠯ ᠤᠨ ᠢᠳᠡᠭᠡᠨ ᠣᠮᠳᠠᠭᠠᠨ ᠤ ᠶᠡᠭᠡ ᠳᠤᠪᠴᠢᠶᠠᠨ》 ᠳ᠋ᠤ᠂ ᠣᠳᠤ ᠶᠢᠨ ᠠᠯᠠᠱᠠ᠂ ᠣᠷᠳᠤᠰ ᠨᠤᠳᠤᠭ ᠶᠢᠡᠷ ᠳᠡᠮᠡᠭᠡᠨ ᠰᠥ᠋ ᠴᠠᠭ᠎ᠠ ᠶᠢ ᠪᠣᠯᠪᠠᠰᠤᠷᠠᠭᠤᠯᠤᠨ᠂ ᠣᠯᠠᠨ ᠵᠣᠢ᠌ᠯ ᠤᠨ ᠰᠥ᠋ ᠴᠠᠭ᠎ᠠ ᠶᠢᠨ ᠪᠦᠳᠦᠭᠡᠭ᠍ᠳᠡᠭᠦᠨ ᠢ ᠭᠢᠵᠤ ᠴᠢᠳᠠᠬᠤ ᠪᠠᠷ ᠪᠠᠷᠠᠬᠤ ᠦᠭᠡᠶ᠂ ᠳᠡᠮᠡᠭᠡᠨ ᠤ ᠰᠥ᠋ ᠴᠠᠭ᠎ᠠ ᠶᠢ ᠡᠷᠭᠢᠮᠯᠡᠨ ᠭᠦᠡᠳᠦᠯᠡᠭᠦ ᠵᠠᠩ ᠳᠠᠳᠬᠠᠯ ᠲᠡᠶ ᠪᠣᠯᠤᠭᠰᠠᠨ ᠪᠠᠢ᠌ᠵᠠᠢ᠃ ᠡᠢ᠌ᠮᠦ ᠡᠴᠡ ᠠᠯᠠᠱᠠ ᠮᠤᠩᠭ᠋ᠤᠯᠴᠤᠳ ᠤᠨ ᠡᠪᠦᠭᠡ ᠳᠡᠭᠡᠳᠦᠰ ᠳᠡᠮᠡᠭᠡᠨ ᠰᠥ᠋ ᠴᠠᠭ᠎ᠠ ᠶᠢᠨ ᠭᠦᠮᠤᠨ ᠤ ᠪᠠᠶ᠎ᠠ ᠶᠢᠨ ᠡᠷᠡᠭᠦᠯᠵᠢᠯ ᠪᠠ ᠡᠮ ᠳᠤᠮ ᠤᠨ ᠣᠢ᠌ᠯᠠᠳᠤᠯ ᠵᠢᠴᠢ ᠰᠢᠮ᠎ᠠ ᠳᠡᠵᠢᠭᠡᠯ ᠣᠠᠴᠠ ᠰᠠᠢ᠌ᠨ ᠪᠠᠢ᠌ᠳᠠᠭ ᠢ ᠣᠢ᠌ᠯᠠᠭᠠᠨ ᠮᠡᠳᠡᠵᠤ᠂ ᠳᠡᠮᠡᠭᠡᠨ ᠰᠥ᠋ ᠴᠠᠭ᠎ᠠ ᠶᠢᠨ ᠣᠯᠠᠨ ᠵᠣᠢ᠌ᠯ ᠤᠨ ᠡᠮᠴᠢᠯᠡᠭᠡᠨ ᠤ ᠵᠠᠰᠠᠯ ᠣᠢ᠌ᠯᠠᠳᠤᠯ ᠢ ᠣᠬᠠᠮᠰᠠᠷ ᠲᠡᠶ ᠪᠠᠷ ᠬᠤᠷᠠᠮᠳᠤᠭᠤᠯᠤᠨ ᠳ᠋ᠦ᠋ᠩᠨᠡᠭ᠍ᠰᠡᠨ ᠪᠠᠢ᠌ᠳᠠᠭ᠃ ᠶᠡᠭᠡ ᠶᠤᠸᠠᠨ ᠣᠯᠤᠰ ᠤᠨ ᠦᠶ᠎ᠡ ᠳᠤ ᠭᠡᠪᠯᠡᠭ᠍ᠳᠡᠭ᠍ᠰᠡᠨ 《ᠡᠪᠠᠰᠤᠨ ᠡᠮ ᠤᠨ ᠳᠤᠪᠴᠢ ᠊᠊᠊᠊᠊᠊᠊᠊᠊᠊᠊᠊᠊᠊᠊ ᠨᠠᠮᠠᠯᠳᠠ ᠭᠡᠰᠡᠭ᠌》 ᠲᠤ ᠳᠡᠮᠡᠭᠡᠨ ᠤ ᠰᠥ᠋ ᠴᠠᠭ᠎ᠠ ᠪᠣᠯ ᠣᠯᠠᠨ ᠵᠣᠢ᠌ᠯ ᠤᠨ ᠡᠮ ᠤᠨ ᠬᠤᠤᠷᠳᠠᠯ᠂ ᠢᠳᠡᠭᠡᠨ ᠤ ᠬᠤᠤᠷ᠂ ᠮᠤᠭᠠᠢ ᠬᠠᠳᠬᠤᠭᠰᠠᠨ ᠬᠤᠤᠷᠳᠠᠯ᠂ ᠨᠠᠷᠠᠰᠢᠭᠰᠠᠨ ᠬᠠᠯᠠᠭᠤᠨ᠂ ᠳᠤᠷᠠᠰᠢᠯ ᠮᠠᠭᠤᠳᠡᠬᠤ᠂ ᠰᠢᠩᠭᠡᠭᠡᠯᠳᠡ ᠠᠨᠠᠢ᠂ ᠣᠭᠤᠷᠠᠭ ᠳᠤᠳᠠᠭᠰᠠᠨ ᠡᠴᠡ ᠪᠣᠯᠤᠭᠰᠠᠨ ᠣᠰᠤᠨ ᠬᠠᠪᠣᠩ᠂ ᠴᠠᠢ᠌ᠪᠣᠷ ᠬᠠᠪᠣᠩ᠂ ᠪᠠᠳᠠᠭᠢ᠂ ᠬᠤᠰᠭᠢᠨᠠᠭ ᠤᠨ ᠭᠦᠪᠳᠦᠷᠦᠤ᠂ ᠰᠥᠰᠤᠨ ᠤ ᠦᠷᠪᠢᠰᠤᠯ ᠢ ᠵᠠᠰᠠᠵᠤ᠂ ᠶᠠᠰᠤ ᠶᠢ ᠴᠢᠭᠢᠷᠠᠭᠵᠢᠭᠤᠯᠤᠨ᠂ ᠰᠦᠷᠢᠶ᠎ᠠ ᠦᠮᠠᠨ ᠵᠡᠷᠭᠡ ᠶᠢᠨ ᠶᠠᠷᠰᠢᠭ ᠳᠦᠪᠠᠭ᠌ ᠲᠡᠶ ᠡᠪᠡᠳᠴᠢᠨ ᠢ ᠰᠡᠷᠭᠡᠢ᠌ᠯᠡᠨ ᠵᠠᠰᠠᠵᠤ᠂ ᠦᠯᠦᠰᠴᠤ ᠣᠮᠳᠠᠭᠠᠰᠬᠤ ᠳᠤ ᠣᠠᠴᠠ ᠳᠤᠰᠠ ᠲᠡᠶ ᠢᠳᠡᠭᠡᠨ ᠣᠮᠳᠠᠭᠠᠨ ᠤ ᠣᠭᠢ ᠵᠣᠢ᠌ᠯᠠᠰ ᠪᠢᠯᠠ ᠭᠡᠵᠤ ᠳᠡᠮᠳᠡᠭᠯᠡᠵᠤ ᠪᠣᠢ᠃ ᠡᠷᠳᠡᠨ ᠤ ᠣᠯᠠᠮᠵᠢᠯᠠᠯᠳᠤ ᠠᠷᠭ᠎ᠠ ᠪᠠᠷ ᠪᠣᠯᠪᠠᠰᠤᠷᠠᠭᠤᠯᠤᠭᠰᠠᠨ ᠴᠠᠭᠠᠨ ᠢᠳᠡᠭᠡᠨ ᠤ ᠳᠦᠷᠤᠯ ᠭᠦᠮᠤᠨ ᠤ ᠪᠠᠶ᠎ᠠ ᠶᠢᠨ ᠰᠢᠩᠭᠡᠯᠳᠡ ᠶᠢ ᠰᠠᠢ᠌ᠵᠢᠷᠠᠭᠤᠯᠤᠨ᠂ ᠶᠠᠰᠤ ᠶᠢ ᠰᠢᠮᠡᠵᠢᠭᠦᠯᠤᠨ ᠭᠦᠮᠤᠨ ᠤ ᠪᠠᠶ᠎ᠠ ᠳ᠋ᠠᠭᠢ ᠬᠤᠤᠷ ᠢ ᠳᠠᠢ᠌ᠯᠠᠵᠤ᠂ ᠣᠯᠠᠨ ᠵᠣᠢ᠌ᠯ ᠤᠨ ᠡᠪᠡᠳᠴᠢᠨ ᠢ ᠵᠠᠰᠠᠵᠤ ᠰᠡᠷᠭᠡᠢ᠌ᠯᠡᠭᠦ ᠨᠠᠢ᠌ᠳᠠᠴᠢ ᠣᠢ᠌ᠯᠠᠳᠤᠯ ᠲᠡᠶ ᠪᠠᠢ᠌ᠳᠠᠭ᠃ ᠣᠠᠴᠠᠭᠠᠢ᠌ᠯᠠᠨ ᠳᠡᠮᠡᠭᠡᠨ ᠰᠥ᠋ ᠴᠠᠭ᠎ᠠ ᠶᠢᠨ ᠰᠢᠮ᠎ᠠ ᠳᠡᠵᠢᠭᠡᠯ ᠪᠠ ᠡᠨᠧᠷᠭᠢ ᠶᠢᠨ ᠳᠠᠯ᠎ᠠ ᠪᠠᠷ ᠪᠦᠷ ᠪᠣᠰᠤᠳ ᠮᠠᠯ ᠤᠨ ᠰᠥ᠋ ᠴᠠᠭ᠎ᠠ ᠡᠴᠡ ᠬᠤᠯᠠ ᠦᠨᠳᠦᠷ ᠪᠠᠢ᠌ᠳᠠᠭ ᠢ 1987 ᠣᠨ ᠤ 3 ᠰᠠᠷ᠎ᠠ ᠳᠤ᠂ ᠮᠤᠩᠭ᠋ᠤᠯ ᠶᠢᠡᠷ ᠭᠡᠪᠯᠡᠭ᠍ᠰᠡᠨ 《ᠮᠤᠩᠭ᠋ᠤᠯ ᠤᠨ ᠢᠳᠡᠭᠡᠨ ᠣᠮᠳᠠᠭᠠᠨ ᠤ ᠪᠦᠷᠢᠳᠭᠡᠯ》 ᠳ᠋ᠤ ᠠᠳᠠᠯᠢ ᠭᠡᠪᠴᠢᠶᠡᠨ ᠤ ᠦᠨᠢᠶᠠᠨ ᠰᠦ᠋ ᠶᠢᠨ ᠡᠨᠧᠷᠭᠢ ᠨᠢ 62KJ ᠪᠠᠢ᠌ᠬᠤ ᠳᠤ᠂ ᠳᠡᠮᠡᠭᠡᠨ ᠤ ᠭᠢᠨ 108KJ ᠪᠣᠢ᠃ ᠣᠳᠤᠬᠠᠨ ᠳᠤ ᠠᠯᠠᠱᠠ᠂ ᠪᠠᠶᠠᠨᠠᠭᠤᠷ ᠤᠨ ᠮᠠᠯᠵᠢᠬᠤ ᠣᠷᠤᠨ ᠳᠤ ᠳᠡᠮᠡᠭᠡᠨ ᠰᠦ᠋ ᠪᠠᠷ ᠨᠢᠯᠬ᠎ᠠ ᠬᠡᠦᠬᠡᠳ ᠢ ᠳᠡᠵᠢᠭᠡᠭᠦ ᠪᠣᠶᠤ ᠨᠠᠰᠤ ᠦᠨᠳᠦᠷ᠂ ᠰᠦᠷᠢᠶ᠎ᠠ᠂ ᠦᠮᠠᠨ ᠵᠡᠷᠭᠡ ᠶᠢᠨ ᠶᠠᠷᠰᠢᠭ ᠳᠦᠪᠠᠭ᠌ ᠲᠡᠶ ᠭᠦᠡᠳᠤ ᠡᠪᠡᠳᠴᠢᠨ ᠲᠡᠶ ᠭᠦᠮᠦᠰ ᠲᠤ ᠰᠢᠮ᠎ᠠ ᠨᠥᠭᠦᠪᠦᠷᠢᠯᠡᠵᠤ᠂ ᠪᠠᠶ᠎ᠠ ᠮᠠᠬᠠᠪᠣᠤᠨ ᠤᠨ ᠡᠪᠡᠳᠴᠢᠨ ᠢ ᠡᠰᠡᠷᠭᠦᠴᠡᠭᠦ ᠴᠢᠳᠠᠪᠭᠢ ᠶᠢ ᠳᠡᠭᠡᠭ᠍ᠰᠢᠯᠡᠭᠦᠯᠵᠤ ᠪᠣᠢ᠃

