ᠠᠳᠤᠭᠤᠨ ᠤ ᠭᠦᠯ

ᠠᠷᠪᠠᠨ ᠭᠤᠷᠪᠠᠳᠤᠭᠠᠷ ᠵᠠᠭᠤᠨ ᠤ ᠳᠠᠯᠳᠠᠷ ᠳᠤᠤᠷᠠᠭᠢ ᠦᠣᠷᠰᠡᠭᠡ

ᠠᠷᠢᠭᠤᠨ ᠰᠢᠳᠦᠭᠡᠨ ᠲᠡᠶ ᠰᠦᠯᠳᠡ ᠶᠢᠨ ᠳᠡᠯᠡᠭᠡᠢ ᠳᠤᠷᠭᠢᠭᠤᠯᠤᠭᠰᠠᠨ ᠠᠨᠢᠷ

ᠦᠷᠯᠦᠭ᠌ ᠳᠡᠦᠭᠡ ᠶᠢᠨ ᠬᠠᠭᠤᠳᠠᠰᠤ ᠰᠡᠭᠦᠭ᠍ᠰᠡᠨ ᠨᠠᠢ᠌ᠷ᠂


ᠬᠤᠶᠠᠷ ᠵᠢᠭᠠᠯ ᠤᠨ ᠠᠷᠤ ᠡᠴᠡ ᠢᠵᠢᠯ ᠶᠢᠡᠨ ᠳᠡᠮᠡᠴᠡᠭ᠍ᠰᠡᠨ ᠳᠤᠤᠷᠢᠶᠠᠨ

ᠬᠠᠨᠢ ᠶᠢᠨ ᠵᠠᠶᠠᠭ᠎ᠠ ᠲᠡᠶ ᠮᠤᠩᠭ᠋ᠤᠯ ᠳᠡᠯᠡᠭᠡᠢ ᠶᠢᠨ ᠯᠤᠭᠰᠢᠭᠤᠨ ᠰᠤᠳᠠᠯ

ᠬᠠᠢ᠌ᠷᠠᠯᠠᠬᠤ ᠶᠢᠨ ᠬᠤᠪᠢ ᠲᠡᠶ ᠡᠵᠡᠨ ᠤ ᠪᠠᠨ ᠮᠠᠯᠮᠠᠢ ᠡᠴᠡ ᠣᠨᠠᠭᠰᠠᠨ ᠨᠢᠯᠪᠣᠰᠤ᠂


ᠬᠤᠯᠠ ᠶᠢᠨ ᠳᠡᠷᠳᠡᠭᠡ ᠵᠠᠭᠤᠨ ᠤ ᠬᠠᠳᠠ ᠶᠢᠨ ᠴᠤᠤᠷᠢᠶᠠᠨ

ᠬᠤᠷᠢᠨ ᠨᠢᠭᠡᠳᠦᠭᠡᠷ ᠵᠠᠭᠤᠨ ᠤ ᠰᠠᠠᠰᠠᠷ ᠡᠴᠠ ᠣᠢ᠌ᠯᠤᠭᠰᠠᠨ

ᠬᠠᠷ᠎ᠠ ᠰᠦᠯᠳᠡ ᠶᠢᠨ ᠭᠠᠯ ᠴᠠᠭᠢᠯᠤᠭᠰᠠᠨ ᠠᠶᠤᠩᠭ᠎ᠠ᠂


ᠬᠠᠵᠠᠭᠠᠷ ᠶᠢᠡᠨ ᠡᠭᠦᠳᠡᠨ ᠳᠤ ᠬᠠᠶᠠᠳᠠᠭ ᠶᠤᠰᠤᠨ ᠮᠤᠩᠭ᠋ᠤᠯ ᠳᠤ ᠥᠭᠡᠢ

