ᠪᠢᠯᠳᠠᠤᠴᠢ

ᠨᠤᠶᠠᠤᠨ ᠳᠠᠭᠠᠷᠠᠪᠠᠯ

ᠳᠠᠬᠤ ᠨᠢ ᠪᠣᠯᠵᠤ

ᠨᠤᠶᠠᠤᠨ ᠭᠦᠯᠦᠷᠡᠪᠠᠯ

ᠰᠡᠪᠢᠭᠦᠷ ᠨᠢ ᠪᠣᠯᠵᠤ

ᠨᠤᠶᠠᠤᠨ ᠨᠣᠢ᠌ᠷᠰᠤᠪᠠᠯ

ᠨᠢᠷᠤᠭᠤᠨ ᠳᠤᠤᠷᠠᠭᠢ

ᠵᠥᠭᠡᠯᠡᠨ ᠳᠡᠪᠢᠰᠭᠡᠷ ᠨᠢ ᠪᠣᠯᠵᠤ

ᠨᠤᠶᠠᠤᠨ ᠥᠰᠦᠭ᠌ ᠪᠣᠯᠪᠠᠯ

ᠪᠢ᠌ᠷ ᠤᠨ ᠭᠢᠨᠢ

ᠥᠵᠦᠭᠦᠷ ᠪᠣᠯᠤᠶ᠎ᠠ ᠭᠡᠵᠤ

ᠨᠤᠶᠠᠤᠨ ᠥᠭᠡ ᠭᠡᠯᠡᠪᠠᠯ

ᠰᠢᠯᠤᠰᠤ ᠶᠢ ᠨᠢ ᠳᠤᠰᠤᠬᠤ

ᠰᠠᠬᠠᠯ ᠨᠢ ᠪᠣᠯᠤᠶ᠎ᠠ ᠭᠡᠵᠤ ᠰᠠᠨᠠᠨ᠎ᠠ᠃


ᠨᠤᠶᠠᠤᠨ ᠮᠠᠲ᠋ᠧᠷᠢᠶᠠᠯ ᠪᠢᠴᠢᠪᠠᠯ

ᠳᠠᠷᠢᠭᠢ ᠨᠢ ᠪᠣᠯᠵᠤ

ᠨᠤᠶᠠᠤᠨ ᠢᠯᠡᠳᠭᠡᠯ ᠭᠢᠪᠠᠯ

ᠬᠤᠩᠰᠢᠶᠠᠷ ᠨᠢ ᠪᠣᠯᠤᠶ᠎ᠠ ᠭᠡᠵᠤ

ᠪᠠᠷᠳᠠᠮ ᠪᠣᠳᠤᠨ᠎ᠠ᠃


ᠪᠢᠯᠳᠠᠤᠴᠢ ᠳᠤ

ᠪᠠᠭᠠᠯ ᠰᠢᠭ ᠨᠢᠭᠤᠴᠠ ᠰᠡᠭᠦᠯ ᠲᠡᠶ ᠪᠣᠯᠬᠤᠷ

ᠨᠤᠶᠠᠤᠨ ᠤᠨ ᠠᠷᠤ ᠡᠮᠦᠨᠡᠭᠦᠷ ᠰᠢᠷᠪᠠᠳᠠᠭ᠂

ᠨᠤᠶᠠᠤᠨ ᠤᠨ ᠰᠡᠭᠦᠳᠡᠷ ᠲᠤ

ᠭᠡᠳᠡᠰᠤ ᠴᠠᠳᠬᠤᠯᠠᠩ

ᠴᠢᠷᠠᠢ ᠳᠡᠨᠢᠭᠡᠷ ᠬᠠᠷᠠᠭᠳᠠᠪᠠᠴᠤ

ᠣᠯᠠᠨ ᠤ ᠨᠢᠳᠤᠨ ᠤ ᠡᠮᠦᠨ᠎ᠡ

ᠰᠤᠨᠤᠮ᠎ᠠ ᠣᠷᠳᠤ ᠡᠳᠦᠷ ᠢ

ᠵᠤᠪᠠᠯᠠᠩ ᠲᠡᠶ ᠥᠩᠭᠡᠷᠡᠭᠡᠳᠡᠭ᠌

ᠭᠦᠭᠡᠷᠦᠭᠦᠢ ᠪᠠᠭᠠᠯ ᠰᠢᠤ ᠳ᠋ᠠ ︕


ᠭᠡᠪᠠᠴᠤ ᠊᠊᠊᠊᠊

ᠪᠢᠯᠳᠠᠤᠴᠢ ᠭᠦᠮᠤᠨ ᠤ ᠣᠯᠠᠩᠭᠢ ᠨᠢ