ᠮᠤᠩᠭ᠋ᠤᠯᠴᠤᠳ ᠤᠨ ᠡᠪᠦᠭᠡ ᠳᠡᠭᠡᠳᠦᠰ ᠡᠴᠡ ᠣᠯᠠᠮᠵᠢᠯᠠᠭᠳᠠᠵᠤ ᠢᠷᠡᠭ᠍ᠰᠡᠨ ᠳᠡᠮᠡᠭᠡ ᠶᠢᠨ ᠰᠤᠴᠢᠭ᠎ᠠ ᠶᠢᠨ ᠢᠳᠡᠭᠡᠨ ᠳᠤ ᠭᠤᠤᠯᠳᠠᠭᠤ ᠰᠦ᠋᠂ ᠦᠷᠤᠮ᠎ᠠ᠂ ᠳᠤᠰᠤ᠂ ᠠᠢ᠌ᠷᠠᠭ᠂ ᠠᠭᠠᠷᠤᠤᠯ᠂ ᠨᠠᠷᠠᠮᠠᠯ ᠵᠡᠷᠭᠡ ᠪᠣᠢ᠃ ᠣᠳᠤᠬᠠᠨ ᠳᠤ᠂ ᠠᠵᠤ ᠠᠬᠤᠢ ᠶᠢᠨ ᠭᠦᠭ᠍ᠵᠢᠯᠳᠡ᠂ ᠭᠦᠮᠤᠨ ᠠᠮᠠ ᠶᠢᠨ ᠭᠡᠳᠦᠷᠭᠡᠢ ᠨᠡᠮᠡᠭ᠍ᠳᠡᠯ᠂ ᠪᠠᠢ᠌ᠭᠠᠯᠢ ᠶᠢᠨ ᠵᠢᠮ᠎ᠠ ᠬᠠᠤᠯᠢ ᠡᠴᠡ ᠳᠠᠪᠠᠭᠰᠠᠨ ᠠᠭᠤᠷᠬᠠᠢ ᠶᠢᠨ ᠨᠡᠭᠡᠭᠡᠯᠳᠡ ᠪᠠ ᠵᠠᠮ ᠱᠤᠭᠤᠮ ᠤᠨ ᠨᠡᠭᠡᠭᠡᠯᠳᠡ ᠵᠢᠴᠢ ᠬᠤᠳᠠᠴᠢᠯᠠᠯᠳᠠ ᠨᠢ ᠪᠠᠢ᠌ᠭᠠᠯᠢ ᠶᠢᠨ ᠡᠪᠳᠡᠭ᠍ᠳᠡᠯ᠂ ᠨᠤᠳᠤᠭ ᠪᠠᠯᠴᠢᠭᠡᠷ ᠤᠨ ᠡᠯᠡᠰᠦᠷᠭᠡᠭ᠍ᠵᠢᠯ ᠢ ᠪᠣᠢ ᠪᠣᠯᠭᠠᠵᠤ᠂ ᠡᠢ᠌ᠡᠭᠦ᠂ ᠮᠤᠩᠭ᠋ᠤᠯᠴᠤᠳ ᠤᠨ ᠣᠯᠠᠮᠵᠢᠯᠠᠯᠳᠤ ᠣᠢ᠌ᠯᠠᠳᠪᠣᠷᠢᠯᠠᠯ ᠠᠮᠢᠳᠤᠷᠠᠯ ᠢ ᠨᠥᠯᠦᠭᠡᠯᠡᠵᠤ᠂ ᠮᠤᠩᠭ᠋ᠤᠯᠴᠤᠳ ᠤᠨ ᠣᠯᠠᠮᠵᠢᠯᠠᠯᠳᠤ ᠴᠠᠭᠠᠨ ᠢᠳᠡᠭᠡᠨ ᠤ ᠡᠮᠴᠢᠯᠡᠭᠡᠨ ᠤ ᠥᠢᠯᠡᠳᠦᠯ᠂ ᠡᠮ ᠳᠤᠮ ᠤᠨ ᠵᠠᠰᠠᠯ ᠤᠨ ᠠᠷᠭ᠎ᠠ ᠪᠠᠷᠢᠯ ᠢ ᠨᠥᠯᠦᠭᠡᠯᠡᠭ᠍ᠰᠡᠨ ᠪᠠᠢ᠌ᠨ᠎ᠠ᠃

