ᠪᠣᠯᠵᠤᠭ᠎ᠠ

ᠦᠨᠦᠳᠤᠷ ᠪᠢᠳᠠ ᠪᠣᠯᠵᠤᠪᠠ

ᠡᠭᠦᠯᠡᠨ ᠴᠢᠯᠦᠭᠡᠨ ᠤ ᠵᠠᠪᠰᠠᠷ ᠡᠴᠠ

ᠵᠠᠢ ᠭᠤᠶᠤᠵᠤ

ᠨᠠᠷᠠ ᠢᠨᠢᠶᠠᠵᠤ ᠨᠢᠭᠡ ᠬᠠᠷᠠᠪᠠ

ᠡᠳᠦᠷ ᠡᠴᠠ ᠰᠦᠨᠢ ᠵᠡᠭᠡᠯᠡᠵᠤ

ᠦᠴᠦᠭᠡᠳᠦᠷ ᠤᠨ ᠰᠠᠷᠠ ᠨᠣᠢ᠌ᠳᠠᠨ ᠪᠠᠢ᠌ᠪᠠ


ᠠᠭᠤᠯᠠᠰ ᠳᠠᠭᠤᠯᠠᠭᠰᠠᠭᠠᠷ ᠪᠠᠢ᠌ᠵᠤ

ᠪᠦᠷ ᠭᠦᠯᠢᠷᠡᠪᠡ

ᠵᠢᠭᠠᠰᠤ ᠪᠦᠵᠢᠭᠯᠡᠭ᠍ᠰᠡᠭᠡᠷ ᠪᠠᠢ᠌ᠵᠤ

ᠣᠰᠤᠨ ᠡᠴᠠ ᠪᠠᠨ ᠳᠤᠷᠭᠢᠵᠤ ᠭᠠᠷᠪᠠ

ᠪᠣᠯᠵᠤᠮᠤᠷ ᠵᠢᠷᠭᠢᠭᠦ ᠪᠠᠨ ᠮᠠᠷᠳᠠᠵᠤ

ᠳᠡᠷᠭᠡᠳᠡᠭᠦᠷ ᠮᠢᠨᠢ ᠡᠭᠦᠷᠯᠡᠪᠡ  

ᠪᠣᠷᠤᠭ᠎ᠠ ᠠᠰᠬᠠᠷᠠᠬᠤ ᠪᠠᠨ ᠪᠠᠢ᠌ᠵᠤ

ᠳᠡᠭ᠍ᠷᠢ ᠪᠦᠷ ᠴᠡᠯᠮᠡᠭ᠍ᠰᠢᠪᠡ

ᠴᠡᠴᠡᠭᠡᠰ ᠪᠦᠷ ᠳᠡᠭ᠍ᠳᠡᠵᠤ

ᠢᠠᠵᠠᠭᠠᠨ ᠴᠡᠭᠡᠵᠢ ᠶᠢ ᠴᠢᠨᠢ ᠪᠦᠷᠭᠦᠵᠤ ᠪᠠᠢ᠌ᠪᠠ

ᠰᠡᠳᠭᠢᠯ ᠪᠦᠷ ᠳᠠᠭᠤᠯᠠᠵᠤ

ᠡᠨᠡ ᠬᠤᠷᠸ᠎ᠠ ᠰᠤᠭᠳᠤᠵᠤ ᠪᠠᠢ᠌ᠪᠠ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠰᠠᠯᠪᠣᠷᠢ ᠵᠢᠨ10 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠬᠠᠷᠢᠶ᠎ᠠ᠄ ᠰᠢᠯᠦᠭ
ᠳᠠᠷᠤᠮ᠄ 1796
ᠴᠠᠭ᠄ 2011 ᠤᠨ ᠤ 09 ᠰᠠᠷ᠎ᠠ ᠶᠢᠨ 12