ᠨᠡᠷ᠎ᠡ ᠶᠢ ᠮᠢᠨᠢ ᠦᠯᠡᠳᠡᠭᠡ

ᠭᠦᠮᠤᠨ᠂ ᠭᠦᠮᠤᠨ ᠭᠡᠳᠡᠭ᠌ ᠨᠠᠢ᠌ᠳᠠ ᠶᠢᠨ ᠨᠠᠷ᠎ᠠ ᠲᠡᠶ ᠪᠠᠷ ᠪᠠᠷᠠᠬᠤ ᠦᠭᠡᠶ᠂ ᠭᠦᠮᠤᠨ ᠪᠦᠭᠦᠨ ᠳᠤᠰ ᠳᠤᠰ ᠲᠠᠭᠠᠨ ᠪᠠᠰᠠ ᠦᠪᠡᠷ ᠦᠪᠡᠷ ᠤᠨ ᠨᠠᠷ᠎ᠠ ᠲᠡᠶ ᠪᠠᠢ᠌ᠳᠠᠭ (ᠨᠢᠭᠡ᠂ ᠬᠤᠶᠠᠷ ᠪᠣᠶᠤ ᠭᠡᠳᠤᠨ ᠨᠠᠷ᠎ᠠ ᠲᠡᠶ ᠴᠤ ᠮᠠᠭᠠᠤᠨ ᠦᠭᠡᠶ)᠃ ᠨᠠᠷ᠎ᠠ ᠪᠣᠯ ᠨᠢᠭᠡ ᠶᠠᠭᠤᠮ᠎ᠠ ᠶᠢ ᠨᠥᠭᠦᠭᠡ ᠶᠠᠭᠤᠮ᠎ᠠ ᠨᠤᠭᠤᠳ ᠡᠴᠠ ᠢᠯᠭᠠᠵᠤ ᠳᠠᠨᠢᠬᠤ ᠶᠢᠨ ᠳᠦᠯᠦᠭᠡ ᠪᠣᠶᠤ ᠢᠯᠭᠠᠵᠤ ᠳᠠᠨᠢᠭᠤᠯᠬᠤ ᠶᠢᠨ ᠭᠡᠷᠡᠭ᠍ᠴᠡᠭᠡ ᠡᠴᠠ ᠯᠠ ᠪᠣᠢ ᠪᠣᠯᠤᠭᠰᠠᠨ ᠶᠤᠮ᠃ ᠭᠦᠮᠤᠨ ᠶᠢᠡᠷ ᠪᠠᠷᠠᠬᠤ ᠦᠭᠡᠶ ᠵᠠᠷᠢᠮ ᠠᠮᠢᠳᠠᠨ ᠳᠤ ᠴᠤ ᠭᠡᠤᠨ ᠦᠪᠡᠷ ᠤᠨ ᠳᠠᠭᠤᠳᠠᠭᠳᠠᠬᠤ ᠨᠠᠷ᠎ᠠ ᠲᠡᠶ ᠪᠠᠢ᠌ᠵᠤ ᠪᠣᠯᠳᠠᠭ᠃ ᠮᠠᠨ ᠤ ᠮᠤᠩᠭ᠋ᠤᠯ ᠭᠦᠮᠤᠨ ᠪᠣᠯ ᠬᠠᠢ᠌ᠷᠠᠳᠠᠢ ᠠᠪᠠ ᠶᠢᠨ ᠨᠤᠬᠠᠢ ᠪᠠᠨ ᠪᠦᠷᠭᠦᠤᠨ ᠪᠣᠶᠤ ᠱᠤᠩᠬᠤᠷ ᠭᠡᠭᠦ ᠮᠠᠳᠤ ᠪᠠᠷ ᠨᠡᠷᠡᠯᠡᠳᠡᠭ᠌᠃ ᠭᠠᠳᠠᠭᠠᠳᠤ ᠶᠢᠨ ᠴᠢᠯᠦᠭᠡᠳᠤ ᠨᠡᠢ᠌ᠭᠡᠮ ᠳᠤ ᠵᠠᠷᠢᠮ ᠢᠷᠭᠡᠤᠨ ᠰᠠᠢ᠌ᠨ ᠡᠭᠦᠯᠳᠡᠷ ᠤᠨ ᠠᠵᠢᠷᠭᠠᠨ ᠨᠤᠬᠠᠢ ᠪᠠᠨ ᠪᠦᠱᠢ᠂ ᠫᠦᠲ᠋ᠢᠨ ᠭᠡᠵᠤ ᠨᠡᠷᠡᠯᠡᠭ᠍ᠰᠡᠨ ᠪᠠ ᠬᠠᠢ᠌ᠷᠠᠳᠠᠢ ᠥᠯᠦᠭ᠍ᠴᠢᠨ ᠪᠠᠭᠠᠯ ᠳᠠᠭᠠᠨ ᠢᠯᠢᠱᠠᠪᠠᠢ ᠭᠡᠳᠡᠭ᠌ ᠨᠠᠷ᠎ᠠ ᠦᠭ‍ᠭᠦᠭ᠍ᠰᠡᠨ ᠭᠡᠵᠤ ᠴᠤ ᠰᠤᠨᠤᠰᠤᠯ᠎ᠠ᠃ ᠭᠡᠪᠠᠴᠤ ᠨᠤᠬᠠᠢ ᠪᠣᠯ ᠬᠠᠰᠢᠯᠠ ᠨᠤᠬᠠᠢ᠂ ᠶᠠᠮᠠᠷ ᠨᠠᠷ᠎ᠠ ᠪᠠᠷ ᠳᠠᠭᠤᠳᠠᠭᠳᠠᠭᠰᠠᠨ ᠴᠤ ᠭᠦᠶ‍ᠦᠵᠤ ᠢᠷᠡᠭᠦ ᠡᠴᠠ ᠪᠢᠰᠢ ᠨᠢᠰᠴᠤ ᠢᠷᠡᠭᠦ ᠦᠭᠡᠶ᠂ ᠶᠡᠷᠦᠩᠭᠡᠢ᠌ᠯᠡᠭ᠍ᠴᠢ ᠪᠣᠶᠤ ᠡᠮᠡᠭ᠍ᠳᠡᠢ ᠬᠠᠭᠠᠨ ᠢ ᠪᠣᠤ ᠭᠡᠯᠡ᠂ ᠨᠤᠬᠠᠢ ᠡᠴᠠ ᠪᠠᠨ ᠭᠦᠮᠤᠨ ᠪᠣᠯᠵᠤ ᠬᠤᠪᠢᠯᠵᠤ ᠴᠤ ᠴᠢᠳᠠᠬᠤ ᠦᠭᠡᠶ ᠨᠢ ᠯᠠᠪᠳᠠᠢ ᠶᠤᠮ᠃ ᠡᠭᠦᠨ ᠲᠡᠶ ᠠᠳᠠᠯᠢ ᠪᠠᠷ ᠭᠦᠮᠤᠨ ᠴᠤ ᠨᠠᠷ᠎ᠠ ᠶᠢᠨ ᠶᠡᠭᠡ ᠪᠠᠷ ᠭᠦᠮᠤᠨ ᠤ ᠶᠡᠭᠡ ᠪᠣᠯᠳᠠᠭ ᠦᠭᠡᠶ᠂ ᠨᠠᠷ᠎ᠠ ᠶᠢᠨ ᠡᠭᠡᠯ ᠶᠢᠡᠷ ᠭᠦᠮᠤᠨ ᠤ ᠳᠤᠤᠷᠠᠳᠤ ᠶᠠᠪᠣᠳᠠᠭ ᠴᠤ ᠦᠭᠡᠶ᠃ ᠪᠠᠭ᠎ᠠ ᠪᠠᠠᠳᠢ ᠴᠤ ᠶᠡᠭᠡ ᠶᠡᠷᠦᠩᠭᠡᠢ᠌ᠯᠡᠭ᠍ᠴᠢ ᠰᠠᠭᠤᠵᠤ᠂ ᠠᠪᠣᠷᠭᠤ᠂ ᠠᠷᠰᠯᠠᠨ ᠨᠡᠷ ᠴᠤ ᠣᠳᠠᠭ᠎ᠠ ᠪᠣᠯᠭᠠᠨ ᠰᠢᠷᠤᠢ ᠶᠢᠨ ᠪᠦᠭᠡ ᠪᠣᠯᠳᠠᠭ ᠵᠢᠱᠢᠶ᠎ᠠ ᠮᠤᠩ ᠦᠭᠡᠶ ᠪᠢᠯᠠ᠃ ᠡᠨᠡᠭᠦ ᠠᠭᠤᠯᠭ᠎ᠠ ᠡᠴᠠ ᠭᠡᠯᠡᠪᠠᠯ᠂ ᠨᠠᠷ᠎ᠠ ᠪᠣᠯ ᠵᠥᠪᠭᠡᠨ ᠳᠠᠭᠤᠳᠠᠯᠭ᠎ᠠ᠂ ᠨᠠᠷ᠎ᠠ ᠪᠣᠯ ᠵᠥᠪᠭᠡᠨ ᠢᠯᠭᠠᠬᠤ ᠳᠡᠮᠳᠡᠭ᠌ ᠶᠤᠮ᠃

