ᠤᠯᠤᠰ ᠤᠨ ᠰᠢᠯᠭᠠᠯᠲᠠ ᠶᠢᠨ ᠮᠤᠩᠭᠤᠯ ᠬᠡᠯᠡᠨ ᠤ ᠰᠢᠯᠭᠠᠯᠲᠠ ᠶᠢᠨ ᠲᠤᠬᠠᠢ
ᠮᠠᠳᠠᠭ ᠲᠡᠶ ᠪᠠᠨ ᠣᠢ᠌ᠯᠠᠭᠠᠬᠤ ᠪᠠ ᠭᠡᠳᠤᠨ ᠮᠦᠴᠢᠳ ᠰᠠᠨᠠᠯ ᠶᠢᠡᠨ ᠳᠤᠷᠠᠤᠠᠬᠤ

ᠣᠯᠤᠰ ᠤᠨ ᠰᠢᠯᠭᠠᠯᠳᠠ ᠨᠢ ᠡᠩ ᠤᠨ ᠵᠢᠭᠠᠨ ᠰᠤᠷᠭᠠᠯᠳᠠ ᠳᠤ ᠵᠢᠯᠤᠭᠤᠤᠠᠬᠤ ᠣᠢ᠌ᠯᠠᠳᠤᠯ ᠥᠵᠡᠭᠦᠯᠵᠤ ᠪᠠᠢ᠌ᠳᠠᠭ ᠡᠴᠡ ᠣᠯᠤᠰ ᠤᠨ ᠰᠢᠯᠭᠠᠯᠳᠠ ᠶᠢᠨ ᠰᠠᠳᠤᠪ ᠤᠨ ᠶᠠᠮᠠᠷ ᠪᠠᠢ᠌ᠳᠠᠭ ᠨᠢ ᠰᠢᠭᠤᠳ ᠵᠢᠭᠠᠨ ᠰᠤᠷᠭᠠᠯᠳᠠ ᠶᠢ ᠨᠥᠯᠦᠭᠡᠯᠡᠳᠡᠭ᠌ ᠶᠤᠮ᠃ ᠳᠠᠢ᠌ᠮᠤ ᠡᠴᠡ ᠪᠠᠭᠰᠢ ᠨᠡᠷ ᠣᠯᠤᠰ ᠤᠨ ᠰᠢᠯᠭᠠᠯᠳᠠ ᠶᠢᠨ ᠰᠠᠳᠤᠪ ᠢ ᠳᠤᠩ ᠠᠩᠬᠠᠷᠴᠤ ᠪᠠᠢ᠌ᠳᠠᠭ ᠶᠤᠮ᠃ ᠳᠤᠷᠤᠭᠰᠢ 09 ᠣᠨ ᠤ ᠣᠯᠤᠰ ᠤᠨ ᠰᠢᠯᠭᠠᠯᠳᠠ ᠶᠢᠨ ᠮᠤᠩᠭ᠋ᠤᠯ ᠭᠡᠯᠡᠨ ᠤ ᠰᠠᠳᠤᠪ ᠶᠢᠡᠷ ᠵᠢᠱᠢᠶᠠᠯᠠᠵᠤ᠂ ᠡᠩ ᠤᠨ ᠵᠢᠭᠠᠨ ᠰᠤᠷᠭᠠᠯᠳᠠ ᠳᠤ ᠣᠴᠠᠷᠠᠭᠰᠠᠨ ᠮᠠᠳᠠᠭ ᠲᠡᠶ ᠠᠰᠠᠭᠤᠳᠠᠯ ᠤᠳ ᠡᠴᠡ ᠣᠢ᠌ᠯᠠᠭᠠᠬᠤ ᠶᠢᠨ ᠬᠠᠮᠳᠤ ᠭᠡᠳᠤᠨ ᠮᠦᠴᠢᠳ ᠰᠠᠨᠠᠯ ᠶᠢᠡᠨ ᠳᠡᠪᠰᠢᠭᠦᠯᠦᠶ᠎ᠡ᠃