ᠨᠢᠭᠡ ᠄ ᠰᠥ᠋

ᠳᠤᠷᠤᠮ ᠪᠣᠳᠤᠭᠤ ᠲᠡᠶ ᠢᠩᠭᠡ ᠪᠠᠨ ᠪᠠᠯᠠᠨ ᠰᠠᠭᠠᠭᠰᠠᠨ ᠶᠢᠡᠨ ᠰᠥ᠋ ᠭᠡᠵᠤ᠂ ᠭᠦᠭᠡᠷᠡᠭᠦᠯᠵᠤ 〈3〉 ᠣᠤᠭᠤᠬᠤ᠂ ᠭᠦᠭᠡᠷᠡᠭᠦᠯᠦᠭ᠍ᠰᠡᠨ ᠰᠦ᠋ ᠪᠠᠨ ᠪᠣᠴᠠᠯᠭᠠᠭᠰᠠᠨ ᠣᠰᠤ ᠲᠡᠶ ᠭᠢᠷᠠᠮᠠᠯᠠᠬᠤ 〈4〉᠂ ᠠᠢ᠌ᠷᠠᠭ ᠲᠡᠶ ᠬᠤᠯᠢᠵᠤ ᠬᠤᠯᠢᠮᠠᠭ ᠪᠣᠯᠭᠠᠬᠤ᠂ ᠬᠠᠯᠠᠭᠤᠨ ᠠᠢ᠌ᠷᠠᠭ ᠲᠤ ᠭᠢᠵᠤ ᠳᠠᠷᠠᠭ ᠪᠣᠯᠭᠠᠬᠤ ᠵᠡᠷᠭᠡ ᠶᠢᠨ ᠣᠮᠳᠠᠭᠠᠨ ᠪᠣᠯᠭᠠᠨ ᠭᠡᠷᠡᠭᠯᠡᠳᠡᠭ᠌᠃ ᠳᠡᠮᠡᠭᠡᠨ ᠰᠦ᠋ ᠳᠤ ᠣᠭᠤᠷᠠᠭ ᠵᠡᠷᠭᠡ ᠰᠢᠮ᠎ᠠ ᠳᠡᠵᠢᠭᠡᠯᠳᠤ ᠪᠣᠳᠠᠰ ᠡᠯᠪᠠᠭ᠌ ᠠᠭᠤᠯᠤᠭᠳᠠᠵᠤ᠂ ᠨᠢᠯᠬ᠎ᠠ ᠬᠡᠦᠬᠡᠳ ᠪᠠ ᠭᠦᠭ᠍ᠰᠢᠨ ᠭᠦᠮᠤᠨ ᠳᠤ ᠦᠷᠭᠦᠯᠵᠢ ᠣᠤᠭᠤᠯᠭᠠᠪᠠᠯ᠂ ᠶᠠᠰᠤ ᠶᠢ ᠴᠢᠭᠢᠷᠠᠭᠵᠢᠭᠤᠯᠤᠨ᠂ ᠶᠠᠰᠤ ᠵᠥᠭᠡᠯᠡᠷᠡᠭᠦ ᠶᠢ ᠰᠡᠷᠭᠡᠢ᠌ᠯᠡᠵᠤ᠂ ᠬᠡᠦᠬᠡᠳ ᠤᠨ ᠦᠰᠤᠯᠳᠠ ᠳᠤ ᠰᠠᠢ᠌ᠨ᠂ ᠭᠦᠮᠤᠨ ᠤ ᠪᠠᠶ᠎ᠠ ᠳᠤ ᠳᠤᠳᠠᠭᠳᠠᠬᠤ ᠺᠠᠯᠽ ᠢ ᠨᠥᠭᠦᠪᠦᠷᠢᠯᠡᠵᠤ᠂ ᠡᠪᠡᠳᠴᠢᠨ ᠡᠰᠡᠷᠭᠦᠴᠡᠭᠦ ᠴᠢᠳᠠᠪᠭᠢ ᠶᠢ ᠳᠡᠭᠡᠭ᠍ᠰᠢᠯᠡᠭᠦᠯᠳᠡᠭ᠌᠃ ᠳᠦᠭᠦᠭᠡᠢ ᠪᠠᠷ ᠣᠤᠭᠤᠬᠤ ᠶᠢ ᠴᠡᠭᠡᠷᠯᠡᠳᠡᠭ᠌ ᠪᠠᠢ᠌ᠨ᠎ᠠ᠃

ᠬᠤᠶᠠᠷ ᠄ ᠦᠷᠤᠮ᠎ᠠ

ᠣᠳᠤᠬᠠᠨ ᠳᠤ ᠠᠯᠠᠱᠠ᠂ ᠪᠠᠶᠠᠠᠨᠠᠭᠤᠷ ᠵᠡᠷᠭᠡ ᠶᠢᠨ ᠠᠢ᠌ᠮᠠᠭ ᠬᠤᠳᠠ ᠶᠢᠨ ᠭᠡᠰᠡᠭ᠌ ᠮᠠᠯᠵᠢᠬᠤ ᠣᠷᠤᠨ ᠳᠤ ᠳᠡᠮᠡᠭᠡ ᠠᠷᠠᠴᠢᠯᠠᠵᠤ ᠪᠦᠭᠦᠢ ᠠᠢ᠌ᠯ ᠡᠷᠦᠭᠡ ᠳᠡᠭᠡᠳᠦᠰ ᠡᠴᠡ ᠪᠠᠨ ᠣᠯᠠᠮᠵᠢᠯᠠᠭᠰᠠᠨ ᠰᠠᠭᠠᠭᠰᠠᠨ ᠢᠩᠭᠡ ᠶᠢᠨ ᠰᠦ᠋ ᠪᠠᠨ ᠵᠥᠭᠡᠯᠡᠨ ᠭᠠᠯ ᠳᠡᠭᠡᠷ᠎ᠡ ᠭᠦᠭᠡᠷᠡᠭᠦᠯᠵᠤ᠂ ᠲᠤᠭᠤᠭᠠᠨ ᠳᠠᠭᠠᠨ ᠨᠢᠭᠡ ᠬᠤᠨᠤᠭᠤᠯᠤᠭᠠᠤᠨ᠂ ᠦᠷᠯᠦᠭᠡ ᠦᠷᠤᠮ᠎ᠠ ᠪᠠᠨ ᠠᠪᠳᠠᠭ ᠵᠠᠩᠰᠢᠯ ᠶᠢᠡᠨ ᠬᠠᠳᠠᠭᠠᠯᠭᠰᠠᠭᠠᠷ ᠢᠷᠡᠭ᠍ᠰᠡᠨ ᠪᠠᠢ᠌ᠳᠠᠭ᠃ ᠡᠢ᠌ᠡᠭᠦ᠂ ᠦᠷᠤᠮ᠎ᠠ ᠶᠢᠨ ᠣᠭᠤᠷᠠᠭ ᠤᠨ ᠴᠠᠭᠠᠨ ᠡᠳ᠋ ᠵᠡᠷᠭᠡ ᠰᠢᠮ᠎ᠠ ᠳᠡᠵᠢᠭᠡᠯᠳᠤ ᠪᠣᠳᠠᠰ ᠤᠨ ᠠᠭᠤᠯᠤᠭᠳᠠᠴᠠ ᠪᠣᠰᠤᠳ ᠮᠠᠯ ᠳᠡᠵᠢᠭᠡᠪᠦᠷᠢ ᠶᠢᠨ ᠦᠷᠤᠮ᠎ᠠ ᠡᠴᠡ ᠬᠤᠯᠠ ᠦᠨᠳᠦᠷ ᠪᠠᠢ᠌ᠵᠤ᠂ ᠭᠦᠮᠤᠨ ᠤ ᠬᠤᠳᠤᠭᠤᠳᠤ ᠪᠠ ᠳᠡᠯᠡᠭᠦᠤ ᠶᠢ ᠴᠢᠭᠢᠷᠠᠭᠵᠢᠭᠤᠯᠵᠤ᠂ ᠶᠠᠰᠤ ᠶᠢ ᠰᠢᠮᠡᠵᠢᠭᠦᠯᠭᠦ ᠳᠤ ᠲᠤᠢ᠌ᠯ ᠤᠨ ᠠᠰᠢᠭ ᠲᠡᠶ ᠪᠠᠢ᠌ᠳᠠᠭ᠃