ᠭᠡᠳᠥᠢᠪᠠᠷ ᠳᠠᠭᠤᠳᠠᠯᠭ᠎ᠠ ᠪᠠ ᠢᠯᠭᠠᠬᠤ ᠳᠡᠮᠳᠡᠭ᠌ ᠳᠠᠳᠤᠢ ᠭᠡᠳᠡᠭ᠌ ᠪᠣᠯᠪᠠᠴᠤ᠂ ᠨᠠᠰᠤᠨ ᠳᠤᠷᠰᠢ ᠭᠦᠮᠤᠨ ᠤ ᠪᠠᠶ᠎ᠠ ᠳᠤ ᠳᠠᠭᠠᠯᠳᠤᠵᠤ᠂ ᠨᠠᠷᠠᠳᠤ ᠡᠴᠠ ᠶᠠᠪᠣᠭᠰᠠᠨ ᠴᠤ ᠰᠦᠨᠠᠰᠤ ᠶᠢ ᠳᠠᠭᠠᠯᠳᠤᠵᠤ ᠶᠠᠪᠣᠳᠠᠭ ᠨᠠᠷ᠎ᠠ ᠭᠡᠳᠡᠭ᠌ ᠡᠨᠡ ᠶᠠᠭᠤᠮ᠎ᠠ ᠶᠢ ᠪᠢᠳᠠ ᠪᠠᠰᠠ ᠥᠩᠭᠡᠷᠡᠤ ᠭᠦᠩᠭᠡᠪᠴᠢᠯᠡᠵᠤ ᠶᠠᠭᠠᠭᠢᠭᠰᠠᠨ ᠴᠤ ᠪᠣᠯᠬᠤ ᠦᠭᠡᠶ ︕ ᠬᠠᠮᠤᠭ ᠳᠡᠷᠢᠭᠦᠨ ᠳᠤ᠂ ᠰᠤᠶᠤᠯ ᠲᠡᠶ ᠰᠤᠶᠤᠯ ᠦᠭᠡᠶ᠂ ᠪᠢᠴᠢᠭ᠌ ᠲᠡᠶ ᠪᠢᠴᠢᠭ᠌ ᠦᠭᠡᠶ ᠠᠪᠣ ᠡᠵᠢ ᠨᠡᠷ ᠡᠴᠠ ᠡᠨᠡ ᠨᠠᠷ᠎ᠠ ᠶᠢ ᠴᠢᠨᠢ ᠶᠠᠭᠠᠭᠢᠵᠤ ᠪᠣᠳᠤᠵᠤ ᠳᠤᠩᠭ᠋ᠠᠵᠤ ᠪᠣᠳᠤᠯᠭᠠᠳᠠᠨ ᠶᠢᠡᠷ ᠭᠢᠨᠠᠭᠤᠯᠵᠤ ᠪᠠᠢ᠌ᠮᠠᠨ᠂ ᠬᠣᠢ᠌ᠴᠢ ᠶᠢᠨ ᠰᠠᠢ᠌ᠨ ᠢ ᠵᠦᠩᠨᠠᠨ᠂ ᠬᠤᠪᠢ ᠢᠷᠦᠭᠡᠯ ᠳ᠋ᠤᠨᠢ ᠵᠤᠭᠢᠴᠠᠭᠤᠯᠵᠤ᠂ ᠭᠦᠤ ᠭᠡᠦᠭᠡᠨ ᠭᠦᠮᠤᠨ ᠪᠢᠳᠠᠨᠠᠷ ᠲᠤ ᠭᠦᠷᠳᠡᠭᠡᠭ᠍ᠰᠡᠨ ᠢ ᠠᠨᠤ ᠪᠣᠳᠤᠯᠳᠠᠢ᠃ ᠬᠠᠷ᠎ᠠ ᠪᠠᠭᠠᠰᠤ ᠭᠡᠵᠤ ᠨᠠᠷ᠎ᠠ ᠦᠭ‍ᠭᠦᠭ᠍ᠰᠡᠨ ᠴᠤ ᠪᠠᠢ᠂ ᠬᠠᠷᠠᠮᠯᠠᠭᠠᠤᠨ ᠴᠢᠮ᠎ᠠ ᠶᠢ ᠶᠠᠮᠠᠷ ᠠᠯᠳᠠᠴᠢᠬᠠᠬᠤ ᠡᠴᠠ ᠯᠠ ᠠᠶᠤᠭᠰᠠᠨ ᠳᠠᠭᠠᠨ ᠡᠴᠠ ᠪᠢᠰᠢ᠂ ᠬᠠᠳᠠᠪᠠᠯ ᠭᠡᠮᠭᠡᠷᠡᠭᠡᠤᠨ ᠭᠡᠢ᠌ᠰᠴᠢᠭᠡᠭᠦ ᠶᠤᠮ ᠭᠡᠵᠤ ᠪᠣᠳᠤᠭᠰᠠᠨ ᠦᠭᠡᠶ ᠨᠢ ᠯᠠ ᠯᠠᠪᠳᠠᠢ ᠶᠤᠮ᠃ ᠨᠠᠷ᠎ᠠ ᠶᠢ ᠭᠦᠩᠭᠡᠪᠴᠢᠯᠡᠵᠤ ᠶᠠᠭᠠᠭᠢᠭᠰᠠᠨ ᠴᠤ ᠪᠣᠯᠬᠤ ᠦᠭᠡᠶ ᠭᠡᠵᠤ ᠭᠡᠯᠡᠵᠤ ᠪᠠᠢ᠌ᠭ᠎ᠠ ᠪᠢ ᠪᠠᠷ 《ᠭᠦᠮᠤᠨ ᠶᠠᠪᠣᠪᠠᠯ ᠁ ᠭᠠᠯᠠᠭᠤ ᠶᠠᠪᠣᠪᠠᠯ ᠁》 ᠭᠡᠵᠤ ᠡᠭᠢᠯᠡᠭᠡᠤᠨ᠂ ᠶᠠᠭᠠᠭᠢᠵᠤ ᠨᠠᠷ᠎ᠠ ᠠᠯᠳᠠᠷᠳᠠᠢ ᠭᠦᠮᠤᠨ ᠪᠣᠯᠬᠤ ᠳᠤᠬᠠᠢ ᠶᠡᠭᠡ ᠶᠤᠰᠤ ᠶᠢ ᠶᠠᠷᠢᠬᠤ ᠭᠡᠵᠤ ᠪᠠᠢ᠌ᠭ᠎ᠠ ᠪᠢᠰᠢ᠃ ᠡᠢ᠌ᠮᠤ ᠰᠠᠨᠠᠭ᠎ᠠ ᠣᠷᠤᠭ᠎ᠠ ᠴᠤ ᠦᠭᠡᠶ ᠳᠡᠭᠡᠷ᠎ᠡ ᠪᠠᠨ ᠳᠠᠢ᠌ᠮᠤ ᠣᠨᠤᠭ᠎ᠠ ᠪᠣᠯ ᠪᠠᠢ᠌ᠭ᠎ᠠ ᠴᠤ ᠦᠭᠡᠶ ᠶᠠᠪᠣᠭ᠎ᠠ ᠶᠠᠪᠠᠭᠠᠨ ᠰᠤᠪᠳᠠᠭ ᠭᠦᠮᠤᠨ ᠶᠤᠮ ᠰᠢᠤ ᠪᠢ ᠴᠢᠨᠢ᠃ ᠳᠠᠢ᠌ᠮᠤ ᠪᠣᠯᠬᠤᠷ ᠬᠤᠯᠠ ᠶᠢ ᠬᠠᠮᠤᠷᠴᠤ ᠴᠢᠳᠠᠬᠤ ᠦᠭᠡᠶ᠂ ᠬᠤᠳᠤᠭᠤᠷ ᠤᠨ ᠣᠴᠢᠷ ᠶᠢᠡᠨ ᠯᠠ ᠶᠠᠷᠢᠶ᠎ᠠ ᠳ᠋ᠠ᠃ ᠮᠢᠨᠤ ᠣᠷᠴᠢᠨ ᠳᠤᠭᠤᠷᠢᠨ ᠳ᠋ᠠᠭᠢ ᠮᠤᠩᠭ᠋ᠤᠯᠴᠤᠳ ᠮᠠᠨᠢ ᠨᠢᠭᠡ ᠱᠤᠯᠢ ᠦᠭᠡᠶ ᠵᠢᠭᠠᠬᠠᠨ ᠵᠠᠩ ᠲᠡᠶ ᠪᠠᠢ᠌ᠳᠠᠭ᠃ ᠡᠨᠡ ᠪᠣᠯᠪᠠᠰᠤ᠂ ᠡᠴᠢᠭᠡ ᠡᠭᠡ ᠡᠴᠠ ᠣᠯᠭᠤᠭᠰᠠᠨ ᠨᠠᠷ᠎ᠠ ᠪᠠᠨ ᠶᠠᠭ ᠭᠦᠡᠳᠦᠦᠡᠭᠡᠭᠦ ᠶᠢ ᠮᠡᠳᠡᠭᠦ ᠦᠭᠡᠶ᠂ ᠡᠵᠡᠷᠭᠡᠭ᠌ ᠳᠡᠭᠡᠷᠡᠩᠭᠦᠢ ᠪᠠᠷ 《什么意思 ︖》 ᠭᠡᠵᠤ ᠠᠰᠠᠭᠤᠭᠰᠠᠨ ᠤ ᠭᠢᠨᠢ ᠬᠠᠷᠢᠭᠤ ᠳᠤ ᠬᠠᠷᠢᠨ ᠣᠷᠴᠢᠭᠤᠯᠵᠤ ᠳᠠᠢ᠌ᠯᠪᠣᠷᠢᠯᠠᠬᠤ ᠭᠡᠵᠤ ᠡᠯᠳᠡᠪ ᠶᠢᠡᠷ ᠣᠢ᠌ᠯᠠ ᠪᠠᠨ ᠪᠠᠷᠠᠳᠠᠭ ᠶᠠᠪᠣᠳᠠᠯ ᠶᠤᠮ᠃ ᠵᠠᠷᠢᠮ ᠨᠢ ᠪᠦᠷ ᠴᠤ ᠣᠷᠴᠢᠭᠤᠯᠵᠤ ᠳᠠᠢ᠌ᠯᠪᠣᠷᠢᠯᠠᠭᠠᠤᠨ ᠵᠠᠩᠰᠢᠯ ᠪᠣᠯᠴᠢᠬᠠᠵᠤ᠂ ᠠᠰᠠᠭᠤᠭᠰᠠᠨ ᠦᠭᠡᠶ ᠪᠠᠢ᠌ᠳᠠᠯ᠎ᠠ᠂ ᠭᠢᠠᠳᠠᠨ ᠳᠤ ᠡᠳᠦᠷ ᠡᠳᠦᠷ ᠰᠢᠭᠦᠯᠳᠡ ᠳᠤ ᠣᠷᠤᠵᠤ ᠪᠠᠢ᠌ᠭ᠎ᠠ ᠬᠠᠭᠤᠴᠢᠨ ᠶᠠᠯᠠᠳᠠᠨ ᠰᠢᠭ ᠨᠠᠷ᠎ᠠ ᠭᠡᠳᠡᠭ᠌ ᠢ ᠴᠢᠨᠢ ᠬᠤᠤᠰ ᠭᠡᠯᠡ ᠪᠠᠷ ᠳᠤᠴᠢᠭᠢᠨᠠᠳᠠᠯ᠎ᠠ ᠮᠡᠳᠡᠭᠦᠯᠵᠤ ᠭᠠᠷᠳᠠᠭ᠃ ᠬᠠᠮᠤᠭ ᠡᠭᠳᠡᠭᠦᠦ ᠲᠡᠶ ᠨᠢ ᠪᠣᠯ ᠬᠠᠮᠳᠤ ᠶᠠᠪᠣᠭᠰᠠᠨ ᠮᠤᠩᠭ᠋ᠤᠯᠴᠤᠳ ᠤᠨ ᠶᠢᠡᠨ ᠨᠠᠷ᠎ᠠ ᠶᠢ ᠴᠤ ᠨᠢᠭᠤᠴᠠ ᠮᠡᠳᠡᠭᠦᠯᠵᠤ ᠭᠠᠪᠢᠶ᠎ᠠ ᠳᠡᠮᠡᠴᠡᠭᠦ ᠮᠠᠳᠤ ᠥᠯᠡᠳᠡᠭᠡᠯ ᠦᠭᠡᠶ ᠣᠷᠴᠢᠭᠤᠯᠤᠭᠠᠤᠨ ᠥᠭ᠍ᠴᠢᠭᠡᠳᠡᠭ᠌ ᠰᠠᠢ᠌ᠨ ᠳᠤᠷ᠎ᠠ ᠶᠢᠨ 《ᠣᠷᠴᠢᠭᠤᠯᠤᠭᠴᠢ》 ᠨᠤᠭᠤᠳ᠃ ᠭᠡᠭᠦ ᠳᠡᠭᠡᠨ ᠳᠡᠳᠡᠭᠡᠷ ᠳᠤᠰᠬᠠᠢ ᠮᠡᠷᠭᠡᠰᠢᠭ᠍ᠰᠡᠨ ᠨᠠᠷ᠎ᠠ ᠶᠢᠨ 《ᠣᠷᠴᠢᠭᠤᠯᠤᠭᠴᠢᠳ》 ᠮᠠᠨᠢ ᠶᠠᠭ ᠦᠨᠡᠨ ᠢ ᠭᠡᠯᠡᠪᠠᠯ ᠵᠥᠭᠡᠷ ᠯᠠ 《ᠴᠠᠯᠭᠢᠵᠤ ᠪᠠᠢ᠌ᠳᠠᠭ ᠳᠤᠠᠳᠠᠭᠤᠷ ᠰᠠᠪᠠ》 ᠪᠣᠯᠬᠤ ᠡᠴᠠ ᠪᠢᠰᠢ ᠴᠤᠬᠤᠮ ᠣᠷᠴᠢᠭᠤᠯᠬᠤ ᠶᠢ ᠨᠢ ᠪᠣᠯ ᠠᠯᠠᠪᠠᠴᠤ ᠴᠢᠳᠠᠳᠠᠭ ᠦᠭᠡᠶ ᠪᠣᠯᠬᠤᠷ ᠶᠢᠡᠨ᠂ ᠰᠠᠢ᠌ᠬᠠᠨ ᠰᠠᠢ᠌ᠬᠠᠨ ᠮᠤᠩᠭ᠋ᠤᠯ ᠨᠠᠷ᠎ᠠ ᠨᠤᠭᠦᠳ ᠢ ᠴᠢᠨᠢ ᠰᠤᠨᠢᠨ ᠬᠠᠴᠢᠨ ᠡᠯᠳᠡᠪ ᠢᠨᠢᠶᠠᠳᠤᠮᠳᠠᠢ ᠳᠠᠢ᠌ᠯᠪᠣᠷᠢᠯᠠᠭᠠᠤᠨ ᠥᠭ᠍ᠴᠢᠭᠡᠳᠡᠭ᠌ ᠨᠢ ᠥᠨᠡᠭᠡᠷ ᠤᠨ ᠠᠯᠠᠯᠳᠠᠢ ︕

