ᠶ‍ᠢᠷᠳᠢᠠᠴᠤ ᠶᠢᠨ ᠭᠤᠷᠪᠠ

ᠭᠤᠷᠪᠠᠨ ᠪᠠᠭ᠎ᠠ

ᠠᠭᠰᠤᠮ ᠮᠤᠷᠢᠨ ᠤ ᠴᠢᠳᠠᠯ ᠪᠠᠭ᠎ᠠ

ᠠᠯᠵᠠᠭᠤ ᠭᠦᠮᠤᠨ ᠤ ᠣᠬᠠᠭᠠᠨ ᠪᠠᠭ᠎ᠠ

ᠠᠯᠠᠮᠠᠨ ᠬᠤᠤᠠᠳᠤᠭ ᠤᠨ ᠣᠰᠤ ᠪᠠᠭ᠎ᠠ

ᠭᠤᠷᠪᠠᠨ ᠪᠣᠯᠬᠤ ᠦᠭᠡᠶ

ᠠᠮᠠ ᠠᠯᠳᠠᠪᠠᠯ ᠪᠠᠷᠢᠵᠤ ᠪᠣᠯᠬᠤ ᠦᠭᠡᠶ

ᠠᠰᠬᠠᠭᠰᠠᠨ ᠣᠰᠤ ᠶᠢ ᠰᠠᠪᠠᠯᠠᠵᠤ ᠪᠣᠯᠬᠤ ᠦᠭᠡᠶ

ᠠᠠᠳᠠᠭᠠᠢ ᠳᠠᠩᠭ᠋ᠠᠷᠢᠭ ᠢ ᠡᠪᠳᠡᠵᠤ ᠪᠣᠯᠬᠤ ᠦᠭᠡᠶ

ᠭᠤᠷᠪᠠᠨ ᠵᠤᠭᠢᠰ ᠦᠭᠡᠶ

ᠠᠵᠢᠨᠠᠢ ᠮᠤᠷᠢ ᠡᠯᠵᠢᠭᠡᠨ ᠤ ᠴᠢᠭᠤᠯᠭᠠᠨ ᠳᠤ ᠵᠤᠭᠢᠰ ᠦᠭᠡᠶ

ᠠᠷᠰᠯᠠᠨ ᠪᠦᠭᠦᠭ᠌ ᠥᠨᠡᠭᠡᠨ ᠤ ᠴᠢᠭᠤᠯᠭᠠᠨ ᠳᠤ ᠵᠤᠭᠢᠰ ᠦᠭᠡᠶ

ᠠᠯᠳᠠᠷᠳᠠᠨ ᠮᠡᠷᠭᠡᠤᠨ ᠮᠤᠩᠬᠠᠭ ᠤᠳ ᠤᠨ ᠴᠢᠭᠤᠯᠭᠠᠨ ᠳᠤ ᠵᠤᠭᠢᠰ ᠦᠭᠡᠶ

ᠭᠤᠷᠪᠠᠨ ᠶᠡᠭᠡ

ᠠᠷᠭᠠᠯ ᠤᠨ ᠭᠠᠯ ᠤᠨ ᠦᠨᠡᠰᠤ ᠶᠡᠭᠡ

ᠠᠯᠵᠠᠭᠤ ᠭᠦᠮᠤᠨ ᠤ ᠨᠣᠢ᠌ᠷ ᠶᠡᠭᠡ

ᠠᠤᠠᠬᠠᠭ ᠭᠦᠮᠤᠨ ᠤ ᠠᠭᠤᠷ ᠶᠡᠭᠡ

ᠭᠤᠷᠪᠠᠨ ᠴᠢᠮᠡᠭ᠌

ᠠᠭᠤᠯᠠ ᠨᠢᠷᠤᠭᠤ ᠳᠤ ᠨᠠᠷᠠᠰᠤ ᠴᠢᠮᠡᠭ᠌

ᠣᠷᠭᠤᠮᠠᠯ ᠪᠣᠳᠠᠰ ᠳᠤ ᠴᠡᠴᠡᠭ᠌ ᠴᠢᠮᠡᠭ᠌

ᠣᠷᠢ ᠨᠠᠰᠤᠨ ᠳᠤ ᠮᠡᠳᠡᠯᠭᠡ ᠴᠢᠮᠡᠭ᠌

ᠭᠤᠷᠪᠠᠨ ᠭᠦᠭᠡ

ᠠᠭᠤᠳᠠᠮ ᠳᠠᠯ᠎ᠠ ᠶᠢᠨ ᠳᠡᠭ᠍ᠷᠢ ᠨᠢᠭᠡ ᠭᠦᠭᠡ

ᠣᠠᠳᠠᠷᠠᠬᠤ ᠭᠠᠯ ᠤᠨ ᠲᠦᠯᠦ ᠨᠢᠭᠡ ᠭᠦᠭᠡ

ᠣᠷᠤᠰᠬᠤ ᠭᠤᠤᠯ ᠤᠨ ᠣᠰᠤ ᠨᠢᠭᠡ ᠭᠦᠭᠡ

ᠭᠤᠷᠪᠠᠨ ᠰᠠᠢ᠌ᠬᠠᠨ

ᠠᠷᠪᠠᠨ ᠳᠠᠪᠤᠨ ᠤ ᠰᠠᠷᠠ ᠰᠠᠢ᠌ᠬᠠᠨ

ᠠᠳᠠᠷ ᠳᠠᠯ᠎ᠠ ᠶᠢᠨ ᠴᠡᠴᠡᠭ᠌ ᠰᠠᠢ᠌ᠬᠠᠨ

ᠠᠪᠣ ᠡᠵᠢ ᠶᠢᠨ ᠰᠤᠷᠭᠠᠯ ᠰᠠᠢ᠌ᠬᠠᠨ

ᠭᠤᠷᠪᠠᠨ ᠬᠠᠴᠢᠨ

ᠠᠯᠠᠭᠠᠨ ᠳᠠᠭᠠᠨ ᠭᠦᠭᠦ ᠲᠡᠶ ᠪᠠᠢ᠌ᠳᠠᠭ ᠠᠷᠰᠯᠡᠨ ᠨᠢᠭᠡ ᠬᠠᠴᠢᠨ

ᠠᠮᠠ ᠪᠠᠢ᠌ᠳᠠᠯ᠎ᠠ ᠰᠢᠯᠢ ᠪᠠᠷ ᠶᠢᠡᠨ ᠳᠤᠤᠭᠠᠷᠳᠠᠭ ᠭᠤᠯᠢᠶ᠎ᠠ ᠨᠢᠭᠡ ᠬᠠᠴᠢᠨ