ᠭᠤᠷᠪᠠ ᠄ ᠳᠤᠰᠤ

ᠰᠥ᠋ ᠴᠠᠭ᠎ᠠ ᠶᠢᠨ ᠳᠤᠰᠤ ᠶᠢ ᠴᠠᠭᠠᠨ ᠳᠤᠰᠤ᠂ ᠰᠢᠷ᠎ᠠ ᠳᠤᠰᠤ ᠭᠡᠵᠤ᠂ ᠮᠤᠩᠭ᠋ᠤᠯᠴᠤᠳ ᠤᠨ ᠣᠯᠠᠮᠵᠢᠯᠠᠵᠤ ᠢᠷᠡᠭ᠍ᠰᠡᠨ ᠳᠤᠰᠤ ᠡᠡᠪᠬᠤ ᠭᠡᠳᠡᠭ᠌ ᠨᠢ ᠰᠢᠨ᠎ᠠ ᠰᠠᠭᠠᠭᠰᠠᠨ ᠰᠦ᠋ ᠪᠠᠨ ᠭᠦᠷᠦᠩᠭᠡ 〈5〉 ᠳ᠋ᠡᠭᠡᠨ ᠭᠢᠵᠤ᠂ ᠠᠭᠤᠷ ᠠᠮᠢᠰᠬᠤᠯ ᠤᠨ ᠪᠠᠢ᠌ᠳᠠᠯ ᠢ ᠦᠨᠳᠦᠰᠦᠯᠠᠵᠤ᠂ ᠨᠢᠭᠡ ᠡᠴᠡ ᠭᠤᠷᠪᠠᠨ ᠡᠳᠦᠷ ᠢᠰᠭᠡᠭ᠍ᠰᠡᠨ ᠤ ᠳᠠᠷᠠᠭ᠎ᠠ ᠳᠤᠰᠤ ᠶᠢ ᠨᠢ ᠢᠯᠠᠭᠠᠷᠠᠭᠤᠯᠤᠨ ᠠᠪᠳᠠᠭ᠃ ᠰᠢᠨ᠎ᠠ ᠠᠪᠣᠭᠰᠠᠨ ᠳᠤᠰᠤ ᠪᠠᠨ ᠴᠠᠭᠠᠨ ᠳᠤᠰᠤ ᠭᠡᠵᠤ᠂ ᠴᠠᠭᠠᠨ ᠳᠤᠰᠤ ᠪᠠᠨ ᠵᠥᠭᠡᠯᠡᠨ ᠭᠠᠯ ᠳᠡᠭᠡᠷ᠎ᠡ ᠪᠣᠴᠠᠯᠭᠠᠵᠤ᠂ ᠣᠰᠤ ᠰᠢᠭᠦᠰᠤ ᠶᠢ ᠨᠢ ᠰᠢᠷᠭᠢᠭ᠍ᠰᠡᠨ ᠤ ᠰᠡᠭᠦᠯᠡᠷ᠂ ᠰᠢᠷ᠎ᠠ ᠥᠩᠭᠡ ᠲᠡᠶ ᠪᠣᠯᠳᠠᠭ ᠪᠣᠯᠬᠤᠷ ᠰᠢᠷ᠎ᠠ ᠳᠤᠰᠤ ᠭᠡᠳᠡᠭ᠌᠃ ᠳᠡᠮᠡᠭᠡᠨ ᠤ ᠴᠠᠭᠠᠨ ᠳᠤᠰᠤᠨ ᠳᠤ ᠣᠭᠤᠷᠠᠭ ᠡᠯᠪᠠᠭ᠌᠂ ᠰᠢᠮ᠎ᠠ ᠳᠡᠵᠢᠭᠡᠯ ᠦᠨᠳᠦᠷ᠂ ᠬᠤᠳᠤᠭᠤᠳᠤ ᠭᠡᠳᠡᠰᠤᠨ ᠤ ᠭᠤᠯᠭᠤᠬᠤ ᠣᠢ᠌ᠯᠠᠳᠤᠯ ᠢ ᠳᠡᠭᠡᠭ᠍ᠰᠢᠯᠡᠭᠦᠯᠵᠤ᠂ ᠳᠡᠯᠢᠭᠦᠤ ᠶᠢ ᠪᠦᠯᠢᠶᠡᠰᠭᠡᠵᠤ᠂ ᠰᠢᠩᠭᠡᠭᠡᠯᠳᠡ ᠶᠢᠨ ᠰᠢᠰᠲ᠋ᠸᠮ ᠢ ᠬᠠᠪᠰᠤᠷᠤᠨ᠂ ᠬᠤᠤᠷᠳᠠᠯ ᠢ ᠳᠠᠢ᠌ᠯᠠᠵᠤ᠂ ᠣᠳᠠᠭᠠᠨ ᠴᠢᠨᠠᠷ ᠲᠡᠶ ᠭᠡᠳᠡᠰᠤᠨ ᠤ ᠦᠷᠪᠢᠰᠤᠯ ᠢ ᠵᠠᠰᠠᠵᠤ᠂ ᠣᠠᠴᠠᠭᠠᠢ᠌ᠯᠠᠨ ᠨᠢᠯᠬ᠎ᠠ ᠬᠡᠦᠬᠡᠳ ᠲᠤ ᠳᠡᠮᠡᠭᠡᠨ ᠤ ᠰᠢᠷ᠎ᠠ ᠳᠤᠰᠤ ᠶᠢ ᠵᠤᠭᠢᠰᠳᠠᠢ ᠢᠳᠡᠭᠦᠯᠵᠤ ᠴᠢᠳᠠᠪᠠᠯ ᠶᠠᠰᠤ ᠵᠥᠭᠡᠯᠡᠷᠡᠭᠦ ᠡᠪᠡᠳᠴᠢᠨ ᠢ ᠣᠷᠢᠳᠴᠢᠯᠠᠨ ᠰᠡᠷᠭᠡᠢ᠌ᠯᠡᠵᠤ ᠴᠢᠳᠠᠳᠠᠭ ᠪᠠᠢ᠌ᠨ᠎ᠠ᠃

ᠳᠦᠷᠪᠠ ᠄ ᠠᠢ᠌ᠷᠠᠭ

ᠣᠯᠠᠮᠵᠢᠯᠠᠯᠳᠤ ᠠᠢ᠌ᠷᠠᠭ ᠢᠰᠭᠡᠭᠦ ᠠᠷᠭ᠎ᠠ ᠪᠣᠯ ᠳᠦᠭᠦᠭᠡᠢ ᠰᠥ᠋ ᠪᠣᠶᠤ ᠭᠦᠭᠡᠷᠡᠭᠦᠯᠦᠭ᠍ᠰᠡᠨ ᠰᠦ᠋ ᠪᠠᠨ ᠭᠦᠷᠦᠩᠭᠡ ᠳᠡᠭᠡᠨ ᠭᠢᠵᠤ᠂ ᠨᠠᠮᠤᠷ ᠡᠪᠦᠯ ᠳᠡᠭᠡᠨ ᠬᠠᠯᠠᠭᠤᠨ ᠭᠠᠵᠠᠷ᠂ ᠵᠤᠨ ᠳᠠᠭᠠᠨ ᠰᠡᠷᠢᠭᠦᠨ ᠭᠠᠵᠠᠷ 2 ᠊᠊᠊᠊᠊᠊᠊᠊᠊᠊᠊᠊᠊᠊᠊ 3 ᠡᠳᠦᠷ ᠳᠠᠯᠪᠢᠵᠤ ᠢᠰᠭᠡᠳᠡᠭ᠌᠃ ᠰᠥ᠋ ᠰᠠᠢ᠌ᠬᠠᠨ ᠢᠰᠦᠭ᠍ᠰᠡᠨ ᠤ ᠳᠠᠷᠠᠭ᠎ᠠ ᠴᠠᠭ ᠭᠠᠷᠤᠢ ᠪᠦᠯᠢᠵᠤ ᠪᠠᠢ᠌ᠭᠠᠤᠨ ᠳᠤᠰᠤ ᠶᠢ ᠨᠢ ᠢᠯᠭᠠᠷᠠᠭᠤᠯᠵᠤ ᠠᠪᠳᠠᠭ᠃ ᠰᠠᠢ᠌ᠬᠠᠨ ᠢᠰᠦᠭ᠍ᠰᠡᠨ ᠠᠢ᠌ᠷᠠᠭ ᠢ ᠰᠠᠭᠠᠤᠨ 〈6〉 ᠭᠢᠵᠤ᠂ ᠳᠤᠰᠤ ᠶᠢ ᠨᠢ ᠠᠪᠣᠭᠰᠠᠨ ᠢ ᠨᠢ ᠠᠢ᠌ᠷᠠᠭ ᠭᠡᠨ᠎ᠡ᠃ ᠳᠡᠮᠡᠭᠡᠨ ᠤ ᠠᠢ᠌ᠷᠠᠭ ᠤᠨ ᠺᠠᠯᠽ ᠤᠨ ᠠᠭᠤᠯᠤᠭᠳᠠᠴᠠ ᠦᠨᠢᠶᠠᠨ ᠰᠦ᠋ ᠶᠢᠨ ᠠᠢ᠌ᠷᠠᠭ ᠲᠡᠶ ᠠᠳᠠᠯᠢᠳᠬᠠᠪᠠᠯ 68 ᠄ 60 ᠪᠠᠢ᠌ᠵᠤ᠂ ᠭᠦᠮᠤᠨ ᠤ ᠪᠠᠶ᠎ᠠ ᠶᠢᠨ ᠡᠷᠡᠭᠦᠯᠵᠢᠯ ᠪᠠ ᠡᠮ ᠳᠤᠮ ᠤᠨ ᠣᠢ᠌ᠯᠠᠳᠤᠯ ᠲᠤᠩ ᠣᠯᠠᠨ᠂ ᠢᠳᠡᠭᠡᠨ ᠤ ᠬᠤᠤᠷ᠂ ᠮᠤᠭᠠᠢ ᠶᠢᠨ ᠬᠤᠤᠷᠳᠠᠯ᠂ ᠨᠠᠷᠠᠰᠢᠭᠰᠠᠨ ᠬᠠᠯᠠᠭᠤᠨ᠂ ᠳᠤᠷᠠᠰᠢᠯ ᠮᠠᠭᠤᠳᠠᠬᠤ᠂ ᠰᠢᠩᠭᠡᠭᠡᠯᠳᠡ ᠠᠨᠠᠢ᠂ ᠣᠭᠤᠷᠠᠭ ᠳᠤᠳᠠᠭᠰᠠᠨ ᠡᠴᠡ ᠪᠣᠯᠤᠭᠰᠠᠨ ᠣᠰᠤᠨ ᠬᠠᠪᠣᠩ᠂ ᠴᠠᠢ᠌ᠪᠣᠷ ᠬᠠᠪᠣᠩ᠂ ᠬᠠᠪᠣᠳᠠᠷ ᠪᠠᠳᠠᠭᠢ᠂ ᠬᠤᠰᠭᠢᠨᠠᠭ ᠤᠨ ᠭᠦᠪᠳᠦᠷᠦᠤ᠂ ᠴᠢᠰᠤᠨ ᠤ ᠦᠷᠪᠢᠰᠤᠯ ᠢ ᠵᠠᠰᠠᠵᠤ᠂ ᠶᠠᠰᠤᠨ ᠳᠤ ᠰᠢᠮ᠎ᠠ ᠳᠡᠵᠢᠭᠡᠯ ᠨᠥᠭᠦᠵᠤ ᠴᠢᠭᠢᠷᠠᠭᠵᠢᠭᠤᠯᠤᠨ᠂ ᠦᠯᠦᠰᠴᠤ ᠣᠮᠳᠠᠭᠠᠰᠬᠤ ᠳᠤ ᠲᠤᠢ᠌ᠯ ᠤᠨ ᠳᠤᠰᠠ ᠲᠡᠶ ᠭᠦᠨᠡᠰᠤ ᠬᠤᠭᠤᠯᠠ ᠪᠣᠯᠳᠠᠭ᠃

