ᠰᠢᠨ᠎ᠡ ᠵᠢᠯ ᠲᠡᠶ ᠪᠠᠨ ᠪᠢ

ᠰᠠᠢ᠌ᠨ ᠨᠠᠢ᠌ᠵᠢ ᠶᠢᠨ ᠶᠢᠡᠨ ᠡᠷᠭᠢᠯᠡᠭ᠍ᠰᠡᠨ

ᠰᠢᠨ᠎ᠡ ᠵᠢᠯ ᠤᠨ ᠴᠠᠢ᠌ᠯᠠᠯᠭ᠎ᠠ ᠳᠡᠭᠡᠷ᠎ᠡ

ᠰᠢᠨ᠎ᠡ ᠵᠢᠯ ᠲᠡᠶ ᠪᠠᠨ ᠪᠢ ᠴᠢᠨᠢ

ᠰᠢᠨ᠎ᠡ ᠣᠯᠵᠠ ᠲᠡᠶ ᠵᠤᠯᠭᠠᠯ᠎ᠠ ︕


ᠵᠤᠯᠭᠠᠯᠳᠠ ᠶᠢᠨ ᠦᠯᠵᠡᠢ᠌ᠳᠤ ᠨᠠᠢ᠌ᠷ ᠲᠤ ᠴᠢᠨᠢ

ᠵᠤᠯᠠ ᠠᠰᠠᠭᠠᠭᠰᠠᠨ ᠳᠠᠭᠢᠯ ᠲᠡᠶ ᠪᠠᠢ᠌ᠨ᠎ᠠ᠂

ᠵᠣᠢ᠌ᠷᠠᠢ ᠵᠣᠢ᠌ᠷᠠᠢ ᠪᠠᠷ ᠬᠤᠷᠠᠭᠰᠠᠨ

ᠵᠢᠷᠦᠭᠡᠨ ᠤ ᠰᠠᠢ᠌ᠬᠠᠨ ᠬᠤᠤᠰ ᠨᠡᠷ ᠲᠡᠶ ᠪᠠᠢ᠌ᠨ᠎ᠠ᠃


ᠰᠠᠳᠤᠨ ᠳᠦᠷᠤᠯ ᠰᠢᠭ᠌ ᠡᠭᠦᠷ ᠤᠳ ᠲᠡᠶ ᠪᠠᠨ

ᠰᠢᠷᠡᠭᠡ ᠳᠦᠭᠦᠷᠡᠨ ᠰᠠᠭᠤᠯ᠎ᠠ ᠪᠢ᠃

ᠰᠠᠷᠬᠤᠤᠨ ᠤᠨ ᠠᠷᠢᠭᠤᠨ ᠳᠡᠭᠡᠵᠢ ᠳ᠋ᠤᠨᠢ

ᠰᠠᠢ᠌ᠬᠠᠨ ᠢᠷᠦᠭᠡᠯ ᠪᠠᠨ ᠳᠠᠯᠪᠢᠯ᠎ᠠ ᠪᠢ᠂

ᠰᠢᠭᠢᠷ ᠪᠣᠷᠠᠮ ᠡᠴᠠ ᠨᠢ ᠰᠢᠭᠦᠷᠡᠭᠡᠳ

ᠰᠢᠮᠠᠵᠤ ᠭᠦᠯᠭᠦᠭᠡᠳ ᠪᠠᠶᠠᠰᠤᠯ᠎ᠠ ᠪᠢ᠃

ᠣᠯᠠᠨ ᠨᠤᠭᠤᠭ᠎ᠠ ᠵᠢᠮᠢᠰ ᠡᠴᠡ ᠨᠢ

ᠠᠮᠳᠠᠯᠠᠨ ᠢᠳᠠᠵᠤ ᠭᠦᠭᠡᠷᠡᠯ᠎ᠡ ᠪᠢ᠃

ᠵᠡᠷᠭᠡᠯᠡᠭᠡᠳ ᠰᠠᠭᠤᠭᠰᠠᠨ ᠨᠠᠢ᠌ᠵᠢ ᠡᠴᠡ ᠪᠠᠨ

ᠵᠠᠬ᠎ᠠ ᠶᠢᠨ ᠰᠤᠷᠠᠭ ᠰᠤᠨᠤᠰᠤᠯ᠎ᠠ ᠪᠢ᠂

ᠵᠠᠮᠪᠠ ᠠᠬ᠎ᠠ ᠭᠦᠮᠦᠰ ᠤᠨ

ᠵᠢᠮᠢᠰ ᠤᠨ ᠬᠤᠳᠠᠯᠳᠤᠭ᠎ᠠ ᠶᠢ ᠦᠪᠣᠷᠢᠯ᠎ᠠ ᠪᠢ᠃

ᠮᠢᠬᠠᠨ ᠤ ᠦᠷᠳᠡᠭ᠌ ᠡᠳᠦᠢ ᠭᠡᠳ