ᠠᠰᠠᠭᠤᠵᠤ ᠪᠠᠢ᠌ᠭ᠎ᠠ ᠭᠦᠮᠤᠨ ᠴᠢᠨᠢ ᠴᠢᠮ᠎ᠠ ᠳᠤ ᠦᠪᠡᠷ ᠤᠨ ᠨᠠᠷ᠎ᠠ ᠪᠠᠨ ᠣᠷᠴᠢᠭᠤᠯᠵᠤ ᠳᠠᠢ᠌ᠯᠪᠣᠷᠢᠯᠠᠵᠤ ᠪᠠᠢ᠌ᠨ᠎ᠠ ᠦᠦ (ᠦᠨᠡᠨ ᠳᠡᠭᠡᠨ ᠳᠠᠳᠠᠨ ᠳᠤ ᠮᠠᠨ ᠢ ᠪᠠᠨ ᠪᠣᠳᠤᠪᠠᠯ ᠣᠷᠴᠢᠭᠤᠯᠬᠤ ᠶᠢ ᠪᠠᠢ᠌ᠴᠢᠬ᠎ᠠ᠂ ᠣᠤᠯ ᠭᠡᠯᠡ ᠪᠠᠷ ᠶᠢᠡᠨ ᠳᠠᠢ᠌ᠯᠪᠣᠷᠢᠯᠠᠬᠤ ᠳᠤ ᠴᠤ ᠭᠦᠴᠢᠷᠳᠡᠢ᠂ ᠶᠠᠮᠠᠷ ᠴᠤ ᠣᠤᠠᠬ᠎ᠠ ᠦᠭᠡᠶ ᠨᠠᠷ᠎ᠠ ᠣᠯᠠᠨ ᠶᠢᠡᠷ ᠪᠠᠢ᠌ᠳᠠᠭ ᠶᠤᠮ) ᠭᠡᠳᠡᠭ᠌ ᠢ ᠪᠣᠳᠤᠬᠤ ᠊᠊᠊᠊᠊᠊᠊᠊᠊᠊᠊᠊᠊᠊᠊ ᠳᠤᠯᠤᠭᠠᠢ ᠦᠭᠡᠶ ᠦᠦ ︖ ᠳᠠ ᠮᠢᠨᠢ᠃ ᠡᠰᠡᠷᠭᠦ ᠡᠴᠠ ᠨᠢ ᠬᠠᠷᠢᠭᠤ ᠠᠰᠠᠭᠤᠬᠤ ᠊᠊᠊᠊᠊᠊᠊᠊᠊᠊᠊᠊᠊᠊᠊ ᠠᠮᠠ ᠦᠭᠡᠶ ᠦᠦ ︖ ᠳᠠ ᠮᠢᠨᠢ᠃ ᠮᠢᠨᠤ ᠨᠠᠷ᠎ᠠ ᠪᠣᠯ XX ᠭᠡᠳᠡᠭ᠌ ᠶᠤᠮ᠂ ᠣᠷᠴᠢᠭᠤᠯᠪᠠᠯ ᠥᠭᠡᠷ᠎ᠡ ᠭᠦᠮᠤᠨ ᠤ ᠨᠠᠷ᠎ᠠ ᠪᠣᠯᠳᠠᠭ ᠶᠤᠮ ᠭᠡᠵᠤ ᠭᠡᠯᠡᠵᠤ ᠦᠭ‍ᠭᠦ ᠊᠊᠊᠊᠊᠊᠊᠊᠊᠊᠊᠊᠊᠊᠊ ᠭᠡᠯᠡ ᠦᠭᠡᠶ ᠦᠦ ︖ ᠳᠠ ᠮᠢᠨᠢ᠃ ᠦᠪᠡᠷ ᠤᠨ ᠪᠠᠶ᠎ᠠ ᠪᠠᠨ᠂ ᠡᠴᠢᠭᠡ ᠡᠭᠡ ᠡᠴᠠ ᠣᠯᠭᠤᠭᠰᠠᠨ ᠨᠠᠷ᠎ᠠ ᠪᠠᠨ ᠥᠴᠦᠭᠡᠨ ᠴᠤ ᠭᠡᠰᠡᠨ ᠭᠦᠡᠳᠦᠦᠡᠭᠡᠭᠦ ᠊᠊᠊᠊᠊᠊᠊᠊᠊᠊᠊᠊᠊᠊᠊ ᠵᠢᠷᠦᠭᠡ ᠦᠭᠡᠶ ᠦᠦ ︖ ᠳᠠ ᠮᠢᠨᠢ᠃ ᠳᠠ ᠮᠢᠨᠢ ᠡ ᠁ ᠨᠠᠷ᠎ᠠ ᠶᠢ ᠴᠢᠨᠢ ᠣᠷᠴᠢᠭᠤᠯᠠᠭᠤᠯᠵᠤ ᠪᠠᠢ᠌ᠮᠠᠨ ᠣᠬᠠᠭᠠᠨ ᠢ ᠨᠢ ᠣᠯᠬᠤ ᠭᠡᠵᠤ ᠠᠭᠠᠰᠢᠯᠠᠳᠠᠭ ᠵᠠᠩ ᠪᠣᠯ ᠮᠠᠰᠢ ᠦᠨᠳᠦᠷ ᠳᠡᠭᠡᠷ᠎ᠡ ᠡᠴᠠ ᠥᠩᠭᠡᠢ᠌ᠵᠤ ᠬᠠᠷᠠᠭᠰᠠᠨ᠂ ᠭᠦᠮᠤᠨ ᠢ ᠴᠢᠨᠢ ᠣᠭᠳᠤ ᠣᠯᠵᠤ ᠥᠵᠡᠭᠦ ᠦᠭᠡᠶ ᠪᠠᠢ᠌ᠭ᠎ᠠ ᠶᠡᠭᠡᠷᠭᠡᠭ᠌ ᠶᠠᠩᠪᠠᠷᠬᠠᠭ ᠵᠠᠩ ᠶᠤᠮ ᠰᠢᠤ᠃ ᠠᠰᠠᠭᠤᠵᠤ ᠪᠠᠢ᠌ᠭ᠎ᠠ ᠡᠳᠡᠭᠡᠤᠨ ᠴᠢᠨᠢ ᠭᠡᠳᠥᠢᠴᠢᠨᠡᠭᠡᠨ ᠡᠶᠡᠯᠰᠡᠭ᠌ ᠢᠨᠢᠶᠡᠮᠰᠦᠭ᠌ ᠴᠢᠷᠠᠢ᠌ᠯᠠᠵᠤ ᠪᠠᠢ᠌ᠪᠠᠴᠤ ᠴᠠᠭᠠᠨ᠎ᠠ ᠪᠠᠨ ᠳᠡᠭᠡᠷᠡᠩᠭᠦᠢ ᠪᠠᠢ᠌ᠳᠠᠭ ᠶᠤᠮ᠃