ᠠᠮᠠ ᠨᠢ ᠭᠡᠩᠭᠦᠳᠡᠭ᠌ ᠲᠡᠭᠡᠨ ᠪᠠᠢ᠌ᠳᠠᠭ ᠵᠠᠭᠠᠨ ᠨᠢᠭᠡ ᠬᠠᠴᠢᠨ

ᠭᠤᠷᠪᠠᠨ ᠪᠠᠢ᠌ᠳᠠᠭ ᠦᠭᠡᠶ

ᠠᠷᠠᠤᠨ ᠲᠦᠮᠡᠨ ᠳᠤ ᠮᠥᠭᠦᠯ ᠪᠠᠢ᠌ᠳᠠᠭ ᠦᠭᠡᠶ

ᠠᠵᠢᠯ ᠳᠠᠮᠠᠴᠠᠯ ᠳᠤ ᠭᠢᠵᠠᠭᠠᠷ ᠪᠠᠢ᠌ᠳᠠᠭ ᠦᠭᠡᠶ

ᠠᠵᠠ ᠵᠢᠷᠭᠠᠯ ᠳᠤ ᠳᠡᠭᠦᠰᠭᠡᠯ ᠪᠠᠢ᠌ᠳᠠᠭ ᠦᠭᠡᠶ

ᠭᠤᠷᠪᠠᠨ ᠳᠠᠨᠢᠬᠤ

ᠠᠪᠣ ᠶᠢᠨ ᠰᠠᠢ᠌ᠨ ᠶᠢᠡᠷ ᠭᠦᠮᠤᠨ ᠳᠠᠨᠢᠬᠤ

ᠠᠭᠳᠠ ᠶᠢᠨ ᠰᠠᠢ᠌ᠨ ᠶᠢᠡᠷ ᠭᠠᠵᠠᠷ ᠳᠠᠨᠢᠬᠤ

ᠠᠷᠠᠤᠨ ᠤᠨ ᠰᠠᠢ᠌ᠨ ᠶᠢᠡᠷ ᠶᠤᠰᠤ ᠳᠠᠨᠢᠬᠤ

ᠭᠤᠷᠪᠠᠨ ᠶᠠᠳᠠᠭᠤ

ᠠᠪᠣ ᠦᠭᠡᠶ ᠪᠣᠯ ᠨᠢᠭᠡ ᠶᠠᠳᠠᠭᠤ

ᠠᠰᠢᠭ ᠦᠭᠡᠶ ᠪᠣᠯ ᠬᠤᠶᠠᠷ ᠶᠠᠳᠠᠭᠤ

ᠠᠪᠠᠭᠠᠢ ᠦᠭᠡᠶ ᠪᠣᠯ ᠭᠤᠷᠪᠠ ᠶᠠᠳᠠᠭᠤ

ᠭᠤᠷᠪᠠᠨ ᠭᠡᠷᠡᠭ᠍ᠳᠡᠢ

ᠡᠩᠭᠡ ᠳᠠᠢ᠌ᠪᠣᠩ ᠳᠤ ᠰᠠᠷᠠᠮᠵᠢ ᠭᠡᠷᠡᠭ᠍ᠳᠡᠢ

ᠡᠪ ᠨᠠᠢ᠌ᠷᠠᠮᠳᠠᠯ ᠳᠤ ᠵᠠᠷᠴᠢᠮ ᠭᠡᠷᠡᠭ᠍ᠳᠡᠢ

ᠡᠭᠦᠷᠭᠡ ᠳᠤᠰᠢᠶᠠᠯ ᠳᠤ ᠭᠦᠢᠴᠡᠳᠭᠡᠯ ᠭᠡᠷᠡᠭ᠍ᠳᠡᠢ

ᠭᠤᠷᠪᠠᠨ ᠳᠤᠭᠰᠢᠨ

ᠡᠷᠭᠢ ᠪᠠᠨ ᠬᠠᠯᠢᠭᠰᠠᠨ ᠣᠰᠤ ᠨᠢᠭᠡ ᠳᠤᠭᠰᠢᠨ

ᠡᠮᠡᠭᠡᠯ ᠶᠢᠡᠨ ᠴᠢᠷᠦᠭ᠍ᠰᠡᠨ ᠮᠤᠷᠢ ᠨᠢᠭᠡ ᠳᠤᠭᠰᠢᠨ

ᠡᠷ᠎ᠡ ᠪᠠᠨ ᠠᠶᠤᠯᠭᠠᠭᠰᠠᠨ ᠡᠮ᠎ᠡ ᠨᠢᠭᠡ ᠳᠤᠭᠰᠢᠨ

ᠭᠤᠷᠪᠠᠨ ᠭᠦᠢᠳᠡᠨ

ᠡᠵᠡᠨ ᠮᠠᠭᠤᠳᠤ ᠶᠢᠨ ᠬᠤᠷᠢᠶ᠎ᠠ ᠭᠦᠢᠳᠡᠨ

ᠡᠭᠡ ᠮᠠᠭᠤᠳᠤ ᠶᠢᠨ ᠬᠤᠭᠤᠯᠠ ᠭᠦᠢᠳᠡᠨ

ᠡᠪ ᠮᠠᠭᠤᠳᠤ ᠶᠢᠨ ᠥᠭᠡ ᠭᠦᠢᠳᠡᠨ

ᠭᠤᠷᠪᠠᠨ ᠶᠡᠭᠡ

ᠡᠭᠡ ᠦᠭᠡᠶ ᠳᠤᠭᠤᠯ ᠤᠨ ᠭᠡᠪᠠᠯᠢ ᠶᠡᠭᠡ

ᠡᠷᠳᠡᠮ ᠦᠭᠡᠶ ᠭᠦᠮᠤᠨ ᠤ ᠥᠭᠡ ᠶᠡᠭᠡ

ᠡᠮ ᠦᠭᠡᠶ ᠡᠮᠴᠢ ᠶᠢᠨ ᠮᠠᠶ‍ᠢᠭ ᠶᠡᠭᠡ

ᠭᠤᠷᠪᠠᠨ ᠪᠠᠳᠤᠳᠠ

ᠡᠵᠡᠨ ᠰᠠᠢ᠌ᠳ ᠳᠠᠭᠠᠷᠠᠯᠴᠠᠪᠠᠯ ᠲᠦᠷᠦ ᠪᠠᠳᠤᠳᠠ

ᠡᠷ᠎ᠡ ᠡᠮ᠎ᠡ ᠳᠠᠭᠠᠷᠠᠯᠴᠠᠪᠠᠯ ᠬᠠᠢ᠌ᠷ᠎ᠠ ᠪᠠᠳᠤᠳᠠ

ᠡᠮᠴᠢ ᠰᠤᠪᠢᠯᠠᠭᠴᠢ ᠳᠠᠭᠠᠷᠠᠯᠴᠠᠪᠠᠯ ᠵᠠᠰᠠᠯ ᠪᠠᠳᠤᠳᠠ

ᠭᠤᠷᠪᠠᠨ ᠪᠣᠳᠤᠩᠭ᠋ᠤᠢ

ᠡᠭᠦᠯᠡ ᠮᠠᠨᠠᠨ ᠪᠦᠷᠭᠦᠢ᠌ᠪᠠᠯ ᠡᠳᠦᠷ ᠪᠣᠳᠤᠩᠭ᠋ᠤᠢ

ᠦᠨᠡᠨ ᠬᠤᠳᠠᠯ ᠬᠤᠤᠠᠬᠤᠯᠳᠤᠪᠠᠯ ᠬᠠᠤᠯᠢ ᠪᠣᠳᠤᠩᠭ᠋ᠤᠢ

ᠥᠩᠭᠡ ᠮᠥᠩᠭᠦ ᠰᠠᠮᠠᠭᠤᠷᠠᠪᠠᠯ ᠨᠡᠢ᠌ᠭᠡᠮ ᠪᠣᠳᠤᠩᠭ᠋ᠤᠢ

ᠭᠤᠷᠪᠠᠨ ᠳᠤᠩᠭ᠋ᠠᠯᠠᠭ

ᠡᠭᠦᠯᠡ ᠮᠠᠨᠠᠨ ᠦᠭᠡᠶ ᠪᠣᠯ ᠣᠭᠳᠠᠷᠭᠤᠢ ᠳᠤᠩᠭ᠋ᠠᠯᠠᠭ

ᠡᠷᠡᠭᠦᠯ ᠰᠠᠷᠠᠭᠤᠯ ᠪᠣᠯ ᠪᠠᠶ᠎ᠠ ᠮᠠᠬᠠᠪᠣᠤᠨ ᠳᠤᠩᠭ᠋ᠠᠯᠠᠭ

ᠡᠷᠭᠢᠮ ᠦᠨᠡᠠᠴᠢ ᠰᠢᠳᠤᠷᠭᠤ ᠪᠣᠯ ᠰᠠᠤᠠᠭᠢᠯ ᠳᠤᠩᠭ᠋ᠠᠯᠠᠭ

ᠭᠤᠷᠪᠠᠨ ᠬᠠᠳᠠᠭᠤ

ᠡᠷᠳᠡᠮ ᠨᠤᠮ ᠳᠤ ᠨᠡᠪᠳᠡᠷᠡᠭ᠍ᠴᠢᠳ ᠤᠨ ᠵᠤᠷᠢᠭ ᠬᠠᠳᠠᠭᠤ

ᠡᠭᠡ ᠣᠷᠤᠨ ᠶᠢᠡᠨ ᠬᠠᠢ᠌ᠷᠠᠯᠠᠭᠴᠢᠳ ᠤᠨ ᠵᠢᠦᠡᠭᠦᠯ ᠬᠠᠳᠠᠭᠤ

ᠣᠢ᠌ᠯᠠᠰ ᠢ ᠵᠤᠷᠢᠭᠯᠠᠨ ᠪᠦᠳᠦᠭᠡᠭ᠍ᠴᠢᠳ ᠤᠨ ᠪᠣᠳᠤᠯᠭ᠎ᠠ ᠬᠠᠳᠠᠭᠤ

ᠭᠤᠷᠪᠠᠨ ᠰᠠᠢ᠌ᠬᠠᠨ

ᠡᠨᠡᠷᠢᠯᠳᠤ ᠳᠡᠭᠡᠳᠦᠰ ᠤᠨ ᠰᠤᠷᠭᠠᠯ ᠰᠠᠢ᠌ᠬᠠᠨ

ᠡᠨᠡ ᠪᠠᠶ᠎ᠠ ᠳᠤ ᠡᠷᠳᠡᠮ ᠰᠠᠢ᠌ᠬᠠᠨ

ᠡᠴᠦᠰ ᠤᠨ ᠳᠤᠰᠠ ᠳᠤ ᠪᠣᠶᠠᠨ ᠰᠠᠢ᠌ᠬᠠᠨ

ᠭᠤᠷᠪᠠᠨ ᠨᠤᠭᠤᠭᠠᠨ

ᠡᠷᠳᠡᠨᠢ ᠳᠤ ᠪᠠᠢ᠌ᠳᠠᠭ ᠡᠴᠡ ᠤᠭ᠍ᠶᠤ ᠨᠤᠭᠤᠭᠠᠨ

ᠡᠷᠭᠡᠳᠡᠨ ᠳᠤ ᠪᠠᠢ᠌ᠳᠠᠭ ᠡᠴᠡ ᠰᠦᠰᠦ ᠨᠤᠭᠤᠭᠠᠨ

ᠡᠭᠦᠷᠢᠳᠡ ᠳᠤ ᠴᠡᠯᠭᠡᠷᠡᠳᠡᠭ᠌ ᠡᠴᠡ ᠨᠠᠷᠠᠰᠤ ᠨᠤᠭᠤᠭᠠᠨ

ᠭᠤᠷᠪᠠᠨ ᠪᠦᠭᠡ

ᠢᠨᠢᠶᠡᠭᠦ ᠦᠭᠡᠶ ᠭᠦᠮᠤᠨ ᠤ ᠰᠠᠤᠠᠭᠢᠯ ᠨᠢ ᠪᠦᠭᠡ

ᠢᠴᠢᠭᠦ ᠦᠭᠡᠶ ᠭᠦᠮᠤᠨ ᠤ ᠨᠢᠭᠤᠷ ᠨᠢ ᠪᠦᠭᠡ

ᠥᠭᠦᠭᠦ ᠦᠭᠡᠶ ᠭᠦᠮᠤᠨ ᠤ ᠠᠮᠢ ᠨᠢ ᠪᠦᠭᠡ

ᠭᠤᠷᠪᠠᠨ ᠭᠤᠳᠤᠮᠰᠢᠭ

ᠡᠴᠢᠭᠡ ᠡᠴᠡ ᠪᠠᠨ ᠵᠠᠪᠳᠤᠵᠤ ᠰᠠᠬᠠᠯ ᠳᠠᠯᠪᠢᠭᠰᠠᠨ ᠭᠦᠪᠠᠭᠦᠨ ᠭᠤᠳᠤᠮᠰᠢᠭ

ᠡᠷ᠎ᠡ ᠳᠤ ᠮᠤᠷᠳᠠᠭ᠎ᠠ ᠦᠭᠡᠶ ᠰᠠᠷ᠎ᠠ ᠳᠤ ᠰᠠᠭᠤᠭᠰᠠᠨ ᠭᠡᠦᠭᠡᠨ ᠭᠤᠳᠤᠮᠰᠢᠭ

