ᠮᠤᠩᠭ᠋ᠤᠯ ᠭᠡᠯᠡᠨ ᠤ ᠣᠷᠴᠢᠨ ᠢ ᠭᠡᠷᠭᠢᠨ ᠪᠦᠷᠢᠯᠳᠦᠭᠦᠯᠭᠦ ᠳᠤᠬᠠᠢ

[ᠠᠭᠤᠯᠭ᠎ᠠ ᠶᠢᠨ ᠳᠤᠪᠴᠢ] ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠣᠴᠠᠷᠠᠵᠤ ᠪᠠᠢ᠌ᠭ᠎ᠠ ᠭᠡᠯᠡᠨ ᠤ ᠣᠷᠴᠢᠨ ᠤ ᠢᠪᠴᠤᠤᠷᠠᠯ ᠤᠨ ᠠᠰᠠᠭᠤᠳᠠᠯ ᠢ ᠰᠢ᠌ᠳᠪᠦᠷᠢᠯᠡᠭᠦ ᠪᠠᠷ ᠰᠤᠷᠭᠠᠭᠤᠯᠢ ᠪᠠ ᠰᠤᠷᠭᠠᠭᠤᠯᠢ ᠶᠢᠨ ᠭᠠᠳᠠᠨᠠᠭᠢ ᠭᠢᠴᠢᠶᠠᠯ ᠤᠨ ᠡᠭᠢ ᠪᠠᠶᠠᠯᠢᠭ ᠳᠠᠷᠤᠢ ᠰᠤᠷᠭᠠᠭᠤᠯᠢ᠂ ᠨᠡᠢ᠌ᠭᠡᠮ᠂ ᠭᠡᠷ ᠪᠦᠯᠢ ᠭᠤᠷᠪᠠᠨ ᠳᠠᠯ᠎ᠠ ᠶᠢᠨ ᠡᠭᠦᠷᠭᠡ ᠬᠠᠷᠢᠭᠤᠴᠠᠯᠭ᠎ᠠ ᠶᠢ ᠦᠨᠳᠦᠰᠦᠳᠠᠨ ᠤ ᠰᠤᠶᠤᠯ᠂ ᠰᠤᠷᠭᠠᠭᠤᠯᠢ ᠶᠢᠨ ᠵᠢᠭᠠᠨ ᠰᠤᠷᠭᠠᠯᠳᠠ ᠪᠠ ᠭᠡᠷ ᠪᠦᠯᠢ ᠶᠢᠨ ᠭᠡᠯᠡᠨ ᠤ ᠣᠷᠴᠢᠨ ᠢ ᠪᠦᠷᠢᠯᠳᠦᠭᠦᠯᠭᠦ ᠠᠷᠭ᠎ᠠ ᠠᠪᠴᠠᠯ᠂ ᠰᠢᠡᠵᠢᠯᠡᠭᠦ ᠣᠬᠠᠭᠠᠠᠴᠢ ᠭᠡᠯᠡᠨ ᠤ ᠣᠷᠴᠢᠨ ᠤ ᠳᠤᠬᠠᠢ ᠳᠠᠨᠢᠯᠳᠠ ᠲᠡᠶ ᠣᠶᠠᠯᠳᠤᠭᠤᠯᠤᠨ ᠥᠭᠦᠯᠡᠪᠡ᠃

[ᠵᠠᠩᠭᠢᠯᠭ᠎ᠠ ᠥᠭᠡ] ᠭᠡᠯᠡᠨ ᠤ ᠣᠷᠴᠢᠨ᠂ ᠦᠨᠳᠦᠰᠦᠳᠠᠨ ᠤ ᠰᠤᠶᠤᠯ᠂ ᠰᠤᠷᠭᠠᠭᠤᠯᠢ ᠶᠢᠨ ᠭᠡᠯᠡᠨ ᠤ ᠣᠷᠴᠢᠨ᠂ ᠨᠡᠢ᠌ᠭᠡᠮ ᠪᠠ ᠭᠡᠷ ᠪᠦᠯᠢ ᠶᠢᠨ ᠭᠡᠯᠡᠨ ᠤ ᠣᠷᠴᠢᠨ᠂ ᠭᠡᠯᠡᠨ ᠤ ᠣᠷᠴᠢᠨ ᠤ ᠳᠤᠬᠠᠢ ᠵᠦᠪ ᠦᠵᠡᠯᠳᠠ ᠳᠠᠨᠢᠯᠳᠠ᠃

ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠣᠴᠠᠷᠠᠵᠤ ᠪᠠᠢ᠌ᠭ᠎ᠠ ᠬᠠᠮᠤᠭ ᠤᠨ ᠳᠦᠪᠠᠭ᠌ ᠲᠡᠶ ᠨᠢᠭᠡᠨ ᠠᠰᠠᠭᠤᠳᠠᠯ ᠭᠡᠪᠠᠯ ᠭᠡᠯᠡᠨ ᠤ ᠣᠷᠴᠢᠨ ᠤ ᠢᠪᠴᠤᠤᠷᠠᠯ ᠪᠣᠯᠤᠨ᠎ᠠ᠃

ᠭᠡᠯᠡ ᠨᠢ ᠭᠦᠮᠤᠨ ᠲᠦᠷᠦᠯᠭᠢᠳᠠᠨ ᠤ ᠨᠡᠢ᠌ᠭᠡᠮ ᠤᠨ ᠬᠠᠮᠤᠭ ᠤᠨ ᠴᠢᠬᠤᠯᠠ ᠬᠠᠷᠢᠯᠴᠠᠭᠠᠨ ᠤ ᠪᠠᠭᠠᠵᠢ ᠪᠠ ᠰᠤᠶᠤᠯ ᠤᠨ ᠠᠴᠢᠶᠠᠯᠠᠭᠴᠢ ᠪᠣᠯᠤᠭᠰᠠᠨ ᠤ ᠬᠤᠪᠢ ᠳᠤ ᠳᠠᠷᠠ ᠨᠢ ᠨᠡᠢ᠌ᠭᠡᠮ ᠳ᠋ᠠᠭᠢ ᠣᠷᠤᠰᠢᠨ ᠳᠤᠭᠳᠠᠨᠢᠬᠤ ᠰᠠᠭᠤᠷᠢ ᠪᠣᠯᠤᠭᠰᠠᠨ ᠭᠡᠷᠡᠭᠯᠡᠭᠡᠨ ᠤ ᠣᠷᠴᠢᠨ᠂ ᠦᠨᠳᠦᠰᠦᠳᠠᠨ ᠤ ᠰᠤᠶᠤᠯ ᠤᠨ ᠣᠷᠴᠢᠨ ᠶᠢᠡᠨ ᠠᠯᠳᠠᠬᠤ ᠳᠤ ᠭᠦᠷᠪᠠᠯ ᠭᠦᠮᠦᠰ ᠤᠨ ᠰᠤᠷᠬᠤ᠂ ᠭᠡᠷᠡᠭᠯᠡᠭᠦ ᠪᠠ ᠭᠦᠭ᠍ᠵᠢᠯᠳᠡ ᠶᠢᠨ ᠢᠷᠡᠭᠡᠳᠦᠢ ᠪᠠᠨ ᠠᠯᠳᠠᠬᠤ ᠨᠢ ᠮᠡᠳᠡᠭᠡᠵᠢ᠃

ᠮᠠᠯᠴᠢᠳ ᠤᠨ ᠬᠤᠳᠠ ᠣᠷᠤᠭᠰᠠᠨ᠂ ᠮᠠᠯᠵᠢᠯ ᠰᠤᠶᠤᠯ ᠤᠨ ᠣᠷᠭᠢᠭᠳᠠᠯ᠂ ᠰᠤᠮᠤᠨ ᠤ ᠰᠤᠷᠭᠠᠭᠤᠯᠢ ᠶᠢ ᠬᠠᠰᠤᠵᠤ ᠬᠤᠰᠢᠭᠤᠨ ᠳᠤ ᠳᠦᠪᠯᠡᠷᠡᠭᠦᠯᠦᠭ᠍ᠰᠡᠨ ᠵᠡᠷᠭᠡ ᠨᠢ ᠮᠤᠩᠭ᠋ᠤᠯ ᠭᠡᠯᠡᠨ ᠤ ᠣᠷᠴᠢᠨ ᠢ ᠰᠢᠭᠤᠳ ᠨᠥᠯᠦᠭᠡᠯᠡᠭ᠍ᠰᠡᠨ ᠨᠢ ᠳᠤᠳᠤᠷᠬᠠᠢ ᠪᠠᠢ᠌ᠭ᠎ᠠ ᠶᠤᠮ᠃ ᠳᠦᠭᠦᠮ ᠭᠡᠳᠤᠨ ᠵᠢᠱᠢᠶ᠎ᠠ ᠳᠠᠳᠠᠬᠤ ᠳᠤ ᠮᠠᠯᠴᠢᠳ ᠤᠨ ᠬᠤᠳᠠ ᠣᠷᠤᠭᠰᠠᠨ ᠡᠴᠡ ᠪᠣᠯᠵᠤ ᠬᠡᠦᠬᠡᠳ ᠨᠢ ᠬᠤᠳᠠ ᠶᠢᠨ ᠣᠷᠴᠢᠨ ᠳᠤ ᠦᠰᠦᠨ ᠨᠢᠭᠡ ᠳᠠᠯ᠎ᠠ ᠪᠠᠷ ᠡᠷᠳᠡ ᠡᠴᠡ ᠶᠠᠭᠤᠮ᠎ᠠ ᠳᠠᠨᠢᠯ᠎ᠠ ᠭᠡᠭᠦ ᠳᠤ ᠨᠥᠭᠦᠭᠡ ᠳᠠᠯ᠎ᠠ ᠪᠠᠷ ᠣᠷᠴᠢᠨ ᠳᠤᠭᠤᠷᠢᠨ ᠤ ᠨᠥᠯᠦᠭᠡᠯᠡᠯ ᠡᠴᠡ ᠪᠣᠯᠵᠤ ᠦᠪᠡᠷ ᠤᠨ ᠲᠦᠷᠦᠯᠭᠢ ᠭᠡᠯᠡ ᠪᠠᠨ ᠭᠡᠭᠡᠵᠤ ᠪᠠᠢ᠌ᠭ᠎ᠠ᠂ ᠨᠠᠩ ᠴᠤ ᠬᠤᠳᠠ ᠣᠷᠤᠭᠰᠠᠨ ᠮᠠᠯᠴᠢᠳ ᠮᠠᠨᠢ ᠠᠮᠢᠳᠤᠷᠠᠯ ᠤᠨ ᠬᠠᠷᠠᠭ᠎ᠠ ᠡᠴᠡ ᠪᠣᠯᠵᠤ ᠬᠡᠦᠬᠡᠳ ᠠᠴᠢᠷ ᠶᠢᠡᠨ ᠳᠤᠳᠤᠮᠳᠠᠨ ᠰᠤᠷᠭᠠᠬᠤ᠂ ᠭᠡᠯᠡᠵᠤ ᠭᠦᠮᠦᠵᠢᠭᠦᠯᠭᠦ ᠪᠠᠷ ᠳᠤᠳᠠᠮᠠᠭ᠂ ᠠᠷᠭ᠎ᠠ ᠳᠤᠷᠰᠢᠯᠭ᠎ᠠ ᠴᠤ ᠭᠦᠷᠦᠯᠴᠡᠭᠦ ᠦᠭᠡᠶ ᠨᠠᠩ ᠴᠢᠨᠠᠭᠰᠢᠯᠠᠪᠠᠯ ᠭᠢᠳᠠᠤᠨ ᠭᠡᠯᠡ ᠪᠣᠶᠤ ᠬᠤᠯᠢᠮᠠᠭ ᠭᠡᠯᠡ ᠪᠠᠷ ᠶᠠᠷᠢᠬᠤ ᠶᠢ ᠵᠤᠷᠢᠭᠵᠢᠭᠤᠯᠳᠠᠭ᠃ ᠬᠤᠳᠠ ᠳᠤ ᠥᠰᠦᠭ᠍ᠰᠡᠨ ᠬᠡᠦᠬᠡᠳ ᠨᠢ ᠭᠦᠳᠡᠭᠡ ᠠᠮᠢᠳᠤᠷᠠᠯ᠂ ᠮᠠᠯᠵᠢᠯ ᠰᠤᠶᠤᠯ ᠶᠢᠡᠨ ᠣᠢ᠌ᠯᠠᠭᠠᠬᠤ ᠦᠭᠡᠶ ᠡᠴᠡ ᠪᠣᠯᠵᠤ ᠳᠠᠳᠠᠨ ᠤ ᠲᠦᠷᠦᠯᠭᠢ ᠭᠡᠯᠡᠨ ᠤ ᠭᠢᠨᠢ ᠥᠭᠡᠰ ᠤᠨ ᠰᠠᠩ ᠨᠢ ᠳᠣᠢ᠌ᠯ ᠤᠨ ᠶᠠᠳᠠᠭᠤ᠂ ᠵᠠᠷᠢᠮ ᠥᠭᠡᠰ ᠤᠨ ᠣᠤᠠᠬ᠎ᠠ ᠶᠢ ᠭᠢᠳᠠᠤᠨ ᠶᠢᠡᠷ ᠳᠠᠢ᠌ᠯᠪᠣᠷᠢᠯᠠᠮᠠᠠᠵᠢᠨ ᠰᠠ‍‌ᠶᠢ ᠣᠢ᠌ᠯᠠᠭᠠᠳᠠᠭ᠃

ᠳᠡᠭᠡᠪᠠᠯ ᠶᠠᠭᠠᠭᠢᠪᠠᠯ ᠰᠠ‍‌ᠶᠢ ᠭᠡᠯᠡᠨ ᠤ ᠣᠷᠴᠢᠨ ᠤ ᠢᠪᠴᠤᠤᠷᠠᠯ ᠤᠨ ᠠᠰᠠᠭᠤᠳᠠᠯ ᠢ ᠨᠠᠯᠢᠶᠠᠤᠨ ᠪᠦᠳᠦᠮᠵᠢᠳᠡᠢ ᠰᠢ᠌ᠤᠠᠪᠣᠷᠢᠯᠠᠵᠤ ᠰᠤᠷᠤᠭᠴᠢᠳ ᠲᠤ ᠴᠠᠪᠠᠷ ᠰᠠᠢ᠌ᠬᠠᠨ ᠮᠥᠷᠳᠡᠭᠡᠨ ᠡᠯᠪᠠᠭ᠌ ᠪᠠᠶᠠᠯᠢᠭ ᠠᠭᠤᠯᠭ᠎ᠠ ᠲᠡᠶ ᠭᠡᠯᠡᠨ ᠤ ᠰᠤᠷᠤᠯᠴᠠᠯᠭ᠎ᠠ ᠶᠢᠨ ᠣᠷᠴᠢᠨ ᠢ ᠬᠠᠩᠭ᠋ᠠᠵᠤ ᠴᠢᠳᠠᠬᠤ ᠪᠣᠢ᠂ ᠳᠤᠰ ᠠᠰᠠᠭᠤᠳᠠᠯ ᠳᠤ ᠴᠢᠭᠯᠡᠭᠦᠯᠤᠨ ᠪᠢ ᠦᠪᠡᠷ ᠤᠨ ᠳᠤᠷᠰᠢᠯᠭ᠎ᠠ ᠪᠠ ᠣᠢ᠌ᠯᠭᠠᠯᠳᠠ ᠪᠠᠨ ᠶᠠᠷᠢᠶ᠎ᠠ᠃

ᠨᠢᠭᠡ᠂ ᠦᠨᠳᠦᠰᠦᠳᠠᠨ ᠶᠢᠡᠨ ᠬᠠᠢ᠌ᠷᠠᠯᠠᠬᠤ ᠭᠦᠮᠦᠵᠢᠯ ᠢ ᠣᠯᠭᠤᠨ᠂ ᠲᠦᠷᠦᠯᠭᠢ ᠭᠡᠯᠡ ᠪᠠᠨ ᠰᠤᠷᠴᠤ ᠭᠡᠷᠡᠭᠯᠡᠭᠦ ᠣᠬᠠᠮᠰᠠᠷ ᠢ ᠪᠣᠢ ᠪᠣᠯᠭᠠᠨ᠎ᠠ᠃

ᠦᠨᠳᠦᠰᠦᠳᠠᠨ ᠶᠢᠡᠨ ᠬᠠᠢ᠌ᠷᠠᠯᠠᠮᠠᠠᠵᠢᠨ ᠰᠠ‍‌ᠶᠢ ᠥᠭᠡ ᠭᠡᠯᠡ ᠪᠠᠨ ᠬᠠᠢ᠌ᠷᠠᠯᠠᠵᠤ ᠴᠢᠳᠠᠨ᠎ᠠ᠂ ᠥᠭᠡ ᠭᠡᠯᠡ ᠪᠠᠨ ᠬᠠᠢ᠌ᠷᠠᠯᠠᠮᠠᠠᠵᠢᠨ ᠰᠠ‍‌ᠶᠢ ᠲᠦᠷᠦᠯᠭᠢ ᠭᠡᠯᠡ ᠪᠠᠨ ᠰᠤᠷᠴᠤ ᠭᠡᠷᠡᠭᠯᠡᠭᠦ ᠣᠬᠠᠮᠰᠠᠷ ᠢ ᠭᠦᠮᠦᠵᠢᠭᠦᠯᠵᠤ ᠳᠠᠢ᠌ᠯᠤᠨ᠎ᠠ᠃ ᠦᠨᠳᠦᠰᠦᠳᠠᠨ ᠤ ᠬᠠᠢ᠌ᠷ᠎ᠠ ᠰᠡᠳᠬᠢᠯᠭᠡ ᠪᠣᠯ ᠰᠠ‍‌ᠶᠢ ᠦᠨᠳᠦᠰᠦᠳᠠᠨ ᠤ ᠰᠤᠶᠤᠯ᠂ ᠴᠢᠨᠠᠭᠰᠢᠯᠠᠪᠠᠯ ᠦᠨᠳᠦᠰᠦᠳᠠᠨ ᠶᠢᠡᠨ ᠭᠦᠭ᠍ᠵᠢᠭᠦᠯᠤᠨ ᠪᠠᠳᠠᠷᠠᠭᠤᠯᠬᠤ ᠭᠦᠳᠡᠯᠭᠡᠭ᠍ᠴᠢ ᠭᠦᠴᠤᠨ ᠮᠦᠨ᠂ ᠦᠨᠳᠦᠰᠦᠳᠠᠨ ᠤ ᠬᠠᠢ᠌ᠷ᠎ᠠ ᠰᠡᠳᠬᠢᠯᠭᠡ ᠶᠢ ᠬᠠᠷᠠᠬᠠᠨ ᠪᠠᠭ᠎ᠠ ᠡᠴᠡ ᠨᠢ ᠭᠦᠮᠦᠵᠢᠭᠦᠯᠭᠦ ᠭᠡᠷᠡᠭ᠍ᠳᠡᠢ᠃ ᠬᠤᠯᠢᠮᠠᠭ ᠭᠡᠯᠡ ᠪᠠᠷ ᠶᠠᠷᠢᠬᠤ᠂ ᠲᠦᠷᠦᠯᠭᠢ ᠭᠡᠯᠡ ᠪᠠᠨ ᠣᠷᠭᠢᠬᠤ ᠨᠢ ᠢᠴᠢᠭᠦᠷᠢᠳᠡᠢ ᠭᠡᠳᠡᠭ᠌ ᠢ ᠳᠠᠳᠠᠨ ᠤ ᠨᠢᠯᠬ᠎ᠠ ᠪᠠᠭ᠎ᠠ ᠣᠶᠤᠨ ᠣᠬᠠᠭᠠᠨ ᠳᠤ ᠭᠦᠨ ᠰᠠᠭᠤᠭᠳᠠᠭᠤᠯᠬᠤ ᠭᠡᠷᠡᠭ᠍ᠳᠡᠢ᠃