ᠬᠠᠢ᠌ᠷᠠᠳᠤ ᠭᠦᠯᠦᠭ᠌ ᠤᠨ ᠡᠷᠳᠡᠨᠢ ᠳᠤᠯᠤᠭᠠᠢ ᠳᠤ ᠮᠠᠯᠢᠶ᠎ᠠ ᠭᠦᠷᠭᠡᠳᠡᠭ᠌ ᠵᠠᠩ ᠥᠭᠡᠢ

ᠭᠦᠯᠦᠭ᠌ ᠤᠨ ᠰᠠᠢ᠌ᠷᠢ ᠳᠡᠭᠡᠷ᠎ᠡ ᠭᠡᠵᠡᠶᠡᠳᠡ ᠬᠤᠷᠢᠨ ᠳᠠᠪᠤᠨ ᠨᠠᠰᠤ ᠪᠠᠷ ᠪᠠᠢ᠌ᠳᠠᠭ ᠮᠤᠩᠭ᠋ᠤᠯ᠂


ᠮᠤᠩᠭ᠋ᠤᠯ ᠊᠊᠊᠊᠊᠊᠊᠊᠊᠊᠊᠊᠊᠊᠊ ᠬᠠᠢ᠌ᠷᠠᠳᠠᠢ ᠨᠢ ᠠᠳᠤᠭᠤ

ᠮᠤᠩᠭ᠋ᠤᠯ ᠊᠊᠊᠊᠊᠊᠊᠊᠊᠊᠊᠊᠊᠊᠊ ᠭᠦᠡᠳᠦᠳᠡᠢ ᠨᠢ ᠴᠡᠭᠡ

ᠮᠤᠩᠭ᠋ᠤᠯ ᠊᠊᠊᠊᠊᠊᠊᠊᠊᠊᠊᠊᠊᠊᠊ ᠮᠤᠷᠢᠨ ᠦᠭᠡᠶ ᠪᠣᠯ ᠵᠠᠩᠭ᠋ᠠᠷ ᠦᠭᠡᠶ᠃


ᠳᠠᠷᠰ ᠵᠠᠭᠤᠨ ᠡᠷᠡᠰ ᠠᠳᠤᠭᠤᠨ ᠤ ᠭᠦᠯ ᠳᠤ ᠮᠦᠷᠭᠦᠵᠤ ᠪᠠᠢ᠌ᠭᠰᠠᠨ

ᠳᠡᠯᠡᠭᠡᠢ ᠮᠢᠨᠤᠭᠢ ᠭᠡᠵᠤ ᠳᠠᠮᠠᠭᠠᠯᠠᠵᠤ ᠪᠠᠢ᠌ᠭᠰᠠᠨ

ᠳᠠᠩᠭᠢᠰ ᠳᠠᠯᠠᠢ ᠰᠢᠷᠦᠭᠦᠨ ᠠᠭᠳᠠ ᠶᠢᠨ ᠳᠠᠯ ᠪᠠᠷ ᠰᠢᠭᠤᠷᠴᠤ ᠪᠠᠢ᠌ᠭᠰᠠᠨ᠂


ᠡᠵᠡᠨ ᠤ ᠪᠠᠨ ᠰᠠᠨᠠᠭ᠎ᠠ ᠶᠢ ᠪᠠᠯᠴᠢᠭᠡᠷ ᠳᠡᠭᠡᠷ᠎ᠡ ᠪᠠᠨ ᠮᠠᠳᠠᠵᠤ

ᠡᠭᠡᠯᠡᠵᠤ ᠪᠠᠶ᠎ᠠ ᠪᠠᠨ ᠳᠠᠪᠠᠯᠠᠳᠠᠭ ᠭᠡᠳᠡᠭ᠌

ᠢᠷᠡᠭᠦ ᠡᠳᠦᠷ ᠢ ᠨᠢ ᠭᠦᠯᠢᠶᠡᠳᠡᠭ᠌ ᠭᠡᠳᠡᠭ᠌᠂


ᠦᠷᠦᠭᠡᠰᠤᠨ ᠳᠠᠰᠢᠶ᠎ᠠ ᠪᠠᠷ ᠶᠢᠡᠨ ᠱᠥᠵᠢᠯᠳᠡᠭᠡᠳ

ᠣᠠᠳᠠᠭ᠎ᠠ ᠰᠡᠷᠡᠭᠦᠨ ᠤ ᠵᠠᠪᠰᠠᠷ ᠦᠷᠭᠡᠯᠡᠵᠤ

ᠠᠶᠠᠨ ᠤ ᠴᠢᠯᠡᠭᠡ ᠪᠠᠨ ᠭᠠᠷᠭᠠᠳᠠᠭ ᠭᠡᠳᠡᠭ᠌᠂


ᠳᠠᠢᠷᠢ ᠶᠢᠨ ᠨᠤᠬᠠᠢ ᠲᠡᠶ ᠳᠠᠰᠤᠯᠴᠠᠵᠤ ᠴᠢᠳᠠᠭᠰᠠᠨ ᠠᠵᠢᠷᠭ᠎ᠠ

ᠳᠡᠮᠡᠭᠡᠨ ᠲᠡᠶ ᠠᠴᠢᠶ᠎ᠠ ᠬᠤᠪᠢᠶᠠᠯᠴᠠᠵᠤ ᠴᠢᠳᠠᠭᠰᠠᠨ ᠠᠭᠳᠠ

ᠳᠡᠯᠡᠭᠡᠢ ᠵᠠᠶᠠᠭ᠎ᠠ ᠲᠡᠶ ᠮᠤᠩᠭ᠋ᠤᠯ ᠮᠤᠷᠢ᠂


ᠮᠤᠷᠢ ᠊᠊᠊᠊᠊᠊᠊᠊᠊᠊᠊᠊᠊᠊᠊ ᠱᠠᠭᠢᠬᠤ ᠰᠤᠮᠤᠨ ᠤ ᠡᠮᠤᠨ᠎ᠡ ᠡᠴᠡ ᠳᠠᠯᠳᠢᠷᠴᠤ ᠣᠷᠤᠭᠰᠠᠨ ᠵᠤᠷᠢᠭ

ᠮᠤᠷᠢ ᠊᠊᠊᠊᠊᠊᠊᠊᠊᠊᠊᠊᠊᠊᠊ ᠱᠠᠪᠳᠠᠵᠤ ᠣᠨᠠᠭᠰᠠᠨ ᠡᠵᠡᠨ ᠶᠢᠡᠨ ᠥᠨᠦᠷᠭᠦᠵᠤ ᠰᠠᠭᠢᠳᠠᠭ ᠬᠠᠨᠢ

ᠮᠤᠷᠢ ᠊᠊᠊᠊᠊᠊᠊᠊᠊᠊᠊᠊᠊᠊᠊ ᠭᠢᠯᠭᠠᠰᠤ ᠪᠠᠷ ᠶᠢᠡᠨ ᠰᠡᠳᠭᠢᠯ ᠶᠢᠡᠨ ᠶᠠᠷᠢᠯᠴᠠᠭᠰᠠᠨ ᠬᠤᠭᠤᠷ᠃ᠵᠤᠬᠢᠶᠠᠭᠴᠢ ᠶᠢᠨ ᠬᠠᠶ‍ᠢᠭ ᠄ ᠬᠤᠪᠣᠭᠰᠠᠢ᠌ᠷᠢ ᠰᠢᠶᠠᠨ ᠤ ᠵᠠᠰᠠᠭ ᠤᠨ ᠣᠷᠳᠤᠨ ᠤ ᠠᠯᠪᠠᠨ ᠭᠡᠷ

ᠵᠤᠬᠢᠶᠠᠭᠴᠢ᠄ ᠳᠤᠸ᠎ᠠ
ᠬᠠᠷᠢᠶ᠎ᠠ᠄ ᠰᠢᠯᠦᠭ
ᠳᠠᠷᠤᠮ᠄ 1897
ᠴᠠᠭ᠄ 2010 ᠤᠨ ᠤ 09 ᠰᠠᠷ᠎ᠠ ᠶᠢᠨ 20