ᠬᠤᠷᠢᠮᠯᠠᠭ᠎ᠠ ᠦᠭᠡᠶ ᠪᠠᠷ ᠠᠪᠠᠭᠠᠢ ᠳᠠᠭᠠᠭᠰᠠᠨ ᠡᠷ᠎ᠡ ᠭᠤᠳᠤᠮᠰᠢᠭ

ᠭᠤᠷᠪᠠᠨ ᠭᠦᠢᠴᠡᠳᠭᠡᠯ

ᠡᠴᠢᠭᠡ ᠡᠭᠡ ᠶᠢ ᠡᠯᠪᠠᠷᠢᠯ ᠶᠢᠡᠷ ᠭᠦᠢᠴᠡᠳᠭᠡᠭᠦ

ᠡᠪᠦᠭᠡᠤᠨ ᠭᠦᠭ᠍ᠰᠢᠳ ᠢ ᠭᠦᠡᠳᠦᠯᠡᠯ ᠶᠢᠡᠷ ᠭᠦᠢᠴᠡᠳᠭᠡᠭᠦ

ᠡᠩ ᠤᠨ ᠭᠦᠮᠦᠰ ᠢ ᠨᠠᠢ᠌ᠷ ᠶᠢᠡᠷ ᠭᠦᠢᠴᠡᠳᠭᠡᠭᠦ

ᠭᠤᠷᠪᠠᠨ ᠴᠤᠭᠯᠠᠭ᠎ᠠ

ᠡᠯᠵᠢᠭᠡᠨ ᠤ ᠴᠤᠭᠯᠠᠭ᠎ᠠ ᠦᠨᠡᠰᠤᠨ ᠳᠡᠭᠡᠷ᠎ᠡ

ᠡᠮᠡᠰ ᠤᠨ ᠴᠤᠭᠯᠠᠭ᠎ᠠ ᠥᠭᠡᠨ ᠳᠡᠭᠡᠷ᠎ᠡ

ᠡᠷᠪᠠᠭᠡᠢ ᠶᠢᠨ ᠴᠤᠭᠯᠠᠭ᠎ᠠ ᠱᠠᠯᠪᠠᠭ ᠳᠡᠭᠡᠷ᠎ᠡ

ᠭᠤᠷᠪᠠᠨ ᠬᠤᠭᠤᠰᠤᠨ

ᠣᠯᠬᠤ ᠦᠭᠡᠶ ᠡᠳ᠋ ᠢ ᠭᠦᠰᠡᠭ᠍ᠴᠢᠳ ᠤᠨ ᠭᠦᠰᠡᠯ ᠨᠢ ᠡᠭᠦᠷᠢᠳᠡ ᠬᠤᠭᠤᠰᠤᠨ

ᠣᠯᠤᠭᠰᠠᠨ ᠶᠢᠡᠨ ᠭᠠᠮ ᠦᠭᠡᠶ ᠵᠠᠷᠤᠭᠴᠢᠳ ᠤᠨ ᠭᠠᠷ ᠨᠢ ᠭᠡᠵᠢᠶᠡᠳᠡ ᠬᠤᠭᠤᠰᠤᠨ

ᠣᠯᠠᠨ ᠨᠢᠭᠦᠯ ᠢ ᠥᠢᠯᠡᠳᠦᠭ᠍ᠴᠢᠳ ᠤᠨ ᠣᠢ᠌ᠯᠠᠰ ᠨᠢ ᠦᠨᠢᠳᠠ ᠬᠤᠭᠤᠰᠤᠨ

ᠭᠤᠷᠪᠠᠨ ᠠᠮᠤᠷ

ᠦᠢ᠌ ᠣᠯᠠᠨ ᠳᠤ ᠳᠤᠰᠠ ᠭᠦᠷᠭᠡᠭ᠍ᠴᠢᠳ ᠤᠨ ᠪᠠᠶ᠎ᠠ ᠨᠢ ᠭᠡᠵᠢᠶᠡᠳᠡ ᠠᠮᠤᠷ

ᠣᠰᠤᠯ ᠮᠠᠭᠤ ᠡᠴᠡ ᠵᠠᠢ᠌ᠯᠠᠨ ᠴᠢᠳᠠᠭᠴᠢᠳ ᠤᠨ ᠰᠠᠨᠠᠭ᠎ᠠ ᠨᠢ ᠥᠷᠭᠦᠯᠵᠢᠳᠡ ᠠᠮᠤᠷ

ᠣᠯᠵᠠ ᠶᠢ ᠵᠤᠭᠢᠰᠳᠠᠢ ᠪᠣᠳᠤᠭᠴᠢᠳ ᠤᠨ ᠡᠳ᠋ᠯᠡᠯ ᠪᠠᠳᠤᠳᠠ ᠠᠮᠤᠷ

ᠭᠤᠷᠪᠠᠨ ᠴᠢᠳᠠᠰᠢ ᠦᠭᠡᠶ

ᠣᠷᠴᠢᠯᠠᠩ ᠤᠨ ᠭᠦᠮᠤᠨ ᠤ ᠰᠠᠤᠠᠭᠢᠯ ᠢ ᠡᠳ᠋ ᠶᠢᠡᠷ ᠬᠠᠩᠭ᠋ᠠᠵᠤ ᠴᠢᠳᠠᠰᠢ ᠦᠭᠡᠶ

ᠣᠭᠳᠠᠷᠭᠤᠢ ᠶᠢᠨ ᠰᠤᠯᠤᠩᠭ᠋᠎ᠠ ᠶᠢ ᠭᠠᠷ ᠶᠢᠡᠷ ᠪᠠᠷᠢᠵᠤ ᠴᠢᠳᠠᠰᠢ ᠦᠭᠡᠶ

ᠣᠭᠢ ᠮᠡᠷᠭᠡᠨ ᠡᠷᠳᠡᠮᠳᠡᠨ ᠨᠤᠭᠦᠳ ᠢ ᠥᠭᠡ ᠪᠠᠷ ᠮᠤᠬᠤᠭᠤᠵᠤ ᠴᠢᠳᠠᠰᠢ ᠦᠭᠡᠶ

ᠭᠤᠷᠪᠠᠨ ᠪᠠᠷᠭᠡ

ᠣᠰᠤᠨ ᠳᠤᠳᠤᠷ᠎ᠠ ᠭᠠᠯ ᠳᠦᠯᠡᠭᠦ ᠨᠢᠭᠡ ᠪᠠᠷᠭᠡ

ᠴᠢᠯᠠᠭᠤᠨ ᠳᠤᠳᠤᠷ᠎ᠠ ᠴᠡᠴᠡᠭ᠌ ᠣᠷᠭᠤᠭᠤᠯᠬᠤ ᠨᠢᠭᠡ ᠪᠠᠷᠭᠡ