ᠦᠨᠳᠦᠰᠦᠳᠠᠨ ᠤ ᠬᠠᠢ᠌ᠷ᠎ᠠ ᠰᠡᠳᠬᠢᠯᠭᠡ ᠶᠢ ᠭᠦᠮᠦᠵᠢᠭᠦᠯᠭᠦ ᠨᠢ ᠰᠤᠷᠤᠭᠴᠢᠳ ᠤᠨ ᠦᠵᠡᠯ ᠰᠡᠳᠬᠢᠯᠭᠡ ᠶᠢ ᠰᠢᠭᠤᠳ ᠨᠥᠯᠦᠭᠡᠯᠡᠨ᠎ᠡ᠂ ᠳᠠᠳᠠ ᠲᠦᠷᠦᠯᠭᠢ ᠭᠡᠯᠡ ᠪᠠᠨ ᠰᠤᠷᠴᠤ ᠭᠡᠷᠡᠭᠯᠡᠭᠦ ᠦᠵᠡᠯ ᠰᠡᠳᠬᠢᠯᠭᠡ ᠲᠡᠶ ᠪᠣᠯᠤᠮᠠᠠᠵᠢᠨ ᠰᠠ‍‌ᠶᠢ ᠥᠭᠡ ᠭᠡᠯᠡ᠂ ᠥᠰᠦᠭ᠌ ᠪᠢᠴᠢᠭ᠌ ᠶᠢᠡᠨ ᠰᠠᠢ᠌ᠨ ᠰᠤᠷᠴᠤ ᠳᠠᠢ᠌ᠯᠤᠨ᠎ᠠ᠃ ᠡᠨᠡ ᠨᠢ ᠶᠠᠭ ᠨᠤᠮ ᠤᠨ ᠰᠠᠩ ᠤᠨ ᠬᠠᠮᠢᠶᠠᠷᠤᠭᠴᠢ ᠲᠡᠶ ᠠᠳᠠᠯᠢᠬᠠᠨ᠂ ᠳᠠᠳᠠ ᠣᠬᠠᠮᠰᠠᠷ ᠡᠴᠡ ᠪᠠᠨ ᠨᠤᠮ ᠪᠢᠴᠢᠭ᠌ ᠥᠵᠡᠭᠦ ᠦᠭᠡᠶ ᠪᠣᠯ ᠭᠡᠳᠦᠢ ᠰᠠᠢ᠌ᠨ ᠨᠥᠭᠦᠴᠡᠯ ᠲᠤᠬᠢᠶᠠᠯ ᠪᠠᠢ᠌ᠯ᠎ᠠ ᠭᠡᠳ ᠮᠡᠳᠡᠯᠭᠡ ᠪᠠᠨ ᠨᠡᠮᠡᠭ᠍ᠳᠡᠭᠦᠯᠵᠤ ᠳᠡᠢ᠌ᠯᠭᠦ ᠦᠭᠡᠶ ᠶᠤᠮ᠃

ᠭᠢᠴᠢᠶᠠᠯ ᠤᠨ ᠭᠠᠳᠠᠭᠤᠷ ᠢᠯᠡᠭᠦᠭᠡᠨ ᠮᠤᠩᠭ᠋ᠤᠯ ᠨᠤᠮ ᠪᠢᠴᠢᠭ᠌ ᠣᠩᠰᠢᠬᠤ᠂ ᠮᠤᠩᠭ᠋ᠤᠯ ᠳᠸᠯᠸᠢᠰ ᠢᠯᠠᠩᠭ᠋ᠤᠶ᠎ᠠ ᠦᠨᠳᠦᠰᠦᠳᠠᠨ ᠤ ᠰᠤᠶᠤᠯ᠂ ᠵᠠᠩ ᠠᠷᠠᠩᠰᠢᠨ ᠤ ᠳᠤᠬᠠᠢ ᠫᠡᠷᠦᠭ᠍ᠷᠡᠮ ᠪᠠ ᠺᠢᠨᠤ᠋ ᠰᠤᠨᠢᠷᠬᠠᠬᠤ᠂ ᠮᠤᠩᠭ᠋ᠤᠯ ᠰᠦᠯᠵᠢᠶᠠᠨ ᠳᠤ ᠭᠠᠷᠬᠤ ᠵᠡᠷᠭᠡ ᠨᠢ ᠪᠦᠷ ᠰᠤᠷᠤᠭᠴᠢᠳ ᠤᠨ ᠮᠤᠩᠭ᠋ᠤᠯ ᠭᠡᠯᠡ ᠪᠠᠨ ᠰᠤᠷᠴᠤ ᠡᠵᠡᠮᠰᠢᠭᠦ ᠳᠠᠷᠠᠴᠢᠯᠠᠨ ᠦᠨᠳᠦᠰᠦᠳᠠᠨ ᠤ ᠬᠠᠢ᠌ᠷ᠎ᠠ ᠰᠡᠳᠬᠢᠯᠭᠡ ᠶᠢ ᠭᠦᠮᠦᠵᠢᠭᠦᠯᠭᠦ ᠳᠤ ᠠᠰᠢᠭᠳᠠᠢ᠂ ᠭᠡᠳᠥᠢᠪᠠᠷ ᠮᠤᠩᠭ᠋ᠤᠯ ᠭᠡᠯᠡᠨ ᠤ ᠨᠤᠮ ᠰᠡᠳᠭᠦᠯ᠂ ᠺᠢᠨᠤ᠋ ᠳᠸᠯᠸᠢᠰ ᠪᠠ ᠳᠤᠤᠷ ᠰᠦᠯᠵᠢᠶᠠᠨ ᠤ ᠡᠭᠢ ᠪᠠᠶᠠᠯᠢᠭ ᠪᠣᠰᠤᠳ ᠭᠡᠯᠡᠨ ᠤ ᠭᠢ ᠶᠢ ᠪᠣᠳᠤᠪᠠᠯ ᠳᠣᠢ᠌ᠯ ᠤᠨ ᠬᠤᠮᠰᠠ ᠪᠠᠢ᠌ᠯ᠎ᠠ ᠴᠤ ᠭᠡᠰᠡᠨ ᠡᠨᠡ ᠪᠦᠭᠦᠨ ᠨᠢ 《ᠮᠠᠨ ᠤ ᠦᠪᠡᠷ ᠤᠨ᠂ ᠪᠢᠳᠠ ᠪᠦᠭᠦᠨ ᠬᠠᠮᠠᠭᠠᠯᠠᠨ ᠭᠦᠭ᠍ᠵᠢᠭᠦᠯᠭᠦ ᠭᠡᠷᠡᠭ᠍ᠳᠡᠢ》 ᠭᠡᠰᠡᠨ ᠳᠠᠨᠢᠯᠳᠠ ᠶᠢ ᠪᠣᠢ ᠪᠣᠯᠭᠠᠪᠠᠯ ᠦᠨᠳᠦᠰᠦᠳᠠᠨ ᠤ ᠰᠤᠶᠤᠯ ᠰᠠ‍‌ᠶᠢ ᠢᠷᠡᠭᠡᠳᠦᠢ ᠲᠡᠶ ᠪᠣᠯᠵᠤ ᠴᠢᠳᠠᠨ᠎ᠠ᠃

ᠬᠤᠶᠠᠷ᠂ ᠰᠤᠷᠭᠠᠭᠤᠯᠢ ᠨᠢ ᠰᠢᠯᠢᠳᠡᠭ᠌ ᠰᠠᠢ᠌ᠨ ᠥᠭᠡ᠂ ᠥᠰᠦᠭ᠌ ᠪᠢᠴᠢᠭ᠌ ᠤᠨ ᠣᠷᠴᠢᠨ ᠳᠤᠭᠤᠷᠢᠨ ᠢ ᠪᠣᠢ ᠪᠣᠯᠭᠠᠬᠤ ᠭᠡᠷᠡᠭ᠍ᠳᠡᠢ᠃

ᠰᠤᠷᠭᠠᠭᠤᠯᠢ ᠨᠢ ᠰᠤᠶᠤᠯ ᠤᠨ ᠥᠯᠦᠭᠡᠢ ᠮᠦᠨ᠂ ᠡᠭᠦᠨ ᠢ ᠪᠢᠳᠠ ᠵᠥᠪᠭᠡᠨ ᠬᠡᠦᠬᠡᠳ ᠪᠠᠭᠠᠴᠤᠳ ᠲᠤ ᠡᠷᠳᠡᠮ ᠮᠡᠳᠡᠯᠭᠡ ᠵᠢᠭᠠᠨ ᠰᠤᠷᠭᠠᠵᠤ ᠡᠭᠡ ᠣᠷᠤᠨ ᠳᠠᠭᠠᠨ ᠴᠢᠳᠠᠪᠣᠷᠢᠳᠠᠨ ᠭᠦᠮᠦᠵᠢᠭᠦᠯᠳᠡᠭ᠌ ᠰᠤᠶᠤᠯ ᠤᠨ ᠥᠯᠦᠭᠡᠢ ᠭᠡᠵᠤ ᠣᠢ᠌ᠯᠭᠠᠭᠠᠤᠨ ᠪᠣᠯᠬᠤ ᠦᠭᠡᠶ᠂ ᠨᠠᠩ ᠴᠢᠬᠤᠯᠠ ᠨᠢ ᠰᠤᠷᠭᠠᠭᠤᠯᠢ ᠨᠢ ᠳᠠᠳᠠᠨᠠᠷ ᠲᠤ ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌᠂ ᠳᠡᠦᠭᠡ ᠰᠤᠶᠤᠯ ᠢ ᠣᠯᠠᠮᠵᠢᠯᠠᠨ ᠭᠦᠭ᠍ᠵᠢᠭᠦᠯᠳᠡᠭ᠌ ᠦᠨᠳᠦᠰᠦᠳᠠᠨ ᠤ ᠰᠤᠶᠤᠯ ᠤᠨ ᠥᠯᠦᠭᠡᠢ ᠭᠡᠵᠤ ᠥᠵᠡᠭᠦ ᠶᠤᠰᠤᠳᠠᠢ᠃ ᠶᠠᠮᠠᠷ ᠨᠢᠭᠡᠨ ᠭᠠᠵᠠᠷ ᠣᠷᠤᠨ ᠭᠡᠰᠡᠨ ᠦᠭᠡᠶ ᠳᠤᠰ ᠭᠠᠵᠠᠷ ᠣᠷᠤᠨ ᠤ ᠮᠤᠩᠭ᠋ᠤᠯ ᠦᠨᠳᠦᠰᠦᠳᠠᠨ ᠤ ᠦᠨᠳᠦᠰᠦᠨ ᠪᠠᠢ᠌ᠳᠠᠯ ᠢ ᠬᠠᠮᠤᠭ ᠢᠯᠠ ᠳᠤᠳᠤ ᠬᠠᠷᠠᠭᠤᠯᠵᠤ ᠳᠡᠢ᠌ᠯᠭᠦ ᠨᠢ ᠳᠤᠬᠠᠢ ᠶᠢᠨ ᠭᠠᠵᠠᠷ ᠤᠨ ᠮᠤᠩᠭ᠋ᠤᠯ ᠰᠤᠷᠭᠠᠭᠤᠯᠢ ᠮᠦᠨ᠂ ᠰᠤᠷᠭᠠᠭᠤᠯᠢ ᠶᠢᠨ ᠪᠠᠢ᠌ᠳᠠᠯ ᠨᠢ ᠪᠢᠳᠠ ᠪᠦᠭᠦᠨ ᠳᠤ ᠳᠤᠰ ᠭᠠᠵᠠᠷ ᠤᠨ ᠮᠤᠩᠭ᠋ᠤᠯ ᠦᠨᠳᠦᠰᠦᠳᠠᠨ ᠤ ᠠᠵᠤ ᠠᠮᠢᠳᠤᠷᠠᠯ᠂ ᠥᠭᠡ ᠭᠡᠯᠡ᠂ ᠵᠠᠩ ᠳᠠᠳᠬᠠᠯ ᠤᠨ ᠬᠠᠮᠤᠭ ᠤᠨ ᠰᠢᠭᠤᠳ ᠳᠤᠰᠬᠠᠯ ᠮᠦᠨ᠃

ᠣᠠᠴᠠᠯᠢᠭᠳᠤ ᠰᠤᠷᠭᠠᠭᠤᠯᠢ ᠶᠢ ᠪᠦᠳᠦᠭᠡᠨ ᠪᠠᠢ᠌ᠭᠤᠯᠬᠤ ᠱᠠᠭᠠᠷᠳᠠᠯᠭ᠎ᠠ ᠨᠢ ᠵᠥᠪᠭᠡᠨ ᠭᠠᠳᠠᠷ ᠥᠩᠭᠡ ᠳᠦᠷᠭᠦ ᠶᠢᠨ ᠱᠠᠭᠠᠷᠳᠠᠯᠭ᠎ᠠ ᠪᠢᠰᠢ᠂ ᠳᠠᠭᠤᠤ ᠳᠠᠮᠢᠷ ᠵᠢᠷᠤᠭ ᠵᠡᠷᠭᠡ ᠶᠠᠮᠠᠷ ᠨᠢᠭᠡᠨ ᠭᠢᠴᠢᠶᠠᠯ ᠲᠦᠷᠦᠯ ᠤᠨ ᠳᠠᠪᠠᠭᠤᠯᠢᠭ ᠪᠢᠰᠢ ᠬᠠᠷᠢᠨ ᠰᠤᠷᠭᠠᠭᠤᠯᠢ ᠶᠢᠨ ᠦᠪᠡᠷᠮᠢᠴᠠ ᠰᠤᠶᠤᠯ ᠤᠨ ᠣᠷᠴᠢᠨ ᠳᠤᠭᠤᠷᠢᠨ ᠤ ᠪᠠᠢ᠌ᠭᠤᠯᠤᠯᠳᠠ ᠮᠦᠨ᠂ ᠮᠤᠩᠭ᠋ᠤᠯ ᠰᠤᠷᠭᠠᠭᠤᠯᠢ ᠨᠢ ᠵᠠᠪᠠᠯ ᠦᠪᠡᠷ ᠤᠨ ᠭᠡᠰᠡᠨ ᠦᠨᠳᠦᠰᠦᠳᠠᠨ ᠤ ᠰᠤᠶᠤᠯ ᠤᠨ ᠥᠩᠭᠡ ᠪᠣᠳᠤᠭ ᠢᠯᠠ ᠳᠤᠳᠤ ᠪᠠᠢ᠌ᠪᠠᠯ ᠵᠤᠭᠢᠨ᠎ᠠ᠃

ᠦᠨᠳᠦᠰᠦᠳᠠᠨ ᠤ ᠰᠤᠷᠭᠠᠭᠤᠯᠢ ᠨᠢ ᠠᠯᠢᠪᠠ ᠪᠢᠴᠢᠭ᠌ ᠮᠠᠲ᠋ᠸᠷᠢᠶᠠᠯ᠂ ᠳᠠᠩᠰᠠ ᠡᠪᠭᠡᠮᠡᠯ ᠶᠢᠡᠨ ᠮᠤᠩᠭ᠋ᠤᠯ ᠥᠰᠦᠭ᠌ ᠪᠢᠴᠢᠭ᠌ ᠶᠢᠡᠷ ᠪᠡᠯᠡᠳᠭᠡᠪᠠᠯ ᠵᠤᠭᠢᠨ᠎ᠠ᠂ ᠣᠠᠴᠠᠭᠠᠢ ᠪᠠᠢ᠌ᠳᠠᠯ ᠳᠤ ᠮᠤᠩᠭ᠋ᠤᠯ ᠭᠢᠳᠠᠤᠨ ᠬᠤᠶᠠᠷ ᠥᠰᠦᠭ᠌ ᠪᠢᠴᠢᠭ᠌ ᠢ ᠭᠡᠷᠡᠭᠯᠡᠭ᠍ᠰᠡᠨ ᠴᠤ ᠳᠠᠩ ᠭᠠᠭᠴᠠ ᠭᠢᠳᠠᠤᠨ ᠥᠰᠦᠭ᠌ ᠪᠢᠴᠢᠭ᠌ ᠭᠡᠷᠡᠭᠯᠡᠭᠦ ᠶᠢ ᠴᠡᠭᠡᠷᠯᠡᠨ᠂ ᠮᠤᠩᠭ᠋ᠤᠯ ᠥᠭᠡ ᠭᠡᠯᠡ᠂ ᠥᠰᠦᠭ᠌ ᠪᠢᠴᠢᠭ᠌ ᠶᠢᠡᠨ ᠳᠡᠷᠢᠭᠦᠨ ᠪᠠᠢ᠌ᠷᠢ ᠳᠤ ᠳᠠᠯᠪᠢᠪᠠᠯ ᠵᠤᠭᠢᠨ᠎ᠠ᠂ ᠡᠨᠡ ᠨᠢ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠤᠩᠭ᠋ᠤᠯ ᠥᠭᠡ ᠭᠡᠯᠡ ᠥᠰᠦᠭ᠌ ᠪᠢᠴᠢᠭ᠌ ᠤᠨ ᠠᠵᠢᠯ ᠤᠨ ᠳᠦᠷᠢᠮ》 ᠳᠤ ᠨᠡᠢ᠌ᠴᠡᠭᠦ ᠮᠥᠷᠳᠡᠭᠡᠨ ᠪᠢᠳᠠ ᠣᠬᠠᠮᠰᠠᠷ ᠡᠴᠡ ᠪᠠᠨ ᠪᠠᠷᠢᠮᠳᠠᠯᠠᠬᠤ ᠭᠡᠷᠡᠭ᠍ᠳᠡᠢ᠃ 《ᠦᠪᠡᠷ ᠢ ᠪᠠᠨ ᠪᠢᠳᠠ ᠭᠦᠡᠳᠦᠳᠭᠡᠭᠦ ᠦᠭᠡᠶ ᠪᠣᠯ ᠥᠷᠦᠭᠡᠯ ᠪᠣᠰᠤᠳ ᠴᠤ ᠣᠢ᠌ᠰᠢᠶᠠᠬᠤ ᠦᠭᠡᠶ》᠂ ᠡᠭᠦᠨ ᠳᠤ ᠪᠢᠳᠠ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ ᠶᠢᠨ ᠭᠢᠳᠠᠤᠨ ᠶᠢᠡᠷ ᠪᠢᠴᠢᠭ᠍ᠰᠡᠨ ᠭᠡᠷ᠎ᠡ ᠶᠢᠨ ᠳᠤᠬᠠᠢ ᠳᠤᠤᠷ ᠰᠦᠯᠵᠢᠶᠠᠨ ᠤ ᠮᠡᠳᠡᠭᠡ *1 ᠪᠠᠷ ᠯᠠᠪᠯᠠᠯᠳᠠ ᠪᠣᠯᠭᠠᠵᠤ ᠪᠣᠯᠤᠨ᠎ᠠ᠃ ᠬᠠᠷᠢᠨ 《ᠺᠤᠮᠫᠢᠦ᠋ᠲ᠋ᠧᠷ ᠤᠨ ᠰᠤᠹᠲ᠋ ᠪᠠᠷ ᠠᠵᠢᠯᠯᠠᠬᠤ ᠠᠷᠭ᠎ᠠ ᠦᠭᠡᠶ》 ᠭᠡᠬᠦ ᠮᠠᠳᠤ ᠶᠢᠨ ᠬᠤᠭᠤᠰᠤᠨ ᠰᠢᠯᠳᠠᠭ ᠡᠷᠢᠵᠤ ᠪᠣᠯᠬᠤ ᠦᠭᠡᠶ᠃

ᠰᠤᠷᠭᠠᠭᠤᠯᠢ ᠶᠢᠨ ᠭᠡᠪᠴᠢᠶᠡᠨ ᠳᠤ ᠭᠢᠴᠢᠶᠠᠯ ᠤᠨ ᠡᠭᠢ ᠪᠠᠶᠠᠯᠢᠭ ᠢ ᠢᠳᠠᠪᠭᠢᠳᠠᠢ ᠨᠡᠭᠡᠭᠡᠨ ᠠᠰᠢᠭᠯᠠᠬᠤ ᠪᠠ ᠪᠦᠳᠦᠭᠡᠨ ᠪᠠᠢ᠌ᠭᠤᠯᠬᠤ ᠭᠡᠷᠡᠭ᠍ᠳᠡᠢ᠃ ᠣᠳᠤ ᠶᠢᠨ ᠭᠢᠴᠢᠶᠠᠯ ᠤᠨ ᠥᠭᠡᠷᠡᠴᠢᠯᠡᠯᠳᠡ ᠳᠤ ᠭᠢᠴᠢᠶᠠᠯ ᠤᠨ ᠡᠭᠢ ᠪᠠᠶᠠᠯᠢᠭ ᠤᠨ ᠣᠢ᠌ᠯᠠᠳᠤᠯ ᠢ ᠨᠢᠭᠡᠨ ᠡᠭᠢᠯᠡᠯᠳᠡ ᠶᠢᠨ ᠴᠡᠭ᠌ ᠪᠠ ᠭᠦᠴᠢᠷᠳᠡᠯᠭᠡ ᠪᠠᠷ ᠥᠵᠡᠭ᠍ᠰᠡᠨ ᠨᠢ ᠨᠢᠭᠡᠨ ᠰᠢᠨ᠎ᠠ ᠠᠭᠢᠯᠳᠠ ᠶᠤᠮ᠃ ᠦᠨᠳᠦᠰᠦᠳᠠᠨ ᠤ ᠰᠤᠷᠭᠠᠭᠤᠯᠢ ᠳᠤ ᠠᠪᠴᠤ ᠭᠡᠯᠡᠪᠠᠯ ᠮᠤᠩᠭ᠋ᠤᠯ ᠭᠡᠯᠡᠨ ᠤ ᠣᠷᠴᠢᠨ ᠨᠢ ᠭᠡᠳᠥᠢᠪᠠᠷ ᠪᠠᠢ᠌ᠭᠠᠯᠢ ᠶᠢᠨ ᠥᠭᠡ ᠭᠡᠯᠡᠨ ᠤ (ᠪᠣᠶᠤ ᠲᠦᠷᠦᠯᠭᠢ ᠥᠭᠡ ᠭᠡᠯᠡᠨ ᠤ) ᠣᠷᠴᠢᠨ ᠳᠤ ᠬᠠᠷᠢᠶᠠᠯᠠᠭᠳᠠᠬᠤ ᠪᠣᠯᠪᠠᠴᠤ ᠦᠨᠳᠦᠰᠦᠳᠠᠨ ᠤ ᠦᠪᠡᠷᠮᠢᠴᠠ ᠰᠤᠶᠤᠯ ᠶᠡᠭᠡ ᠭᠡᠮᠵᠢᠶ᠎ᠡ ᠪᠠᠷ ᠭᠡᠭᠡᠭ᠍ᠳᠡᠵᠤ ᠪᠠᠢ᠌ᠭ᠎ᠠ ᠡᠨᠡ ᠡᠷᠡᠨ ᠳᠤ ᠪᠢᠳᠠ ᠵᠤᠬᠢᠶᠠᠮᠠᠯ ᠥᠭᠡ ᠭᠡᠯᠡᠨ ᠤ ᠣᠷᠴᠢᠨ (ᠵᠢᠱᠢᠶᠠᠯᠠᠪᠠᠯ ᠳᠦᠯ ᠳᠤᠰᠬᠤ ᠵᠡᠷᠭᠡ ᠮᠠᠯᠵᠢᠬᠤ ᠠᠮᠢᠳᠤᠷᠠᠯ ᠤᠨ ᠶᠠᠮᠠᠷ ᠨᠢᠭᠡᠨ ᠰᠠᠳᠤᠪ ᠶᠢᠡᠷ ᠵᠢᠱᠢᠶᠡᠯᠡᠭ᠍ᠰᠡᠨ ᠣᠬᠤᠷ ᠹᠢᠯᠢᠮ ᠪᠣᠶᠤ ᠺᠢᠨᠤ᠋ ᠵᠡᠷᠭᠡ) ᠊ᠢ ᠠᠰᠢᠭᠯᠠᠬᠤ ᠨᠢ ᠶᠠᠪᠣᠬᠤ ᠳᠤᠳᠤᠮ ᠴᠢᠬᠤᠯᠠ ᠪᠣᠯᠵᠤ ᠪᠠᠢ᠌ᠨ᠎ᠠ᠃ ᠡᠨᠡ ᠳᠠᠯ᠎ᠠ ᠪᠠᠷ ᠦᠨᠳᠦᠰᠦᠳᠠᠨ ᠤ ᠰᠤᠷᠭᠠᠭᠤᠯᠢ ᠨᠢ ᠳᠤᠤᠷᠠᠭᠢ ᠭᠡᠳᠤᠨ ᠳᠠᠯ᠎ᠠ ᠶᠢᠨ ᠠᠵᠢᠯ ᠢ ᠭᠢᠵᠤ ᠪᠣᠯᠤᠨ᠎ᠠ᠃

ᠦᠨᠳᠦᠰᠦᠳᠠᠨ ᠤ ᠰᠤᠷᠭᠠᠭᠤᠯᠢ ᠨᠢ ᠨᠢᠭᠡ ᠶᠤᠰᠤᠨ ᠤ ᠮᠤᠩᠭ᠋ᠤᠯ ᠰᠤᠶᠤᠯ ᠤᠨ 《ᠳᠡᠦᠭᠡᠨ ᠮᠦᠽᠸᠢ》 ᠪᠠᠢ᠌ᠬᠤ ᠶᠤᠰᠤᠳᠠᠢ᠃ ᠨᠥᠭᠦᠴᠡᠯ ᠲᠡᠶ ᠰᠤᠷᠭᠠᠭᠤᠯᠢ ᠨᠢ ᠦᠪᠡᠷ ᠤᠨ ᠦᠨᠳᠦᠰᠦᠳᠠᠨ ᠤ ᠰᠤᠶᠤᠯ ᠤᠨ ᠥᠵᠡᠭᠦᠯᠦᠯᠭᠡ ᠶᠢᠨ ᠳᠠᠩᠭᠢᠮ ᠪᠠᠢ᠌ᠭᠤᠯᠵᠤ ᠪᠣᠯᠤᠨ᠎ᠠ᠂ ᠡᠨᠡ ᠨᠢ ᠰᠤᠷᠤᠭᠴᠢᠳ ᠲᠤ ᠰᠢᠭᠤᠳ ᠰᠠᠷᠠᠯ ᠤᠨ ᠮᠡᠳᠡᠯᠭᠡ᠂ ᠰᠤᠶᠤᠯ ᠤᠨ ᠣᠷᠴᠢᠨ ᠬᠠᠩᠭ᠋ᠠᠵᠤ ᠳᠠᠢ᠌ᠯᠤᠨ᠎ᠠ᠂ ᠡᠰᠡᠪᠠᠯ ᠳᠤᠬᠠᠢ ᠶᠢᠨ ᠭᠠᠵᠠᠷ ᠣᠷᠤᠨ ᠤ ᠪᠠᠨ ᠮᠦᠽᠧᠢ᠂ ᠰᠤᠶᠤᠯ ᠤᠨ ᠣᠷᠳᠤᠨ ᠵᠡᠷᠭᠡ ᠬᠤᠯᠪᠣᠭᠳᠠᠯ ᠪᠦᠭᠦᠢ ᠰᠠᠯᠠᠭ᠎ᠠ ᠮᠦᠴᠢᠷ ᠲᠡᠶ ᠵᠦᠪᠳᠠᠯᠴᠠᠨ ᠪᠠᠢ᠌ᠩᠭ᠋ᠤ ᠶᠢᠨ ᠴᠢᠨᠠᠷᠳᠠᠢ ᠬᠠᠮᠳᠤᠷᠠᠭᠰᠠᠨ ᠠᠵᠢᠯᠯᠠᠭ᠎ᠠ ᠥᠷᠨᠢᠭᠦᠯᠵᠤ ᠰᠤᠷᠤᠭᠴᠢᠳ ᠲᠤ ᠦᠨᠳᠦᠰᠦᠳᠠᠨ ᠤ ᠰᠤᠶᠤᠯ ᠶᠢᠡᠨ ᠣᠯᠠᠮᠵᠢᠯᠠᠨ ᠳᠡᠯᠭᠡᠷᠡᠭᠦᠯᠪᠠᠯ ᠵᠤᠭᠢᠨ᠎ᠠ᠃ ᠵᠢᠱᠢᠶᠠᠯᠠᠵᠤ ᠭᠡᠯᠡᠭᠦ ᠳᠤ ᠨᠢᠭᠡ ᠣᠨ ᠤ ᠳᠡᠭᠡᠳᠤ ᠬᠤᠭᠤᠴᠠᠭ᠎ᠠ ᠰᠤᠷᠤᠭᠰᠠᠨ 〈ᠬᠠᠨ᠎ᠠ〉 〈ᠣᠨᠢ〉 ᠭᠡᠭᠦ ᠮᠠᠳᠤ ᠶᠢᠨ ᠥᠭᠡᠰ ᠢ ᠵᠢᠷᠤᠭ ᠦᠵᠡᠵᠤ ᠰᠤᠷᠤᠭᠰᠠᠨ ᠰᠤᠷᠤᠭᠴᠢᠳ ᠪᠣᠳᠠᠳᠤ ᠶᠠᠭᠤᠮ᠎ᠠ ᠶᠢ ᠨᠢ ᠥᠵᠡᠭᠡᠳ ᠨᠠᠷᠠᠯᠠᠵᠤ ᠴᠢᠳᠠᠬᠤ ᠦᠭᠡᠶ ᠨᠢ ᠪᠢᠳᠠ ᠪᠦᠭᠦᠨ ᠤ ᠢᠴᠢᠭᠦᠷᠢ ᠪᠣᠯᠬᠤ ᠶᠤᠰᠤᠳᠠᠢ᠂ ᠡᠨᠡ ᠨᠢ ᠭᠠᠭᠴᠠ ᠪᠠᠭᠰᠢ ᠶᠢᠨ ᠪᠣᠷᠤᠭᠤ ᠪᠢᠰᠢ᠂ ᠬᠠᠷᠢᠨ ᠪᠢᠳᠠ ᠪᠦᠭᠦᠨ ᠳᠤ ᠦᠨᠳᠦᠰᠦᠳᠠᠨ ᠤ ᠰᠤᠶᠤᠯ ᠶᠢᠡᠨ ᠣᠯᠠᠮᠵᠢᠯᠠᠬᠤ ᠪᠣᠳᠠᠳᠤ ᠦᠪ ᠭᠦᠷᠦᠩᠭᠡ ᠭᠢᠷᠢ ᠵᠡᠷᠭᠡ ᠭᠦᠷᠦᠯᠴᠡᠭᠦ ᠦᠭᠡᠶ ᠶᠢ ᠬᠠᠷᠠᠭᠤᠯᠵᠤ ᠪᠠᠢ᠌ᠨ᠎ᠠ᠂ ᠡᠢ᠌ᠮᠤ ᠡᠴᠡ ᠦᠨᠳᠦᠰᠦᠳᠠᠨ ᠤ ᠦᠪ ᠰᠤᠶᠤᠯ ᠭᠡᠭᠡᠭ᠍ᠳᠡᠵᠤ ᠪᠦᠭᠦᠢ ᠡᠨᠡ ᠡᠷᠡᠨ ᠳᠤ ᠰᠤᠷᠭᠠᠭᠤᠯᠢ ᠨᠢ ᠦᠪᠡᠷ ᠤᠨ ᠭᠡᠰᠡᠨ ᠰᠤᠶᠤᠯ ᠤᠨ ᠪᠣᠳᠠᠳᠤ ᠦᠪ ᠭᠦᠷᠦᠩᠭᠡ ᠶᠢ ᠱᠠᠭᠠᠷᠳᠠᠵᠤ ᠪᠠᠢ᠌ᠨ᠎ᠠ᠃ ᠦᠪᠡᠷ ᠤᠨ ᠪᠠᠢ᠌ᠳᠠᠯ ᠳᠠᠭᠠᠨ ᠳᠤᠭᠢᠷᠠᠭᠤᠯᠤᠨ ᠮᠤᠩᠭ᠋ᠤᠯ ᠭᠡᠷ ᠪᠣᠶᠤ ᠪᠣᠰᠤᠳ ᠮᠤᠩᠭ᠋ᠤᠯ ᠰᠤᠶᠤᠯ ᠤᠨ ᠣᠯᠠᠮᠵᠢᠯᠠᠯᠳᠤ ᠡᠳ᠋ ᠭᠡᠷᠡᠭ᠍ᠰᠡᠯ ᠢ ᠴᠤᠭᠯᠠᠭᠤᠯᠤᠨ ᠥᠵᠡᠰᠭᠦᠯᠡᠩ ᠭᠠᠷᠭᠠᠬᠤ ᠨᠢ ᠳᠠᠳᠣᠢ᠌ᠯᠠ ᠶᠡᠭᠡ ᠵᠠᠷᠤᠳᠠᠯ ᠮᠥᠩᠭᠦ ᠪᠠ ᠭᠦᠴᠤᠨ ᠣᠷᠤᠬᠤ ᠦᠭᠡᠶ ᠶᠤᠮ᠃

ᠵᠢᠭᠠᠨ ᠰᠤᠷᠭᠠᠯᠳᠠ ᠨᠢ ᠭᠢᠴᠢᠶᠠᠯ ᠤᠨ ᠭᠡᠷ ᠲᠤ ᠯᠠ ᠣᠶᠠᠭᠳᠠᠵᠤ ᠪᠣᠯᠬᠤ ᠦᠭᠡᠶ᠂ ᠨᠠᠩ ᠴᠤ ᠭᠢᠴᠢᠶᠠᠯ ᠤᠨ ᠨᠤᠮ᠂ ᠬᠠᠷ᠎ᠠ ᠰᠠᠮᠪᠠᠷ᠎ᠠ ᠳᠤ ᠪᠠᠷᠢᠭᠳᠠᠵᠤ ᠪᠣᠯᠬᠤ ᠦᠭᠡᠶ᠃ ᠰᠤᠷᠤᠭᠴᠢᠳ ᠤᠨ ᠪᠦᠭᠦ ᠳᠠᠯ᠎ᠠ ᠶᠢᠨ ᠭᠦᠭ᠍ᠵᠢᠯᠳᠡ ᠪᠠᠷ ᠬᠠᠷᠠᠯᠳᠠ ᠪᠣᠯᠭᠠᠭᠰᠠᠨ ᠭᠡᠪ ᠴᠢᠨᠠᠷ ᠤᠨ ᠰᠤᠷᠭᠠᠨ ᠭᠦᠮᠦᠵᠢᠯ ᠨᠢ ᠪᠢᠳᠠᠨ ᠢ ᠵᠢᠭᠠᠬᠤ ᠠᠷᠭ᠎ᠠ ᠠᠪᠴᠠᠯ ᠶᠢᠠᠨ ᠣᠯᠠᠮ ᠴᠢᠯᠦᠭᠡᠳᠡᠢ᠂ ᠣᠯᠠᠮ ᠠᠮᠢᠳᠤᠯᠢᠭ ᠪᠣᠯᠭᠠᠬᠤ ᠶᠢ ᠱᠠᠭᠠᠷᠳᠠᠵᠤ ᠪᠠᠢ᠌ᠨ᠎ᠠ᠃ ᠳᠠᠪᠣᠳᠤᠭᠠᠷ ᠣᠨ ᠤ ᠳᠤᠤᠷᠠᠳᠤ ᠬᠤᠭᠤᠴᠠᠭ᠎ᠠ ᠶᠢᠨ 《ᠭᠡᠯᠡ ᠪᠢᠴᠢᠭ᠌》 ᠲᠤ ᠪᠠᠢ᠌ᠭ᠎ᠠ 《ᠭᠠᠩᠭ᠋ᠠᠩ ᠣᠷᠭᠠᠴᠢᠨ》 ᠭᠡᠭᠦ ᠭᠢᠴᠢᠶᠠᠯ ᠳ᠋ᠠᠭᠢ 《ᠭᠤᠷᠮᠤᠰᠤᠨ ᠬᠣᠢ᠌ᠪᠢ》 《ᠴᠢᠭᠢᠯᠵᠢᠭᠦᠷ》 ᠁ ᠵᠡᠷᠭᠡ ᠥᠭᠡ ᠥᠭᠦᠯᠡᠪᠦᠷᠢ ᠨᠢ ᠮᠠᠯᠵᠢᠬᠤ ᠠᠮᠢᠳᠤᠷᠠᠯ ᠶᠢᠡᠨ ᠮᠡᠳᠡᠭᠦ ᠦᠭᠡᠶ ᠣᠢ᠌ᠯᠭᠠᠬᠤ ᠦᠭᠡᠶ ᠰᠤᠷᠤᠭᠴᠢᠳ ᠲᠤ ᠠᠪᠴᠤ ᠭᠡᠯᠡᠪᠠᠯ ᠠᠩᠭ᠍ᠯᠢ ᠭᠡᠯᠡᠨ ᠤ ᠳᠠᠩ ᠥᠭᠡᠰ ᠡᠴᠡ ᠴᠤ ᠭᠦᠴᠢᠷ ᠶᠤᠮ᠃ ᠳᠤᠰ ᠭᠢᠴᠢᠶᠠᠯ ᠢ ᠵᠢᠭᠠᠬᠤ ᠳᠠᠭᠠᠨ ᠪᠣᠳᠠᠳᠤ ᠠᠬᠤᠢ ᠳᠠᠯᠠᠪᠠᠢ ᠪᠣᠶᠤ ᠡᠰᠡᠭᠦᠯ᠎ᠡ ᠳᠦᠷᠰᠦ ᠰᠢᠩᠭᠡᠯᠳᠡ ᠥᠵᠡᠭᠦᠯᠤᠨ ᠵᠢᠭᠠᠬᠤ ᠨᠢ ᠬᠤᠪᠢ ᠳᠠᠭᠢᠨ ᠦᠷ᠎ᠡ ᠪᠦᠳᠦᠮᠵᠢ ᠣᠯᠬᠤ ᠨᠢ ᠶᠠᠷᠢᠶᠠᠨ ᠦᠭᠡᠶ᠃