ᠨᠤᠶᠠᠤᠨ ᠤᠨ ᠰᠢᠩᠭ᠋ᠤᠷᠴᠠᠭ ᠡᠴᠡ ᠵᠠᠭᠤᠷᠠᠵᠤ

ᠨᠤᠶᠠᠤᠨ ᠤᠨ ᠬᠤᠷᠮᠤᠢ ᠳᠤ ᠳᠡᠭᠦᠵᠢᠯᠡᠭ᠍ᠳᠡᠵᠤ

ᠨᠤᠶᠠᠤᠨ ᠤᠨ ᠡᠭᠡᠮ᠎ᠡ ᠡᠴᠡ ᠳᠠᠳᠠᠵᠤ ᠪᠠᠢ᠌ᠭᠠᠤᠨ

ᠨᠤᠶᠠᠤᠨ ᠤᠨ ᠭᠦᠵᠦᠭᠦᠨ ᠳᠡᠭᠡᠷ᠎ᠡ ᠭᠠᠷᠴᠤ ᠰᠠᠭᠤᠶ᠎ᠠ ᠭᠡᠳ

ᠰᠡᠭᠦᠯ ᠶᠢᠡᠨ ᠰᠢᠷᠪᠠᠬᠤ ᠶᠢᠨ ᠊ᠭ᠍ᠱᠡᠨ

ᠰᠦᠷᠡᠭᠡᠢ ᠬᠤᠯᠠ ᠶᠢ ᠰᠠᠨᠠᠳᠠᠭ ᠠᠮᠢᠳᠠᠤᠨ ᠰᠢᠤ ︕


ᠪᠢᠯᠳᠠᠤᠴᠢ ᠶᠢᠨ ᠥᠭᠡ


ᠦᠪᠡᠷ ᠶᠢᠡᠨ ᠴᠤ ᠠᠮᠰᠠᠭᠠᠳᠤᠢ

ᠬᠠᠮᠤᠭ ᠤᠨ ᠰᠠᠢ᠌ᠨ ᠠᠷᠢᠭᠢ ᠪᠠᠨ

ᠳᠠᠨ ᠳᠠᠭᠠᠨ ᠭᠡᠮᠨᠡᠶ᠎ᠡ

ᠦᠪᠡᠷ ᠶᠢᠡᠨ ᠴᠤ ᠢᠳᠡᠭᠡᠳᠦᠢ

ᠬᠠᠮᠤᠭ ᠤᠨ ᠳᠡᠭᠡᠵᠢ ᠵᠠᠭᠤᠰᠢ ᠪᠠᠷ ᠶᠢᠡᠨ

ᠳᠠᠨ ᠢ ᠵᠤᠴᠢᠯᠠᠶ᠎ᠠ


ᠣᠳᠤᠭ᠎ᠠ ᠶᠢ ᠨᠢ ᠴᠤ ᠥᠨᠦᠷᠯᠦᠭᠡᠳᠦᠢ

ᠬᠠᠮᠤᠭ ᠤᠨ ᠨᠠᠷᠠᠳᠠᠢ ᠳᠠᠮᠠᠭᠢ ᠪᠠᠨ

ᠳᠠᠨ ᠳᠠᠭᠠᠨ ᠨᠠᠷᠠᠶ᠎ᠠ

ᠰᠤᠯᠤᠭᠠᠢ ᠭᠡᠵᠤ ᠭᠤᠯᠤᠬᠤ ᠦᠭᠡᠶ ᠪᠣᠯ

ᠵᠤᠬᠢᠶᠠᠭᠰᠠᠨ ᠮᠠᠭᠤᠬᠠᠨ ᠳᠠᠭᠤᠤ ᠪᠠᠨ

ᠳᠠᠨ ᠳᠠᠭᠠᠨ ᠡᠷᠭᠦᠶ᠎ᠡ


ᠡᠮᠨᠡᠭ᠌ ᠭᠡᠵᠤ ᠭᠤᠯᠤᠬᠤ ᠦᠭᠡᠶ ᠪᠣᠯ

ᠦᠪᠡᠷ ᠶᠢᠡᠨ ᠠᠰᠠᠷᠠᠭᠰᠠᠨ

ᠬᠠᠮᠤᠭ ᠤᠨ ᠬᠠᠢ᠌ᠷᠠᠳᠠᠢ ᠮᠤᠷᠢ ᠪᠠᠨ

ᠳᠠᠨ ᠳᠠᠭᠠᠨ ᠪᠠᠯᠡᠭᠯᠡᠶ᠎ᠡ

ᠵᠢᠰᠤ ᠶᠢ ᠨᠢ ᠭᠤᠯᠤᠬᠤ ᠦᠭᠡᠶ ᠪᠣᠯ