ᠥᠭᠡᠷ ᠤᠨ ᠡᠪᠠᠷ ᠳᠡᠭᠡᠷ᠎ᠡ ᠴᠠᠰᠤ ᠳᠤᠭᠳᠠᠬᠤ ᠨᠢᠭᠡ ᠪᠠᠷᠭᠡ

ᠭᠤᠷᠪᠠᠨ ᠬᠤᠷᠴᠠ

ᠣᠷᠠᠨ ᠭᠦᠮᠤᠨ ᠤ ᠭᠠᠷ ᠬᠤᠷᠴᠠ

ᠣᠷᠤᠯᠳᠤᠭᠠᠨ ᠮᠤᠷᠢᠨ ᠤ ᠳᠤᠭᠤᠷᠠᠢ ᠬᠤᠷᠴᠠ

ᠣᠬᠠᠭᠠᠠᠳᠤ ᠭᠦᠮᠤᠨ ᠤ ᠰᠠᠨᠠᠭ᠎ᠠ ᠬᠤᠷᠴᠠ

ᠭᠤᠷᠪᠠᠨ ᠣᠭᠢ

ᠦᠨᠡᠨ ᠳᠡᠭᠡᠨ ᠭᠦᠷᠪᠠᠰᠤ ᠭᠦᠮᠤᠨ ᠤ ᠣᠭᠢ

ᠣᠢ᠌ᠯᠠᠳᠤᠨ ᠪᠦᠳᠦᠭᠡᠪᠠᠰᠤ ᠣᠢ᠌ᠯᠠ ᠶᠢᠨ ᠣᠭᠢ

ᠥᠭᠡᠨ ᠳᠡᠭᠡᠨ ᠳᠤᠯᠪᠠᠰᠤ ᠡᠷ᠎ᠡ ᠶᠢᠨ ᠣᠭᠢ

ᠭᠤᠷᠪᠠᠨ ᠳᠠᠰᠤᠷᠠᠰᠢ ᠦᠭᠡᠶ

ᠥᠷᠢᠰᠦᠭᠦ ᠰᠠᠨᠠᠭ᠎ᠠ ᠠᠭᠤᠯᠤᠭᠴᠢᠳ ᠤᠨ ᠠᠭᠤᠷ ᠭᠢᠯᠢᠩ ᠳᠠᠰᠤᠷᠠᠰᠢ ᠦᠭᠡᠶ

ᠥᠰᠢᠶᠡᠷᠡᠭᠦ ᠰᠠᠨᠠᠭ᠎ᠠ ᠡᠪᠦᠷᠯᠡᠭ᠍ᠴᠢᠳ ᠤᠨ ᠬᠤᠤᠷᠯᠠᠬᠤ ᠪᠣᠳᠤᠯᠭ᠎ᠠ ᠳᠠᠰᠤᠷᠠᠰᠢ ᠦᠭᠡᠶ

ᠥᠩᠭᠡ ᠳᠠᠷᠠᠰᠤ ᠭᠦᠭᠡᠭᠡᠭ᠍ᠴᠢᠳ ᠤᠨ ᠭᠡᠷᠡᠭᠦᠯ ᠳᠠᠮᠠᠴᠠᠯ ᠳᠠᠰᠤᠷᠠᠰᠢ ᠦᠭᠡᠶ

ᠭᠤᠷᠪᠠᠨ ᠠᠶᠤᠬᠤ ᠦᠭᠡᠶ

ᠦᠨᠡᠨ ᠶᠤᠰᠤ ᠵᠢᠰᠤᠷ ᠡᠴᠡ ᠠᠶᠤᠬᠤ ᠦᠭᠡᠶ

ᠦᠨᠡᠨ ᠠᠯᠳᠠ ᠭᠠᠯ ᠡᠴᠡ ᠠᠶᠤᠬᠤ ᠦᠭᠡᠶ

ᠦᠨᠡᠨ ᠪᠠᠭᠠᠳᠤᠷ ᠥᠭᠦᠭᠦ ᠡᠴᠡ ᠠᠶᠤᠬᠤ ᠦᠭᠡᠶ

ᠭᠤᠷᠪᠠᠨ ᠳᠡᠭᠡᠳᠤ

ᠥᠭᠡᠢ᠌ᠭᠦᠤ ᠶᠠᠳᠠᠭᠤ ᠳᠤ ᠥᠭᠯᠢᠭᠡ ᠦᠭ‍ᠭᠦ ᠨᠢ ᠪᠠᠶᠠᠯᠢᠭ ᠤᠨ ᠳᠡᠭᠡᠳᠤ

ᠥᠨᠡᠭᠡᠷ ᠰᠠᠨᠠᠭ᠎ᠠ ᠠᠮᠤᠷ ᠨᠢ ᠵᠢᠷᠭᠠᠯᠠᠩ ᠤᠨ ᠳᠡᠭᠡᠳᠤ

ᠦᠨᠡᠨ ᠡᠷᠳᠡᠮ ᠰᠤᠷᠤᠭᠰᠠᠨ ᠨᠢ ᠴᠢᠮᠡᠭ᠌ ᠤᠨ ᠳᠡᠭᠡᠳᠤ

ᠭᠤᠷᠪᠠᠨ ᠴᠤᠬᠠᠭ

ᠦᠨᠡᠨ ᠭᠦ ᠳᠤᠰᠠᠳᠠᠢ ᠪᠦᠭᠦᠨ ᠢ ᠵᠢᠭᠠᠵᠤ ᠦᠭ‍ᠭᠦᠭ᠍ᠴᠢ ᠴᠤᠬᠠᠭ

ᠦᠨᠡᠨ ᠶᠢᠡᠷ ᠳᠡᠭᠦᠨ ᠢ ᠳᠠᠭᠠᠵᠤ ᠶᠠᠪᠣᠭᠴᠢ ᠴᠤᠬᠠᠭ

ᠥᠨᠡᠭᠡᠷ ᠡᠪᠠᠦᠡᠴᠢᠨ ᠪᠦᠭᠦᠨ ᠢ ᠳᠠᠨᠢᠬᠤ ᠡᠮᠴᠢ ᠴᠤᠬᠠᠭ

ᠭᠤᠷᠪᠠᠨ ᠰᠤᠬᠤᠷ

ᠥᠵᠡᠭᠦ ᠨᠢᠳᠤ ᠦᠭᠡᠶ ᠨᠢ ᠨᠢᠭᠡᠳᠦᠭᠡᠷ ᠰᠤᠬᠤᠷ

ᠦᠨᠡᠨ ᠨᠤᠮ ᠦᠭᠡᠶ ᠨᠢ ᠬᠤᠶᠠᠳᠤᠭᠠᠷ ᠰᠤᠬᠤᠷ

ᠦᠷᠦᠰᠢᠶᠠᠯ ᠵᠢᠷᠤᠮ ᠦᠭᠡᠶ ᠨᠢ ᠭᠤᠷᠪᠠᠳᠤᠭᠠᠷ ᠰᠤᠬᠤᠷ