《ᠭᠡᠯᠡ ᠪᠢᠴᠢᠭ᠌》 ᠤᠨ ᠵᠢᠭᠠᠨ ᠰᠤᠷᠭᠠᠯᠳᠠ ᠶᠢᠨ ᠣᠯᠠᠨ ᠵᠠᠭᠤᠴᠢᠳᠤ ᠮᠠᠲ᠋ᠸᠷᠢᠶᠠᠯ ᠤᠨ ᠭᠦᠮᠦᠷᠭᠡ ᠪᠠᠢ᠌ᠭᠤᠯᠬᠤ ᠴᠢᠬᠤᠯᠠ ᠲᠡᠶ᠃ ᠭᠦᠮᠤᠨ ᠪᠦᠭᠦᠨ ᠤ ᠮᠡᠳᠡᠭᠡᠵᠢ ᠪᠠᠷ ᠮᠤᠩᠭ᠋ᠤᠯ ᠭᠡᠯᠡ ᠪᠣᠯ ᠮᠤᠩᠭ᠋ᠤᠯ ᠰᠤᠶᠤᠯ ᠤᠨ ᠬᠠᠮᠤᠭ ᠤᠨ ᠴᠢᠬᠤᠯᠠ ᠠᠴᠢᠶᠠᠯᠠᠪᠣᠷᠢ ᠮᠦᠨ᠃ ᠨᠢᠭᠡ ᠯᠠ ᠪᠠᠭᠰᠢ ᠭᠡᠳᠦᠢ ᠴᠢᠷᠮᠠᠢ᠌ᠯ᠎ᠠ ᠭᠡᠳ ᠳᠡᠭᠦᠨ ᠤ ᠴᠤᠭᠯᠠᠭᠤᠯᠵᠤ ᠭᠡᠷᠡᠭᠯᠡᠭᠦ ᠮᠠᠲ᠋ᠸᠷᠢᠶᠠᠯ ᠨᠢ ᠳᠣᠢ᠌ᠯ ᠤᠨ ᠭᠢᠵᠠᠭᠠᠷ ᠲᠠᠢ ᠨᠢ ᠮᠡᠳᠡᠭᠡᠵᠢ᠂ ᠬᠠᠷᠢᠨ ᠰᠤᠷᠭᠠᠭᠤᠯᠢ ᠡᠴᠡ ᠨᠢᠭᠡᠳᠦᠯᠳᠡᠢ ᠵᠤᠬᠢᠶᠠᠨ ᠪᠠᠢ᠌ᠭᠤᠯᠵᠤ᠂ ᠵᠤᠭᠢᠬᠤ ᠭᠡᠮᠵᠢᠶᠡᠨ ᠤ ᠪᠣᠳᠠᠰ ᠤᠨ ᠪᠠ ᠭᠦᠮᠤᠨ ᠤ ᠭᠦᠴᠤᠨ ᠭᠠᠷᠭᠠᠵᠤ 《ᠭᠡᠯᠡ ᠪᠢᠴᠢᠭ᠌》 ᠤᠨ ᠵᠢᠭᠠᠨ ᠰᠤᠷᠭᠠᠯᠳᠠ ᠪᠠᠷ ᠦᠨᠳᠦᠰᠦᠯᠠᠯ ᠪᠣᠯᠭᠠᠵᠤ ᠵᠢᠷᠤᠭ᠂ ᠭᠡᠷᠡᠯ ᠵᠢᠷᠤᠭ᠂ ᠳᠠᠭᠤᠤ᠂ ᠺᠢᠨᠣ᠋᠂ ᠳᠦᠷᠰᠦ ᠰᠢᠩᠭᠡᠯᠳᠡ᠂ ᠺᠤᠷᠤᠰᠸᠠᠢ᠌ᠷ ᠵᠡᠷᠭᠡ ᠡᠯᠪᠠᠭ᠌ ᠪᠠᠶᠠᠯᠢᠭ ᠠᠭᠤᠯᠭ᠎ᠠ ᠪᠦᠭᠦᠢ ᠮᠠᠲ᠋ᠸᠷᠢᠶᠠᠯ ᠤᠨ ᠭᠦᠮᠦᠷᠭᠡ ᠪᠠᠢ᠌ᠭᠤᠯᠬᠤ ᠨᠢ ᠬᠠᠮᠳᠤ ᠶᠢᠨ ᠣᠶᠤᠨ ᠣᠬᠠᠭᠠᠨ ᠪᠠ ᠭᠦᠴᠤᠨ ᠴᠢᠳᠠᠯ ᠤᠨ ᠨᠠᠢ᠌ᠯᠠᠪᠣᠷᠢ ᠪᠣᠯᠬᠤ ᠳᠤᠯᠠ ᠭᠡᠴᠢᠨᠡᠨ ᠳᠠᠭᠢᠨ ᠦᠷ᠎ᠡ ᠪᠦᠳᠦᠮᠵᠢ ᠣᠯᠬᠤ ᠨᠢ ᠯᠠᠪᠳᠠᠢ᠂ ᠨᠠᠩ ᠴᠤ ᠮᠤᠩᠭ᠋ᠤᠯ ᠰᠤᠷᠭᠠᠭᠤᠯᠢ ᠶᠢᠨ 《ᠭᠡᠯᠡ ᠪᠢᠴᠢᠭ᠌》 ᠡᠴᠡ ᠪᠣᠰᠤᠳ ᠭᠢᠴᠢᠶᠠᠯ ᠲᠦᠷᠦᠯ ᠨᠢ ᠣᠯᠠᠩᠭᠢ ᠨᠢ ᠣᠷᠴᠢᠭᠤᠯᠭ᠎ᠠ ᠶᠢᠨ ᠪᠢᠴᠢᠭ᠌ ᠪᠣᠯᠬᠤ ᠪᠠᠷ ᠶᠢᠡᠨ ᠠᠰᠢᠭᠯᠠᠵᠤ ᠪᠣᠯᠬᠤ ᠭᠢᠴᠢᠶᠠᠯ ᠤᠨ ᠡᠭᠢ ᠪᠠᠶᠠᠯᠢᠭ ᠶᠢᠠᠷ 《ᠭᠡᠯᠡ ᠪᠢᠴᠢᠭ᠌》 ᠡᠴᠡ ᠬᠤᠯᠠ ᠪᠠᠶᠠᠯᠢᠭ ᠪᠠᠢ᠌ᠳᠠᠭ᠂ ᠡᠢ᠌ᠮᠤ ᠡᠴᠡ ᠪᠢᠳᠠ ᠳᠤᠰ ᠬᠤᠭᠤᠰᠤᠨ ᠢ ᠨᠥᠭᠦᠪᠦᠷᠢᠯᠡᠭᠦ ᠶᠢ ᠵᠢᠭᠠᠬᠤ ᠶᠢ ᠰᠤᠳᠤᠯᠬᠤ ᠠᠵᠢᠯ ᠤᠨ ᠶᠢᠡᠨ ᠴᠢᠬᠤᠯᠠ ᠨᠢᠭᠡᠨ ᠰᠠᠳᠤᠪ ᠪᠣᠯᠭᠠᠪᠠᠯ ᠨᠠᠩ ᠳᠤᠭᠢᠷᠠᠨ᠎ᠠ᠃

ᠪᠠᠭᠰᠢ ᠨᠡᠷ ᠦᠵᠡᠯᠳᠠ ᠳᠠᠨᠢᠯᠳᠠ ᠪᠠᠨ ᠢᠳᠠᠪᠭᠢᠳᠠᠢ ᠥᠭᠡᠷᠡᠴᠢᠯᠡᠵᠤ᠂ ᠬᠠᠭᠤᠴᠢᠨ ᠭᠡᠪ ᠵᠠᠭᠪᠣᠷ ᠲᠤ ᠪᠠᠷᠢᠭᠳᠠᠵᠤ ᠪᠣᠯᠬᠤ ᠦᠭᠡᠶ᠃ ᠰᠢᠨ᠎ᠠ ᠴᠠᠭ ᠦᠶ᠎ᠡ ᠨᠢ ᠪᠢᠳᠠᠨ ᠢ ᠥᠭᠡᠷᠡᠴᠢᠯᠡᠯᠳᠡ ᠰᠢᠨᠠᠴᠢᠯᠠᠯᠳᠠ ᠶᠢᠨ ᠣᠬᠠᠮᠰᠠᠷ ᠢ ᠱᠠᠭᠠᠷᠳᠠᠵᠤ ᠪᠠᠢ᠌ᠨ᠎ᠠ᠃ ᠪᠢᠳᠠ ᠡᠯ᠎ᠡ ᠲᠦᠷᠦᠯ ᠤᠨ 《ᠭᠢᠴᠢᠶᠠᠯ ᠤᠨ ᠪᠠᠷᠢᠮᠵᠢᠶ᠎ᠠ》 ᠳ᠋ᠤ ᠭᠦᠷᠭᠦ ᠨᠥᠭᠦᠴᠡᠯ ᠳᠤᠤᠷ᠎ᠠ ᠦᠪᠡᠷ ᠤᠨ ᠪᠣᠳᠠᠳᠤ ᠪᠠᠢ᠌ᠳᠠᠯ ᠶᠢᠡᠨ ᠦᠨᠳᠦᠰᠦᠯᠠᠨ ᠵᠢᠭᠠᠬᠤ ᠮᠠᠲ᠋ᠸᠷᠢᠶᠠᠯ ᠢ ᠪᠦᠳᠦᠭᠡᠯᠴᠢ ᠪᠠᠷ ᠭᠡᠷᠡᠭᠯᠡᠨ᠂ ᠦᠪᠡᠷ ᠤᠨ ᠣᠠᠴᠠᠯᠢᠭ ᠶᠢᠡᠨ ᠢᠯᠡᠷᠡᠭᠦᠯᠤᠨ᠂ ᠭᠢᠴᠢᠶᠠᠯ ᠤᠨ ᠨᠤᠮ ᠳᠤ ᠪᠠᠷᠢᠭᠳᠠᠬᠤ ᠵᠤᠷᠰᠢᠯ ᠢ ᠵᠤᠷᠢᠭᠳᠠᠢ ᠡᠪᠳᠡᠭᠦ ᠭᠡᠷᠡᠭ᠍ᠳᠡᠢ᠃ 《ᠳᠤᠭᠠᠨ ᠤ ᠣᠬᠠᠭᠠᠨ》 ᠊ᠤ ᠵᠢᠭᠠᠬᠤ ᠪᠢᠴᠢᠭ᠌ ᠳ᠋ᠠᠭᠢ 《ᠥᠷᠭᠦᠯᠵᠢᠯᠡᠭ᠍ᠰᠡᠨ ᠥᠭᠡ ᠶᠢᠨ ᠵᠢᠷᠤᠭᠳᠤ ᠳᠠᠪᠳᠠᠷ》᠂ 《ᠰᠢᠡᠵᠢᠯᠡᠭᠦ ᠣᠬᠠᠭᠠᠨ ᠳᠸᠭᠡᠨᠢᠭ᠌ ᠮᠡᠷᠭᠡᠵᠢᠯ ᠤᠨ ᠨᠤᠮ》 ᠵᠡᠷᠭᠡ ᠭᠢᠳᠠᠤᠨ ᠨᠤᠮ ᠡᠴᠡ ᠮᠸᠬᠠᠨᠢᠭ ᠶᠢᠡᠷ ᠣᠷᠴᠢᠭᠤᠯᠤᠭᠰᠠᠨ ᠥᠭᠡᠰ ᠢ ᠳᠦᠭᠦᠮ ᠳᠦᠳᠠ᠂ ᠣᠢ᠌ᠯᠭᠠᠮᠵᠢᠳᠠᠢ ᠪᠠᠷ 《ᠵᠢᠷᠤᠭᠳᠤ ᠥᠯᠢᠭᠡᠷ》᠂ 《ᠰᠢᠡᠵᠢᠯᠡᠭᠦ ᠳᠧᠭᠨᠢᠭ᠌ ᠤᠨ ᠨᠤᠮ》 ᠭᠡᠵᠤ ᠵᠢᠭᠠᠬᠤ᠂ 《ᠬᠠᠰᠢ᠂ ᠲᠦᠪᠡᠳ ᠬᠠᠰᠢ》 ᠵᠡᠷᠭᠡ ᠶᠢ ᠨᠢ ᠣᠷᠤᠨ ᠨᠤᠳᠤᠭ ᠤᠨ ᠶᠢᠡᠨ ᠪᠠᠢ᠌ᠳᠠᠯ ᠢ ᠳᠤᠭᠢᠷᠠᠭᠰᠠᠨ 《ᠬᠤᠨᠢ᠂ ᠢᠮᠠᠭ᠎ᠠ》 ᠵᠡᠷᠭᠡ ᠪᠠᠷ ᠣᠷᠤᠯᠠᠭᠤᠯᠪᠠᠯ ᠮᠤᠩᠭ᠋ᠤᠯ ᠰᠤᠷᠤᠭᠴᠢᠳ ᠭᠦᠯᠢᠶᠡᠵᠤ ᠠᠪᠬᠤ ᠳᠤ ᠨᠠᠩ ᠳᠦᠭᠦᠮ ᠣᠢ᠌ᠯᠭᠠᠮᠵᠢᠳᠠᠢ ᠶᠤᠮ᠃

ᠭᠤᠷᠪᠠ᠂ ᠨᠡᠢ᠌ᠭᠡᠮ ᠢᠯᠠᠩᠭ᠋ᠤᠶ᠎ᠠ ᠵᠠᠰᠠᠭ ᠵᠠᠭᠢᠷᠭᠠᠨ ᠤ ᠳᠠᠯ᠎ᠠ ᠪᠠᠷ ᠮᠤᠩᠭ᠋ᠤᠯ ᠥᠭᠡ ᠭᠡᠯᠡ᠂ ᠥᠰᠦᠭ᠌ ᠪᠢᠴᠢᠭ᠌ ᠤᠨ ᠭᠡᠷᠡᠭᠯᠡᠯᠳᠡ ᠶᠢ ᠴᠢᠩᠭ᠋ᠠᠳᠬᠠᠬᠤ ᠭᠡᠷᠡᠭ᠍ᠳᠡᠢ᠃

