ᠠᠪᠣᠷᠭᠤ ᠪᠠᠽᠠᠷᠭᠠᠠᠳᠢ ᠳᠤ ᠪᠠᠷᠢᠬᠤ ᠰᠢᠯᠦᠭ᠌

ᠪᠠᠷᠭᠤ ᠶᠢᠨ ᠠᠭᠤᠳᠠᠮ ᠳᠠᠯ᠎ᠠ ᠡᠴᠡ ᠪᠠᠨ

ᠪᠠᠷᠢᠯᠳᠤᠭᠰᠠᠭᠠᠷ ᠳᠡᠪᠢᠭ᠍ᠰᠡᠭᠡᠷ

      ᠭᠠᠷᠴᠤ ᠢᠷᠡᠭ᠍ᠰᠡᠨ ᠭᠦᠤ

ᠪᠠᠢ᠌ᠳᠠᠭ ᠣᠯᠠᠨ ᠮᠤᠩᠭ᠋ᠤᠯᠴᠤᠳ ᠤᠨ ᠵᠢᠠᠨ

ᠪᠠᠬᠠᠷᠬᠠᠯ ᠭᠦᠡᠳᠦᠳᠭᠡᠯ ᠢ

      ᠣᠯᠤᠭᠰᠠᠨ ᠠᠯᠳᠠᠷᠳᠠᠨ︕


ᠪᠣᠢ᠌ᠷ᠂ ᠭᠦᠯᠤᠨ ᠳᠠᠯᠠᠢ ᠶᠢᠨ ᠵᠢᠠᠨ

ᠣᠰᠤ ᠶᠢ ᠣᠮᠳᠠᠯᠠᠵᠤ

      ᠠᠮᠢᠯᠠᠭᠰᠠᠨ ᠵᠢᠷᠦᠭᠡ

ᠪᠣᠭᠳᠠ᠂ ᠰᠠᠶ‍ᠢᠯᠵᠢ ᠠᠭᠤᠯᠠ ᠶᠢᠨ ᠵᠢᠠᠨ

ᠪᠠᠷ᠎ᠠ ᠶᠢ ᠬᠠᠷᠠᠵᠤ

      ᠨᠢᠰᠦᠭ᠍ᠰᠡᠨ ᠪᠦᠷᠭᠦᠤᠨ︕


ᠣᠷᠤᠨ᠂ ᠠᠢ᠌ᠮᠠᠭ ᠤᠨ ᠨᠠᠭᠠᠳᠤᠮ ᠮᠦᠷᠥᠢᠴᠡᠭᠡᠨ ᠳ᠋ᠤ

ᠣᠳᠤᠯᠠᠵᠤ ᠶᠠᠪᠣᠭᠰᠠᠨ

      ᠭᠠᠷᠮᠠᠭᠠᠢ ᠭᠠᠷ

ᠣᠯᠠᠨ ᠮᠢᠩᠭ᠋ᠠᠨ ᠮᠤᠩᠭ᠋ᠤᠯ ᠳᠤᠭᠤᠷᠭᠠᠳᠠᠤᠨ ᠤᠨ ᠵᠢᠠᠨ

ᠣᠮᠤᠭᠰᠢᠯ ᠪᠣᠯᠤᠭᠰᠠᠨ

      ᠰᠤᠳᠤᠨ ᠠᠪᠣᠷᠭᠤ ︕


ᠠᠪᠣ ᠡᠴᠡ ᠣᠯᠭᠤᠭᠰᠠᠨ ᠨᠠᠷ᠎ᠠ ᠨᠢ

ᠠᠯᠠᠭ ᠬᠤᠷᠸ᠎ᠠ ᠳᠤ ᠮᠥᠩᠭᠡ︕

ᠠᠷᠠᠤᠨ ᠡᠴᠡ ᠭᠦᠷᠳᠡᠭᠡᠭ᠍ᠰᠡᠨ ᠠᠯᠳᠠᠷ ᠨᠢ

ᠠᠯᠳᠠᠨ ᠳᠡᠯᠡᠭᠡᠢ ᠳᠤ ᠮᠥᠩᠭᠡ︕


        2010.12.06 ᠤ ᠦᠳᠡ ᠶᠢᠨ ᠬᠣᠢ᠌ᠨᠠᠭᠢ5᠄ 28 ᠳᠤ᠂ ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠬᠠᠷᠢᠶ᠎ᠠ᠄ ᠰᠢᠯᠦᠭ
ᠳᠠᠷᠤᠮ᠄ 1901
ᠴᠠᠭ᠄ 2010 ᠤᠨ ᠤ 12 ᠰᠠᠷ᠎ᠠ ᠶᠢᠨ 07