ᠭᠤᠷᠪᠠᠨ ᠵᠠᠩ

ᠨᠠᠭᠠᠳᠤᠮ ᠬᠤᠱᠤᠩ ᠥᠭᠦᠯᠡᠭ᠍ᠴᠢ ᠭᠦᠮᠤᠨ ᠪᠦᠷᠢ ᠶᠢᠨ ᠵᠠᠩ

ᠨᠠᠰᠤᠨ ᠳᠤᠷᠰᠢ ᠵᠠᠩ ᠶᠢᠡᠷ ᠪᠠᠢ᠌ᠭᠴᠢ ᠵᠢᠷᠤᠮ ᠰᠠᠢ᠌ᠳᠤ ᠶᠢᠨ ᠵᠠᠩ

ᠨᠠᠷᠢᠨ ᠨᠢᠭᠳᠠ ᠨᠥᠭᠦᠷᠯᠡᠭ᠍ᠴᠢ ᠠᠮᠠᠷᠠᠭ ᠤᠨ ᠵᠠᠩ

ᠭᠤᠷᠪᠠᠨ ᠢᠨᠠᠭ

ᠪᠠᠶᠠᠨ ᠭᠦᠮᠤᠨ ᠳᠤ ᠬᠤᠳᠠᠯᠳᠤᠭᠠᠴᠢᠨ ᠢᠨᠠᠭ

ᠪᠠᠭᠠᠷᠠᠩ ᠭᠦᠮᠤᠨ ᠳᠤ ᠨᠤᠬᠠᠢ ᠢᠨᠠᠭ

ᠪᠢᠯᠳᠠᠤᠴᠢ ᠭᠦᠮᠤᠨ ᠳᠤ ᠨᠤᠶᠠᠨ ᠢᠨᠠᠭ

ᠭᠤᠷᠪᠠᠨ ᠨᠤᠶᠠᠨ

ᠪᠠᠶ᠎ᠠ ᠪᠠᠶ᠎ᠠ ᠳᠡᠭᠡᠨ ᠨᠤᠶᠠᠨ

ᠪᠠᠳᠡᠭᠡ ᠭᠡᠳᠡᠰᠤᠨ ᠳᠡᠭᠡᠨ ᠨᠤᠶᠠᠨ

ᠮᠠᠭᠤ ᠡᠷ᠎ᠡ ᠭᠡᠷ ᠲᠡᠭᠡᠨ ᠨᠤᠶᠠᠨ

ᠭᠤᠷᠪᠠᠨ ᠡᠷᠳᠡᠨᠢ

ᠪᠢᠷ ᠪᠠᠭᠡᠰ ᠪᠢᠴᠢᠭ᠍ᠳᠡᠨ ᠤ ᠡᠷᠳᠡᠨᠢ

ᠪᠢᠴᠢᠭ᠌ ᠨᠤᠮ ᠨᠤᠮᠴᠢ ᠶᠢᠨ ᠡᠷᠳᠡᠨᠢ

ᠪᠢᠯᠢᠭ᠌ ᠣᠬᠠᠭᠠᠨ ᠬᠠᠮᠤᠭ ᠤᠨ ᠡᠷᠳᠡᠨᠢ

ᠭᠤᠷᠪᠠᠨ ᠳᠤᠠᠳᠠᠭᠤᠷ

ᠪᠣᠳᠠᠭ᠎ᠠ ᠦᠭᠡᠶ ᠭᠦᠮᠤᠨ ᠤ ᠭᠡᠳᠡᠰᠤ ᠳᠤᠠᠳᠠᠭᠤᠷ

ᠪᠢᠴᠢᠭ᠌ ᠦᠭᠡᠶ ᠭᠦᠮᠤᠨ ᠤ ᠳᠠᠷᠢᠭᠢ ᠳᠤᠠᠳᠠᠭᠤᠷ

ᠪᠣᠳᠤᠯᠭ᠎ᠠ ᠦᠭᠡᠶ ᠭᠦᠮᠤᠨ ᠤ ᠣᠬᠠᠭᠠᠨ ᠳᠤᠠᠳᠠᠭᠤᠷ

ᠭᠤᠷᠪᠠᠨ ᠪᠣᠵᠠᠷ

ᠬᠠᠷᠢ ᠶᠢᠨ ᠳᠠᠢ᠌ᠰᠤᠨ ᠢ ᠳᠠᠭᠠᠬᠤ ᠣᠷᠪᠠᠭᠴᠢ ᠰᠠᠤᠠᠭᠢᠯ ᠪᠣᠵᠠᠷ

ᠬᠠᠯᠠᠭᠤᠨ ᠡᠯᠢᠭᠡᠳᠡᠨ ᠶᠢᠡᠨ ᠬᠠᠤᠠᠬᠤᠬᠤ ᠬᠠᠭᠠᠴᠠᠭᠤᠯᠤᠭᠴᠢ ᠰᠠᠤᠠᠭᠢᠯ ᠪᠣᠵᠠᠷ

ᠬᠠᠮᠳᠤ ᠨᠥᠭᠦᠤᠨ ᠶᠢᠡᠨ ᠭᠦᠨᠦᠭᠡᠭᠦ ᠬᠤᠤᠷᠯᠠᠭᠴᠢ ᠰᠠᠤᠠᠭᠢᠯ ᠪᠣᠵᠠᠷ

ᠭᠤᠷᠪᠠᠨ ᠶᠠᠩᠰᠢᠶ᠎ᠠ

ᠬᠠᠰᠠᠭ ᠳᠡᠷᠭᠡ ᠵᠠᠮ ᠤᠨ ᠶᠠᠩᠰᠢᠶ᠎ᠠ

ᠬᠠᠷ᠎ᠠ ᠨᠤᠬᠠᠢ ᠬᠤᠳᠠᠨ ᠤ ᠶᠠᠩᠰᠢᠶ᠎ᠠ

ᠬᠠᠷᠠᠮᠴᠢ ᠡᠮ᠎ᠡ ᠭᠡᠷ ᠤᠨ ᠶᠠᠩᠰᠢᠶ᠎ᠠ

ᠭᠤᠷᠪᠠᠨ ᠪᠣᠢ

ᠭᠡᠨ ᠳᠤ ᠡᠷᠳᠡᠮ ᠪᠣᠢ ᠪᠣᠯᠪᠠᠰᠤ ᠳᠡᠭᠦᠨ ᠳᠤ ᠳᠤᠰᠠ ᠪᠣᠢ