《ᠰᠤᠷᠬᠤ ᠨᠢ ᠭᠡᠷᠡᠭᠯᠡᠭᠦ ᠶᠢᠨ ᠳᠦᠯᠦᠭᠡ》᠂ ᠬᠡᠦᠬᠡᠳ ᠶᠢᠡᠨ ᠭᠢᠳᠠᠤᠨ ᠶᠢᠡᠷ ᠰᠤᠷᠤᠯᠴᠠᠭᠤᠯᠤᠭᠰᠠᠨ ᠣᠯᠠᠩᠭᠢ ᠭᠡᠷ ᠤᠨ ᠠᠬᠠᠮᠠᠤᠨ 《ᠮᠤᠩᠭ᠋ᠤᠯ ᠶᠢᠡᠷ ᠰᠤᠷᠤᠭᠠᠤᠨ ᠭᠡᠷᠡᠭᠯᠡᠭᠦ ᠭᠠᠵᠠᠷ ᠦᠭᠡᠶ》 ᠭᠡᠵᠤ ᠦᠪᠡᠷ ᠤᠨ ᠠᠵᠢᠯᠯᠠᠭ᠎ᠠ ᠪᠠᠨ ᠵᠥᠪᠳᠡᠭᠡᠳᠡᠭ᠌᠂ ᠡᠨᠡ ᠨᠢ ᠭᠤᠤᠯ ᠨᠢ ᠮᠤᠩᠭ᠋ᠤᠯ ᠭᠡᠯᠡ ᠪᠢᠴᠢᠭ᠌ ᠤᠨ ᠭᠡᠷᠡᠭᠯᠡᠭᠡᠨ ᠤ ᠴᠢᠳᠠᠮᠵᠢ ᠳᠤᠷᠤᠢ ᠵᠢᠴᠢ ᠮᠤᠩᠭ᠋ᠤᠯ ᠭᠡᠯᠡ ᠭᠡᠷᠡᠭᠯᠡᠭᠡ ᠶᠢ ᠭᠦᠡᠳᠦᠳᠭᠡᠭᠦ ᠦᠭᠡᠶ ᠪᠠᠢ᠌ᠬᠤ ᠶᠢᠨ ᠰᠢᠭᠤᠳ ᠳᠤᠰᠬᠠᠯ ᠮᠦᠨ᠃ ᠡᠨᠡ ᠳᠤᠬᠠᠢ ᠮᠥᠩᠭᠡᠪᠦᠶᠡᠨ ᠹᠷᠤᠹᠧᠰᠰᠤᠷ ᠡᠴᠡ 《ᠭᠡᠯᠡᠨ ᠤ ᠴᠢᠳᠠᠮᠵᠢ ᠶᠢ ᠳᠡᠭᠡᠭ᠍ᠰᠢᠯᠡᠭᠦᠯᠭᠦ ᠳᠤ ᠭᠡᠯᠡᠨ ᠤ ᠳᠤᠰ ᠪᠠᠶ᠎ᠠ ᠶᠢᠨ ᠴᠢᠳᠠᠮᠵᠢ ᠶᠢ ᠳᠡᠭᠡᠭ᠍ᠰᠢᠯᠡᠭᠦᠯᠭᠦ ᠡᠴᠡ ᠭᠠᠳᠠᠨ᠎ᠠ᠂ ᠮᠤᠩᠭ᠋ᠤᠯ ᠭᠡᠯᠡ ᠪᠢᠴᠢᠭ᠌ ᠤᠨ ᠬᠠᠮᠢᠶ᠎ᠠ ᠪᠦᠭᠦᠢ ᠬᠠᠤᠯᠢ ᠳᠤᠭᠳᠠᠭᠠᠯ᠂ ᠲᠦᠷᠦ ᠶᠢᠨ ᠪᠣᠳᠤᠯᠭ᠎ᠠ ᠶᠢ ᠨᠠᠢ᠌ᠳᠠᠪᠣᠷᠢᠵᠢᠭᠤᠯᠬᠤ ᠭᠡᠷᠡᠭ᠍ᠳᠡᠢ᠃ ᠮᠤᠩᠭ᠋ᠤᠯ ᠭᠡᠯᠡ ᠪᠢᠴᠢᠭ᠌ ᠤᠨ ᠴᠢᠳᠠᠮᠵᠢ ᠶᠢᠨ ᠨᠡᠢ᠌ᠭᠡᠮ ᠤᠨ ᠣᠢ᠌ᠯᠠᠳᠤᠯ ᠨᠢ ᠵᠥᠪᠭᠡᠨ ᠳᠠᠭᠤᠤ ᠰᠢᠯᠦᠭ᠌ ᠤᠨ ᠣᠷᠤᠯᠳᠤᠭᠠᠨ ᠡᠷᠭᠢᠯᠡᠭᠦ ᠪᠢᠰᠢ᠂ ᠬᠠᠷᠢᠨ ᠠᠯᠪᠠᠨ ᠪᠠᠢ᠌ᠭᠤᠯᠤᠯᠭ᠎ᠠ ᠳᠤ ᠮᠤᠩᠭ᠋ᠤᠯ ᠥᠭᠡ ᠭᠡᠯᠡ ᠶᠢ ᠭᠡᠷᠡᠭᠯᠡᠭᠦ ᠨᠢ ᠭᠤᠤᠯ ᠠᠰᠠᠭᠤᠳᠠᠯ ᠪᠣᠯᠤᠨ᠎ᠠ》 *2 ᠭᠡᠵᠤ ᠶᠠᠷᠢᠭᠰᠠᠨ ᠪᠠᠢ᠌ᠳᠠᠭ᠃

ᠠᠯᠪᠠᠨ ᠪᠢᠴᠢᠭ᠌ ᠶᠢᠡᠨ ᠭᠦᠷᠳᠡᠯ᠎ᠡ ᠳᠠᠩ ᠭᠠᠭᠴᠠ ᠭᠢᠳᠠᠤᠨ ᠶᠢᠡᠷ ᠪᠠᠭᠤᠯᠭᠠᠳᠠᠭ ᠰᠤᠷᠭᠠᠨ ᠭᠦᠮᠦᠵᠢᠯ ᠤᠨ ᠳᠤᠪᠴᠢᠶ᠎ᠠ ᠨᠢ ᠭᠡᠳᠤᠨ ᠣᠶᠤᠳᠠᠨ ᠭᠦᠮᠦᠵᠢᠭᠦᠯᠵᠤ ᠳᠡᠢ᠌ᠯᠭᠦ ᠡᠴᠡ ᠪᠢᠰᠢ ᠬᠠᠷᠢᠨ ᠳᠤᠬᠠᠢ ᠶᠢᠨ ᠭᠠᠵᠠᠷ ᠤᠨ ᠦᠨᠳᠦᠰᠦᠳᠠᠨ ᠤ ᠰᠤᠷᠭᠠᠨ ᠭᠦᠮᠦᠵᠢᠯ ᠪᠠ ᠰᠤᠶᠤᠯ ᠪᠣᠯᠪᠠᠰᠤᠷᠠᠯ ᠤᠨ ᠳᠡᠭᠡᠭ᠍ᠰᠢᠯᠡᠯᠳᠡ ᠳᠤ ᠴᠤᠬᠤᠮ ᠭᠡᠳᠦᠢ ᠵᠢᠦᠡᠭᠦᠯ ᠭᠠᠷᠭᠠᠵᠤ ᠴᠢᠳᠠᠬᠤ ᠨᠢ ᠰᠡᠵᠢᠭᠯᠡᠭᠦᠰᠢᠳᠡᠢ ᠶᠤᠮ᠂ ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌ ᠢ ᠬᠠᠢ᠌ᠷᠠᠯᠠᠨ ᠳᠡᠭᠡᠳᠦᠯᠡᠵᠤ ᠭᠡᠷᠡᠭᠯᠡᠭᠦ ᠳᠤᠬᠠᠢ ᠪᠢᠳᠠ ᠦᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠤᠨ 《ᠬᠠᠤᠯᠢ ᠶᠢᠨ ᠭᠦᠳᠦᠴᠢ》 ᠨᠡᠪᠳᠡᠷᠡᠭᠦᠯᠭᠡ ᠶᠢᠨ ᠭᠣ᠊·ᠰᠠᠢ᠌ᠠᠪᠠᠶᠠᠷ ᠤᠨ ᠳᠤᠰᠠᠬᠠᠢ ᠫᠡᠷᠦᠭ᠍ᠷᠡᠮ *3 ᠪᠠ ᠳᠤᠰᠠᠬᠠᠢ ᠮᠡᠳᠡᠭᠡᠯᠡᠯ *4 ᠊ᠢ ᠦᠵᠡᠵᠤ ᠪᠣᠯᠤᠨ᠎ᠠ᠃ 《ᠦᠨᠳᠦᠰᠦᠨ ᠬᠠᠤᠯᠢ》 ᠪᠠ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠤᠩᠭ᠋ᠤᠯ ᠥᠭᠡ ᠭᠡᠯᠡ ᠥᠰᠦᠭ᠌ ᠪᠢᠴᠢᠭ᠌ ᠤᠨ ᠠᠵᠢᠯ ᠤᠨ ᠳᠦᠷᠢᠮ》 ᠵᠡᠷᠭᠡ ᠬᠠᠮᠢᠶ᠎ᠠ ᠪᠦᠭᠦᠢ ᠬᠠᠤᠯᠢ ᠳᠦᠷᠢᠮ ᠳᠤ ᠪᠦᠷ ᠦᠪᠡᠷ ᠤᠨ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠭᠦ ᠡᠷᠭᠡ ᠶᠢ ᠬᠠᠤᠯᠢ ᠪᠠᠷ ᠪᠠᠳᠤᠯᠠᠭᠰᠠᠨ ᠪᠠᠢ᠌ᠳᠠᠯ᠎ᠠ ᠪᠢᠳᠠ ᠠᠳᠠᠭ ᠨᠢ ᠭᠡᠷᠡᠭᠯᠡᠭᠦ ᠴᠤ ᠦᠭᠡᠶ ᠪᠣᠯ ᠨᠠᠩ ᠴᠤ ᠭᠦᠭ᠍ᠵᠢᠭᠦᠯᠭᠦ ᠶᠢ ᠭᠡᠷᠭᠢᠨ ᠶᠠᠷᠢᠨ᠎ᠠ ᠪᠣᠢ︕ ᠳᠤᠰ ᠥᠭᠦᠯᠡᠯ ᠳᠤ ᠭᠤᠤᠯ ᠨᠢ ᠥᠭᠡ ᠭᠡᠯᠡ ᠥᠰᠦᠭ᠌ ᠪᠢᠴᠢᠭ᠌ ᠤᠨ ᠵᠢᠭᠠᠨ ᠰᠤᠷᠭᠠᠯᠳᠠ ᠶᠢᠨ ᠳᠠᠯ᠎ᠠ ᠪᠠᠷ ᠶᠠᠷᠢᠬᠤ ᠳᠤᠯᠠ ᠵᠠᠰᠠᠭ ᠵᠠᠭᠢᠷᠭᠠᠨ ᠤ ᠡᠭᠦᠷᠭᠡ ᠬᠠᠷᠢᠭᠤᠴᠠᠯᠭ᠎ᠠ ᠶᠢ ᠳᠡᠯᠭᠡᠷᠡᠭᠦᠯᠵᠤ ᠶᠠᠷᠢᠬᠤ ᠦᠭᠡᠶ᠃

ᠳᠦᠷᠪᠡ᠂ ᠭᠡᠷ ᠪᠦᠯᠢ ᠨᠢ ᠲᠦᠷᠦᠯᠭᠢ ᠭᠡᠯᠡ ᠪᠠᠨ ᠰᠤᠷᠴᠤ ᠭᠡᠷᠡᠭᠯᠡᠭᠦ ᠣᠷᠴᠢᠨ ᠢ ᠪᠣᠢ ᠪᠣᠯᠭᠠᠬᠤ ᠶᠢ ᠭᠦᠡᠳᠦᠳᠭᠡᠵᠤ ᠥᠵᠡᠭᠦ ᠭᠡᠷᠡᠭ᠍ᠳᠡᠢ᠃

ᠦᠷ᠎ᠡ ᠬᠡᠦᠬᠡᠳ ᠳᠡᠭᠡᠨ ᠣᠯᠭᠤᠬᠤ ᠭᠡᠷ ᠪᠦᠯᠢ ᠶᠢᠨ ᠨᠥᠯᠦᠭᠡ ᠪᠣᠯ ᠳᠣᠢ᠌ᠯ ᠤᠨ ᠴᠢᠬᠤᠯᠠ᠂ ᠢᠯᠠᠩᠭ᠋ᠤᠶ᠎ᠠ ᠭᠡᠷ ᠪᠦᠯᠢ ᠶᠢᠨ ᠭᠡᠯᠡᠨ ᠤ ᠣᠷᠴᠢᠨ ᠨᠢ ᠬᠡᠦᠬᠡᠳ ᠪᠠᠭᠠᠴᠤᠳ ᠤᠨ ᠥᠭᠡ ᠭᠡᠯᠡᠨ ᠤ ᠴᠢᠳᠠᠪᠣᠷᠢ ᠪᠠ ᠰᠡᠳᠭᠢᠭᠦᠢ ᠶᠢᠨ ᠭᠡᠯᠪᠠᠷᠢ ᠶᠢ ᠰᠢᠭᠤᠳ ᠨᠥᠯᠦᠭᠡᠯᠡᠳᠡᠭ᠌᠃ 《ᠥᠭᠡ ᠭᠡᠯᠡ ᠨᠢ ᠰᠡᠳᠭᠢᠭᠦᠢ ᠶᠢᠨ ᠬᠠᠮᠤᠭ ᠤᠨ ᠴᠢᠬᠤᠯᠠ ᠪᠠᠭᠠᠵᠢ ᠭᠡᠷᠡᠭᠯᠡᠭᠦᠷ ᠪᠣᠯᠳᠠᠭ᠃ ᠥᠭᠡ ᠭᠡᠯᠡ ᠪᠠ ᠰᠡᠳᠭᠢᠭᠦᠢ ᠨᠢ ᠰᠠᠯᠵᠤ ᠪᠣᠯᠤᠰᠢ ᠦᠭᠡᠶ ᠨᠢᠭᠳᠠ ᠬᠠᠷᠢᠴᠠᠭ᠎ᠠ ᠲᠡᠶ ᠪᠠᠢ᠌ᠳᠠᠭ᠃ ᠶᠠᠷᠤᠳᠠ ᠶᠢᠨ ᠪᠠᠢ᠌ᠳᠠᠯ ᠳᠤ ᠭᠦᠮᠦᠰ ᠤᠨ ᠰᠡᠳᠭᠢᠭᠦᠢ ᠶᠢᠨ ᠠᠵᠢᠯᠯᠠᠭᠠᠨ ᠤ ᠳᠤᠰ ᠪᠠᠶ᠎ᠠ ᠨᠢ ᠥᠭᠡ ᠭᠡᠯᠡᠨ ᠳᠤ ᠳᠦᠰᠢᠭᠯᠡᠨ ᠶᠠᠪᠣᠭᠳᠠᠳᠠᠭ ᠪᠦᠭᠡᠳ ᠰᠡᠳᠭᠢᠭᠦᠢ ᠶᠢᠨ ᠠᠵᠢᠯᠯᠠᠭᠠᠨ ᠪᠠ ᠳᠠᠨᠢᠯᠳᠠ ᠶᠢᠨ ᠭᠦᠳᠡᠯᠭᠡᠭᠡᠨ ᠤ ᠦᠷ᠎ᠡ ᠳ᠋ᠦ᠋ᠩ ᠨᠢ ᠮᠦᠨ ᠥᠭᠡ ᠭᠡᠯᠡ ᠪᠠᠷ ᠳᠡᠮᠳᠡᠭᠯᠡᠭ᠍ᠳᠡᠨ ᠢᠯᠡᠳᠭᠡᠭ᠍ᠳᠡᠳᠡᠭ᠌》 *5 ᠨᠢ ᠪᠢᠳᠠ ᠪᠦᠭᠦᠨ ᠤ ᠡᠡᠭ᠌ ᠤᠨ ᠮᠡᠳᠡᠯᠭᠡ ᠪᠢᠯᠠ᠂ ᠶᠠᠭ ᠡᠢ᠌ᠮᠤ ᠡᠴᠡ ᠪᠠᠨ ᠭᠡᠯᠡ ᠳᠤ ᠣᠷᠤᠬᠤ ᠡᠴᠡ ᠡᠭᠢᠯᠡᠵᠤ ᠳᠠᠳᠠᠨ ᠳᠤ ᠴᠠᠪᠠᠷ ᠰᠠᠢ᠌ᠬᠠᠨ ᠲᠦᠷᠦᠯᠭᠢ ᠭᠡᠯᠡᠨ ᠤ ᠭᠢᠨᠢ ᠣᠷᠴᠢᠨ ᠢ ᠬᠠᠩᠭ᠋ᠠᠵᠤ᠂ ᠲᠦᠷᠦᠯᠭᠢ ᠭᠡᠯᠡ ᠪᠠᠷ ᠶᠢᠡᠨ ᠰᠡᠳᠭᠢᠭᠦ ᠪᠣᠯᠤᠮᠵᠢ ᠶᠢ ᠣᠯᠭᠤᠬᠤ ᠭᠡᠷᠡᠭ᠍ᠳᠡᠢ᠃

ᠭᠡᠷ ᠤᠨ ᠠᠬᠠᠮᠠᠤᠨ ᠭᠡᠷ ᠵᠠᠭᠤᠷ᠎ᠠ ᠪᠠᠨ ᠦᠪᠡᠷ ᠤᠨ ᠭᠡᠯᠡ ᠪᠠᠨ ᠭᠡᠷᠡᠭᠯᠡᠭᠦ ᠨᠢ ᠬᠡᠦᠬᠡᠳ ᠳᠤ ᠠᠶᠠᠠᠳᠠᠭᠠᠨ ᠤ ᠰᠠᠢ᠌ᠨ ᠨᠥᠯᠦᠭᠡ ᠪᠣᠯᠬᠤ ᠨᠢ ᠳᠠᠮᠵᠢᠭ ᠦᠭᠡᠶ᠃ ᠬᠤᠯᠢᠮᠠᠭ ᠭᠡᠯᠡ ᠪᠠᠷ ᠶᠠᠷᠢᠳᠠᠭ ᠭᠡᠷ ᠪᠦᠯᠢ ᠳᠤ ᠥᠰᠦᠭ᠍ᠰᠡᠨ ᠬᠡᠦᠬᠡᠳ ᠲᠦᠷᠦᠯᠭᠢ ᠭᠡᠯᠡ ᠪᠠᠷ ᠶᠢᠡᠨ ᠶᠠᠷᠢᠵᠤ ᠢᠯᠡᠳᠭᠡᠭᠦ ᠴᠢᠳᠠᠪᠣᠷᠢ ᠨᠢ ᠴᠠᠪᠠᠷ ᠭᠡᠯᠡᠨ ᠤ ᠣᠷᠴᠢᠨ ᠳᠤ ᠥᠰᠦᠭ᠍ᠰᠡᠨ ᠬᠡᠦᠬᠡᠳ ᠢ ᠭᠦᠷᠭᠦ ᠦᠭᠡᠶ ᠪᠠᠢ᠌ᠳᠠᠭ᠂ ᠳᠡᠭᠡᠪᠠᠯ ᠡᠨᠡ ᠳᠠᠯ᠎ᠠ ᠪᠠᠷ ᠭᠡᠷ ᠪᠦᠯᠢ ᠳᠤ ᠳᠤᠤᠷᠠᠭᠢ ᠭᠡᠳᠤᠨ ᠳᠠᠯ᠎ᠠ ᠶᠢᠨ ᠠᠰᠠᠭᠤᠳᠠᠯ ᠢᠯᠡᠷᠭᠡᠢ ᠣᠷᠤᠰᠢᠵᠤ ᠪᠠᠢ᠌ᠳᠠᠭ᠄

(ᠨᠢᠭᠡ)᠂ ᠦᠷ᠎ᠡ ᠬᠡᠦᠬᠡᠳ ᠤᠨ ᠶᠢᠡᠨ ᠲᠦᠷᠦᠯᠭᠢ ᠭᠡᠯᠡ ᠶᠢ ᠰᠤᠷᠴᠤ ᠭᠡᠷᠡᠭᠯᠡᠭᠦ ᠶᠢ ᠭᠦᠡᠳᠦᠳᠭᠡᠵᠤ ᠥᠵᠡᠭᠦ ᠦᠭᠡᠶ᠂ ᠵᠥᠪᠭᠡᠨ 《ᠶᠠᠷᠢᠵᠤ ᠴᠢᠳᠠᠪᠠᠯ ᠪᠣᠯᠴᠢᠬᠠᠬᠤ》 ᠪᠣᠶᠤ 《ᠣᠢ᠌ᠯᠠᠭᠠᠵᠤ ᠴᠢᠳᠠᠪᠠᠯ ᠪᠣᠯᠴᠢᠬᠠᠨ᠎ᠠ》 ᠭᠡᠵᠤ ᠪᠣᠳᠤᠬᠤ᠃ ᠡᠨᠡ ᠨᠢ ᠭᠡᠷ ᠤᠨ ᠠᠬᠠᠮᠠᠤᠨ ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌ ᠢ ᠬᠠᠢ᠌ᠷᠠᠯᠠᠬᠤ ᠦᠵᠡᠯ ᠳᠤᠷᠤᠢ ᠪᠠᠢ᠌ᠭ᠎ᠠ ᠡᠴᠡ ᠪᠣᠯᠤᠭᠰᠠᠨ ᠶᠠᠪᠣᠳᠠᠯ ᠪᠣᠯᠤᠨ᠎ᠠ᠃