ᠳᠠᠪᠣ ᠄ ᠠᠭᠠᠷᠤᠤᠯ

ᠠᠢ᠌ᠷᠠᠭ ᠤᠨ ᠳᠤᠰᠤ ᠶᠢ ᠠᠪᠣᠭᠰᠠᠨ ᠪᠣᠶᠤ ᠠᠪᠣᠭᠰᠠᠨ ᠦᠭᠡᠶ ᠪᠠᠷ ᠵᠥᠭᠡᠯᠡᠨ ᠭᠠᠯ ᠳᠡᠭᠡᠷ᠎ᠡ ᠣᠳᠠᠭᠠᠨ ᠴᠢᠨᠠᠵᠤ᠂ ᠥᠳᠡᠭᠡᠷᠭᠦᠯᠦᠭ᠍ᠰᠡᠨ ᠨᠢ ᠪᠣᠤᠵᠠ 〈7〉 ᠪᠣᠯᠭᠠᠵᠤ᠂ ᠰᠢᠩᠭᠡᠨ ᠰᠢᠭᠦᠰᠤ ᠶᠢ ᠱᠥᠭᠦᠵᠤ ᠠᠪᠣᠭᠠᠤᠨ ᠱᠨ ᠪᠦᠰᠡ ᠣᠭᠤᠳᠠᠨ ᠳᠤ ᠭᠢᠵᠤ ᠳᠡᠭᠦᠵᠢᠯᠡᠭᠡᠳ ᠰᠢᠭᠦᠰᠤ ᠶᠢ ᠨᠢ ᠳᠤᠩᠭ᠋ᠠᠵᠤ ᠠᠪᠣᠭᠰᠠᠨ ᠤ ᠳᠠᠷᠠᠭ᠎ᠠ᠂ ᠣᠯᠠᠨ ᠶᠠᠩᠵᠤ ᠭᠡᠯᠪᠠᠷᠢ ᠪᠠᠷ ᠭᠡᠷᠴᠢᠭᠦ ᠪᠣᠶᠤ ᠳᠤᠰᠬᠠᠢ ᠰᠢᠭᠦᠯ ᠰᠢᠭ ᠰᠢᠬᠠᠭᠤᠷ ᠶᠢᠡᠷ ᠰᠢᠬᠠᠵᠤ ᠭᠠᠷᠭᠠᠭᠠᠤᠨ ᠬᠠᠳᠠᠭᠠᠵᠤ ᠭᠢᠳᠡᠭ᠌᠃ ᠪᠣᠤᠵᠠ ᠶᠢ ᠰᠢᠭᠦᠭ᠍ᠰᠡᠨ ᠤ ᠳᠠᠷᠠᠭ᠎ᠠ ᠰᠢᠭᠦᠰᠤ ᠶᠢ ᠨᠢ ᠰᠢᠷ᠎ᠠ ᠣᠰᠤ ᠪᠣᠶᠤ ᠰᠢᠷᠬᠠᠢ ᠭᠡᠵᠤ᠂ ᠡᠷᠳᠡᠨ ᠤ ᠮᠤᠩᠭ᠋ᠤᠯᠴᠤᠳ ᠤᠨ ᠰᠤᠷᠪᠣᠯᠵᠢ ᠪᠢᠴᠢᠭ᠌ ᠪᠣᠶᠤ ᠣᠯᠠᠮᠵᠢᠯᠠᠯᠳᠤ ᠶᠠᠷᠢᠶᠠᠨ ᠳᠤ ᠬᠠᠯᠠᠭᠤᠨ ᠰᠢᠷᠬᠠᠢ ᠪᠠᠷ ᠬᠤᠶ‍ᠢᠩ ᠤᠨ ᠰᠢᠷ᠎ᠠ ᠣᠰᠤᠨ ᠤ ᠣᠳᠠᠭᠠᠨ ᠴᠢᠨᠠᠷ ᠲᠡᠶ ᠠᠷᠬᠠᠭ ᠭᠡᠮ ᠵᠢᠴᠢ ᠪᠠᠮ ᠵᠡᠷᠭᠡ ᠶᠢᠨ ᠡᠪᠡᠳᠴᠢᠨ ᠢ ᠵᠠᠰᠠᠵᠤ ᠪᠠᠢ᠌ᠭᠰᠠᠨ ᠭᠡᠳᠡᠭ᠌᠃ ᠣᠳᠤᠬᠠᠨ ᠳᠤ᠂ ᠮᠤᠩᠭ᠋ᠤᠯ ᠠᠨᠠᠭᠠᠬᠤ ᠣᠬᠠᠭᠠᠨ ᠳᠡᠭᠡᠷ᠎ᠡ ᠡᠢ᠌ᠮᠤ ᠵᠠᠰᠠᠯ ᠣᠯᠠᠮᠵᠢᠯᠠᠭᠳᠠᠭ᠎ᠠ ᠦᠭᠡᠶ᠃ ᠠᠭᠠᠷᠤᠤᠯ ᠪᠣᠯ ᠡᠷᠳᠡᠨ ᠤ ᠮᠤᠩᠭ᠋ᠤᠯᠴᠤᠳ ᠤᠨ ᠳᠠᠢ᠌ᠨ ᠪᠠᠢ᠌ᠯᠳᠤᠭᠠᠨ᠂ ᠣᠳᠤᠷ ᠨᠡᠭᠦᠳᠡᠯ ᠤᠨ ᠠᠶᠠᠨ ᠵᠠᠮ ᠳᠤ ᠲᠤᠢ᠌ᠯ ᠤᠨ ᠴᠢᠬᠤᠯᠠ ᠬᠤᠭᠤᠯᠠ ᠭᠦᠨᠡᠰᠤ ᠪᠠᠢ᠌ᠪᠠ᠃ ᠣᠯᠠᠮᠵᠢᠯᠠᠯᠳᠤ ᠠᠷᠭ᠎ᠠ ᠪᠠᠷ ᠭᠢᠭ᠍ᠰᠡᠨ ᠳᠡᠮᠡᠭᠡᠨ ᠠᠭᠠᠷᠤᠤᠯ ᠰᠢᠮ᠎ᠠ ᠳᠡᠵᠢᠭᠡᠯ ᠰᠠᠢ᠌ᠨ᠂ ᠣᠳᠠᠭᠠᠨ ᠬᠠᠳᠠᠭᠠᠯᠠᠵᠤ ᠴᠢᠳᠠᠳᠠᠭ᠂ ᠡᠯᠢᠭᠡ ᠶᠢ ᠬᠠᠮᠠᠭᠠᠯᠠᠵᠤ᠂ ᠰᠢᠩᠭᠡᠯᠳᠡ ᠶᠢᠨ ᠰᠢᠰᠲ᠋ᠸᠮ ᠳᠤ ᠳᠤᠰᠠᠳᠠᠢ᠂ ᠣᠯᠠᠨ ᠵᠣᠢ᠌ᠯ ᠤᠨ ᠬᠤᠤᠷ ᠢ ᠳᠠᠢ᠌ᠯᠠᠵᠤ᠂ ᠶᠠᠰᠤ ᠶᠢ ᠴᠢᠭᠢᠷᠠᠭᠵᠢᠭᠤᠯᠤᠨ᠂ ᠬᠠᠯᠠᠭᠤᠨ ᠨᠠᠷᠠᠨ ᠳᠤ ᠨᠠᠷᠠᠰᠢᠭᠰᠠᠨ ᠢ ᠵᠠᠰᠠᠵᠤ ᠴᠢᠳᠠᠬᠤ ᠶᠤᠮ᠃