ᠭᠡᠨ ᠳᠤ ᠡᠶ᠎ᠡ ᠪᠣᠢ ᠪᠣᠯᠪᠠᠰᠤ ᠳᠡᠭᠦᠨ ᠳᠤ ᠨᠥᠭᠦᠷ ᠪᠣᠢ

ᠭᠡᠨ ᠳᠤ ᠡᠳ᠋ ᠪᠣᠢ ᠪᠣᠯᠪᠠᠰᠤ ᠳᠡᠭᠦᠨ ᠳᠤ ᠬᠠᠷᠠᠮ ᠪᠣᠢ

ᠭᠤᠷᠪᠠᠨ ᠴᠡᠩᠭᠡᠷ

ᠬᠤᠯᠠ ᠰᠥᠡᠳᠡᠷᠯᠡᠭᠦ ᠠᠭᠤᠯᠠ ᠴᠡᠩᠭᠡᠷ

ᠬᠤᠩᠬᠤᠷ ᠲᠤ ᠮᠡᠯᠮᠡᠯᠵᠡᠭᠦ ᠨᠠᠭᠤᠷ ᠴᠡᠩᠭᠡᠷ

ᠬᠤᠷᠠᠭᠰᠠᠨ ᠡᠭᠦᠯᠡ ᠦᠭᠡᠶ ᠳᠡᠭ᠍ᠷᠢ ᠴᠡᠩᠭᠡᠷ

ᠭᠤᠷᠪᠠᠨ ᠪᠠᠢ᠌ᠳᠠᠭ

ᠭᠦᠮᠤᠨ ᠤ ᠳᠠᠮᠢᠷ ᠪᠣᠳᠤᠯ ᠳᠤ ᠪᠠᠢ᠌ᠳᠠᠭ

ᠭᠦᠯᠦᠭ᠌ ᠤᠨ ᠳᠠᠮᠢᠷ ᠳᠤᠭᠤᠷᠠᠢ ᠳᠤ ᠪᠠᠢ᠌ᠳᠠᠭ

ᠭᠦᠭᠦᠷᠭᠡ ᠶᠢᠨ ᠳᠠᠮᠢᠷ ᠳᠤᠯᠭᠠᠭᠤᠷᠢ ᠳᠤ ᠪᠠᠢ᠌ᠳᠠᠭ

ᠭᠤᠷᠪᠠᠨ ᠪᠠᠶᠠᠨ

ᠭᠠᠵᠠᠷ ᠦᠨᠳᠦᠰᠦ ᠪᠠᠷ ᠪᠠᠶᠠᠨ

ᠳᠡᠭ᠍ᠷᠢ ᠣᠳᠤ ᠪᠠᠷ ᠪᠠᠶᠠᠨ

ᠳᠠᠯᠠᠢ ᠣᠰᠤ ᠪᠠᠷ ᠪᠠᠶᠠᠨ

ᠭᠤᠷᠪᠠᠨ ᠠᠷᠪᠢᠨ

ᠰᠠᠮᠠᠭᠤᠨ ᠴᠠᠭ ᠲᠤ ᠰᠠᠷᠢᠭᠠᠴᠢᠨ ᠠᠷᠪᠢᠨ

ᠰᠥᠰᠦᠭ᠌ ᠲᠡᠶ ᠴᠠᠭ ᠲᠤ ᠯᠠᠮᠠ ᠠᠷᠪᠢᠨ

ᠰᠠᠳᠠᠷᠠᠬᠤ ᠲᠦᠷᠦ ᠳᠤ ᠰᠠᠮᠠᠭᠤᠷᠠᠯ ᠠᠷᠪᠢᠨ

ᠭᠤᠷᠪᠠᠨ ᠭᠤᠭᠤᠵᠢᠬᠤ

ᠰᠠᠨᠠᠭᠠᠨ ᠤ ᠴᠤᠭᠤᠷᠬᠠᠢ ᠪᠠᠷ ᠥᠭᠡ ᠭᠤᠭᠤᠵᠢᠬᠤ

ᠰᠠᠪᠠᠨ ᠤ ᠴᠤᠭᠤᠷᠬᠠᠢ ᠪᠠᠷ ᠣᠰᠤ ᠭᠤᠭᠤᠵᠢᠬᠤ

ᠰᠠᠷᠠᠪᠴᠢᠨ ᠤ ᠴᠤᠭᠤᠷᠬᠠᠢ ᠪᠠᠷ ᠪᠣᠷᠤᠭ᠎ᠠ ᠭᠤᠭᠤᠵᠢᠬᠤ

ᠭᠤᠷᠪᠠᠨ ᠵᠦᠪ

ᠰᠢᠷᠦᠭᠦᠨ ᠬᠠᠳᠠᠭᠤ ᠥᠭᠡ ᠰᠤᠨᠤᠰᠤᠮᠵᠢ ᠦᠭᠡᠶ ᠪᠣᠯᠪᠠᠴᠤ

ᠭᠦᠯᠢᠶᠡᠵᠤ ᠠᠪᠬᠤ ᠨᠢ ᠵᠦᠪ

ᠰᠠᠨᠠᠭ᠎ᠠ ᠮᠠᠭᠤᠳᠤ ᠶᠢᠨ ᠥᠭᠡ ᠡᠶᠡᠯᠳᠡᠭ᠌ ᠵᠥᠭᠡᠯᠡᠨ ᠰᠤᠨᠤᠰᠤᠯᠳᠠᠢ

ᠪᠣᠯᠪᠠᠴᠤ ᠰᠡᠷᠡᠮᠵᠢᠯᠡᠭᠦ ᠨᠢ ᠵᠦᠪ

ᠰᠠᠨᠠᠭᠰᠠᠨ ᠵᠣᠢ᠌ᠯ ᠶᠢᠡᠨ ᠳᠦᠭᠦᠭᠡᠷᠡᠯ ᠦᠭᠡᠶ ᠪᠣᠯᠪᠠᠴᠤ ᠮᠡᠷᠭᠡᠤᠨ

ᠡᠴᠡ ᠣᠴᠢᠵᠤ ᠠᠰᠠᠭᠤᠬᠤ ᠨᠢ ᠵᠦᠪ

ᠭᠤᠷᠪᠠᠨ ᠰᠠᠢ᠌ᠨ

ᠰᠠᠢ᠌ᠨ ᠵᠠᠩᠵᠤᠨ ᠬᠤᠯᠭᠤᠵᠤ ᠪᠠᠢ᠌ᠯᠳᠤᠬᠤ ᠦᠭᠡᠶ

ᠰᠠᠢ᠌ᠨ ᠮᠤᠷᠢ ᠬᠤᠳᠠᠷᠭᠠᠯᠠᠵᠤ ᠢᠰᠭᠦᠯᠭᠦ ᠦᠭᠡᠶ