(ᠬᠤᠶᠠᠷ)᠂ ᠪᠣᠰᠤᠳ ᠭᠢᠴᠢᠶᠠᠯ ᠲᠦᠷᠦᠯ ᠪᠠ ᠬᠠᠷᠢ ᠭᠡᠯᠡᠨ ᠤ ᠪᠣᠯᠪᠠᠰᠤᠷᠠᠯ ᠢ ᠥᠷᠦᠭᠡᠰᠦᠯ ᠶᠢᠡᠷ ᠴᠢᠬᠤᠯᠠᠴᠢᠯᠠᠬᠤ᠃

(ᠭᠤᠷᠪᠠ)᠂ ᠭᠡᠷ ᠵᠠᠭᠤᠷ᠎ᠠ ᠪᠠᠨ ᠭᠢᠳᠠᠤᠨ ᠭᠡᠯᠡ ᠪᠣᠶᠤ ᠬᠤᠯᠢᠮᠠᠭ ᠭᠡᠯᠡ ᠪᠠᠷ ᠶᠠᠷᠢᠬᠤ᠃

(ᠳᠦᠷᠪᠡ)᠂ ᠭᠡᠷ ᠪᠦᠯᠢ ᠶᠢᠨ ᠰᠤᠶᠤᠯ ᠰᠤᠷᠳᠠᠯ ᠢᠯᠠᠩᠭ᠋ᠤᠶ᠎ᠠ ᠲᠦᠷᠦᠯᠭᠢ ᠰᠤᠶᠤᠯ ᠤᠨ ᠨᠥᠯᠦᠭᠡ ᠳᠤᠰᠬᠠᠯ ᠳᠤᠳᠠᠮᠠᠭ᠃

ᠳᠡᠭᠡᠷ᠎ᠡ ᠳᠤᠷᠠᠳᠤᠭᠰᠠᠨ ᠳᠦᠷᠪᠡᠨ ᠠᠰᠠᠭᠤᠳᠠᠯ ᠢ ᠪᠢᠳᠠ ᠲᠤᠩ ᠣᠯᠠᠨ ᠪᠣᠳᠠᠳᠤ ᠭᠡᠷᠡᠭ᠌ ᠣᠴᠢᠷ ᠪᠠᠷ ᠭᠡᠷᠡᠴᠢᠯᠡᠵᠤ ᠳᠠᠢ᠌ᠯᠤᠨ᠎ᠠ᠃ ᠬᠤᠯᠢᠮᠠᠭ ᠭᠡᠯᠡ ᠪᠠᠷ ᠶᠠᠷᠢᠬᠤ ᠨᠢ ᠠᠮᠢᠳᠤᠷᠠᠯ ᠤᠨ ᠪᠠᠢ᠌ᠩᠭ᠋ᠤ ᠶᠢᠨ ᠥᠵᠡᠭ᠍ᠳᠡᠯ ᠪᠣᠯᠵᠤ ᠭᠠᠷ ᠣᠳᠠᠰᠤᠨ ᠤ ᠨᠤᠮᠸᠷ ᠡᠴᠡ ᠡᠭᠢᠯᠡᠭᠡᠳ ᠪᠠᠷᠠᠭᠠᠨ ᠤ ᠦᠨ᠎ᠡ ᠬᠠᠩᠰᠢ ᠶᠢ ᠭᠦᠷᠳᠡᠯ᠎ᠡ ᠭᠢᠳᠠᠤᠨ ᠶᠢᠡᠷ ᠣᠷᠤᠰᠬᠠᠵᠤ 《ᠨᠢᠭᠡ᠂ ᠬᠤᠶᠠᠷ᠂ ᠭᠤᠷᠪᠠ 》 ᠭᠡᠭᠦ ᠠᠷᠠᠪ ᠳᠤᠭ᠎ᠠ ᠪᠠ 《ᠳᠦᠭᠦᠷᠢᠭ᠌᠂ ᠵᠢᠶᠤᠤ᠂ ᠮᠥᠩᠭᠦ》 ᠭᠡᠭᠦ ᠵᠤᠭᠤᠰ ᠤᠨ ᠨᠢᠭᠡᠴᠢ ᠶᠢᠨ ᠮᠤᠩᠭ᠋ᠤᠯ ᠳᠠᠭᠤᠳᠠᠯᠭ᠎ᠠ ᠨᠢ ᠭᠡᠭᠡᠭ᠍ᠳᠡᠭᠦ᠂ 《ᠪᠠ ᠪᠠ᠂ ᠮᠠ ᠮᠠ 》 ᠭᠡᠭᠦᠴᠢᠯᠡᠨ ᠡᠴᠢᠭᠡ ᠡᠭᠡ᠂ ᠰᠠᠳᠤᠨ ᠲᠦᠷᠦᠯ ᠶᠢᠡᠨ ᠭᠢᠳᠠᠤᠨ ᠦᠶ᠎ᠡ ᠳᠠᠭᠤᠳᠠᠯᠭ᠎ᠠ ᠪᠠᠷ ᠭᠦᠡᠳᠦᠳᠭᠡᠭᠦ ᠨᠢ ᠲᠤᠩ ᠳᠦᠭᠡᠮᠡᠯ ᠪᠣᠯᠤᠭᠰᠠᠨ ᠪᠠᠢ᠌ᠨ᠎ᠠ᠂ ᠦᠶ᠎ᠡ ᠳᠠᠭᠤᠳᠠᠯᠭ᠎ᠠ ᠶᠢᠨ ᠳᠤᠬᠠᠢ ᠪᠤᠶᠠᠨᠳᠡᠭᠦᠰ ᠤᠨ ᠭᠡᠯᠡᠭ᠍ᠰᠡᠨ 《ᠦᠶ᠎ᠡ ᠳᠠᠭᠤᠳᠠᠯᠭ᠎ᠠ ᠪᠠᠨ ᠭᠢᠳᠠᠳᠴᠢᠯᠠᠵᠤ ᠪᠠᠢ᠌ᠭ᠎ᠠ ᠨᠢ ᠬᠡᠦᠬᠡᠳ ᠲᠤ ᠪᠠᠢ᠌ᠬᠤ ᠦᠭᠡᠶ᠂ ᠭᠤᠤᠯ ᠬᠠᠷᠢᠴᠠᠭᠤᠯᠭ᠎ᠠ ᠨᠢ ᠡᠴᠢᠭᠡ ᠡᠭᠡ ᠪᠣᠯᠤᠭᠰᠠᠤᠨ᠂ ᠪᠠᠭᠰᠢ᠂ ᠨᠡᠢ᠌ᠭᠡᠮ ᠤᠨ ᠭᠦᠮᠦᠰ ᠲᠤ ᠪᠠᠢ᠌ᠨ᠎ᠠ》 *6 ᠭᠡᠳᠡᠭ᠌ ᠨᠢ ᠶᠠᠭᠠᠭᠢᠬᠤ ᠶᠢᠨ ᠠᠷᠭ᠎ᠠ ᠦᠭᠡᠶ ᠵᠦᠪ ᠪᠠᠢ᠌ᠭ᠎ᠠ ᠶᠤᠮ᠃ ᠨᠠᠩ ᠴᠢᠨᠠᠭᠰᠢᠯᠠᠪᠠᠯ ᠦᠵᠡᠶ᠎ᠠ ᠭᠡᠭᠦ ᠳᠤ ᠨᠢᠭᠡ ᠳᠠᠪᠳᠠᠷ ᠮᠤᠩᠭ᠋ᠤᠯ ᠨᠤᠮ ᠪᠢᠴᠢᠭ᠌ ᠪᠠᠢ᠌ᠬᠤ ᠦᠭᠡᠶ ᠮᠤᠩᠭ᠋ᠤᠯ ᠠᠢ᠌ᠯ ᠢ ᠭᠡᠷᠭᠢᠨ ᠲᠦᠷᠦᠯᠭᠢ ᠰᠤᠶᠤᠯ ᠳᠠᠭᠠᠨ ᠬᠠᠢ᠌ᠷᠠᠳᠠᠢ ᠭᠡᠵᠤ ᠭᠡᠯᠡᠭᠦ ᠠᠵᠢ︕

ᠳᠡᠭᠡᠪᠠᠯ ᠭᠡᠷ ᠪᠦᠯᠢ ᠨᠢ ᠭᠡᠯᠡᠨ ᠤ ᠣᠷᠴᠢᠨ ᠢ ᠭᠡᠷᠭᠢᠨ ᠪᠦᠷᠢᠯᠳᠦᠭᠦᠯᠪᠠᠯ ᠵᠤᠭᠢᠬᠤ ᠪᠣᠢ︖ ᠡᠡᠭ᠌ ᠳᠡᠷᠢᠭᠦᠨ ᠳᠤ ᠲᠦᠷᠦᠯᠭᠢ ᠥᠭᠡ ᠭᠡᠯᠡ᠂ ᠥᠰᠦᠭ᠌ ᠪᠢᠴᠢᠭ᠌ ᠤᠨ ᠣᠷᠴᠢᠨ ᠪᠠ ᠦᠨᠳᠦᠰᠦᠳᠠᠨ ᠤ ᠰᠤᠶᠤᠯ ᠶᠢᠡᠨ ᠬᠠᠢ᠌ᠷᠠᠯᠠᠬᠤ ᠭᠦᠮᠦᠵᠢᠯ ᠢ ᠣᠯᠭᠤᠨ᠎ᠠ᠃

ᠭᠡᠷ ᠵᠠᠭᠤᠷ᠎ᠠ ᠪᠠᠨ ᠴᠠᠪᠠᠷ ᠳᠡᠭ᠍ᠰᠢ ᠮᠤᠩᠭ᠋ᠤᠯ ᠭᠡᠯᠡ ᠪᠠᠷ ᠶᠠᠷᠢᠬᠤ᠂ ᠦᠨᠳᠦᠰᠦᠳᠠᠨ ᠤ ᠰᠤᠶᠤᠯ ᠢ ᠬᠠᠷᠠᠭᠤᠯᠤᠭᠰᠠᠨ ᠮᠤᠩᠭ᠋ᠤᠯ ᠳᠸᠯᠸᠢᠰ ᠢ ᠰᠤᠨᠢᠷᠬᠠᠬᠤ᠂ ᠮᠤᠩᠭ᠋ᠤᠯ ᠨᠤᠮ ᠰᠡᠳᠭᠦᠯ ᠥᠵᠡᠭᠦ᠂ ᠮᠤᠩᠭ᠋ᠤᠯ ᠰᠦᠯᠵᠢᠶᠠᠨ ᠳᠤ ᠭᠠᠷᠬᠤ ᠵᠡᠷᠭᠡ ᠪᠢᠳᠠᠨ ᠤ ᠡᠡᠭ᠌ ᠤᠨ ᠭᠢᠵᠤ ᠴᠢᠳᠠᠬᠤ ᠪᠠ ᠭᠢᠪᠠᠰᠤ ᠵᠤᠭᠢᠬᠤ ᠠᠵᠢᠯ ᠡᠴᠡ ᠭᠠᠷᠳᠠᠨ ᠬᠡᠦᠬᠡᠳ ᠪᠠᠭᠠᠴᠤᠳ ᠲᠤ ᠮᠤᠩᠭ᠋ᠤᠯ ᠰᠤᠶᠤᠯ ᠶᠢᠡᠨ ᠬᠠᠢ᠌ᠷᠠᠯᠠᠬᠤ ᠪᠠ ᠲᠦᠷᠦᠯᠭᠢ ᠭᠡᠯᠡ ᠪᠠᠨ ᠰᠤᠷᠴᠤ ᠭᠡᠷᠡᠭᠯᠡᠭᠦ ᠦᠵᠡᠯ ᠣᠬᠠᠮᠰᠠᠷ ᠪᠠ ᠨᠥᠭᠦᠴᠡᠯ ᠪᠣᠯᠤᠯᠴᠠᠭ᠎ᠠ ᠶᠢ ᠪᠣᠢ ᠪᠣᠯᠭᠠᠨ᠎ᠠ᠂ ᠨᠠᠩ ᠴᠤ ᠲᠦᠷᠦᠯᠭᠢ ᠭᠡᠯᠡ ᠶᠢ ᠨᠢ ᠡᠵᠡᠮᠰᠢᠭᠦᠯᠭᠦ ᠨᠢ ᠬᠡᠦᠬᠡᠳ ᠲᠤ ᠢᠯᠡᠭᠦᠤ ᠨᠢᠭᠡᠨ ᠭᠠᠷᠬᠤ ᠵᠠᠮ ᠬᠠᠩᠭ᠋ᠠᠯ᠎ᠠ ᠭᠡᠳᠡᠭ᠌ ᠢ ᠭᠡᠷ ᠤᠨ ᠠᠬᠠᠮᠠᠤᠨ ᠥᠪᠠᠷᠳᠡᠭᠡᠨ ᠳᠠᠨᠢᠵᠤ ᠣᠯᠬᠤ ᠶᠤᠰᠤᠳᠠᠢ᠃

ᠮᠤᠩᠭ᠋ᠤᠯ ᠭᠡᠯᠡ ᠪᠠᠨ ᠰᠤᠷᠴᠤ ᠭᠡᠷᠡᠭᠯᠡᠭᠦ ᠨᠢ ᠪᠣᠰᠤᠳ ᠭᠡᠯᠡ ᠶᠢ ᠰᠤᠷᠴᠤ ᠭᠡᠷᠡᠭᠯᠡᠭᠦ ᠶᠢ ᠭᠠᠳᠠᠭᠤᠷᠴᠢᠯᠠᠵᠤ ᠪᠠᠢ᠌ᠭ᠎ᠠ ᠪᠢᠰᠢ᠂ ᠶᠠᠮᠠᠷ ᠴᠤ ᠭᠡᠯᠡᠨ ᠳᠤ ᠦᠪᠡᠷ ᠤᠨ ᠭᠢᠨᠢ ᠳᠠᠪᠠᠭᠤᠯᠢᠭ ᠪᠠᠢ᠌ᠳᠠᠭ᠃ ᠬᠠᠷᠢᠨ ᠲᠦᠷᠦᠯᠭᠢ ᠭᠡᠯᠡ ᠪᠠ ᠬᠠᠷᠢ ᠭᠡᠯᠡ ᠶᠢ ᠠᠳᠠᠯᠢᠬᠠᠨ ᠰᠤᠷᠴᠤ ᠡᠵᠡᠮᠰᠢᠭᠦ ᠨᠢ ᠦᠨᠳᠦᠰᠦᠳᠠᠨ ᠤ ᠭᠦᠭ᠍ᠵᠢᠨ ᠪᠠᠳᠠᠷᠠᠬᠤ ᠪᠠ ᠴᠠᠭ ᠡᠷᠡᠨ ᠤ ᠱᠠᠭᠠᠷᠳᠠᠯᠭ᠎ᠠ ᠪᠣᠯᠬᠤ ᠶᠤᠮ᠃

ᠳᠠᠳ᠋ ᠲᠤ᠂ ᠭᠡᠷᠡᠭᠯᠡᠵᠤ ᠳᠡᠢ᠌ᠯᠭᠦ ᠪᠣᠯᠤᠯᠴᠠᠭ᠎ᠠ ᠲᠡᠶ ᠭᠠᠵᠠᠷ ᠪᠦᠭᠦᠨ ᠳᠤ ᠣᠬᠠᠮᠰᠠᠷ ᠡᠴᠡ ᠪᠠᠨ ᠮᠤᠩᠭ᠋ᠤᠯ ᠥᠭᠡ ᠭᠡᠯᠡ ᠥᠰᠦᠭ᠌ ᠪᠢᠴᠢᠭ᠌ ᠶᠢᠡᠨ ᠭᠡᠷᠡᠭᠯᠡᠭᠦ ᠶᠢ ᠰᠤᠷᠭᠠᠨ᠎ᠠ᠃ ᠰᠤᠷᠬᠤ ᠨᠢ ᠭᠡᠷᠡᠭᠯᠡᠭᠦ ᠶᠢᠨ ᠳᠦᠯᠦᠭᠡ ᠶᠤᠮ᠂ ᠰᠤᠷᠬᠤ ᠪᠠ ᠭᠡᠷᠡᠭᠯᠡᠭᠦ ᠶᠢ ᠣᠶᠠᠯᠳᠤᠭᠤᠯᠮᠠᠠᠵᠢᠨ ᠰᠠ‍‌ᠶᠢ ᠥᠭᠡ ᠭᠡᠯᠡ ᠥᠰᠦᠭ᠌ ᠪᠢᠴᠢᠭ᠌ ᠶᠢᠡᠨ ᠨᠠᠩ ᠰᠠᠢ᠌ᠨ ᠡᠵᠡᠮᠰᠢᠵᠤ ᠴᠢᠳᠠᠨ᠎ᠠ᠃ ᠵᠢᠱᠢᠶᠡᠯᠡᠭᠦ ᠳᠤ ᠬᠤᠷᠰᠢᠶ᠎ᠠ ᠳᠡᠯᠭᠡᠭᠦᠷ ᠵᠡᠷᠭᠡ ᠣᠯᠠᠨ ᠨᠠᠢ᠌ᠳᠠ ᠶᠢᠨ ᠭᠠᠵᠠᠷ ᠡᠴᠡ ᠡᠭᠢᠯᠡᠭᠡᠳ ᠭᠦᠰᠦᠨᠦᠭ᠌ ᠪᠠᠷᠢᠮᠳᠠ ᠳᠠᠭᠯᠠᠵᠤ ᠪᠢᠴᠢᠭᠦ ᠳᠤ ᠭᠦᠷᠳᠡᠯ᠎ᠡ ᠲᠦᠷᠦᠯᠭᠢ ᠭᠡᠯᠡ ᠪᠠᠨ ᠭᠡᠷᠡᠭᠯᠡᠨ᠎ᠡ᠂ ᠡᠨᠡ ᠨᠢ ᠪᠢᠳᠠ ᠪᠦᠭᠦᠨ ᠤ ᠬᠠᠤᠯᠢ ᠶᠤᠰᠤᠨ ᠤ ᠡᠷᠭᠡ ᠮᠥᠷᠳᠡᠭᠡᠨ ᠨᠠᠩ ᠴᠢᠬᠤᠯᠠ ᠨᠢ ᠭᠦᠡᠳᠤ ᠴᠢᠬᠤᠯᠠ ᠡᠭᠦᠷᠭᠡ ᠬᠠᠷᠢᠭᠤᠴᠠᠯᠭ᠎ᠠ ᠮᠦᠨ᠃ ᠪᠠᠭᠰᠢ᠂ ᠭᠡᠷ ᠤᠨ ᠠᠬᠠᠮᠠᠤᠨ ᠡᠴᠡ ᠳᠡᠷᠢᠭᠦᠯᠡᠨ ᠡᠨᠡ ᠳᠠᠯ᠎ᠠ ᠪᠠᠷ ᠬᠡᠦᠬᠡᠳ ᠪᠠᠭᠠᠴᠤᠳ ᠳᠠᠭᠠᠨ ᠥᠯᠢᠭᠡᠷ ᠵᠢᠱᠢᠶ᠎ᠠ ᠪᠣᠯᠬᠤ ᠭᠡᠷᠡᠭ᠍ᠳᠡᠢ᠃ ᠢᠩᠭᠢᠮᠠᠠᠵᠢᠨ ᠰᠠ‍‌ᠶᠢ 〈5+2 =0〉 ᠮᠠᠳᠤ ᠶᠢᠨ ᠰᠤᠷᠭᠠᠭᠤᠯᠢ ᠳᠤ ᠳᠠᠪᠤᠨ ᠡᠳᠦᠷ ᠰᠤᠷᠤᠭᠰᠠᠨ ᠮᠡᠳᠡᠯᠭᠡ ᠪᠠᠨ ᠭᠠᠷᠠᠭ ᠤᠨ ᠬᠤᠶᠠᠷ ᠡᠳᠦᠷ ᠤᠨ ᠠᠮᠠᠷᠠᠯᠳᠠ ᠳᠤ ᠮᠠᠷᠳᠠᠬᠤ᠂ ᠰᠤᠷᠭᠠᠭᠤᠯᠢ ᠳᠤ ᠰᠤᠷᠤᠭᠰᠠᠨ ᠶᠢᠡᠨ ᠴᠢᠯᠦᠭᠡᠨ ᠤ ᠬᠤᠭᠤᠴᠠᠭᠠᠨ ᠳᠠᠭᠠᠨ ᠮᠠᠷᠳᠠᠬᠤ ᠡᠴᠡ ᠰᠡᠷᠭᠡᠢ᠌ᠯᠡᠵᠤ ᠴᠢᠳᠠᠨ᠎ᠠ᠃