《ᠭᠡᠳᠦᠢ ᠦᠨᠳᠦᠰᠦᠳᠠᠨ ᠤ ᠭᠢ ᠪᠠᠢ᠌ᠬᠤ ᠳᠤᠳᠤᠮ ᠶᠢᠡᠨ ᠳᠠᠳᠤᠢ ᠳᠡᠯᠡᠭᠡᠢ ᠶᠢᠨ ᠭᠢ ᠶᠤᠮ᠃》 ᠭᠡᠳᠡᠭ᠌ ᠮᠡᠷᠭᠡᠨ ᠥᠭᠡ ᠶᠢ ᠪᠢ᠂ ᠪᠣᠰᠤᠳ ᠤᠨ ᠭᠡᠯᠡ ᠰᠤᠶᠤᠯ ᠳᠤ ᠪᠠᠢ᠌ᠬᠤ ᠦᠭᠡᠶ ᠴᠤᠷ ᠤᠨ ᠭᠠᠭᠴᠠ ᠦᠪᠡᠷ ᠲᠤ ᠴᠢᠨᠢ ᠯᠠ ᠪᠠᠢ᠌ᠳᠠᠭ ᠶᠠᠭᠤᠮ᠎ᠠ ᠶᠢ ᠪᠣᠯ᠂ ᠵᠠᠪᠠᠯ ᠭᠦᠮᠤᠨ ᠤ ᠭᠢ ᠪᠠᠷ ᠪᠣᠯᠭᠠᠵᠤ ᠳᠠᠢ᠌ᠯᠪᠣᠷᠢᠯᠠᠬᠤ ᠭᠡᠷᠡᠭ᠌ ᠦᠭᠡᠶ ᠭᠡᠰᠡᠨ ᠥᠭᠡ ᠭᠡᠵᠤ ᠣᠢ᠌ᠯᠭᠠᠳᠠᠭ᠃ ᠭᠡᠪᠠᠴᠤ ᠪᠢᠳᠠ ᠪᠣᠯ ᠭᠦᠮᠤᠨ ᠣᠢ᠌ᠯᠭᠠᠬᠤ ᠦᠭᠡᠶ ᠡᠴᠠ ᠯᠠ ᠮᠠᠰᠢ ᠠᠶᠤᠳᠠᠭ ᠣᠯᠤᠰ ᠪᠣᠯᠬᠤᠷ ᠶᠢᠡᠨ᠂ ᠦᠪᠡᠷ ᠤᠨ 《ᠮᠤᠷᠢ》 ᠪᠠᠨ ᠭᠦᠮᠤᠨ ᠤ 《ᠡᠯᠵᠢᠭᠡ》 ᠪᠣᠯᠭᠠᠵᠤ ᠪᠠᠢ᠌ᠭᠠᠤᠨ ᠴᠤ ᠭᠡᠰᠡᠨ ᠣᠢ᠌ᠯᠭᠠᠭᠤᠯᠤᠭᠠᠤᠨ ᠨᠢᠭᠡ ᠰᠠᠨᠠᠭ᠎ᠠ ᠠᠮᠤᠷᠳᠠᠭ ᠶᠤᠮ᠃ ᠡᠢ᠌ᠮᠤ ᠡᠴᠠ ᠣᠢ᠌ᠯᠭᠠᠭᠤᠯᠬᠤ ᠶᠢᠨ ᠳᠦᠯᠦᠭᠡ ᠶᠠᠭᠤ ᠪᠠᠨ ᠣᠷᠴᠢᠭᠤᠯᠪᠠᠯ ᠣᠷᠴᠢᠭᠤᠯᠵᠤ ᠯᠠ ᠪᠠᠢ᠂ 《ᠣᠢ᠌ᠯᠭᠠᠯᠴᠠᠯ ᠮᠠᠠᠳᠤᠳᠤᠭᠠᠢ》 ᠭᠡᠤᠨ ᠯᠠ ᠣᠢ᠌ᠯᠭᠠᠴᠢᠬᠠᠶ᠎ᠠ᠃ ᠬᠠᠷᠢᠨ ᠨᠠᠷ᠎ᠠ ᠶᠢ᠂ ᠨᠠᠷ᠎ᠠ ᠪᠠᠨ᠂ ᠨᠠᠷ᠎ᠠ ᠶᠢ ᠮᠢᠨᠢ ᠯᠠ ᠨᠢᠭᠡ ᠥᠯᠡᠳᠡᠭᠡᠴᠢᠭᠡ ᠳ᠋ᠠ ︕ ᠭᠤᠶᠤᠶ᠎ᠠ ︕