ᠰᠠᠢ᠌ᠨ ᠡᠷ᠎ᠡ ᠳᠠᠯᠳᠠᠯᠠᠵᠤ ᠬᠤᠤᠷᠯᠠᠬᠤ ᠦᠭᠡᠶ

ᠭᠤᠷᠪᠠᠨ ᠪᠣᠯᠬᠤ ᠦᠭᠡᠶ

ᠴᠠᠭ ᠲᠤᠬᠢᠶᠠᠯ ᠢ ᠠᠯᠳᠠᠵᠤ ᠣᠭᠳᠤ ᠪᠣᠯᠬᠤ ᠦᠭᠡᠶ

ᠴᠢᠷᠮᠠᠢ᠌ᠨ ᠰᠤᠷᠬᠤ ᠶᠢ ᠰᠤᠯᠠᠷᠠᠭᠤᠯᠵᠤ ᠣᠭᠳᠤ ᠪᠣᠯᠬᠤ ᠦᠭᠡᠶ

ᠴᠠᠭᠠᠰᠢᠳᠠ ᠰᠤᠳᠤᠯᠬᠤ ᠳᠤ ᠬᠠᠠᠵᠤ ᠣᠭᠳᠤ ᠪᠣᠯᠬᠤ ᠦᠭᠡᠶ

ᠭᠤᠷᠪᠠᠨ ᠭᠤᠮᠤᠳᠠᠭᠠᠬᠤ ᠦᠭᠡᠶ

ᠴᠢᠷᠮᠠᠢ᠌ᠯᠭ᠎ᠠ ᠭᠦᠮᠤᠨ ᠢ ᠭᠤᠮᠤᠳᠠᠭᠠᠬᠤ ᠦᠭᠡᠶ

ᠴᠠᠭᠠᠷᠠᠬᠤ ᠮᠡᠷᠭᠡᠵᠢᠯ ᠭᠡᠨ ᠢ ᠴᠤ ᠭᠤᠮᠤᠳᠠᠭᠠᠬᠤ ᠦᠭᠡᠶ

ᠴᠢᠳᠠᠪᠣᠷᠢᠳᠠᠨ ᠵᠢᠦᠡᠭᠦᠯᠳᠡᠨ ᠡᠭᠡ ᠣᠷᠤᠨ ᠢ ᠭᠤᠮᠤᠳᠠᠭᠠᠬᠤ ᠦᠭᠡᠶ

ᠭᠤᠷᠪᠠᠨ ᠣᠯᠠᠭᠠᠨ

ᠵᠢᠪᠠᠷ ᠲᠡᠶ ᠳᠡᠭ᠍ᠷᠢ ᠶᠢᠨ ᠬᠠᠶᠠᠭ᠎ᠠ ᠣᠯᠠᠭᠠᠨ

ᠵᠢᠷᠭᠠᠯ ᠲᠡᠶ ᠬᠠᠳᠤᠨ ᠤ ᠬᠠᠴᠠᠷ ᠣᠯᠠᠭᠠᠨ

ᠵᠢᠯᠠᠭᠠᠨ ᠳᠤ ᠣᠷᠭᠤᠭᠰᠠᠨ ᠰᠤᠬᠠᠢ ᠣᠯᠠᠭᠠᠨ

ᠭᠤᠷᠪᠠᠨ ᠬᠤᠯᠠ

ᠵᠤᠷᠢᠭ ᠦᠭᠡᠶ ᠭᠦᠮᠤᠨ ᠳᠤ ᠵᠠᠮ ᠨᠢᠭᠡ ᠬᠤᠯᠠ

ᠵᠤᠭᠤᠰ ᠦᠭᠡᠶ ᠭᠦᠮᠤᠨ ᠳᠤ ᠵᠡᠭᠡᠯᠢ ᠨᠢᠭᠡ ᠬᠤᠯᠠ

ᠵᠤᠭᠳᠤᠷ ᠦᠭᠡᠶ ᠳᠡᠮᠡᠭᠡᠨ ᠳᠤ ᠬᠠᠪᠣᠷ ᠨᠢᠭᠡ ᠬᠤᠯᠠ

ᠭᠤᠷᠪᠠᠨ ᠦᠨᠡᠨ

ᠵᠦᠪ ᠮᠦᠷ ᠢ ᠵᠢᠭᠠᠨ ᠳᠠᠨᠢᠭᠤᠯᠬᠤ ᠪᠠᠭᠰᠢ ᠶᠢᠨ ᠠᠴᠢ ᠦᠨᠡᠨ

ᠵᠥᠭᠡᠷ ᠭᠦᠷᠦᠩᠭᠡ ᠶᠢᠡᠨ ᠬᠠᠷᠠᠮ ᠦᠭᠡᠶ ᠡᠳ᠋ᠯᠡᠭᠦᠯᠭᠦ ᠡᠴᠢᠭᠡ

ᠡᠭᠡ ᠶᠢᠨ ᠦᠷᠦᠰᠢᠶᠠᠯ ᠦᠨᠡᠨ

ᠵᠥᠳᠡᠭᠦ ᠴᠠᠭ ᠲᠤ ᠳᠤᠰᠠ ᠭᠦᠷᠭᠡᠭ᠍ᠴᠢ ᠰᠠᠢ᠌ᠨ ᠨᠥᠭᠦᠷ ᠤᠨ ᠲᠡᠳᠬᠦᠮᠵᠢ ᠦᠨᠡᠨ

ᠭᠤᠷᠪᠠᠨ ᠪᠢᠰᠢ

ᠵᠥᠷᠢᠭ᠍ᠰᠡᠨ ᠪᠦᠭᠦᠨ ᠳᠠᠢ᠌ᠰᠤᠨ ᠪᠢᠰᠢ

ᠵᠤᠮᠠᠢ᠌ᠭᠰᠠᠨ ᠪᠦᠭᠦᠨ ᠨᠥᠭᠦᠷ ᠪᠢᠰᠢ

ᠵᠤᠭᠤᠭᠳᠠᠭᠰᠠᠨ ᠪᠦᠭᠦᠨ ᠳᠤᠳᠤᠨᠤ ᠪᠢᠰᠢ

ᠵᠤᠬᠢᠶᠠᠭᠴᠢ᠄ ᠴᠣᠢ᠌ᠵᠢᠺᠠᠧᠨ ᠡᠮᠭᠢᠦᠡᠭᠡᠪᠡ
ᠬᠠᠷᠢᠶ᠎ᠠ᠄ ᠰᠤᠶᠤᠯ ᠣᠷᠠᠯᠢᠭ
ᠳᠠᠷᠤᠮ᠄ 6251
ᠴᠠᠭ᠄ 2006 ᠤᠨ ᠤ 11 ᠰᠠᠷ᠎ᠠ ᠶᠢᠨ 23