ᠵᠢᠷᠭᠤᠭ᠎ᠠ ᠄ ᠨᠠᠷᠠᠮᠠᠯ

ᠨᠠᠷᠠᠮᠠᠯ ᠭᠡᠳᠡᠭ᠌ ᠪᠣᠯ ᠮᠤᠩᠭ᠋ᠤᠯᠴᠤᠳ ᠤᠨ ᠡᠪᠦᠭᠡ ᠳᠡᠭᠡᠳᠦᠰ ᠠᠢ᠌ᠷᠠᠭ ᠶᠢᠡᠷ ᠨᠠᠷᠠᠵᠤ ᠭᠠᠷᠭᠠᠭᠰᠠᠨ ᠰᠠᠭᠠᠯᠢ ᠶᠢᠨ ᠠᠷᠢᠭᠢ ᠶᠢ ᠭᠡᠯᠡᠳᠡᠭ᠌᠃ ᠳᠡᠮᠡᠭᠡᠨ ᠤ ᠰᠠᠭᠠᠯᠢ ᠶᠢᠨ ᠠᠷᠢᠭᠢ ᠶᠢᠨ ᠣᠯᠠᠮᠵᠢᠯᠠᠯᠳᠤ ᠨᠡᠷᠡᠭᠦ ᠠᠷᠭ᠎ᠠ ᠨᠢ ᠪᠣᠰᠤᠳ ᠮᠠᠯ ᠤᠨ ᠨᠠᠷᠠᠮᠠᠯ ᠲᠡᠶ ᠠᠳᠠᠯᠢ᠃ ᠳᠡᠮᠡᠭᠡᠨ ᠤ ᠰᠢᠨᠡᠭᠡᠨ ᠪᠦᠯᠢᠭ᠍ᠰᠡᠨ ᠠᠢ᠌ᠷᠠᠭ ᠪᠣᠶᠤ ᠠᠢ᠌ᠷᠠᠭ ᠶᠢᠡᠨ ᠴᠢᠨᠠᠵᠤ᠂ ᠠᠭᠠᠷᠤᠤᠯ ᠢ ᠰᠢᠭᠠᠭᠰᠠᠨ ᠤ ᠳᠠᠷᠠᠭ᠎ᠠ ᠥᠯᠡᠳᠡᠭ᠍ᠰᠡᠨ ᠰᠢᠷ᠎ᠠ ᠳᠤᠰᠤ ᠪᠠᠷ ᠪᠦᠷ ᠨᠠᠷᠠᠵᠤ ᠪᠣᠯᠳᠠᠭ᠃ ᠣᠯᠠᠮᠵᠢᠯᠠᠯᠳᠤ ᠠᠷᠭ᠎ᠠ ᠳᠤ ᠣᠯᠠᠩᠭᠢ ᠳᠠᠭᠠᠨ 30 ᠵᠢᠩ ᠤᠨ ᠠᠢ᠌ᠷᠠᠭ ᠢ ᠰᠢᠷᠡᠮᠦᠨ ᠳᠤᠭᠤᠭᠠᠨ ᠳᠤ ᠭᠢᠵᠤ᠂ ᠰᠢᠪᠠᠷ ᠵᠤᠤᠬᠠᠨ ᠳᠡᠭᠡᠷ᠎ᠡ ᠨᠡᠷᠡᠭᠡᠳ ᠪᠢᠳᠡᠭᠦᠤ ᠰᠢᠪᠠᠷ ᠶᠢᠡᠷ ᠰᠢᠪᠠᠵᠤ᠂ ᠳᠤᠳᠤᠷ᠎ᠠ ᠨᠢ ᠭᠦᠢᠳᠡᠨ ᠣᠰᠤ ᠲᠡᠶ ᠪᠠᠭ᠎ᠠ ᠳᠤᠭᠤᠭ᠎ᠠ ᠳᠡᠭᠦᠵᠢᠯᠡᠵᠤ᠂ ᠳᠡᠭᠦᠨ ᠤ ᠳᠤᠳᠤᠷ᠎ᠠ ᠳᠤᠯᠤᠭᠠᠨ ᠵᠢᠩ ᠤᠨ ᠠᠷᠢᠭᠢ ᠣᠷᠤᠬᠤ ᠬᠤᠭᠤᠰᠤᠨ ᠸᠠᠭᠠᠷ ᠪᠣᠳᠠᠩ ᠪᠣᠶᠤ ᠶᠠᠷᠬᠤ 〈8〉 ᠳᠠᠯᠪᠢᠵᠤ᠂ ᠣᠳᠠᠭᠠᠨ ᠭᠠᠯ ᠶᠢᠡᠷ ᠴᠢᠨᠠᠳᠠᠭ᠃ ᠳᠤᠭᠤᠭᠠᠨ ᠳ᠋ᠠᠭᠢ ᠠᠢ᠌ᠷᠠᠭ ᠨᠢ ᠪᠣᠴᠠᠯᠵᠤ᠂ ᠠᠭᠤᠷᠰᠢᠭᠠᠤᠨ ᠳᠡᠭᠡᠭᠦᠷ ᠪᠠᠢ᠌ᠭ᠎ᠠ ᠪᠦᠷᠭᠦᠯ ᠳᠡᠭᠡᠨ ᠭᠦᠷᠴᠤ ᠪᠣᠴᠠᠭᠠᠤᠨ ᠭᠦᠢᠳᠡᠨ ᠣᠰᠤ ᠲᠡᠶ ᠳᠤᠭᠤᠭᠠᠨ ᠤ ᠸᠠᠭᠠᠷ ᠪᠣᠳᠠᠩ (ᠶᠠᠷᠬᠤ) ᠳ᠋ᠤ ᠳᠤᠰᠤᠯᠵᠤ ᠣᠷᠤᠭᠠᠤᠨ ᠨᠠᠷᠠᠮᠠᠯ 〈ᠰᠠᠭᠠᠯᠢ ᠶᠢᠨ ᠠᠷᠢᠭᠢ〉 ᠪᠣᠯᠳᠠᠭ ᠪᠠᠢ᠌ᠨ᠎ᠠ᠃ ᠡᠭᠦᠨ ᠶᠢᠡᠨ ᠳᠠᠭᠢᠨ ᠳᠠᠪᠳᠠᠨ ᠨᠠᠷᠠᠪᠠᠯ ᠠᠷᠠᠵᠠ᠂ ᠬᠤᠷᠠᠵᠠ 〈9〉 ᠭᠡᠭᠦ ᠵᠡᠷᠭᠡ ᠪᠠᠷ ᠨᠠᠷᠠᠢ᠌ᠳᠤᠵᠤ᠂ ᠠᠷᠢᠭᠢᠨ ᠤ ᠴᠢᠳᠠᠯ ᠨᠢ ᠣᠯᠠᠮ ᠶᠡᠭᠡᠳᠦᠳᠡᠭ᠌᠃ ᠨᠡᠷᠡᠮᠡᠯ ᠣᠮᠳᠠ ᠳᠠᠷᠤᠵᠤ᠂ ᠴᠢᠰᠤᠨ ᠤ ᠡᠷᠭᠢᠯᠳᠡ ᠶᠢ ᠰᠠᠢ᠌ᠵᠢᠷᠠᠭᠤᠯᠤᠨ᠂ ᠪᠠᠶ᠎ᠠ ᠶᠢᠨ ᠢᠯᠴᠢ ᠶᠢ ᠨᠡᠮᠡᠭ᠍ᠳᠡᠭᠦᠯᠵᠤ᠂ ᠶᠠᠰᠤ ᠶᠢ ᠴᠢᠭᠢᠷᠠᠭᠵᠢᠭᠤᠯᠬᠤ ᠣᠢ᠌ᠯᠠᠳᠤᠯ ᠲᠡᠶ ᠪᠠᠢ᠌ᠳᠠᠭ᠃