ᠳᠠᠷᠠᠭᠠᠯᠠᠪᠠᠯ ᠠᠮᠢᠳᠤᠷᠠᠯ ᠥᠢᠯᠡᠳᠦᠯᠭᠡ ᠶᠢᠨ ᠳᠤᠮᠳᠠ ᠭᠦᠡᠵᠡᠭᠡᠢ᠌ᠷᠡᠭᠦᠯᠭᠦ ᠶᠢ ᠡᠷᠭᠢᠮᠯᠡᠨ᠎ᠡ᠃ ᠰᠤᠷᠭᠠᠭᠤᠯᠢ ᠶᠢᠨ ᠵᠢᠭᠠᠨ ᠰᠤᠷᠭᠠᠯᠳᠠ ᠨᠢ ᠭᠢᠴᠢᠶᠠᠯ ᠤᠨ ᠳᠠᠩᠭᠢᠮ ᠤᠨ ᠵᠢᠭᠠᠨ ᠰᠤᠷᠭᠠᠯᠳᠠ ᠪᠠᠷ ᠭᠤᠤᠯᠯᠠᠬᠤ ᠳᠤᠯᠠ ᠪᠣᠳᠠᠳᠤ ᠠᠮᠢᠳᠤᠷᠠᠯ ᠥᠢᠯᠡᠳᠦᠯᠭᠡ ᠳᠤ ᠣᠷᠤᠯᠴᠠᠭᠤᠯᠬᠤ ᠳᠠᠯ᠎ᠠ ᠪᠠᠷ ᠭᠡᠷ ᠤᠨ ᠠᠬᠠᠮᠠᠤᠨ ᠢᠯᠡᠭᠦᠭᠡᠨ ᠭᠦᠴᠤ ᠳᠠᠯᠪᠢᠬᠤ ᠭᠡᠷᠡᠭ᠍ᠳᠡᠢ᠃ ᠵᠢᠱᠢᠶᠠᠯᠠᠪᠠᠯ 《ᠢᠳᠡᠭᠡᠨ ᠤ ᠳᠡᠭᠡᠵᠢ ᠴᠠᠢ》 ᠭᠡᠰᠡᠨ ᠭᠢᠴᠢᠶᠠᠯ ᠳ᠋ᠠᠭᠢ ᠴᠠᠢ ᠴᠢᠨᠠᠬᠤ ᠶᠠᠪᠣᠴᠠ ᠶᠢ ᠪᠣᠳᠠᠳᠠᠢ ᠪᠠᠷ ᠭᠢᠵᠤ ᠥᠵᠡᠭᠦᠯᠪᠠᠯ ᠵᠢᠭᠠᠬᠤ ᠵᠤᠷᠢᠯᠭ᠎ᠠ ᠱᠠᠭᠠᠷᠳᠠᠯᠭ᠎ᠠ ᠪᠠᠨ ᠠᠮᠠᠷᠬᠠᠨ ᠪᠠᠶᠡᠯᠡᠭᠦᠯᠵᠤ ᠳᠡᠢ᠌ᠯᠭᠦ ᠪᠠᠷ ᠪᠠᠷᠠᠬᠤ ᠦᠭᠡᠶ ᠰᠤᠷᠤᠭᠴᠢᠳ ᠲᠤ ᠴᠤ ᠴᠠᠢ ᠴᠢᠨᠠᠬᠤ ᠪᠣᠳᠠᠳᠤ ᠠᠵᠢᠯ ᠢ ᠰᠤᠷᠴᠤ ᠡᠵᠡᠮᠰᠢᠴᠢᠭᠡᠨ᠎ᠡ᠂ ᠡᠨᠡ ᠨᠢ ᠬᠤᠪᠢ ᠳᠠᠭᠢᠨ ᠦᠷ᠎ᠡ ᠪᠦᠳᠦᠮᠵᠢ ᠣᠯᠬᠤ ᠨᠢ ᠶᠠᠷᠢᠶᠠᠨ ᠦᠭᠡᠶ᠃ ᠡᠢ᠌ᠮᠤ ᠡᠴᠡ ᠪᠣᠯᠤᠯᠴᠠᠭ᠎ᠠ ᠪᠦᠭᠦᠨ ᠶᠢᠡᠨ ᠠᠰᠢᠭᠯᠠᠨ ᠬᠡᠦᠬᠡᠳ ᠪᠠᠭᠠᠴᠤᠳ ᠶᠢᠡᠨ ᠮᠤᠩᠭ᠋ᠤᠯ ᠠᠮᠢᠳᠤᠷᠠᠯ᠂ ᠨᠠᠩ ᠴᠤ ᠮᠠᠯᠵᠢᠬᠤ ᠠᠮᠢᠳᠤᠷᠠᠯ ᠲᠡᠶ ᠣᠢ᠌ᠷᠠᠳᠤᠭᠤᠯᠬᠤ ᠨᠢ ᠳᠠᠳᠠᠨ ᠤ ᠲᠦᠷᠦᠯᠭᠢ ᠭᠡᠯᠡ ᠪᠠᠨ ᠰᠤᠷᠴᠤ ᠡᠵᠡᠮᠰᠢᠭᠦ ᠪᠠ ᠥᠭᠡᠰ ᠤᠨ ᠰᠠᠩ ᠤᠨ ᠪᠠᠶᠠᠯᠢᠭᠵᠢᠯ ᠳᠤ ᠳᠣᠢ᠌ᠯ ᠤᠨ ᠴᠢᠬᠤᠯᠠ᠂ ᠡᠭᠦᠨ ᠶᠢᠡᠷ ᠦᠯᠦ ᠪᠠᠷᠠᠮ ᠳᠠᠳᠠᠨ ᠳᠤ ᠦᠨᠳᠦᠰᠦᠳᠠᠨ ᠤ ᠬᠠᠢ᠌ᠷ᠎ᠠ ᠰᠡᠳᠬᠢᠯᠭᠡ ᠶᠢᠨ ᠭᠦᠮᠦᠵᠢᠯ ᠣᠯᠭᠤᠵᠤ ᠳᠠᠢ᠌ᠯᠤᠨ᠎ᠠ᠂ ᠵᠢᠱᠢᠶᠠᠯᠠᠵᠤ ᠭᠡᠯᠡᠭᠦ ᠳᠤ ᠳᠦᠷᠪᠡ ᠣᠨ ᠤ 《ᠭᠡᠯᠡ ᠪᠢᠴᠢᠭ᠌》 ᠤᠨ 《ᠪᠦᠭᠡ ᠪᠠᠷᠢᠯᠳᠤᠬᠤ》᠂ ᠭᠤᠷᠪᠠ ᠣᠨ ᠤ 《ᠭᠡᠯᠡ ᠪᠢᠴᠢᠭ᠌》 ᠤᠨ 《ᠮᠤᠷᠢ ᠣᠷᠤᠯᠳᠤᠬᠤ》 ᠵᠡᠷᠭᠡ ᠦᠨᠳᠦᠰᠦᠳᠠᠨ ᠤ ᠵᠠᠩ ᠳᠠᠳᠬᠠᠯ ᠦᠪ ᠰᠤᠶᠤᠯ ᠢ ᠬᠠᠷᠠᠭᠤᠯᠤᠭᠰᠠᠨ ᠭᠢᠴᠢᠶᠠᠯ ᠢ ᠡᠵᠡᠮᠰᠢᠭᠦ ᠳᠤ ᠪᠣᠳᠠᠳᠤ ᠠᠮᠢᠳᠤᠷᠠᠯ ᠢ ᠪᠠᠶ᠎ᠠ ᠪᠠᠷ ᠶᠢᠡᠨ ᠥᠩᠭᠡᠷᠡᠭᠦᠯᠦᠭ᠍ᠰᠡᠨ ᠰᠤᠷᠤᠭᠴᠢᠳ ᠣᠢ᠌ᠯᠭᠠᠵᠤ ᠡᠵᠡᠮᠰᠢᠭᠦ ᠨᠢ ᠨᠠᠩ ᠰᠠᠢ᠌ᠨ ᠪᠠᠢ᠌ᠳᠠᠭ᠂ 《ᠵᠠᠭᠤᠠᠳᠠ ᠰᠤᠨᠤᠰᠬᠤ ᠨᠢ ᠨᠢᠭᠡ ᠥᠵᠡᠭᠦ ᠶᠢ ᠭᠦᠷᠭᠦ ᠦᠭᠡᠶ》 ᠭᠡᠳᠡᠭ᠌ ᠨᠢ ᠴᠤ ᠳᠤᠰ ᠶᠤᠰᠤ ᠶᠢ ᠬᠠᠷᠠᠭᠤᠯᠵᠤ ᠪᠠᠢ᠌ᠳᠠᠭ᠃

ᠳᠠᠪᠣ᠂ ᠭᠡᠯᠡᠨ ᠤ ᠣᠷᠴᠢᠨ ᠤᠨ ᠳᠤᠬᠠᠢ ᠵᠦᠪ ᠦᠵᠡᠯᠳᠠ ᠳᠠᠨᠢᠯᠳᠠ ᠶᠢ ᠪᠣᠢ ᠪᠣᠯᠭᠠᠨ᠂ ᠰᠢᠡᠵᠢᠯᠡᠭᠦ ᠣᠬᠠᠭᠠᠠᠴᠢ ᠭᠡᠯᠡᠨ ᠤ ᠣᠷᠴᠢᠨ ᠢ ᠪᠦᠷᠢᠯᠳᠦᠭᠦᠯᠦᠨ᠎ᠡ᠃

ᠵᠠᠷᠢᠮ ᠭᠦᠮᠦᠰ 《ᠰᠤᠷᠭᠠᠭᠤᠯᠢ ᠳᠠᠭᠠᠨ ᠮᠤᠩᠭ᠋ᠤᠯ ᠭᠡᠯᠡ ᠪᠠᠨ ᠰᠤᠷᠴᠤ ᠪᠠᠢ᠌ᠨ᠎ᠠ᠂ ᠭᠡᠷ ᠲᠡᠭᠡᠨ ᠮᠤᠩᠭ᠋ᠤᠯ ᠭᠡᠯᠡ ᠪᠠᠨ ᠭᠡᠷᠡᠭᠯᠡᠵᠤ ᠪᠠᠢ᠌ᠨ᠎ᠠ᠂ ᠭᠡᠯᠡᠨ ᠤ ᠣᠷᠴᠢᠨ ᠭᠦᠢᠴᠡᠳ ᠭᠦᠷᠦᠯᠴᠠᠭᠡᠳᠠᠢ》 ᠭᠡᠵᠤ ᠥᠵᠡᠳᠡᠭ᠌᠂ ᠡᠨᠡ ᠪᠣᠯ ᠪᠣᠷᠤᠭᠤ ᠦᠵᠡᠯᠳᠠ ᠶᠤᠮ᠂ ᠭᠡᠯᠡᠨ ᠤ ᠣᠷᠴᠢᠨ ᠨᠢ ᠵᠥᠪᠭᠡᠨ ᠴᠠᠭ ᠤᠨ ᠳᠠᠯ᠎ᠠ ᠪᠠᠷ ᠣᠷᠤᠰᠢᠬᠤ ᠨᠥᠭᠦᠴᠡᠯ ᠪᠣᠯᠭᠠᠳᠠᠭ ᠪᠢᠰᠢ᠂ ᠬᠠᠷᠢᠨ ᠳᠤᠭᠢᠷᠠᠯᠴᠠᠭᠰᠠᠨ ᠠᠭᠤᠯᠭ᠎ᠠ᠂ ᠭᠡᠯᠪᠠᠷᠢ ᠲᠡᠶ ᠪᠠᠢ᠌ᠬᠤ ᠭᠡᠷᠡᠭ᠍ᠳᠡᠢ᠃

ᠬᠡᠦᠬᠡᠳ ᠪᠠᠭᠠᠴᠤᠳ ᠤᠨ ᠪᠠᠢ᠌ᠳᠠᠯ ᠳ᠋ᠤᠨᠢ ᠳᠤᠭᠢᠷᠠᠭᠤᠯᠤᠨ ᠭᠡᠯᠡᠨ ᠤ ᠣᠷᠴᠢᠨ ᠪᠦᠷᠢᠯᠳᠦᠭᠦᠯᠵᠤ ᠦᠭ‍ᠭᠦ ᠭᠡᠷᠡᠭ᠍ᠳᠡᠢ᠃ ᠵᠤᠷᠢᠯᠭ᠎ᠠ ᠲᠡᠶ ᠪᠠᠷ ᠳᠠᠳᠠᠨ ᠳᠤ ᠮᠤᠩᠭ᠋ᠤᠯ ᠳᠠᠭᠤᠤ ᠰᠤᠨᠤᠰᠬᠠᠬᠤ᠂ ᠺᠢᠨᠤ᠋ ᠥᠵᠡᠭᠦᠯᠭᠦ᠂ ᠨᠤᠮ ᠣᠩᠰᠢᠭᠤᠯᠬᠤ ᠨᠢ ᠭᠡᠯᠡᠨ ᠤ ᠣᠷᠴᠢᠨ ᠢ ᠪᠦᠷᠢᠯᠳᠦᠭᠦᠯᠵᠤ ᠪᠠᠢ᠌ᠭ᠎ᠠ ᠶᠠᠪᠣᠳᠠᠯ ᠮᠦᠨ᠃ ᠢᠯᠠᠩᠭ᠋ᠤᠶ᠎ᠠ ᠭᠡᠷ ᠤᠨ ᠠᠬᠠᠮᠠᠤᠨ ᠦᠪᠡᠷ ᠤᠨ ᠠᠵᠢᠯᠯᠠᠭ᠎ᠠ ᠪᠠᠷ ᠶᠢᠡᠨ ᠳᠠᠳᠠᠨ ᠢ ᠨᠥᠯᠦᠭᠡᠯᠡᠵᠤ᠂ ᠳᠠᠳᠠᠨ ᠤ ᠨᠤᠮ ᠪᠢᠴᠢᠭ᠌ ᠣᠩᠰᠢᠬᠤ ᠶᠢ ᠵᠤᠷᠢᠭᠵᠢᠭᠤᠯᠵᠤ ᠨᠤᠮ ᠪᠢᠴᠢᠭ᠌ ᠣᠩᠰᠢᠬᠤ ᠳᠠᠳᠬᠠᠯ ᠢ ᠭᠦᠮᠦᠵᠢᠭᠦᠯᠭᠦ ᠭᠡᠷᠡᠭ᠍ᠳᠡᠢ᠃ ᠳᠡᠭᠡᠪᠠᠯ ᠨᠤᠮ ᠪᠢᠴᠢᠭ᠌ ᠣᠩᠰᠢᠬᠤ ᠪᠠ ᠭᠡᠯᠡᠨ ᠤ ᠣᠷᠴᠢᠨ ᠨᠢ ᠬᠤᠭᠤᠷᠤᠠᠳᠤ ᠪᠠᠨ ᠶᠠᠮᠠᠷ ᠬᠠᠷᠢᠴᠠᠭ᠎ᠠ ᠲᠡᠶ ᠪᠠᠢ᠌ᠳᠠᠭ ᠪᠣᠯ︖

