ᠢᠳᠬᠠᠯ ᠰᠢᠯᠦᠭ

ᠠᠭᠤᠷᠯᠠᠭᠰᠠᠨ ᠪᠣᠯᠭᠠᠨ ᠳᠠᠢᠰᠤᠨ ᠪᠢᠰᠢ

ᠢᠨᠢᠶᠡᠭᠰᠡᠨ ᠪᠣᠯᠭᠠᠨ ᠨᠥᠬᠥᠷ ᠪᠢᠰᠢ᠂

ᠪᠠᠷᠬᠢᠷᠠᠭᠰᠠᠨ ᠪᠣᠯᠭᠠᠨ ᠥᠷᠢᠰᠦᠯᠳᠦᠭᠴᠢ ᠪᠢᠰᠢ

ᠪᠢᠯᠳᠠᠤᠴᠢᠯᠠᠭᠰᠠᠨ ᠪᠣᠯᠭᠠᠨ ᠨᠠᠢᠵᠠ ᠪᠢᠰᠢ᠂

ᠬᠠᠰᠬᠢᠷᠤᠭᠰᠠᠨ ᠦᠭᠡ ᠪᠣᠯᠭᠠᠨ ᠬᠣᠣᠷ᠎ᠠ ᠪᠢᠰᠢ

ᠬᠠᠯᠠᠮᠵᠢᠯᠠᠭᠰᠠᠨ ᠦᠭᠡ ᠪᠣᠯᠭᠠᠨ ᠲᠤᠰᠠ ᠪᠢᠰᠢ᠃


ᠮᠡᠷᠭᠡᠳ ᠤᠨ ᠦᠭᠡ ᠪᠡᠷ ᠲᠣᠯᠢ ᠪᠣᠯᠭ᠎ᠠ

ᠮᠤᠩᠬᠠᠭ ᠤᠨ ᠦᠢᠯᠡ ᠪᠡᠷ ᠬᠢᠴᠢᠶᠡᠮᠵᠢ ᠪᠣᠯᠭ᠎ᠠ᠂

ᠪᠠᠭᠠᠲᠤᠷᠴᠤᠳ ᠤᠨ ᠦᠭᠡ ᠪᠡᠷ ᠱᠦᠭᠦᠷ ᠪᠣᠯᠭ᠎ᠠ

ᠪᠢᠯᠳᠠᠤᠴᠢᠯᠠᠭᠴᠢᠳ ᠤᠨ ᠦᠢᠯᠡ ᠪᠡᠷ ᠰᠡᠷᠡᠮᠵᠢ ᠪᠣᠯᠭ᠎ᠠ᠂

ᠡᠷᠳᠡᠮᠲᠡᠳ ᠤᠨ ᠦᠭᠡ ᠪᠡᠷ ᠰᠤᠷᠭᠠᠮᠵᠢ ᠪᠣᠯᠭ᠎ᠠ

ᠦᠨᠡᠨᠴᠢᠴᠤᠳ ᠤᠨ ᠦᠢᠯᠡ ᠪᠡᠷ ᠠᠷᠴᠢᠭᠤᠷ ᠪᠣᠯᠭ᠎ᠠ᠃

ᠵᠤᠬᠢᠶᠠᠭᠴᠢ᠄ ᠪᠤᠤ ᠲᠢ᠍ᠶᠠᠨ ᠯᠢ᠍ᠶᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1827
ᠴᠠᠭ᠄ 2019 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