ᠮᠤᠩᠭ᠋ᠤᠯᠴᠤᠳ ᠤᠨ ᠣᠯᠠᠮᠵᠢᠯᠠᠯᠳᠤ ᠴᠠᠭᠠᠨ ᠢᠳᠡᠭᠡᠨ ᠤ ᠵᠣᠢ᠌ᠯ ᠳᠤ ᠭᠦᠮᠤᠨ ᠤ ᠪᠠᠶ᠎ᠠ ᠶᠢᠨ ᠺᠠᠯᠽ᠂ ᠳᠠᠮᠤᠷ ᠵᠡᠷᠭᠡ ᠡᠯᠧᠮᠧᠨ᠋ᠲ ᠢ ᠨᠥᠭᠦᠪᠦᠷᠢᠯᠡᠵᠤ᠂ ᠰᠢᠩᠭᠡᠭᠡᠯᠳᠡ᠂ ᠴᠢᠰᠤᠨ ᠤ ᠡᠷᠭᠢᠯᠳᠡ ᠶᠢ ᠰᠠᠢ᠌ᠵᠢᠷᠠᠭᠤᠯᠤᠨ᠂ ᠭᠦᠪᠦᠷᠦᠤ ᠪᠠᠳᠠᠭᠢ᠂ ᠦᠮᠠᠨ ᠵᠡᠷᠭᠡ ᠶᠠᠷᠰᠢᠭ ᠳᠦᠪᠠᠭ᠌ ᠲᠡᠶ ᠡᠪᠡᠳᠴᠢᠨ ᠢ ᠰᠡᠷᠭᠡᠢ᠌ᠯᠡᠨ ᠵᠠᠰᠠᠬᠤ ᠳᠤ ᠲᠤᠢ᠌ᠯ ᠤᠨ ᠠᠰᠢᠭ ᠳᠤᠰᠠ ᠲᠡᠶ ᠪᠠᠢ᠌ᠳᠠᠭ᠃ ᠣᠳᠤ ᠡᠯ᠎ᠡ ᠱᠠᠳᠤᠨ ᠤ ᠨᠠᠮ ᠵᠠᠰᠠᠭ ᠡᠴᠡ ᠪᠠᠢ᠌ᠭᠠᠯᠢᠯᠢᠭ ᠨᠤᠳᠤᠭ ᠪᠠᠯᠴᠢᠭᠡᠷ ᠢ ᠣᠬᠠᠮᠰᠠᠷ ᠲᠡᠶ ᠬᠠᠮᠠᠭᠠᠯᠠᠨ ᠡᠭᠢᠯᠡᠵᠤ᠂ ᠮᠤᠩᠭ᠋ᠤᠯᠴᠤᠳ ᠤᠨ ᠣᠯᠠᠮᠵᠢᠯᠠᠯᠳᠤ ᠰᠥ᠋ ᠴᠠᠭᠠᠨ ᠤ ᠣᠢ᠌ᠯᠠᠰ ᠤᠨ ᠭᠦᠭ᠍ᠵᠢᠯᠳᠡ ᠳᠤ ᠵᠤᠭᠢᠬᠤ ᠣᠷᠤᠨ ᠵᠠᠢ ᠥᠯᠡᠳᠡᠭᠡᠵᠤ᠂ ᠨᠡᠭᠦᠳᠡᠯ ᠰᠤᠶᠤᠯ ᠪᠣᠶᠤ ᠡᠮ ᠡᠮᠨᠡᠯᠭᠡ ᠶᠢᠨ ᠳᠠᠯ᠎ᠠ ᠡᠴᠡ ᠪᠦᠷ ᠭᠦᠡᠳᠦᠳᠭᠡᠨ ᠦᠵᠡᠵᠤ ᠪᠣᠢ᠃ ᠡᠢ᠌ᠮᠤ ᠡᠴᠡ᠂ ᠨᠠᠮ ᠵᠠᠰᠠᠭ ᠤᠨ ᠦᠨᠳᠦᠰᠦᠳᠠᠨ ᠤ ᠣᠷᠤᠨ ᠤ ᠣᠯᠠᠮᠵᠢᠯᠠᠯᠳᠤ ᠰᠤᠶᠤᠯ ᠢ ᠪᠠᠳᠠᠷᠠᠭᠤᠯᠤᠨ ᠭᠦᠭ᠍ᠵᠢᠭᠦᠯᠵᠤ ᠪᠦᠭᠦᠢ ᠡᠢ᠌ᠡᠭᠦ ᠳᠦᠷᠤ ᠶᠢᠨ ᠪᠣᠳᠤᠯᠭ᠎ᠠ ᠶᠢᠨ ᠳᠤᠶᠠᠭᠠᠷᠠᠯ ᠳᠤᠤᠷ᠎ᠠ᠂ ᠬᠠᠮᠢᠶ᠎ᠠ ᠪᠦᠭᠦᠢ ᠰᠠᠯᠠᠭ᠎ᠠ ᠮᠦᠴᠢᠷ ᠤᠨ ᠭᠢᠨ ᠡᠨᠡᠭᠦ ᠡᠪᠦᠭᠡ ᠳᠡᠭᠡᠳᠦᠰ ᠡᠴᠡ ᠣᠯᠠᠮᠵᠢᠯᠠᠵᠤ ᠢᠷᠡᠭ᠍ᠰᠡᠨ ᠨᠠᠠᠳᠢᠨ ᠰᠤᠶᠤᠯ ᠤᠨ ᠦᠪ ᠢ ᠣᠯᠠᠮᠵᠢᠯᠠᠨ ᠵᠠᠯᠭᠠᠮᠵᠢᠯᠠᠬᠤ ᠠᠷᠭ᠎ᠠ ᠵᠠᠮ ᠢ ᠢᠳᠠᠪᠭᠢᠳᠠᠢ ᠰᠥᠪᠠᠭ᠍ᠴᠢᠯᠡᠨ᠂ ᠳᠡᠮᠡᠭᠡ ᠣᠯᠠᠨ ᠭᠠᠵᠠᠷ ᠣᠷᠤᠨ ᠳ᠋ᠠᠭᠢ ᠮᠠᠯᠴᠢᠳ ᠢ ᠳᠠᠢ᠌ᠴᠢᠯᠠᠨ ᠵᠤᠷᠢᠭᠵᠢᠭᠤᠯᠵᠤ᠂ ᠳᠤᠰᠬᠠᠢ ᠣᠯᠠᠮᠵᠢᠯᠠᠯᠳᠤ ᠰᠥ᠋ ᠴᠠᠭᠠᠨ ᠤ ᠣᠢ᠌ᠯᠠᠰ ᠢ ᠰᠤᠮᠤ ᠭᠠᠴᠠᠭ᠎ᠠ ᠪᠠᠷ ᠨᠢᠭᠡᠴᠡ ᠪᠣᠯᠭᠠᠨ ᠣᠯᠠᠮᠵᠢᠯᠠᠨ ᠳᠡᠯᠭᠡᠷᠡᠭᠦᠯᠭᠦ ᠳᠦᠪᠯᠡᠷᠡᠩᠭᠦᠢ ᠴᠡᠭ᠌ ᠭᠠᠷᠭᠠᠨ᠂ ᠣᠯᠠᠮᠵᠢᠯᠠᠨ ᠵᠠᠯᠭᠠᠮᠵᠢᠯᠠᠭᠴᠢ ᠶᠢ ᠭᠦᠮᠦᠵᠢᠭᠦᠯᠤᠨ ᠣᠷᠤᠨ ᠠᠢ᠌ᠮᠠᠭ ᠤᠨ ᠪᠣᠳᠠᠰ ᠤᠨ ᠪᠣᠰᠤ ᠰᠤᠶᠤᠯ ᠤᠨ ᠦᠪ ᠢ ᠬᠠᠮᠠᠭᠠᠯᠠᠬᠤ ᠰᠠᠯᠠᠭ᠎ᠠ ᠮᠦᠴᠢᠷ ᠲᠤ ᠮᠡᠳᠡᠭᠦᠯᠵᠤ᠂ ᠵᠠᠯᠭᠠᠮᠵᠢᠯᠠᠭᠴᠢ ᠶᠢᠨ ᠡᠷᠭᠢᠮ ᠴᠤᠯᠠ ᠰᠤᠶᠤᠷᠬᠠᠵᠤ᠂ ᠣᠯᠠᠨ ᠲᠦᠮᠡᠨ ᠤ ᠣᠷᠮ᠎ᠠ ᠵᠤᠷᠢᠭ ᠢ ᠭᠦᠭ᠍ᠵᠢᠭᠡᠨ᠂ ᠦᠪᠡᠷ ᠤᠨ ᠣᠬᠠᠮᠰᠠᠷ ᠡᠴᠡ ᠡᠨᠡᠭᠦ ᠳᠡᠭᠡᠳᠦᠰ ᠤᠨ ᠠᠷᠢᠭᠤᠨ ᠰᠤᠶᠤᠯ ᠤᠨ ᠦᠪ ᠢ ᠵᠠᠯᠭᠠᠮᠵᠢᠯᠠᠬᠤ ᠳᠠᠨᠢᠯᠳᠠ ᠲᠡᠶ ᠪᠣᠯᠭᠠᠬᠤ ᠶᠢᠨ ᠳᠠᠭᠠᠤ ᠮᠠᠯ ᠠᠵᠤ ᠠᠬᠤᠢ ᠶᠢᠨ ᠬᠤᠪᠢ ᠶᠢᠨ ᠦᠷᠳᠡᠭ᠌ ᠢ ᠳᠡᠭ᠍ᠰᠢᠯᠡᠭᠦᠯᠵᠤ᠂ ᠰᠥ᠋ ᠠᠢ᠌ᠷᠠᠭ ᠤᠨ ᠪᠣᠷᠤᠯᠠᠭᠤᠯᠤᠯᠳᠠ ᠤᠨ ᠵᠠᠮ ᠢ ᠦᠷᠭᠡᠳᠭᠡᠵᠤ᠂ ᠳᠡᠮᠡᠭᠡ ᠶᠢᠨ ᠰᠥ᠋ ᠴᠠᠭᠠᠨ ᠤ ᠡᠮᠴᠢᠯᠡᠭᠡᠨ ᠤ ᠣᠯᠠᠮᠵᠢᠯᠠᠯᠳᠤ ᠠᠷᠭ᠎ᠠ ᠳᠠᠮ᠂ ᠵᠠᠰᠠᠯ ᠤᠨ ᠵᠤᠷ ᠢ ᠣᠰᠠᠳᠬᠤ ᠡᠴᠡ ᠡᠮᠤᠨ᠎ᠡ᠂ ᠳᠤᠰᠭᠠᠢ ᠡᠷᠳᠡᠮᠳᠡᠨ ᠢ ᠳᠤᠮᠢᠯᠠᠨ᠂ ᠮᠠᠯᠵᠢᠬᠤ ᠣᠷᠤᠨ ᠶᠢᠡᠷ ᠭᠦᠡᠵᠡᠭᠡᠢ᠌ᠢᠷᠡᠵᠤ᠂ ᠠᠷᠠᠤᠨ ᠤᠨ ᠳᠤᠮᠳᠠ ᠣᠯᠠᠮᠵᠢᠯᠠᠭᠳᠠᠵᠤ ᠪᠠᠢ᠌ᠭ᠎ᠠ ᠬᠤᠪᠣᠷ ᠴᠤᠬᠠᠭ ᠵᠣᠢ᠌ᠯᠠᠰ ᠢ ᠬᠤᠷᠢᠶᠠᠨ ᠴᠤᠭᠯᠠᠭᠤᠯᠵᠤ᠂ ᠡᠮᠭᠢᠯᠡᠨ ᠨᠠᠢ᠌ᠷᠠᠭᠤᠯᠵᠤ᠂ ᠰᠢᠰᠲ᠋ᠸᠮ ᠲᠡᠶ ᠰᠥ᠋ ᠴᠠᠭᠠᠨ ᠤ ᠣᠯᠠᠮᠵᠢᠯᠠᠯᠳᠤ ᠡᠮᠴᠢᠯᠡᠭᠡᠨ ᠤ ᠠᠷᠭ᠎ᠠ ᠳᠠᠮ ᠢ ᠳᠠᠭᠢᠨ ᠰᠡᠷᠭᠦᠭᠡᠭᠦ ᠴᠢᠬᠤᠯᠠ ᠲᠡᠶ ᠪᠠᠢ᠌ᠨ᠎ᠠ᠃