ᠰᠤᠷᠤᠭᠴᠢ 《ᠥᠰᠦᠭ᠌ ᠪᠢᠴᠢᠭ᠌ ᠤᠨ ᠮᠠᠲ᠋ᠸᠷᠢᠶᠠᠯ (ᠨᠤᠮ ᠪᠢᠴᠢᠭ᠌᠂ ᠰᠤᠨᠢᠨ ᠰᠡᠳᠭᠦᠯ ᠵᠡᠷᠭᠡ) ᠊ᠢ ᠣᠩᠰᠢᠨ ᠣᠢ᠌ᠯᠭᠠᠬᠤ ᠨᠢ ᠬᠠᠮᠤᠭ ᠤᠨ ᠪᠦᠳᠦᠮᠵᠢ ᠲᠡᠶ ᠵᠤᠬᠢᠶᠠᠮᠠᠯ ᠭᠡᠯᠡᠨ ᠤ ᠣᠷᠴᠢᠨ ᠮᠦᠨ᠂ ᠭᠡᠯᠡᠨ ᠤ ᠣᠷᠴᠢᠨ ᠳᠤ ᠪᠦᠷᠢᠮᠦᠰᠤᠨ ᠨᠠᠪᠴᠢᠨ ᠣᠷᠤᠬᠤ ᠬᠠᠮᠤᠭ ᠤᠨ ᠰᠠᠢ᠌ᠨ ᠠᠷᠭ᠎ᠠ ᠮᠦᠨ᠃ ᠣᠴᠢᠷ ᠨᠢ ᠣᠤᠠᠬ᠎ᠠ ᠠᠭᠤᠯᠭ᠎ᠠ ᠪᠦᠭᠦᠢ ᠥᠰᠦᠭ᠌ ᠪᠢᠴᠢᠭ᠌ ᠤᠨ ᠮᠠᠲ᠋ᠸᠷᠢᠶᠠᠯ ᠨᠢ ᠶᠠᠷᠤᠩᠬᠡᠢ ᠳᠠᠭᠡᠨ ᠶᠠᠮᠠᠷ ᠨᠢᠭᠡᠨ ᠠᠬᠤᠢ ᠥᠵᠡᠭ᠍ᠳᠡᠯ ᠤᠨ ᠳᠦᠷᠰᠦᠯᠠᠯ ᠪᠠᠢ᠌ᠳᠠᠭ᠂ ᠡᠨᠡᠭᠦ ᠭᠡᠢ ᠬᠤᠭᠤᠰᠤᠨ ᠠᠬᠤᠢ ᠥᠵᠡᠭ᠍ᠳᠡᠯ ᠨᠢ ᠳᠠᠷᠤᠢ ᠵᠤᠬᠢᠶᠠᠮᠠᠯ ᠭᠡᠯᠡᠨ ᠤ ᠣᠷᠴᠢᠨ ᠮᠦᠨ》 *7᠃ ᠡᠭᠦᠨ ᠢ ᠪᠢᠳᠠ ᠳᠦᠭᠦᠮ ᠶᠢᠡᠷ ᠳᠤᠤᠷᠠᠭᠢ ᠮᠠᠳᠤ ᠣᠢ᠌ᠯᠭᠠᠵᠤ ᠪᠣᠯᠤᠨ᠎ᠠ᠄ ᠰᠤᠷᠤᠭᠴᠢ ᠶᠠᠮᠠᠷ ᠨᠢᠭᠡᠨ ᠥᠯᠢᠭᠡᠷ ᠢ ᠣᠩᠰᠢᠬᠤ ᠦᠶᠡᠰ ᠳᠤᠰ ᠥᠯᠢᠭᠡᠷ ᠤᠨ ᠠᠬᠤᠢ ᠳᠠᠯᠠᠪᠣᠷ ᠳᠠᠳᠠᠨ ᠤ ᠳᠠᠷᠢᠭᠢᠨ ᠳᠤ ᠪᠦᠷᠢᠯᠳᠦᠭᠦ ᠪᠣᠯᠤᠨ᠎ᠠ᠂ ᠡᠨᠡᠭᠦ ᠠᠬᠤᠢ ᠳᠠᠯᠠᠪᠣᠷ ᠨᠢ ᠳᠠᠷᠤᠢ ᠵᠤᠬᠢᠶᠠᠮᠠᠯ ᠭᠡᠯᠡᠨ ᠤ ᠣᠷᠴᠢᠨ ᠮᠦᠨ᠃ ᠡᠨᠡ ᠵᠤᠬᠢᠶᠠᠮᠠᠯ ᠭᠡᠯᠡᠨ ᠤ ᠣᠷᠴᠢᠨ ᠨᠢ ᠰᠤᠷᠤᠭᠴᠢ ᠥᠰᠦᠭ᠌ ᠪᠢᠴᠢᠭ᠌ ᠶᠢᠡᠷ ᠢᠯᠡᠳᠭᠡᠭ᠍ᠰᠡᠨ ᠵᠤᠬᠢᠶᠠᠯ ᠤᠨ ᠠᠭᠤᠯᠭ᠎ᠠ ᠶᠢ ᠣᠢ᠌ᠯᠭᠠᠭᠰᠠᠨ ᠰᠠᠭᠤᠷᠢᠨ ᠳᠡᠭᠡᠷ᠎ᠡ ᠰᠠ‍‌ᠶᠢ ᠪᠦᠷᠢᠯᠳᠤᠨ ᠳᠤᠭᠳᠠᠬᠤ ᠮᠥᠷᠳᠡᠭᠡᠨ ᠣᠢ᠌ᠯᠠᠳᠤᠯ ᠶᠢᠡᠨ ᠥᠵᠡᠭᠦᠯᠭᠦ ᠪᠣᠯᠤᠨ᠎ᠠ᠂ 《ᠣᠩᠰᠢᠯᠭ᠎ᠠ ᠶᠢᠨ ᠶᠠᠪᠣᠴᠠ ᠳᠤ ᠰᠡᠳᠭᠢᠭᠦᠢ ᠶᠢᠨ ᠪᠣᠯᠪᠠᠰᠤᠷᠠᠯ ᠭᠤᠤᠯᠯᠠᠬᠤ ᠣᠢ᠌ᠯᠠᠳᠤᠯ ᠥᠵᠡᠭᠦᠯᠳᠡᠭ᠌》 *9᠂ ᠡᠭᠦᠨ ᠡᠴᠡ ᠪᠢᠳᠠ ᠶᠠᠭᠤᠨ ᠤ ᠣᠴᠢᠷ ᠡᠴᠡ 《ᠥᠭᠡ ᠭᠡᠯᠡ ᠪᠣᠯ ᠬᠠᠮᠤᠭ ᠤᠨ ᠴᠢᠬᠤᠯᠠ ᠰᠡᠳᠭᠢᠭᠦᠢ ᠶᠢᠨ ᠪᠠᠭᠠᠵᠢ》 ᠭᠡᠳᠡᠭ᠌ ᠢ ᠣᠢ᠌ᠯᠭᠠᠵᠤ ᠪᠣᠯᠬᠤ ᠮᠥᠷᠳᠡᠭᠡᠨ ᠪᠠᠭᠠᠴᠤᠳ ᠬᠡᠦᠬᠡᠳ ᠲᠤ ᠨᠤᠮ ᠪᠢᠴᠢᠭ᠌ ᠢᠯᠡᠭᠦᠤ ᠣᠩᠰᠢᠭᠤᠯᠬᠤ ᠶᠢᠨ ᠴᠢᠬᠤᠯᠠ ᠴᠢᠨᠠᠷ ᠢ ᠮᠠᠳᠠᠵᠤ ᠪᠣᠯᠤᠨ᠎ᠠ᠃

ᠶᠠᠭ ᠡᠢ᠌ᠮᠤ ᠡᠴᠡ ᠪᠢᠳᠠ ᠨᠤᠮ ᠪᠢᠴᠢᠭ᠌ ᠣᠩᠰᠢᠬᠤ ᠶᠢ ᠬᠠᠮᠤᠭ ᠤᠨ ᠴᠢᠬᠤᠯᠠ ᠮᠥᠷᠳᠡᠭᠡᠨ ᠬᠠᠮᠤᠭ ᠤᠨ ᠦᠷ᠎ᠡ ᠠᠰᠢᠭᠳᠤ ᠭᠡᠯᠡᠨ ᠤ ᠣᠷᠴᠢᠨ ᠭᠡᠵᠤ ᠥᠵᠡᠳᠡᠭ᠌᠂ ᠮᠦᠨ ᠴᠤ ᠳᠠᠷᠠ ᠨᠢ ᠬᠡᠦᠬᠡᠳ ᠪᠠᠭᠠᠴᠤᠳ ᠤᠨ ᠥᠭᠡ ᠭᠡᠯᠡ ᠥᠰᠦᠭ᠌ ᠪᠢᠴᠢᠭ᠌ ᠢ ᠰᠤᠷᠴᠤ ᠡᠵᠡᠮᠰᠢᠭᠦ ᠪᠠ ᠭᠡᠷᠡᠭᠯᠡᠭᠦ ᠳᠤ ᠭᠤᠤᠯᠯᠠᠭᠴᠢ ᠣᠢ᠌ᠯᠠᠳᠤᠯ ᠥᠵᠡᠭᠦᠯᠵᠤ ᠴᠢᠳᠠᠳᠠᠭ᠃

ᠶᠡᠷᠦᠩᠭᠡᠢ᠌ᠯᠡᠪᠠᠯ᠄ ᠲᠦᠷᠦᠯᠭᠢ ᠥᠭᠡ ᠭᠡᠯᠡ ᠥᠰᠦᠭ᠌ ᠪᠢᠴᠢᠭ᠌ ᠶᠢᠡᠨ ᠰᠤᠷᠴᠤ ᠡᠵᠡᠮᠰᠢᠭᠦ ᠪᠠ ᠬᠠᠮᠠᠭᠠᠯᠠᠨ ᠭᠦᠭ᠍ᠵᠢᠭᠦᠯᠭᠦ ᠳᠤ ᠭᠡᠯᠡᠨ ᠤ ᠣᠷᠴᠢᠨ ᠪᠠᠢ᠌ᠬᠤ ᠭᠡᠷᠡᠭ᠍ᠳᠡᠢ᠂ ᠨᠠᠩ ᠴᠤ ᠬᠡᠦᠬᠡᠳ ᠪᠠᠭᠠᠴᠤᠳ ᠳᠤ ᠮᠤᠩᠭ᠋ᠤᠯ ᠭᠡᠯᠡ ᠶᠢ ᠨᠢ ᠨᠠᠩ ᠰᠠᠢ᠌ᠨ ᠰᠤᠷᠭᠠᠵᠤ ᠡᠵᠡᠮᠰᠢᠭᠦᠯᠭᠦ ᠳᠤ ᠡᠳᠦᠷ ᠢᠷᠡᠭᠦᠶ᠎ᠡ ᠪᠠᠯᠠᠷᠠᠨ ᠣᠰᠠᠳᠴᠤ ᠪᠠᠢ᠌ᠭ᠎ᠠ ᠦᠨᠳᠦᠰᠦᠳᠠᠨ ᠤ ᠰᠤᠶᠤᠯ ᠪᠠ ᠥᠭᠡ ᠭᠡᠯᠡᠨ ᠤ ᠣᠷᠴᠢᠨ ᠶᠢᠡᠨ ᠨᠠᠠᠳᠢᠩᠨᠠᠨ ᠬᠠᠢ᠌ᠷᠠᠯᠠᠵᠤ᠂ ᠠᠰᠢᠭᠯᠠᠨ ᠭᠦᠭ᠍ᠵᠢᠭᠦᠯᠭᠦ ᠭᠡᠷᠡᠭ᠍ᠳᠡᠢ᠂ ᠡᠨᠡ ᠨᠢ ᠪᠢᠳᠠ ᠪᠦᠭᠦᠨ ᠤ ᠡᠮᠦᠨ᠎ᠡ ᠳᠤᠯᠭᠠᠷᠠᠵᠤ ᠪᠠᠢ᠌ᠭ᠎ᠠ ᠴᠢᠬᠤᠯᠠ ᠡᠭᠦᠷᠭᠡ ᠬᠠᠷᠢᠭᠤᠴᠠᠯᠭ᠎ᠠ ᠮᠦᠨ᠂᠂


ᠯᠠᠪᠯᠠᠭᠰᠠᠨ ᠨᠤᠮ ᠪᠠ ᠰᠤᠨᠢᠨ ᠤ ᠭᠠᠷᠴᠠᠭ᠄

1 《ᠮᠤᠩᠭ᠋ᠤᠯ ᠰᠤᠷᠭᠠᠭᠤᠯᠢ ᠶᠢᠨ ᠭᠢᠳᠠᠤᠨ ᠶᠢᠡᠷ ᠪᠢᠴᠢᠭ᠍ᠰᠡᠨ ᠭᠡᠷ᠎ᠡ》

2 《ᠦᠪᠣᠷ ᠮᠤᠩᠭ᠋ᠤᠯ ᠤᠨ ᠡᠳᠦᠷ ᠤᠨ ᠰᠤᠨᠢᠨ》᠂ 《ᠮᠤᠩᠭ᠋ᠤᠯ ᠭᠡᠯᠡ ᠭᠡᠷᠡᠭᠯᠡᠭᠡ ᠶᠢ ᠶᠠᠭᠠᠭᠢᠨ᠎ᠠ︖》᠂ 2009 ᠣᠨ ᠤ 4 ᠰᠠᠷ᠎ᠠ ᠵᠢᠨᠤ10 ᠊ᠤ ᠡᠳᠦᠷ ᠤᠨ 《ᠦᠨᠳᠦᠰᠦᠳᠠᠨ ᠤ ᠰᠤᠶᠤᠯ ᠤᠨ ᠳᠤᠰᠠᠬᠠᠢ ᠭᠡᠪᠯᠡᠯ》᠃

3 《ᠮᠤᠩᠭ᠋ᠤᠯ ᠣᠳᠤᠨ ᠳᠸᠯᠸᠢᠰ ᠤᠨ ᠭᠣ᠊·ᠰᠠᠢ᠌ᠠᠪᠠᠶᠠᠷ ᠤᠨ ᠦᠨᠳᠦᠰᠦᠳᠠᠨ ᠤ ᠡᠷᠭᠡ ᠠᠰᠢᠭ ᠤᠨ ᠳᠤᠬᠠᠢ ᠭᠢᠭ᠍ᠰᠡᠨ ᠦᠨᠡᠨ ᠪᠣᠳᠠᠳᠤ ᠣᠴᠢᠷ ᠶᠠᠪᠣᠳᠠᠯ ᠤᠨ ᠰᠤᠷᠪᠣᠯᠵᠢᠯᠠᠭ᠎ᠠ》

4 《ᠦᠪᠣᠷ ᠮᠤᠩᠭ᠋ᠤᠯ ᠤᠨ ᠠᠮᠢᠳᠤᠷᠠᠯ ᠭᠠᠷᠠᠭ ᠤᠨ ᠰᠤᠨᠢᠨ》᠂ 《ᠠᠩᠬᠠᠷᠤᠯ ᠤᠨ ᠴᠡᠭ᠌》᠂ 2009 ᠣᠨ ᠤ 4 ᠰᠠᠷ᠎ᠠ ᠶᠢᠨ 14 ᠊ᠤ ᠭᠡᠪᠯᠡᠯ᠃

5 ᠪᠦᠭᠦ ᠣᠯᠤᠰ ᠤᠨ ᠳᠤᠰᠠᠬᠠᠢ ᠮᠡᠷᠭᠡᠵᠢᠯ ᠤᠨ ᠳᠡᠭᠡᠳᠤ ᠰᠤᠷᠭᠠᠭᠤᠯᠢ ᠶᠢᠨ ᠵᠢᠭᠠᠬᠤ ᠮᠠᠲ᠋ᠸᠷᠢᠶᠠᠯ᠂ 《ᠳᠤᠮᠳᠠᠳᠤ ᠰᠤᠷᠭᠠᠭᠤᠯᠢ ᠶᠢᠨ ᠭᠡᠯᠡ ᠪᠢᠴᠢᠭ᠌ ᠵᠢᠭᠠᠬᠤ ᠠᠷᠭ᠎ᠠ》᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 2002 ᠣᠨ ᠤ ᠭᠡᠪᠯᠡᠯ᠃

6 ᠪᠤᠶᠠᠨᠳᠡᠭᠦᠰ᠂ 《ᠣᠯᠠᠮᠵᠢᠯᠠᠯᠳᠤ ᠮᠤᠩᠭ᠋ᠤᠯ ᠳᠠᠭᠤᠳᠠᠯᠭ᠎ᠠ ᠪᠠᠯᠠᠷᠠᠵᠤ ᠪᠠᠢ᠌ᠬᠤ ᠨᠢ ᠨᠡᠭᠡᠷᠡᠨ ᠬᠠᠷᠠᠰᠤᠮᠠᠷ︕》᠂ 《ᠦᠪᠣᠷ ᠮᠤᠩᠭ᠋ᠤᠯ ᠤᠨ ᠠᠮᠢᠳᠤᠷᠠᠯ ᠭᠠᠷᠠᠭ ᠤᠨ ᠰᠤᠨᠢᠨ》 ᠊ᠤ 2009 ᠣᠨ ᠤ 3 ᠰᠠᠷ᠎ᠠ ᠶᠢᠨ 31 ᠊ᠤ ᠭᠡᠪᠯᠡᠯ᠃

7 《ᠭᠡᠯᠡᠨ ᠤ ᠣᠷᠴᠢᠨ ᠤ ᠠᠩᠭᠢᠯᠠᠯ》

9 ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠥᠷᠭᠦᠯᠵᠢᠯᠡᠭ᠍ᠰᠡᠨ ᠰᠤᠷᠭᠠᠨ ᠭᠦᠮᠦᠵᠢᠯ ᠤᠨ ᠵᠢᠭᠠᠬᠤ ᠮᠠᠲ᠋ᠸᠷᠢᠶᠠᠯ ᠢ ᠨᠠᠢ᠌ᠷᠠᠭᠤᠯᠤᠨ ᠪᠢᠴᠢᠭᠦ ᠵᠦᠪᠯᠠᠯ᠂ 《ᠪᠠᠭ᠎ᠠ ᠰᠤᠷᠭᠠᠭᠤᠯᠢ ᠳᠤ ᠭᠡᠯᠡ ᠪᠢᠴᠢᠭ᠌ ᠵᠢᠭᠠᠬᠤ ᠰᠠᠳᠭᠢᠴᠠ》᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 2000 ᠣᠨ ᠤ ᠭᠡᠪᠯᠡᠯ᠃


2009.4.28

ᠰᠦᠨᠢᠳ ᠵᠡᠭᠦᠨ ᠬᠤᠰᠢᠭᠤᠨ ᠤ ᠮᠤᠩᠭ᠋ᠤᠯ ᠬᠤᠶᠠᠳᠤᠭᠠᠷ ᠪᠠᠭ᠎ᠠ ᠰᠤᠷᠭᠠᠭᠤᠯᠢ ᠰᠠᠷᠠᠨ᠎ᠠ

ᠵᠤᠬᠢᠶᠠᠭᠴᠢ᠄ ᠰᠠᠷᠠᠨ᠎ᠠ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 5489
ᠴᠠᠭ᠄ 2009 ᠤᠨ ᠤ 05 ᠰᠠᠷ᠎ᠠ ᠶᠢᠨ 01