ᠮᠠᠷᠭᠤᠵᠤ ᠪᠠᠰᠠ ᠳᠤᠭᠢᠯ᠎ᠠ ᠪᠢ᠂

ᠮᠠᠯ ᠳᠡᠵᠢᠭᠡᠪᠠᠯ ᠪᠠᠶᠠᠵᠢᠨ᠎ᠠ ᠭᠡᠳ

ᠮᠠᠭᠰᠠᠷ ᠶᠢᠡᠷ ᠵᠢᠱᠢᠶ᠎ᠠ ᠪᠣᠯᠭᠠᠯ᠎ᠠ ᠪᠢ᠃

ᠬᠤᠭᠤᠯᠠᠨ ᠭᠡᠷ ᠡᠷᠭᠢᠯᠡ ᠭᠡᠳ

ᠬᠤᠮᠪᠠ ᠲᠡᠶ ᠪᠣᠰᠤᠭᠠᠤᠨ ᠰᠡᠴᠡᠷᠭᠡᠯ᠎ᠡ ᠪᠢ᠂

ᠬᠤᠯᠠ ᠶᠠᠪᠣᠬᠤᠯ᠎ᠠ ᠣᠬᠠᠭᠠᠵᠢᠨ᠎ᠠ ᠭᠡᠳ

ᠬᠤᠩᠭ᠋ᠤᠷ ᠳᠠᠳᠠᠨ ᠲᠡᠶ ᠵᠤᠭᠤᠭᠳᠠᠯ᠎ᠠ ᠪᠢ᠃

ᠠᠷᠢᠭᠢ ᠶᠢ ᠴᠡᠭᠡᠷᠯᠡᠭᠦᠯ᠎ᠡ ᠰᠠᠢ᠌ᠨ ᠭᠡᠳ

ᠠᠷᠪᠣᠭ ᠤᠨ ᠬᠠᠵᠠᠭᠤ ᠡᠴᠡ ᠳᠠᠷᠨᠢᠳᠠᠯ᠎ᠠ ᠪᠢ᠂

ᠠᠯᠵᠠᠭᠤ ᠪᠠᠨ ᠵᠠᠰᠠᠪᠠᠯ ᠪᠣᠯᠤᠨ᠎ᠠ ᠭᠡᠳ

ᠠᠷᠤᠪᠵᠤᠷ ᠲᠤ ᠳᠠᠮᠠᠭᠢ ᠣᠮᠤᠯᠭᠠᠯ᠎ᠠ ᠪᠢ᠃

ᠬᠤᠳᠠ ᠶᠢᠨ ᠭᠦᠮᠦᠰ ᠮᠦᠩᠭᠦ ᠳᠡᠢ ᠭᠡᠳ

ᠭᠤᠠᠴᠤᠭ ᠤᠨ ᠶᠠᠷᠢᠬᠤ ᠶᠢ ᠰᠤᠨᠤᠰᠤᠯ᠎ᠠ ᠪᠢ᠂

ᠬᠤᠨᠢᠴᠢᠨ ᠳᠠᠳᠠᠨ ᠡᠴᠠ ᠳᠠᠪᠠᠨ᠎ᠠ ᠭᠡᠳ

ᠭᠦᠷᠤ ᠴᠢᠩᠭ᠋ᠠᠷᠠᠬᠤ ᠶᠢ ᠠᠩᠬᠠᠷᠤᠯ᠎ᠠ ᠪᠢ᠃

ᠬᠤᠷᠢᠮ ᠤᠨ ᠳᠦᠷᠤᠯ ᠠᠷᠪᠢᠳᠠᠯ᠎ᠠ ᠭᠡᠳ

ᠬᠠᠰ ᠲᠡᠶ ᠥᠭᠡ ᠵᠤᠭᠢᠯᠳᠠᠯ᠎ᠠ ᠪᠢ᠂

ᠣᠷᠤᠭᠤ ᠡᠴᠠ ᠭᠠᠷᠤᠭᠤ ᠮᠠᠨᠢ ᠶᠡᠭᠡᠳᠡᠪᠡ ᠭᠡᠳ

ᠣᠷᠤᠯᠠᠢ ᠲᠡᠶ ᠬᠤᠠᠳᠠᠭ᠎ᠠ ᠭᠦᠡᠳᠦᠷᠡᠯ᠎ᠡ ᠪᠢ᠃

ᠰᠢᠡᠵᠢᠯᠡᠭᠦ ᠣᠬᠠᠭᠠᠨ ᠢ ᠭᠦᠡᠳᠦᠯᠡᠶ᠎ᠡ ᠭᠡᠳ

ᠰᠠᠮᠪᠣᠤ ᠳᠤ ᠰᠠᠨᠠᠭ᠎ᠠ ᠪᠣᠯᠤᠯ᠎ᠠ ᠪᠢ᠂