1. ᠣᠷᠠᠨ ᠨᠠᠢ᠌ᠷᠠᠭᠤᠯᠭ᠎ᠠ ᠶᠢᠨ ᠣᠷᠤᠨ ᠤ ᠳᠤᠬᠠᠢ᠃

(1)08 ᠣᠨ ᠤ ᠰᠢᠯᠭᠠᠯᠳᠠ ᠶᠢᠨ 5 ᠳ᠋ᠤᠭᠠᠷ ᠰᠠᠳᠤᠪ ᠂ ᠪᠣᠷᠤᠭᠤ ᠶᠢ ᠨᠢ ᠰᠤᠩᠭ᠋ᠤᠭᠤᠯᠪᠠ᠃ ᠳᠤᠤᠷᠠᠭᠢ ᠰᠠᠳᠤᠪ ᠪᠣᠯ ᠵᠦᠪ ᠨᠢ᠃ D. ᠦᠷᠦᠰᠢᠶᠠᠯᠳᠤ ᠨᠤᠶᠠᠨ ᠢ ᠳᠠᠷᠠ ᠴᠠᠭ ᠲᠤ ᠳᠡᠯᠡᠭᠡᠢ ᠡᠴᠡ ᠡᠷᠢᠪᠠᠯ ᠡᠳᠦᠷ ᠤᠨ ᠣᠳᠤᠨ ᠡᠴᠡ ᠬᠤᠯᠠ ᠴᠥᠭᠡᠭᠡᠨ ᠪᠠᠢ᠌ᠭᠰᠠᠨ ᠴᠠᠭ ᠡ︕ ᠦᠯᠦ ᠪᠦᠳᠦᠭᠦ ᠨᠤᠶᠠᠨ ᠢ ᠳᠠᠷᠠ ᠴᠠᠭ ᠲᠤ ᠦᠤᠰᠢᠨ ᠡᠴᠡ ᠡᠷᠢᠪᠠᠯ ᠥᠭᠡᠷ ᠤᠨ ᠦᠰᠦᠨ ᠡᠴᠡ ᠬᠤᠯᠠ ᠠᠷᠪᠢᠨ ᠪᠠᠢ᠌ᠭᠰᠠᠨ ᠦᠶ᠎ᠡ ᠡ︕ (ᠬᠤᠤᠰᠯᠠᠭᠤᠯᠤᠯ᠂  ᠰᠥᠷᠭᠡᠤᠴᠢᠯᠡᠯ)

(2) 09 ᠣᠨ ᠤ ᠰᠢᠯᠭᠠᠯᠳᠠ ᠶᠢᠨ 8 ᠳ᠋ᠤᠭᠠᠷ ᠰᠠᠳᠤᠪ᠂ ᠵᠦᠪ ᠢ ᠨᠢ ᠰᠤᠩᠭ᠋ᠤᠭᠤᠯᠪᠠ᠃ ᠳᠤᠤᠷᠠᠭᠢ ᠰᠠᠳᠤᠪ ᠪᠣᠯ ᠵᠦᠪ ᠨᠢ᠃ B. ᠦᠨᠳᠦᠷ ᠤᠨ ᠡᠮᠤᠨ᠎ᠡ ᠥᠭᠡᠳᠡᠰᠤ ᠪᠣᠯᠵᠤ ᠡᠪᠦᠳᠦᠭ᠌ ᠰᠥᠭᠦᠷᠡᠨ ᠮᠥᠯᠭᠦᠭ᠍ᠰᠡᠳ ᠪᠠᠢ᠌ᠬᠤ ᠪᠣᠢ᠂ ᠥᠴᠦᠭᠡᠨ ᠤ ᠡᠮᠤᠨ᠎ᠡ ᠳᠡᠭᠡᠳᠦᠰ ᠪᠣᠯᠵᠤ ᠦᠯᠮᠡᠢ ᠳᠤᠤᠷ᠎ᠠ ᠪᠠᠨ ᠳᠡᠪᠢᠰᠦᠭ᠍ᠰᠡᠳ ᠪᠠᠢ᠌ᠬᠤ ᠪᠣᠢ᠃ (ᠬᠤᠤᠰᠯᠠᠭᠤᠯᠤᠯ᠂ ᠰᠥᠷᠭᠡᠤᠴᠢᠯᠡᠯ᠂ ᠵᠣᠢ᠌ᠷᠯᠠᠯ) ᠭᠡᠯᠪᠠᠷᠢ ᠡᠴᠡ ᠨᠢ ᠬᠤᠤᠰᠯᠠᠭᠤᠯᠤᠯ᠂ ᠰᠠᠨᠠᠭ᠎ᠠ ᠡᠴᠡ ᠨᠢ ᠰᠥᠷᠭᠡᠤᠴᠢᠯᠡᠯ ᠭᠡᠰᠡᠨ ᠪᠣᠯᠪᠠ ᠦᠦ︖ ᠡᠯ᠎ᠡ ᠶᠡᠭᠡ ᠰᠤᠷᠭᠠᠭᠤᠯᠢ ᠶᠢᠨ ᠨᠠᠢ᠌ᠷᠠᠭᠤᠯᠤᠭᠰᠠᠨ 《ᠣᠷᠴᠢᠨ ᠴᠠᠭ ᠤᠨ ᠮᠤᠩᠭ᠋ᠤᠯ ᠭᠡᠯᠡ》 ᠳᠤ ᠯᠠᠪᠯᠠᠪᠠᠯ ᠄ ᠬᠤᠤᠰᠯᠠᠭᠤᠯᠤᠯ ᠨᠢ ᠨᠥᠭᠦᠪᠦᠷᠢᠯᠡᠭᠦ ᠰᠠᠨᠠᠭ᠎ᠠ ᠶᠢ ᠢᠯᠤᠨᠭᠡᠵᠤ᠂ ᠰᠥᠷᠭᠡᠤᠴᠢᠯᠡᠯ ᠨᠢ ᠬᠠᠷᠢᠴᠠᠭᠤᠯᠤᠭᠰᠠᠨ ᠰᠠᠨᠠᠭ᠎ᠠ ᠶᠢ ᠢᠯᠡᠳᠭᠡᠨ᠎ᠡ ᠭᠡᠵᠤ ᠶᠠᠷᠢᠵᠤ ᠪᠠᠢ᠌ᠨ᠎ᠠ᠃ ᠳᠡᠭᠡᠷᠡᠭᠢ ᠬᠤᠶᠠᠷ ᠵᠢᠱᠢᠶ᠎ᠠ ᠪᠣᠯ ᠰᠥᠷᠭᠡᠤᠴᠢᠯᠡᠯ ᠮᠦᠨ ᠭᠡᠵᠤ ᠪᠢᠳᠠ ᠦᠵᠡᠵᠤ ᠪᠠᠢ᠌ᠨ᠎ᠠ᠃

(3) ᠳᠦᠩᠯᠢᠶᠤᠤ ᠬᠤᠳᠠ ᠶᠢᠨ 3.20 ᠤᠨ ᠰᠠᠳᠤᠪ ᠤᠨ 6 ᠳ᠋ᠤᠭᠠᠷ ᠰᠠᠳᠤᠪ᠃ ᠣᠯᠤᠰ ᠤᠨ ᠰᠢᠯᠭᠠᠯᠳᠠ ᠶᠢᠨ ᠨᠥᠯᠦᠭᠡ ᠶᠢ ᠭᠦᠷᠳᠡᠭ᠍ᠰᠡᠨ ᠨᠢ ᠳᠤᠳᠤᠷᠬᠠᠢ ᠪᠠᠢ᠌ᠨ᠎ᠠ᠃ ᠳᠤᠤᠷᠠᠭᠢ ᠰᠠᠳᠤᠪ ᠪᠣᠯ ᠵᠦᠪ ᠨᠢ᠃ B. ᠣᠷᠳᠤ ᠭᠠᠵᠠᠷ ᠤᠨ ᠡᠷ᠎ᠡ ᠶᠢᠨ ᠭᠡᠵᠢᠭᠡ ᠢᠨᠤ ᠠᠯᠳᠠ ᠭᠢᠭᠡᠤᠨ ᠳᠠᠯᠢᠮ ᠰᠠᠢ᠌ᠬᠠᠨ ᠪᠠᠢ᠌ᠨᠠᠮ ᠬᠣᠢ᠌ᠳᠤ ᠭᠠᠵᠠᠷ ᠤᠨ ᠡᠷ᠎ᠡ ᠶᠢᠨ ᠭᠡᠵᠢᠭᠡ ᠢᠮᠠᠭᠠᠨ ᠤ ᠰᠡᠭᠦᠯ ᠲᠡᠶ ᠠᠳᠠᠯᠢ ᠪᠠᠢ᠌ᠨᠠᠮ᠃ (ᠬᠤᠤᠰᠯᠠᠭᠤᠯᠤᠯ᠂ ᠰᠥᠷᠭᠡᠤᠴᠢᠯᠡᠯ᠂ ᠵᠣᠢ᠌ᠷᠯᠠᠯ)

(4)ᠡᠩ ᠤᠨ ᠪᠣᠯᠪᠠᠰᠤᠷᠠᠯ ᠳᠤ᠄  ① ᠳᠠᠪᠠᠨᠠᠨ ᠴᠢᠨᠡᠭᠡᠨ ᠡᠭᠦᠯᠡ ᠦᠭᠡᠶ ② ᠱᠠᠭ᠎ᠠ ᠶᠢᠨ ᠴᠢᠨᠡᠭᠡᠨ ᠴᠢᠯᠠᠭᠤ᠃ ᠵᠣᠢ᠌ᠷᠯᠠᠯ ᠦᠦ᠂ ᠳᠠᠪᠠᠭᠤᠯᠤᠯ ᠦᠦ︖ ᠮᠠᠨ ᠤ ᠥᠵᠡᠭᠦ ᠪᠠᠷ ① ᠨᠢ ᠳᠠᠪᠠᠭᠤᠯᠤᠯ ② ᠨᠢ ᠵᠣᠢ᠌ᠷᠯᠠᠯ᠃

2᠂ ᠪᠢᠴᠢᠯᠭᠡ ᠶᠢᠨ ᠠᠷᠭ᠎ᠠ ᠶᠢᠨ ᠳᠤᠬᠠᠢ᠃ 07 ᠣᠨ ᠤ 18 ᠳ᠋ᠤᠭᠠᠷ ᠰᠠᠳᠤᠪ᠃ ᠬᠠᠷᠢ ᠬᠤᠯᠠ ᠶᠢᠨ ᠡᡁᠸᠪᠧᠷᠢ ᠣᠯᠳᠤᠷᠢᠭ ᠲᠤ ᠬᠠᠪᠣᠷ ᠤᠨ ᠰᠠᠢ᠌ᠬᠠᠨ ᠢ ᠵᠠᠳᠠᠤᠯᠠᠢ ᠳᠠᠭᠤᠳᠠᠨ ᠰᠡᠷᠡᠭᠡᠵᠤ ᠬᠠᠨᠠᠭᠠᠷ ᠳᠠᠯᠠᠢ ᠶᠢᠨ ᠢᠮ ᠵᠢᠮ ᠢ ᠳᠤᠩᠭ᠋ᠤᠳᠤᠨ ᠡᠪᠳᠡᠪᠠᠴᠤ ᠬᠠᠮᠢᠭ᠎ᠠ ᠡᠴᠡ ᠡᠨᠡ ᠳᠠᠭᠤᠨ ᠮᠠᠳᠤ ᠰᠠᠤᠠᠭᠢᠯ ᠣᠶᠠᠷᠠᠭᠤᠯᠬᠤ ᠠᠵᠢ᠃ (ᠬᠤᠯᠪᠤᠨ ᠪᠣᠳᠤᠯᠳᠠ) ᠯᠠᠪᠯᠠᠬᠤ ᠳᠤ᠄ ᠰᠢᠯᠦᠭ᠍ᠴᠢ ᠳᠦᠰᠦᠭᠡᠯᠡᠨ ᠪᠣᠳᠤᠯᠳᠠ ᠶᠢᠨ ᠵᠢᠭᠦᠷ ᠶᠢᠡᠨ ᠳᠡᠯᠭᠡᠵᠤ᠂ ᠬᠠᠷᠢᠯᠴᠠᠨ ᠳᠤᠷᠠᠢ᠌ᠯᠭᠠᠬᠤ ᠠᠷᠭ᠎ᠠ ᠶᠢ ᠭᠡᠷᠡᠭᠯᠡᠵᠤ ᠭᠡᠵᠤ ᠪᠠᠢ᠌ᠨ᠎ᠠ᠃ ᠮᠠᠨ ᠤ ᠥᠵᠡᠭᠦ ᠪᠠᠷ ᠬᠤᠯᠪᠤᠨ ᠪᠣᠳᠤᠯᠳᠠ᠃ ᠳᠤᠯᠢ ᠪᠢᠴᠢᠭ᠌ ᠲᠤ ᠦᠵᠡᠪᠠᠯ ᠄ ᠬᠤᠯᠪᠣᠬᠤ ᠊᠊᠊᠊᠊᠊᠊᠊᠊᠊᠊᠊᠊᠊᠊ ᠶᠠᠭᠤᠮ᠎ᠠ ᠶᠢ ᠬᠠᠷᠢᠴᠠᠭ᠎ᠠ ᠲᠡᠶ ᠪᠣᠯᠭᠠᠨ ᠥᠵᠡᠭᠦ ︔ ᠳᠦᠰᠦᠭᠡᠯᠡᠭᠦ ᠊᠊᠊᠊᠊᠊᠊᠊᠊᠊᠊᠊᠊᠊᠊ ᠣᠴᠢᠷ ᠶᠠᠪᠣᠳᠠᠯ᠂ ᠭᠦᠮᠤᠨ ᠶᠠᠭᠤᠮ᠎ᠠ ᠶᠢ ᠪᠠᠷᠤᠭᠴᠠᠭᠠᠨ ᠮᠡᠳᠡᠭᠦ᠃

3᠂ ᠵᠤᠬᠢᠶᠠᠨ ᠪᠢᠴᠢᠯᠭᠡ ᠶᠢᠨ ᠥᠭᠡ ᠶᠢᠨ ᠳᠤᠭ᠎ᠠ ᠶᠢᠨ ᠳᠤᠬᠠᠢ᠃ 07 ᠣᠨ ᠳᠤ᠂ 60 ᠮᠦᠷ × ᠮᠦᠷ ᠪᠦᠷᠢ ᠳᠤ 8 ᠥᠭᠡ ᠪᠢᠴᠢᠭᠦ ᠪᠠᠷ ᠪᠣᠳᠤᠪᠠᠯ =480 ᠥᠭᠡ᠃ 08 ᠣᠨ ᠳᠤ᠂ 70 ᠮᠦᠷ ×ᠮᠦᠷ ᠪᠦᠷᠢ ᠳᠤ 8 ᠥᠭᠡ ᠪᠢᠴᠢᠭᠦ ᠪᠠᠷ ᠪᠣᠳᠤᠪᠠᠯ=560 ᠥᠭᠡ᠃ 09 ᠣᠨ ᠳᠤ᠂ 65 ᠮᠦᠷ ×ᠮᠦᠷ ᠪᠦᠷᠢ ᠳᠤ 8 ᠥᠭᠡ ᠪᠢᠴᠢᠭᠦ ᠪᠠᠷ ᠪᠣᠳᠤᠪᠠᠯ =520 ᠥᠭᠡ᠃ ᠳᠡᠭᠡᠷᠡᠭᠢ ᠪᠣᠯ ᠣᠯᠠᠭᠠᠨ ᠮᠦᠷ ᠭᠠᠷᠭᠠᠬᠤ ᠦᠭᠡᠶ ᠪᠠᠷ ᠪᠣᠳᠤᠭᠠᠤᠨ ᠭᠠᠷᠤᠭᠰᠠᠨ ᠳᠤᠭ᠎ᠠ᠃ 600 ᠥᠭᠡ ᠣᠷᠴᠢᠮ ᠪᠠᠢ᠌ᠯᠭᠠᠬᠤ ᠭᠡᠰᠡᠨ ᠢ ᠰᠤᠷᠤᠭᠴᠢᠳ ᠲᠤ ᠶᠠᠭᠠᠭᠢᠵᠤ ᠬᠠᠷᠢᠭᠤᠯᠬᠤ ᠪᠠᠨ ᠣᠯᠳᠠᠭ ᠦᠭᠡᠶ ᠪᠠᠢ᠌ᠨ᠎ᠠ᠃