2012.6.25


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤᠨ ᠤ ᠣᠯᠤᠰ ᠲᠦᠷᠦ ᠶᠢᠨ ᠵᠥᠪᠯᠡᠯᠭᠡᠨ


ᠵᠤᠬᠢᠶᠠᠭᠴᠢ᠄ ᠡ᠊·ᠠᠯᠲᠠᠨ‍ᠰᠦ᠋ᠬᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 5376
ᠴᠠᠭ᠄ 2012 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
  1. [ ᠥᠭᠥᠯᠡᠯ ᠰᠢᠭᠦᠮᠵᠢ ]ᠲᠡᠨᠡᠭ ᠬᠦᠮᠦᠨ ᠤ ᠡᠳᠦᠷ ᠤᠨ ᠲᠡᠮᠳᠡᠭᠯᠡᠯ

    ᠲᠠᠩᠨᠤᠳ ᠬᠠᠢ᠌ᠬᠤ2012-09-13

  2. [ ᠥᠭᠥᠯᠡᠯ ᠰᠢᠭᠦᠮᠵᠢ ]ᠰᠤᠶᠤᠯ ᠤᠨ ᠪᠠᠯᠠᠢ᠌ᠷᠠᠯ

    ᠯᠢ ᠲᠢᠶᠠᠨ ᠰᠢ2012-10-17

  3. [ ᠥᠭᠥᠯᠡᠯ ᠰᠢᠭᠦᠮᠵᠢ ]ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠲᠠᠷᠢ᠍ᠶ‍ᠠᠯᠠᠬᠤ ᠲᠣᠰᠬᠤᠨ ᠤ ᠪᠦᠷᠢ᠍ᠯᠳ᠋ᠦᠯ ᠬᠢᠭᠡᠳ ᠬᠤᠭᠤᠷ ᠤᠨ ᠦᠯᠢ᠍ᠭᠡᠷ ᠦᠨ ᠡᠭᠦᠰᠦᠯ ᠪᠦᠷᠢ᠍ᠯᠳ᠋ᠦᠯ ᠤᠨ ᠲᠤᠬᠠᠢ ᠨᠢ᠍ᠭᠡ ᠵᠦ᠋ᠢ᠍ᠯ ᠦᠨ ᠮᠠᠭᠠᠳᠯᠠᠯ