ᠰᠠᠢ᠌ᠬᠠᠨ ᠠᠮᠢᠳᠤᠷᠠᠬᠤ ᠳᠤ ᠠᠷᠭ᠎ᠠ ᠭᠡᠳ

ᠰᠠᠭᠪᠠ ᠲᠡᠶ ᠭᠦᠮᠦᠰᠭᠡ ᠭᠦᠳᠡᠯᠭᠡᠯ᠎ᠡ ᠪᠢ᠃

ᠳᠤᠮᠳᠠ ᠨᠢ ᠢᠩᠭᠢᠭᠡᠳ ᠪᠢ

ᠳᠠᠪᠠᠭᠤ ᠶᠠᠭᠤᠮ᠎ᠠ ᠣᠢ᠌ᠯᠭᠠᠯ᠎ᠠ ︕

ᠳᠠᠸᠠ ᠪᠠᠭᠰᠢ ᠲᠡᠶ ᠬᠤᠶᠠᠭᠤᠯᠠᠨ

ᠳᠠᠳᠠᠨ ᠤ ᠭᠡᠯᠡᠭᠦ ᠶᠢ ᠵᠥᠪᠳᠡᠭᠡᠯ᠎ᠡ ᠪᠢ ︕


ᠪᠣᠳᠤᠯ ᠳᠠᠭᠠᠨ ᠰᠠᠳᠠᠪᠠᠷᠢ ᠠᠪᠬᠤᠯ᠎ᠠ

ᠪᠣᠰᠤᠭ᠎ᠠ ᠭᠦᠰᠡᠯ ᠳᠤᠶᠠᠭᠠᠷᠨᠠᠮ᠂

ᠪᠣᠷᠤᠭᠤ ᠦᠭᠡᠶ ᠣᠮᠤᠭᠯᠢᠭ ᠶᠠᠪᠣᠬᠤᠯ᠎ᠠ

ᠪᠦᠳᠦᠷᠢᠯ ᠤᠨ ᠪᠦᠯᠭᠢ ᠳᠠᠰᠤᠷᠠᠨᠠᠮ ︕

ᠰᠦᠯᠳᠡ ᠡᠷᠭᠦᠭ᠍ᠰᠡᠨ ᠢᠳᠡᠭᠡᠯ

ᠰᠠᠢ᠌ᠬᠠᠨ ᠳᠠᠭᠤᠨ ᠳᠤ ᠮᠠᠨᠢ ᠠᠭᠤᠰᠤᠨᠠᠮ᠂

ᠰᠤᠭᠳᠤᠭᠤ ᠳᠠᠢ᠌ᠪᠢᠯᠠᠬᠤ ᠦᠭᠡᠶ ᠨᠠᠢ᠌ᠳᠠᠯ

ᠰᠤᠶᠤᠯ ᠰᠢᠳᠦᠯᠭᠡ ᠳᠤ ᠮᠠᠨᠢ ᠮᠥᠩᠭᠡᠷᠡᠨᠡᠮ ︕

ᠰᠢᠨ᠎ᠡ ᠶᠢᠨ ᠴᠠᠢ᠌ᠯᠠᠯᠭ᠎ᠠ ᠳᠡᠭᠡᠷ᠎ᠡ ᠢᠩᠭᠢᠵᠤ

ᠰᠢᠨ᠎ᠡ ᠦᠵᠡᠯ ᠶᠢᠠᠨ ᠬᠠᠢ᠌ᠯ᠎ᠠ ᠪᠢ︕

ᠰᠢᠨ᠎ᠡ ᠶᠢ ᠡᠭᠦᠳᠭᠦ ᠭᠦᠰᠡᠯ ᠶᠢᠡᠷ

ᠰᠢᠨ᠎ᠡ ᠵᠢᠯ ᠲᠡᠶ ᠪᠠᠨ ᠵᠤᠯᠭᠠᠯ᠎ᠠ ᠪᠢ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2031
ᠴᠠᠭ᠄ 2011 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