ᠳᠠᠢ᠌ᠯᠪᠣᠷᠢ ᠄

1 . ᠨᠠᠷᠠᠮᠠᠯ ᠄ ᠠᠢ᠌ᠷᠠᠭ ᠶᠢᠡᠨ ᠨᠠᠷᠠᠵᠤ ᠳᠤᠰᠤᠭᠰᠠᠨ ᠰᠠᠭᠠᠯᠢ ᠶᠢᠨ ᠠᠷᠢᠭᠢ᠃

2 . ᠴᠡᠭᠡ ᠄ ᠮᠤᠷᠢᠨ ᠤ ᠢᠰᠭᠡᠭ᠍ᠰᠡᠨ ᠰᠥ᠋᠂ ᠵᠤᠭᠢᠬᠤ ᠭᠡᠮᠵᠢᠶᠡᠨ ᠤ ᠠᠷᠢᠭᠢᠨ ᠤ ᠢᠳᠠ ᠭᠦᠴᠤ ᠪᠠᠢ᠌ᠳᠠᠭ᠃

3 . ᠭᠦᠭᠡᠷᠡᠭᠦᠯᠭᠦ ᠄ ᠰᠦ᠋ ᠪᠠᠨ ᠵᠥᠭᠡᠯᠡᠨ ᠭᠠᠯ ᠳᠡᠭᠡᠷ᠎ᠡ ᠰᠠᠮᠠᠷᠴᠤ ᠴᠢᠨᠠᠬᠤ ᠶᠢ ᠭᠡᠯᠡᠨ᠎ᠡ᠃

4 . ᠭᠢᠷᠠᠮᠯᠠᠬᠤ ᠄ ᠭᠦᠭᠡᠷᠡᠭᠦᠯᠦᠭ᠍ᠰᠡᠨ ᠰᠦ᠋ ᠪᠠᠨ ᠪᠣᠴᠠᠯᠤᠭᠰᠠᠨ ᠣᠰᠤᠨ ᠳᠤ ᠭᠢᠵᠤ᠂ ᠣᠮᠳᠠᠭᠠᠰᠬᠤ ᠳᠠᠭᠠᠨ ᠣᠤᠭᠤᠳᠠᠭ᠃ ᠠᠢ᠌ᠷᠠᠭ ᠶᠢᠠᠨ ᠰᠢᠭᠤᠳ ᠭᠦᠢᠳᠡᠨ ᠣᠰᠤᠨ ᠳᠤ ᠭᠢᠵᠤ ᠣᠤᠭᠤᠬᠤ ᠵᠠᠩᠰᠢᠯ ᠪᠠᠰᠠ ᠪᠣᠢ᠃

5 . ᠭᠦᠷᠦᠩᠭᠡ᠄ ᠰᠦ᠋ ᠪᠠᠨ ᠭᠢᠵᠤ ᠳᠤᠰᠬᠠᠢ ᠢᠰᠭᠡᠭᠦ ᠰᠠᠪᠠ ᠶᠢᠨ ᠶᠡᠷᠦᠩᠭᠡᠢ ᠨᠠᠷᠠᠢ᠌ᠳᠤᠯ᠂ ᠸᠠᠭᠠᠷ ᠪᠣᠶᠤ ᠮᠤᠳᠤᠨ ᠤ ᠪᠠᠢ᠌ᠳᠠᠭ᠃ ᠮᠤᠳᠤᠨ ᠰᠠᠪᠠ ᠶᠢ ᠳᠤᠩᠪᠣ ᠭᠡᠨ᠎ᠡ᠃

6 . ᠰᠠᠭᠠᠤᠨ ᠄ ᠰᠦ᠋ ᠪᠠᠨ ᠢᠰᠭᠡᠭᠡᠳ ᠪᠦᠯᠡᠵᠤ ᠳᠤᠰᠤ ᠶᠢ ᠨᠢ ᠠᠪᠣᠭᠰᠠᠨ ᠦᠭᠡᠶ ᠦᠶ᠎ᠡ ᠳᠤ ᠢᠩᠭᠢᠵᠤ ᠨᠡᠷᠯᠡᠳᠡᠭ᠌᠃

7 . ᠪᠣᠤᠵᠠ ᠄ ᠠᠢ᠌ᠷᠠᠭ ᠶᠢᠡᠨ ᠴᠢᠨᠠᠵᠤ ᠥᠳᠡᠭᠦᠷᠦᠯᠦᠭᠡᠳ ᠰᠢᠷ᠎ᠠ ᠣᠰᠤ ᠶᠢ ᠰᠢᠭᠦᠭ᠍ᠰᠡᠨ ᠤ ᠳᠠᠷᠠᠭ᠎ᠠ ᠶᠢᠨ ᠥᠳᠭᠡᠨ ᠪᠣᠳᠠᠰ ᠶᠢᠡᠨ ᠭᠡᠯᠡᠨ᠎ᠡ᠃

8 . ᠶᠠᠷᠢᠬᠤ᠄ ᠳᠤᠰᠬᠠᠢ ᠠᠷᠢᠭᠢ ᠳᠤᠰᠬᠤ ᠪᠠᠷ ᠭᠢᠭ᠍ᠰᠡᠨ ᠰᠠᠪᠠ᠂ ᠠᠯᠠᠱᠠ ᠨᠤᠳᠤᠭ ᠲᠤ ᠳᠠᠯᠠᠨ ᠳᠤᠪᠣᠷᠤ ᠭᠡᠵᠤ᠂ ᠰᠢᠷᠡᠮᠦᠨ ᠳᠡᠭᠡᠷ᠎ᠡ ᠪᠠᠨ ᠣᠯᠠᠨ ᠳᠤᠪᠣᠷᠤ ᠲᠡᠶ ᠭᠤᠶᠤ ᠰᠠᠪᠠ ᠪᠠᠢ᠌ᠳᠠᠭ᠃

9 . ᠠᠷᠠᠵᠠ᠂ ᠬᠤᠷᠠᠵᠠ ᠄ ᠠᠷᠢᠭᠢ ᠨᠡᠷᠡᠭ᠍ᠰᠡᠨ ᠠᠢ᠌ᠷᠠᠭ ᠶᠢᠡᠨ ᠳᠠᠭᠢᠨ ᠬᠤᠶᠠᠳᠠᠭᠴᠢ ᠣᠳᠠᠭ᠎ᠠ ᠨᠡᠷᠡᠭ᠍ᠰᠡᠨ ᠨᠠᠷᠠᠮᠠᠯ ᠶᠢᠡᠨ ᠠᠷᠠᠵᠠ ᠭᠡᠵᠤ᠂ ᠭᠤᠷᠪᠠᠳᠡᠭᠢ ᠪᠠᠨ ᠬᠤᠷᠠᠵᠠ ᠭᠡᠵᠤ ᠨᠡᠷᠯᠡᠳᠡᠭ᠌᠃


ᠵᠤᠬᠢᠶᠠᠭᠴᠢ ᠶᠢᠨ ᠬᠠ‍‌ᠶᠢᠭ ᠄ ᠠᠯᠠᠱᠠ ᠵᠡᠭᠦᠨ ᠬᠤᠰᠢᠭᠤᠨ ᠤ ᠪᠠᠶᠠᠠᠨᠢᠷᠤᠭᠤᠨ ᠡᠮᠨᠡᠯᠭᠡ ᠶᠢᠨ ᠬᠤᠷᠢᠶ᠎ᠠ

ᠵᠤᠬᠢᠶᠠᠭᠴᠢ᠄ ᠰᠠᠴᠠᠩᠭ᠋ᠤᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 2920
ᠴᠠᠭ᠄ 2014 ᠤᠨ ᠤ 06 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