4᠂ ᠣᠤᠠᠬ᠎ᠠ ᠵᠤᠬᠢᠶᠠᠯ ᠤᠨ ᠮᠡᠳᠡᠯᠭᠡ ᠶᠢᠨ ᠰᠠᠳᠤᠪ ᠤᠨ ᠳᠤᠬᠠᠢ᠃ 07 ᠣᠨ ᠪᠠ 09 ᠣᠨ ᠳᠤ᠂ 《ᠦᠭ‍ᠭᠦᠭ᠍ᠳᠡᠭ᠍ᠰᠡᠨ ᠵᠤᠬᠢᠶᠠᠯ ᠤᠨ ᠳ᠋ᠤᠭᠠᠷ ᠢ ᠭᠦᠰᠦᠨᠦᠭ᠍ᠳᠤ ᠶᠢᠨ ᠱᠠᠭᠠᠷᠳᠠᠯᠭ᠎ᠠ ᠳᠤ ᠵᠤᠭᠢᠴᠠᠭᠤᠯᠤᠨ ᠰᠤᠩᠭ᠋ᠤᠵᠤ ᠳᠠᠭᠯᠠ᠃ (4 ᠬᠤᠪᠢ)》 ᠭᠡᠭᠦ ᠰᠠᠳᠤᠪ ᠭᠠᠷᠴᠠᠢ᠃ ᠨᠢᠭᠡ ᠭᠦᠰᠦᠨᠦᠭ᠌ ᠲᠤ ᠪᠠᠭ᠎ᠠ ᠳᠤ ᠪᠠᠨ 1 ᠬᠠᠷᠢᠭᠤᠯᠳᠠ᠂ ᠢᠯᠡᠭᠦᠤ ᠳᠤ ᠪᠠᠨ 4 ᠬᠠᠷᠢᠭᠤᠯᠳᠠ ᠰᠤᠩᠭ᠋ᠤᠨ᠎ᠠ᠂ ᠰᠠᠳᠤᠪ ᠥᠵᠡᠭᠦ ᠪᠠᠷᠢᠮᠵᠢᠶ᠎ᠠ ᠨᠢ ᠵᠠᠪᠠᠯ ᠴᠦᠮ ᠳᠠᠭᠠᠷᠠᠪᠠᠯ ᠰᠠ‍ᠶᠢ᠌ 1 ᠬᠤᠪᠢ ᠣᠯᠭᠤᠨ᠎ᠠ᠃ ᠮᠠᠨ ᠤ ᠥᠵᠡᠭᠦ ᠪᠠᠷ ᠡᠨᠡ ᠰᠠᠳᠤᠪ ᠳᠡᠭᠡᠷ᠎ᠡ ᠰᠠᠢ᠌ᠨ ᠮᠠᠭᠤ ᠰᠤᠷᠤᠭᠴᠢ ᠠᠳᠠᠯᠢᠬᠠᠨ᠂ ᠪᠠᠷᠤᠭ ᠬᠤᠪᠢ ᠣᠯᠬᠤ ᠦᠭᠡᠶ᠃