    ᠪᠣᠶᠠᠨᠲᠤᠭᠲᠠᠬᠤ2015-05-13

  4. [ ᠥᠭᠥᠯᠡᠯ ᠰᠢᠭᠦᠮᠵᠢ ]ᠨᠠᠰᠤᠨ ᠤ ᠨᠠᠮᠤᠷ ᠲᠠᠭᠠᠨ ᠡᠷᠭᠦᠭᠰᠡᠨ ᠨᠠᠨᠳᠢᠨ ᠪᠡᠯᠡᠭ

    ᠳᠡᠮᠴᠢᠭ᠌᠂ ᠠᠯᠲᠠᠨ‍᠊ᠤ᠋ᠳᠤ2006-11-23

  5. [ ᠥᠭᠥᠯᠡᠯ ᠰᠢᠭᠦᠮᠵᠢ ]ᠭᠡᠮᠰᠢᠯ ᠤᠬᠠᠭᠠᠷᠠᠯ

    ᠪᠠᠶᠠᠭᠤᠳ·ᠬᠠᠰ2012-06-17

  6. [ ᠥᠭᠥᠯᠡᠯ ᠰᠢᠭᠦᠮᠵᠢ ]ᠵᠠᠷᠤᠳ ᠤᠨ ᠭᠠᠵᠠᠷ ᠣᠰᠤᠨ ᠤ ᠨᠠᠷ᠎ᠠ ᠶᠢᠨ ᠰᠤᠶᠤᠯ ᠰᠡᠳᠭᠢᠭᠦᠢ

    ᠨᠠᠷᠠᠠᠳᠤᠶᠠᠭ᠎ᠠ2011-12-18

  7. [ ᠥᠭᠥᠯᠡᠯ ᠰᠢᠭᠦᠮᠵᠢ ]ᠰᠤᠷᠭᠠᠨ ᠬᠦᠮᠦᠵᠢᠯ ᠤᠨ ᠬᠠᠭᠤᠷᠮᠠᠭ

    ᠵᠠᠢ᠌ᠳᠠᠩᠴᠢᠨ2012-09-01

  8. [ ᠥᠭᠥᠯᠡᠯ ᠰᠢᠭᠦᠮᠵᠢ ]ᠭᠦᠨ ᠰᠠᠭᠤᠭᠳᠠᠯ ᠭᠦᠡᠵᠡᠭᠡᠢ ᠭᠦᠷᠳᠡᠮᠵᠢ

    ᠭᠦᠷᠵᠡᠪ2008-12-30

ᠬᠠᠮᠤᠭ ᠤᠨ ᠰᠢᠨ᠎ᠡ
  1. [ ᠥᠭᠥᠯᠡᠯ ᠰᠢᠭᠦᠮᠵᠢ ]ᠬᠡᠦᠬᠡᠳ ᠢ ᠬᠠᠪᠰᠤᠷᠴᠤ ᠰᠦᠯᠵᠢᠶ᠎ᠡ ᠶᠢᠨ ᠰᠢᠨᠤᠯ ᠡᠴᠡ ᠠᠪᠤᠷᠠᠬᠤ ᠬᠡᠷᠡᠭᠲᠡᠢ

    ᠸ·ᠠᠭᠤᠯᠠ2017-03-24

  2. [ ᠥᠭᠥᠯᠡᠯ ᠰᠢᠭᠦᠮᠵᠢ ]ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠲᠠᠷᠢ᠍ᠶ‍ᠠᠯᠠᠬᠤ ᠲᠣᠰᠬᠤᠨ ᠤ ᠪᠦᠷᠢ᠍ᠯᠳ᠋ᠦᠯ ᠬᠢᠭᠡᠳ ᠬᠤᠭᠤᠷ ᠤᠨ ᠦᠯᠢ᠍ᠭᠡᠷ ᠦᠨ ᠡᠭᠦᠰᠦᠯ ᠪᠦᠷᠢ᠍ᠯᠳ᠋ᠦᠯ ᠤᠨ ᠲᠤᠬᠠᠢ ᠨᠢ᠍ᠭᠡ ᠵᠦ᠋ᠢ᠍ᠯ ᠦᠨ ᠮᠠᠭᠠᠳᠯᠠᠯ

    ᠪᠣᠶᠠᠨᠲᠤᠭᠲᠠᠬᠤ2015-05-13

  3. [ ᠥᠭᠥᠯᠡᠯ ᠰᠢᠭᠦᠮᠵᠢ ]ᠰᠤᠨᠢᠷᠬᠠᠯ ᠭᠦᠡᠳᠡᠭ᠍ᠰᠡᠨ ᠭᠤᠷᠪᠠᠨ ᠰᠢᠯᠦᠭ᠌

    ᠯ·ᠣᠳᠤᠨ2014-05-09

  4. [ ᠥᠭᠥᠯᠡᠯ ᠰᠢᠭᠦᠮᠵᠢ ]ᠰᠤᠨᠢᠷᠬᠠᠯ ᠬᠦᠨᠳᠡᠭᠰᠡᠨ ᠭᠤᠷᠪᠠᠨ ᠰᠢᠯᠦᠭ

    ᠯ·ᠤᠳᠤᠨ2014-05-09

  5. [ ᠥᠭᠥᠯᠡᠯ ᠰᠢᠭᠦᠮᠵᠢ ]ᠬᠡᠦᠬᠡᠳ ᠲᠤ ᠳᠤᠯᠭᠠᠷᠠᠵᠤ ᠪᠠᠢ᠌ᠭ᠎ᠠ ᠭᠡᠳᠤᠨ ᠠᠰᠠᠭᠤᠳᠠᠯ

    ᠠᠽᠢᠶ᠎ᠠ2014-02-21

  6. [ ᠥᠭᠥᠯᠡᠯ ᠰᠢᠭᠦᠮᠵᠢ ]《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠢ ᠡᠯ᠎ᠡ ᠴᠠᠭ ᠦᠶ᠎ᠡ ᠶᠢᠨ ᠬᠠᠷᠠᠭᠠᠰᠤ ᠡᠴᠡ ᠠᠪᠤᠨ ᠰᠢᠡᠵᠢᠭᠦ ᠨᠢ

    ᠯ·ᠣᠳᠤᠨ2013-06-09

  7. [ ᠥᠭᠥᠯᠡᠯ ᠰᠢᠭᠦᠮᠵᠢ ]ᠨᠠ᠊·ᠳᠡᠯᠭᠡᠷ ᠭᠤᠸᠠᠢ ᠪᠤᠶᠤ ᠲᠡᠭᠦᠨ ᠤ ᠬᠡᠪᠯᠡᠭᠦᠯᠦᠭᠰᠡᠨ ᠨᠤᠮ ᠤᠳ

    ᠭᠦᠷᠵᠠᠪ2013-01-17

  8. [ ᠥᠭᠥᠯᠡᠯ ᠰᠢᠭᠦᠮᠵᠢ ]ᠰᠡᠷᠡᠩᠳᠤᠸ᠎ᠠ ᠪᠤᠶᠤ 《 ᠮᠢᠨᠦ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ》

    ᠭᠦᠷᠵᠠᠪ2013-01-17

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