ᠬᠠᠨᠢᠯᠠᠭᠰᠠᠨ ᠠᠮᠠᠷᠠᠭ ᠲᠡᠶ ᠮᠢᠨᠢ

ᠳᠤᠷ᠎ᠠ ᠪᠠᠷ ᠪᠠᠨ ᠪᠦᠵᠢᠭ᠍ᠯᠡᠭᠡᠷᠡᠢ


ᠲ᠋ᠤᠭᠤᠰᠤᠳᠤ ᠰᠢᠭᠤᠷᠭ᠎ᠠ ᠳᠡᠭ᠍ᠳᠡᠪᠠᠯ

ᠬᠤᠪᠴᠠᠰᠤ ᠳᠠᠨᠢ ᠪᠣᠵᠠᠷ ᠪᠣᠯᠴᠢᠬᠠᠬᠤ ᠪᠣᠯᠪᠠᠤ ᠭᠡᠵᠤ

ᠰᠡᠳᠬᠢᠯ ᠳᠡᠭᠡᠨ ᠪᠢ ᠶᠡᠭᠡ ᠵᠤᠪᠠᠳᠠᠭ

ᠭᠦᠢᠳᠡᠨ ᠡᠪᠦᠯ ᠤᠨ ᠣᠯᠠᠷᠢᠯ ᠳᠤ

ᠳᠠᠭᠠᠷᠠᠵᠤ ᠭᠡᠮᠳᠦᠭᠦ ᠪᠣᠯᠪᠠᠤ ᠭᠡᠵᠤ

ᠨᠣᠢ᠌ᠷ ᠭᠦᠷᠭᠦ ᠦᠭᠡᠶ ᠭᠡᠴᠡᠭᠦᠤ ᠰᠢᠨᠠᠯᠳᠠᠭ

ᠪᠦᠭ᠍ᠴᠢᠮ ᠬᠠᠯᠠᠭᠤᠨ ᠣᠯᠠᠷᠢᠯ ᠳᠤ

ᠭᠦᠯᠦᠷᠡᠵᠤ ᠪᠠᠢ᠌ᠬᠤ ᠪᠣᠯᠪᠠᠤ ᠭᠡᠵᠤ

ᠰᠡᠪᠢᠭᠦᠷ ᠶᠢᠡᠨ ᠪᠠᠷᠢᠵᠤ ᠪᠢ

ᠭᠡᠨ ᠡᠴᠡ ᠴᠤ ᠢᠯᠡᠭᠦᠤ ᠪᠠᠴᠢᠮᠳᠠᠳᠠᠭ᠃


ᠲ᠋ᠠᠨ ᠤ ᠦᠷᠭᠡᠨ ᠰᠡᠭᠦᠳᠡᠷ ᠲᠤ

ᠳᠠᠭᠠᠳᠠᠢ᠌ᠬᠠᠨ ᠠᠮᠢᠳᠤᠷᠠᠵᠤ ᠪᠠᠢ᠌ᠨ᠎ᠠ ᠪᠢ

ᠳᠠᠨ ᠤ ᠠᠭᠤᠤ ᠬᠤᠷᠮᠤᠢ ᠳᠤ

ᠡᠩᠭᠡ ᠮᠠᠠᠳᠤ ᠵᠢᠷᠭᠠᠵᠤ ᠶᠠᠪᠣᠨ᠎ᠠ ᠪᠢ


ᠲ᠋ᠠᠨ ᠤ ᠠᠴᠢ ᠪᠣᠶᠠᠨ ᠢ

ᠭᠡᠵᠢᠶ᠎ᠡ ᠴᠤ ᠪᠢ ᠮᠠᠷᠳᠠᠬᠤ ᠦᠭᠡᠶ

ᠭᠡᠵᠢᠶ᠎ᠡ ᠴᠤ ᠮᠠᠷᠳᠠᠵᠤ ᠪᠣᠯᠬᠤ ᠦᠭᠡᠶ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ

ᠵᠤᠬᠢᠶᠠᠭᠴᠢ᠄ ᠪᠠᠶᠠᠠᠳᠠᠯ᠎ᠠ
ᠬᠠᠷᠢᠶ᠎ᠠ᠄ ᠰᠢᠯᠦᠭ
ᠳᠠᠷᠤᠮ᠄ 1894
ᠴᠠᠭ᠄ 2010 ᠤᠨ ᠤ 07 ᠰᠠᠷ᠎ᠠ ᠶᠢᠨ 18