5᠂ ᠪᠠᠶᠠᠴᠢ ᠪᠠ ᠪᠣᠰᠤᠤᠠᠴᠢ ᠰᠠᠳᠤᠪ ᠤᠨ ᠳᠤᠬᠠᠢ᠃ 07 ᠣᠨ ᠪᠠ 09 ᠣᠨ ᠳᠤ《᠁ ᠵᠦᠪ ᠵᠥᠢᠴᠢᠯᠡᠭ᠍ᠰᠡᠨ ᠵᠤᠷᠪᠣᠰ ᠤᠨ ᠳᠡᠭᠡᠷ᠎ᠡ(√)ᠲ᠋ᠡᠮᠳᠡᠭ᠌ ᠳᠠᠯᠪᠢ》 ᠭᠡᠰᠡᠨ ᠰᠠᠳᠤᠪ ᠭᠠᠷᠴᠠᠢ᠃ 《ᠬᠤᠶᠠᠷ ᠵᠠᠭᠠᠯ ᠤᠨ ᠳᠤᠭᠤᠵᠢ》 ᠵᠢᠨ ᠰᠠᠨᠠᠭ᠎ᠠ ᠶᠢ ᠶᠠᠭᠠᠭᠢᠵᠤ ᠵᠣᠢ᠌ᠴᠢᠯᠠᠪᠠᠯ ᠵᠦᠪ ᠪᠣᠢ︖ 《ᠯᠠᠪᠯᠠᠬᠤ》 ᠳ᠋ᠤ ᠳᠠᠪᠤᠨ ᠳᠠᠯ᠎ᠠ ᠪᠠᠷ ᠶᠠᠷᠢᠵᠤ᠂ ᠰᠤᠷᠤᠭᠴᠢᠳ ᠢ ᠴᠢᠯᠦᠭᠡᠳᠡᠢ ᠰᠡᠳᠭᠢᠭᠦᠯᠭᠦ ᠭᠡᠷᠡᠭ᠍ᠳᠡᠢ ᠭᠡᠵᠤ ᠱᠠᠭᠠᠷᠳᠠᠭᠰᠠᠨ ᠪᠠᠢ᠌ᠨ᠎ᠠ᠃ ᠡᠨᠡ ᠨᠢ ᠰᠤᠷᠤᠭᠴᠢᠳ ᠤᠨ ᠪᠦᠳᠦᠭᠡᠯᠴᠢ ᠴᠢᠳᠠᠪᠣᠷᠢ ᠶᠢ ᠴᠢᠬᠤᠯᠠᠴᠢᠯᠠᠭᠰᠠᠨ ᠨᠢ ᠳᠤᠳᠤᠷᠬᠠᠢ ᠪᠠᠢ᠌ᠨ᠎ᠠ᠃

6᠂ ᠪᠠᠷᠢᠮᠵᠢᠶ᠎ᠠ ᠠᠪᠢᠶ᠎ᠠ ᠶᠢᠨ ᠰᠠᠳᠤᠪ ᠤᠨ ᠳᠤᠬᠠᠢ᠃ ᠣ (4) ᠪᠠ ᠣ (5) ᠂ ᠥ (6) ᠪᠠ ᠥ (7) ᠵᠢᠨ ᠰᠡᠯᠭᠦᠴᠡᠯ ᠢ ᠰᠢᠯᠭᠠᠵᠤ ᠪᠠᠢ᠌ᠭ᠎ᠠ ᠬᠠᠷᠢᠴᠠᠯ ᠨᠢ ᠵᠢᠯ ᠳᠤᠳᠤᠮ ᠨᠡᠮᠡᠭ᠍ᠳᠡᠵᠤ ᠪᠠᠢ᠌ᠨ᠎ᠠ᠃ 07 ᠣᠨ ᠳᠤ᠄ ᠬᠤᠪᠴᠠᠰᠤ ︔ 08 ᠣᠨ ᠳᠤ᠄ ᠣᠩᠰᠢᠬᠤ᠂ ᠳᠤᠷᠪᠢ ︔ 09 ᠣᠨ ᠳᠤ᠄ ᠠᠭᠤᠷ᠂ ᠦᠪᠣᠷ᠂ ᠥᠭ‍‌ᠭᠢᠶᠡᠮᠦᠷ᠃ ᠴᠢᠩᠭ᠎ᠠ ᠭᠦᠡᠳᠡᠢ ᠶᠢᠨ ᠰᠡᠯᠭᠦᠴᠡᠯ ᠪᠠ ᠵᠠᠷᠢᠮ ᠭᠡᠢ᠌ᠭᠦᠯᠦᠭ᠍ᠴᠢ ᠶᠢᠨ ᠰᠡᠯᠭᠦᠴᠡᠯ ᠨᠢ ᠮᠠᠨ ᠤ ᠮᠤᠩᠭ᠋ᠤᠯ ᠭᠡᠯᠡ ᠥᠰᠦᠭ᠌ ᠪᠢᠴᠢᠭ᠌ ᠤᠨ ᠳᠠᠪᠠᠭᠤᠯᠢᠭ ᠳᠠᠯ᠎ᠠ ᠪᠠᠢ᠌ᠵᠤ ᠳᠠᠭᠠᠷᠠᠨ᠎ᠠ᠃ ᠳᠠᠢ᠌ᠮᠤ ᠪᠠᠷ ᠶᠢᠡᠨ ᠡᠷᠳᠡᠨ ᠤ ᠭᠦᠮᠤᠨ 4 ᠪᠠ 5᠂ 6 ᠪᠠ 7 ᠳ᠋ᠤᠭᠠᠷ ᠡᠭᠡᠰᠢᠭ᠌ ᠢ ᠠᠳᠠᠯᠢ ᠳᠦᠷᠰᠦ ᠪᠷ ᠳᠡᠮᠳᠡᠭᠯᠡᠭ᠍ᠰᠡᠨ ᠪᠣᠯᠤᠯᠳᠠᠢ᠃ ᠬᠤᠵᠢᠮ ᠤᠨ ᠭᠦᠮᠤᠨ ᠢᠯᠭᠠᠬᠤ ᠭᠡᠤᠨ ᠳᠡᠢ᠌ᠯᠦᠭ᠍ᠰᠡᠨ ᠦᠭᠡᠶ ᠰᠢᠭ᠌ ᠪᠠᠢ᠌ᠨ᠎ᠠ᠃ ᠡᠨᠡ ᠰᠡᠯᠭᠦᠴᠡᠯ ᠨᠢ ᠥᠭᠡᠰ ᠤᠨ ᠰᠠᠩ ᠢ ᠮᠢᠨᠢ ᠪᠠᠶᠠᠯᠢᠭᠵᠢᠭᠤᠯᠤᠭᠰᠠᠭᠠᠷ ᠪᠠᠢ᠌ᠨ᠎ᠠ᠃ ᠵᠢᠱᠢᠶᠠᠯᠠᠪᠠᠯ ᠄ ᠭᠠᠳᠤᠯᠬᠤ ᠭᠡᠳᠦᠯᠭᠦ ᠂ ᠳᠠᠪᠰᠢᠬᠤ ᠳᠡᠪᠰᠢᠭᠦ ᠂ ᠬᠠᠭᠵᠢᠷᠠᠬᠤ ᠭᠡᠭ᠍ᠵᠢᠷᠡᠭᠦ ᠂ ᠳᠡᠷᠭᠡ ᠴᠠᠷᠭ᠎ᠠ ᠭᠡᠭᠦ ᠮᠠᠳᠤ᠃

7᠂ ᠰᠠᠳᠤᠪ ᠤᠨ ᠭᠡᠯᠪᠠᠷᠢ ᠶᠢ ᠰᠢᠨᠡᠳᠭᠡᠭᠦ᠃


ᠵᠤᠬᠢᠶᠠᠭᠴᠢ᠄ ᠴᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3400
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